ᠪᠠᠶᠠᠨ ᠪᠠᠷᠭᠤ
ᠨᠡᠶᠢᠲᠡᠯᠡᠭᠰᠡᠨ ᠴᠠᠭ᠄
2017/10/10
ᠨᠠ᠊ · ᠳᠤᠯᠭᠠᠷ       ᠪᠠᠶᠠᠨ ᠪᠠᠷᠭᠤ  ᠠᠷᠢᠭᠤᠨ ᠲᠩᠷᠢ ᠶᠢᠨ ᠮᠠᠨᠳᠠᠯ ᠤᠨ ᠬᠤᠨ ᠰᠢᠪᠠᠭᠤᠨ ᠠᠴᠠ ᠢᠷᠡᠯᠲᠠᠢ       ᠠᠪᠤᠷᠭᠤ ᠳᠡᠯᠡᠬᠡᠢ ᠶᠢᠨ ᠬᠠᠭᠤᠳᠠᠰᠤᠨ ᠳᠤ ᠴᠢᠩᠭᠢᠰ ᠤᠨ ᠠᠯᠳᠠᠨ ᠤᠷᠤᠭ ᠲᠠᠢ      ᠠᠭᠤᠤ ᠶᠤᠰᠤᠨ ᠤ ᠲᠥᠯᠥᠭᠡ ᠵᠤᠭᠰᠤᠭ᠎ᠠ ᠪᠠᠷ ᠢᠶᠠᠨ ᠨᠥᠭᠴᠢᠳᠡᠭ       ᠠᠽᠢᠶ᠎ᠠ ᠶᠢᠨ ᠠᠭᠤᠳᠠᠮ ᠴᠡᠭᠡᠵᠢᠨ ᠳᠤ ᠬᠠᠭᠠᠨ ᠰᠠᠭᠤᠳᠠᠯ ᠲᠠᠢ ᠪᠠᠶᠠᠨ ᠪᠠᠷᠭᠤ                ᠳᠤᠮᠳᠠᠳᠤ᠂ ᠣᠷᠣᠰ᠂ ᠮᠤᠩᠭᠤᠯ ᠳᠤ ᠠᠰᠬᠭᠰᠠᠨ ᠱᠠᠭᠠᠢ ᠰᠢᠭ᠋ ᠲᠠᠷᠬᠠᠵᠤ      ᠪᠠᠶᠢᠭᠠᠯ ᠳᠠᠯᠠᠢ᠂ ᠪᠤᠶᠢᠷ ᠨᠠᠭᠤᠷ ᠢ ᠵᠡᠭᠦᠥ ᠶᠢᠨ ᠰᠥᠪᠡᠭᠴᠢ ᠰᠢᠭ ᠬᠤᠯᠪᠤᠵᠤ     ᠨᠡᠭᠦᠳᠡᠯ ᠤᠨ ᠤᠷᠳᠤ ᠠᠶᠠᠨ ᠤᠶᠠᠩᠭᠠᠷᠠᠨ ᠤᠶᠠᠩᠭᠠᠷᠠᠵᠤ ᠬᠤᠯᠠᠳᠠᠬᠤ ᠳᠤ     ᠤᠶᠢᠯᠤᠨ ᠪᠤᠰᠤᠭᠰᠠᠨ ᠳᠠᠪᠠᠯᠭᠠᠨ ᠰᠢᠭ᠋ ᠲᠥᠷᠢᠨ ᠲᠥᠷᠢᠭᠰᠡᠨ ᠠᠶᠠᠯᠭᠤ                       ᠨᠡᠭᠦᠳᠡᠯᠴᠢᠨ ᠪᠠᠷᠭᠤ           ᠳᠠᠯ᠎ᠠ᠂ ᠬᠠᠩᠭᠠᠢ᠂ ᠭᠤᠪᠢ ᠶᠢ ᠠᠯᠠᠭᠠᠨ ᠤ ᠵᠢᠷᠤᠭᠠᠰᠤ ᠰᠢᠭ᠋ ᠤᠶᠢᠯᠠᠭᠠᠵᠤ     ᠲᠠᠪᠤᠨ ᠬᠤᠰᠢᠭᠤ ᠮᠠᠯ ᠢᠶᠠᠨ ᠲᠤᠭᠤᠷᠠᠢ ᠶᠢᠨ ᠬᠢᠨᠢ ᠬᠡ ᠪᠠᠷ ᠲᠠᠨᠢᠳᠠᠭ     ᠤᠷᠴᠢᠯᠠᠩ ᠴᠢᠮᠡᠭᠰᠡᠨ ᠤᠷᠭᠤᠮᠠᠯ ᠤᠨ ᠨᠡᠷ᠎ᠡ ᠶᠢ ᠨᠢ ᠬᠡᠯᠡᠭᠡᠳ ᠭᠠᠷᠭᠠᠴᠢᠬᠠᠳᠠᠭ     ᠤᠩᠭᠤᠨ ᠨᠤᠲᠤᠭ ᠤᠨ ᠪᠤᠭᠤᠷᠤᠯ ᠡᠵᠡᠳ — ᠪᠠᠷᠭᠤ          ᠭᠠᠷᠬᠤ ᠵᠢᠯ ᠤᠨ ᠰᠢᠨ᠎ᠡ ᠶᠢᠨ ᠨᠢᠭᠡᠨ ᠳᠤ ᠴᠠᠰᠤᠨ ᠰᠥᠯᠳᠡ ᠪᠤᠰᠬᠠᠵᠤ     ᠭᠠᠩ ᠢ ᠬᠤᠷ᠎ᠠ ᠪᠠᠷ ᠲᠠᠶᠢᠯᠬᠤ ᠪᠠᠷ ᠬᠤᠷᠸ᠎ᠠ ᠶᠢ ᠵᠥᠭᠡᠯᠡᠯᠡᠵᠤ ᠠᠷᠭᠠᠳᠠᠭᠰᠠᠨ     ᠭᠠᠳᠠᠨ᠎ᠠ ᠠᠴᠠ ᠤᠷᠤᠭᠰᠠᠨ ᠬᠥᠮᠥᠨ ᠳᠤ ᠬᠠᠳᠠᠭ ᠲᠠᠢ ᠠᠶᠢᠷᠠᠭ ᠪᠠᠷᠢᠵᠤ     ᠭᠠᠷ ᠬᠤᠭᠤᠰᠤᠨ ᠭᠠᠷᠭᠠᠬᠤ ᠶᠢ ᠨᠢᠭᠦᠯ ᠭᠡᠵᠤ ᠪᠤᠳᠤᠳᠠᠭ — ᠪᠠᠷᠭᠤ          ᠪᠠᠶᠢᠷᠢ ᠪᠠᠨ ᠠᠯᠳᠠᠳᠠᠭ ᠥᠭᠡᠢ ᠬᠠᠨᠠᠳᠤ ᠭᠡᠷ ᠨᠢ ᠮᠥᠭᠦᠨ ᠰᠠᠷᠠᠨ ᠰᠢᠭ᠋ ᠲᠡᠷᠭᠡᠯᠰᠢᠵᠤ      ᠪᠠᠷᠢᠴᠠ ᠪᠠᠨ ᠠᠯᠳᠠᠳᠠᠭ ᠥᠭᠡᠢ ᠬᠤᠳᠡ ᠬᠤᠷᠤᠭ᠎ᠠ ᠨᠢ ᠲᠣᠷᠭᠠᠨ ᠣᠲᠠᠰᠣ ᠰᠢᠭ᠋ ᠵᠢᠭᠳᠡᠷᠡᠵᠤ     ᠲᠡᠷᠭᠡᠳᠡ ᠪᠠᠨ ᠭᠥᠨᠵᠢᠭᠰᠡᠨ ᠲᠡᠷᠭᠡ ᠤᠳ ᠨᠢ ᠭᠠᠨᠵᠤᠭᠠᠨ ᠤ ᠰᠤᠷ ᠰᠢᠭ᠋ ᠡᠪᠯᠡᠷᠡᠵᠤ     ᠲᠡᠷᠲᠡᠭᠡ ᠰᠡᠬᠦᠶᠢᠬᠦ ᠮᠠᠨᠤᠭᠤᠯᠬᠠᠢ ᠠᠴᠠ ᠨᠢ ᠡᠵᠡᠨ ᠤ ᠬᠢᠨᠢ ᠥᠨᠥᠷ ᠰᠡᠩᠭᠢᠨᠡᠬᠦ                      ᠴᠢᠨ᠋ᠸ᠎ᠠ ᠰᠥᠷᠳᠡᠳᠡᠭ ᠪᠠᠷᠭᠤ           ᠲᠡᠯᠮᠡᠭᠦᠨ ᠬᠠᠲᠠᠷᠢᠶ᠎ᠠ ᠲᠠᠢ ᠬᠥᠯᠥᠭ ᠪᠠᠷ ᠢᠶᠠᠨ ᠶᠢᠷᠲᠢᠨᠴᠤ ᠶᠢᠨ ᠵᠤ ᠶᠢ ᠡᠪᠬᠡᠵᠤ     ᠲᠤᠵᠢᠷᠬᠠᠨ ᠠᠯᠬᠤᠭ᠎ᠠ ᠲᠠᠢ ᠬᠤᠨᠢᠳ ᠢᠶᠠᠷ ᠢᠶᠠᠨ ᠭᠠᠵᠠᠷ ᠤᠨ ᠰᠤᠳᠠᠰᠤ ᠶᠢ ᠡᠮᠬᠢᠷᠳᠡᠵᠤ     ᠥᠯᠴᠢᠷᠬᠡᠨ ᠵᠠᠩ ᠲᠠᠢ ᠲᠡᠮᠡᠭᠡᠳ ᠤᠨ ᠢᠶᠠᠨ ᠤᠶᠠᠬᠠᠨ ᠪᠤᠶᠢᠯᠠᠭᠠᠨ   ᠳᠤ ᠬᠠᠶᠢᠯᠵᠤ     ᠥᠯᠵᠡᠢ ᠵᠠᠩᠭᠢᠶ᠎ᠠ ᠲᠠᠢ ᠥᠬᠡᠷ ᠤᠨ ᠢᠶᠠᠨ ᠰᠡᠪ ᠥᠭᠡᠢ ᠥᠨᠡᠨᠴᠢ ᠶᠢ ᠥᠪᠴᠢᠭᠰᠡᠨ               ᠲᠩᠷᠢ ᠥᠷᠡᠰ ᠪᠠᠷᠭᠤ          ᠠᠭᠤᠯᠠᠨ ᠳᠤ ᠪᠠᠨ ᠴᠢᠯᠠᠭᠤ ᠨᠡᠮᠡᠬᠦ ᠪᠥᠷᠢ ᠥᠷ᠎ᠡ ᠳᠡᠭᠡᠨ ᠤᠬᠠᠭᠠᠨ ᠬᠠᠶᠢᠷᠠᠯᠠᠭᠰᠠᠨ     ᠤᠰᠤᠨ ᠳᠤ ᠨᠢ ᠵᠢᠭᠠᠰᠤ ᠴᠤᠯᠭᠢᠬᠤ ᠪᠥᠷᠢ ᠪᠠᠶᠢᠭᠠᠯᠢ ᠶᠤᠰᠤᠨ ᠢ ᠮᠡᠳᠡᠷᠡᠭᠰᠡᠨ      ᠠᠷᠭᠠᠮᠵᠢᠶᠠᠨ ᠤ ᠭᠠᠳᠠᠰᠤ ᠪᠠᠨ ᠰᠤᠭᠤᠯᠬᠤ ᠪᠥᠷᠢ ᠵᠢᠷᠤᠬᠡ ᠪᠠᠨ ᠵᠥᠭᠡᠯᠡᠯᠡᠵᠤ ᠳᠡᠪᠢᠰᠥᠭᠰᠡᠨ     ᠠᠮᠢᠲᠠᠨ ᠠᠷᠢᠶᠠᠲᠠᠨ ᠰᠤᠴᠢᠬᠤ ᠠᠴᠠ ᠠᠷᠭ᠎ᠠ ᠥᠭᠡᠢ ᠥᠨᠡᠨ ᠬᠢᠴᠢᠶᠡᠭᠰᠡᠨ               ᠪᠠᠶᠢᠭᠠᠯᠢ ᠠᠮᠢ ᠪᠠᠷᠭᠤ               ᠮᠥᠩᠭᠦᠨ ᠠᠶᠠᠭ᠎ᠠ ᠲᠠᠢ ᠢᠳᠡᠭᠡ ᠨᠢ ᠬᠤᠶᠢᠮᠤᠷ ᠭᠤᠤᠯᠯᠠᠨ ᠰᠠᠭᠠᠲᠠᠳᠠᠭ     ᠮᠥᠩᠭᠦᠨ ᠬᠤᠢ ᠲᠠᠢ ᠬᠢᠲᠤᠭ᠎ᠠ ᠨᠢ ᠡᠷ᠎ᠡ ᠶᠢᠨ ᠰᠥᠯᠳᠡ ᠪᠠᠷ ᠭᠢᠯᠠᠯᠵᠠᠳᠠᠭ     ᠮᠥᠩᠭᠦᠨ ᠬᠠᠵᠠᠭᠠᠷ ᠤᠨ ᠠᠮᠠᠭᠠᠢ ᠨᠢ ᠡᠵᠡᠨ ᠢᠶᠠᠨ ᠳᠠᠭᠤᠷᠢᠶᠠᠵᠤ ᠱᠠᠷᠭᠢᠳᠠᠭ     ᠮᠥᠩᠭᠦᠨ ᠡᠮᠡᠭᠡᠯ ᠤᠨ ᠪᠥᠭᠦᠷᠭᠡ ᠨᠢ ᠰᠠᠭᠤᠳᠠᠯ ᠡᠵᠡᠯᠡᠨ ᠬᠠᠩᠬᠠᠶᠢᠳᠠᠭ                ᠴᠤᠯᠤ ᠮᠥᠩᠭᠦᠨ ᠪᠠᠷᠭᠤ          ᠠᠷᠤᠭ ᠰᠠᠪᠠᠷ ᠬᠤᠶᠠᠷ ᠢᠶᠠᠷ ᠢᠶᠠᠨ ᠠᠮᠢᠳᠤᠷᠠᠯ ᠵᠠᠩᠭᠢᠳᠤᠭᠰᠠᠨ ᠥᠬᠢᠨ ᠵᠠᠶᠠᠭ᠎ᠠ     ᠠᠯᠲᠠ ᠮᠥᠩᠭᠦᠨ ᠵᠠᠰᠠᠯ ᠢᠶᠠᠷ ᠢᠶᠠᠨ ᠭᠤᠶᠤᠵᠤ ᠭᠤᠤᠳᠠᠭᠰᠠᠨ ᠬᠠᠳᠤᠨ ᠲᠩᠷᠢ     ᠲᠤᠭᠤᠢ ᠬᠡ ᠲᠠᠢ ᠲᠤᠷᠭᠠᠨ ᠳᠡᠭᠡᠷ᠎ᠠ ᠲᠤᠭᠯᠠᠵᠤ ᠥᠰᠥᠭᠰᠡᠨ ᠭᠤᠸ᠎ᠠ ᠥᠵᠡᠰᠭᠦᠯᠡᠩ     ᠲᠠᠯ᠎ᠠ ᠠᠭᠤᠵᠢᠠᠭᠤ ᠬᠠᠷᠠᠴᠠ ᠨᠢ ᠴᠡᠴᠡᠭᠡᠰ ᠠᠲᠠᠭᠠᠷᠬᠠᠮ᠎ᠠ ᠡᠷᠬᠢᠮᠰᠥᠭ ᠪᠠᠷᠭᠤ          ᠡᠷᠳᠡᠨᠢ ᠠᠭᠤᠯᠠ ᠶᠢᠨ ᠪᠠᠷ᠎ᠠ ᠶᠢ ᠡᠭᠡᠰᠢᠭᠯᠡᠨ ᠳᠠᠭᠤᠯᠠᠬᠤ ᠳᠤ ᠪᠤᠳᠤᠯ ᠠᠯᠳᠠᠷᠠᠭᠤᠯᠳᠠᠭ    ᠡᠷᠡᠮᠡᠭ ᠬᠥᠯᠥᠭ ᠤᠨ ᠳᠠᠪᠬᠢᠶ᠎ᠠ ᠨᠢ ᠬᠠᠷᠠᠭᠠᠨ ᠤ ᠥᠵᠥᠭᠦᠷ ᠲᠤᠷᠤᠯᠵᠠᠬᠤ ᠳᠤ ᠨᠢᠯᠪᠤᠰᠣ ᠠᠰᠬᠠᠷᠠᠭᠤᠯᠳᠠᠭ    ᠡᠷᠡᠬᠡᠢ ᠮᠡᠷᠭᠡᠨ ᠬᠠᠷᠪᠤᠭᠠᠴᠢ ᠨᠢ ᠰᠠᠯᠬᠢ ᠰᠥᠯᠵᠢᠨ ᠤᠷᠠᠯᠠᠬᠤ ᠳᠤ ᠳᠡᠯᠡᠬᠡᠢ ᠠᠯᠳᠠᠷᠠᠭᠤᠯᠳᠠᠭ     ᠡᠷ᠎ᠡ ᠵᠤᠷᠢᠭᠳᠤ ᠪᠥᠬᠡᠴᠢᠳ ᠨᠢ ᠭᠠᠵᠠᠷ ᠬᠤᠳᠤᠯᠵᠠᠲᠠᠯ᠎ᠠ ᠳᠡᠪᠢᠬᠦ ᠳᠤ ᠬᠤᠷᠸ᠎ᠠ ᠠᠯᠳᠠᠷᠠᠭᠤᠯᠳᠠᠭ ᠪᠠᠷᠭᠤ        ᠭᠠᠵᠠᠷ ᠳᠡᠯᠡᠬᠡᠢ ᠶᠢᠨ ᠥᠷᠥᠴᠡᠨ ᠳᠤ ᠨᠢ ᠡᠷᠳᠡᠨᠢ ᠪᠤᠯᠠᠭᠳᠠᠴᠠ ᠪᠠᠷ ᠡᠯᠪᠡᠭ ᠪᠤᠯᠬᠤᠷ     ᠭᠠᠯ ᠨᠢ ᠥᠭᠡᠳᠡ ᠪᠠᠨ ᠨᠤᠳᠤᠭ ᠲᠤ ᠪᠠᠨ ᠮᠠᠯ ᠰᠥᠷᠥᠭ ᠢᠶᠠᠷ ᠥᠨᠢᠷ ᠪᠤᠯᠬᠤᠷ    ᠰᠥ ᠪᠠᠷ ᠳᠣᠮᠨᠠᠳᠠᠭ ᠠᠷᠠᠨᠰᠢᠨ ᠲᠠᠢ ᠳᠠᠭᠠᠨ ᠪᠤᠶᠠᠨ ᠵᠠᠶᠠᠭ᠎ᠠ ᠨᠢ ᠵᠤᠵᠠᠭᠠᠨ ᠪᠤᠯᠬᠤᠷ    ᠰᠥᠯᠳᠡ ᠲᠠᠢ ᠮᠤᠩᠭᠤᠯ ᠤᠨ ᠲᠡᠤᠬᠡᠨ ᠳᠤ ᠤᠬᠠᠭᠠᠨ ᠰᠠᠨᠠᠭ᠎ᠠ ᠪᠠᠷ ᠪᠠᠶᠠᠨ ᠪᠤᠯᠬᠤᠷ        ᠥᠭᠡᠶᠢᠷᠡᠰᠢ ᠥᠭᠡᠢ ᠪᠠᠶᠠᠨ ᠭᠡᠳᠡᠭ ᠶᠤᠮ    ᠥᠨᠥᠴᠢᠷᠡᠰᠢ ᠥᠭᠡᠢ ᠥᠨᠢᠷ ᠭᠡᠳᠡᠭ ᠶᠤᠮ    ᠪᠠᠷᠭᠤᠳᠠᠢ ᠪᠠᠭᠠᠳᠣᠷ ᠤᠨ ᠬᠤᠶᠢᠴᠢᠰ ᠭᠡᠳᠡᠭ ᠶᠤᠮ    ᠪᠠᠶᠠᠨ ᠪᠠᠷᠭᠤ ᠭᠡᠳᠡᠭ ᠶᠤᠮ ᠡ
 
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号