ᠨᠠᠷᠢᠯᠢᠭ ᠡᠳ᠋ᠰᠢᠭᠦᠯᠦᠭᠰᠡᠨ ᠢᠳᠡᠬᠡᠨ ᠢ ᠬᠡᠮᠵᠢᠶ᠎ᠡ ᠲᠠᠢ ᠢᠳᠡᠭᠰᠡᠨ ᠨᠢ ᠲᠡᠭᠡᠷ᠎ᠡ
ᠨᠡᠶᠢᠲᠡᠯᠡᠭᠰᠡᠨ ᠴᠠᠭ᠄
2017/10/10
       ᠨᠠᠷᠢᠯᠢᠭ ᠡᠳ᠋ᠰᠢᠭᠦᠯᠦᠭᠰᠡᠨ ᠢᠳᠡᠬᠡᠨ ᠢ ᠬᠡᠮᠵᠢᠶ᠎ᠡ ᠲᠠᠢ ᠢᠳᠡᠭᠰᠡᠨ ᠨᠢ ᠲᠡᠭᠡᠷ᠎ᠡ        ᠹᠷᠠᠨᠼᠢ ᠶᠢᠨ ᠳᠠᠷᠢᠶᠠᠯᠠᠩ ᠤᠨ ᠰᠢᠨᠵᠢᠯᠡᠬᠦ ᠤᠬᠠᠭᠠᠨ ᠤ  ᠰᠤᠳᠤᠯᠭᠠᠨ ᠤ  ᠬᠦᠷᠢᠶᠡᠯᠡᠩ ᠤᠨ ᠰᠢᠮ᠎ᠡ ᠳᠡᠵᠢᠭᠡᠯ ‍ᠤᠨ‌ᠤᠬᠠᠭᠠᠨ ᠤ ᠫᠷᠦᠹᠧᠰᠰᠤᠷ ᠠᠨᠲ᠋ᠤᠨᠢ · ᠹᠠᠷᠳᠠᠢ ᠦᠪᠡᠷ ᠤᠨ ︽ᠨᠢᠭᠤᠭᠳᠠᠮᠠᠯ  ᠶᠠᠷᠭᠠᠴᠢᠨ︾  ᠭᠡᠳᠡᠭ ᠨᠤᠮ ᠳᠠᠭᠠᠨ᠂  ᠡᠯ᠎ᠠ ᠤᠯᠤᠰ ᠤᠨ ᠤᠵᠢᠭ  ᠡᠪᠡᠳᠴᠢᠨ ᠳᠡᠭᠡᠷ᠎ᠡ  ᠵᠠᠭᠤᠨ ᠤ ᠳᠠᠯᠠᠭᠠᠳ ᠤᠨ ᠤ ᠰᠡᠭᠦᠯᠴᠢ᠂  ᠨᠠᠶᠠᠭᠠᠳ ᠤᠨ ᠤ ᠡᠬᠢᠨ ᠤ ᠬᠤᠭᠤᠴᠠᠭᠠᠨ ᠳᠤ ᠶᠡᠭᠡᠪᠡᠷ ᠳᠡᠯᠭᠡᠷᠡᠵᠦ ᠡᠬᠢᠯᠡᠭᠰᠡᠨ ᠭᠡᠵᠦ ᠳᠤᠷᠠᠳᠤᠭᠰᠠᠨ ᠨᠢ ᠭᠡᠳᠦ ᠡᠳ᠋ᠰᠢᠭᠦᠯᠦᠭᠰᠡᠨ ᠢᠳᠡᠭᠡᠨ ᠶᠡᠭᠡ ᠬᠡᠮᠵᠢᠶ᠎ᠠ ᠪᠠᠷ‌ᠦᠢᠯᠡᠳᠪᠦᠷᠢᠯᠡᠬᠦ ᠪᠤᠯᠤᠭᠰᠠᠨ ᠴᠠᠭ ᠬᠤᠭᠤᠴᠠᠭ᠎ᠠ ᠲᠠᠢ ᠶᠠᠬ ᠤᠨᠤᠵᠤ  ᠪᠠᠶᠢᠨ᠎ᠠ᠃  ᠤᠳᠤᠬᠠᠨ ᠳᠤ  ᠵᠠᠬ᠎ᠠ  ᠳᠡᠯᠭᠡᠭᠦᠷ ᠳᠡᠭᠡᠷᠡᠬᠢ 80% ᠤᠨ ᠢᠳᠡᠭᠡᠨ ᠨᠢ ᠭᠡᠳᠦ ᠡᠳ᠋ᠰᠢᠭᠦᠯᠦᠭᠰᠡᠨ  ᠵᠦᠢᠯ  ᠪᠠᠶᠢᠵᠤ᠂  ᠦᠷᠭᠦᠯᠵᠢ  ᠢᠳᠡᠪᠡᠯ  ᠭᠡᠯᠪᠡᠷᠢ ᠶᠢᠨ  ᠰᠢᠬᠢᠷ ᠰᠢᠵᠢᠩ‌ᠡᠪᠡᠳᠴᠢᠨ᠂ ᠬᠦᠬᠦᠨ ᠤ ᠦᠮᠠᠨ᠂ ᠤᠷᠤᠭ ᠤᠨ ᠪᠤᠯᠴᠢᠷᠬᠠᠢ ᠶᠢᠨ ᠦᠮᠠᠨ᠂ ᠡᠷᠳᠡ ᠦᠳᠡᠯᠬᠦ ᠵᠡᠷᠭᠡ ᠡᠪᠡᠳᠴᠢᠨ ᠡᠭᠦᠰᠭᠡᠳᠡᠭ᠃  ᠢᠳᠡᠭᠡᠨ ᠤ ᠡᠳ᠋ᠰᠢᠭᠦᠯᠭᠡ ᠶᠢᠨ ᠳᠡᠦᠬᠡ ᠤᠷᠳᠤ ᠮᠠᠨ ᠤ ᠤᠯᠤᠰ ᠲᠤ᠂ ᠠᠯᠢ ᠡᠷᠳᠡ ᠤᠮᠠᠷᠠᠳᠤ ᠸᠧᠢ ᠤᠯᠤᠰ ᠤᠨ ᠦᠶ᠎ᠡ ᠠᠴᠠ ᠢᠳᠡᠭᠡᠨ ᠡᠳ᠋ᠰᠢᠭᠦᠯᠬᠦ  ᠤᠬᠠᠭᠳᠠᠬᠤᠨ‌‍ᠪᠤᠢ ᠪᠤᠯᠤᠭᠰᠠᠨ ᠪᠠᠶᠢᠨ᠎ᠠ᠃ ᠤᠳᠤ ᠪᠤᠯᠳᠠᠯ᠎ᠠ ᠬᠠᠮᠤᠭ ᠤᠨ ᠡᠷᠳᠡᠨ ᠤ᠂ ᠬᠠᠮᠤᠭ ᠤᠨ ᠪᠦᠷᠢᠨ ᠪᠦᠲᠦᠨ ᠬᠠᠳᠠᠭᠠᠯᠠᠭᠳᠠᠵᠤ ᠪᠠᠶᠢᠭ᠎ᠠ ᠳᠤᠮᠤ ᠬᠡᠯᠪᠡᠷᠢ ᠶᠢᠨ ᠶᠡᠷᠦᠩᠬᠡᠶᠢᠯᠡᠭᠰᠡᠨ  ᠴᠢᠨᠠᠷᠳᠠᠢ  ᠲᠠᠷᠢᠶᠠᠯᠠᠩ ᠤᠨ  ᠨᠤᠮ  ︽ᠠᠷᠠᠳ ᠲᠤᠷ  ᠳᠤᠰᠠᠯᠠᠬᠤ ᠴᠢᠬᠤᠯᠠ ᠡᠷᠳᠡᠮ︾︵︽齐民要 术︾︶ ᠶᠢᠨ ᠭᠤᠤᠯ ᠠᠭᠤᠯᠭ᠎ᠠ ᠶᠢᠨ ᠨᠢᠭᠡ ᠨᠢ ᠳᠠᠷᠤᠢ  ᠳᠠᠷᠢᠶᠠᠯᠠᠩ ᠤᠨ  ᠪᠦᠲᠦᠭᠡᠭᠳᠡᠭᠦᠨ ᠤ ᠡᠳ᠋ᠰᠢᠭᠦᠯᠭᠡ ᠪᠤᠯᠤᠨ᠎ᠠ᠃ ᠳᠤᠬᠠᠢ ᠶᠢᠨ ᠦᠶ᠎ᠠ ᠳᠤ᠂ ᠵᠦᠪᠬᠡᠨ ᠭᠤᠯᠢᠷ ᠤᠨ ᠵᠦᠢᠯ ᠤᠨ ᠢᠳᠡᠭᠡᠨ ᠳᠤ ᠰᠢᠷᠠᠬᠤ᠂  ᠳᠤᠰᠤᠨ ᠳᠤ  ᠪᠤᠴᠠᠯᠭᠠᠬᠤ᠂ᠤᠰᠤᠨ ᠳᠤ ᠴᠢᠨᠠᠬᠤ ᠵᠡᠷᠭᠡ ᠭᠤᠷᠪᠠᠨ ᠵᠦᠢᠯ ᠤᠨ ᠡᠳ᠋ᠰᠢᠭᠦᠯᠭᠡ ᠶᠢᠨ ᠠᠷᠭ᠎ᠠ  ᠬᠦᠭᠵᠢᠨ  ᠭᠠᠷᠤᠭᠰᠠᠨ  ᠪᠠᠶᠢᠪᠠ︔  ᠯᠦ ᠱᠦᠢ︵卤水︶᠂ ᠬᠤᠵᠢᠷ ᠵᠡᠷᠭᠡ ᠶᠢᠨ ᠢᠳᠡᠭᠡᠨ ᠤ ᠨᠡᠮᠡᠯᠳᠡ ᠡᠳ᠋ ᠢ ᠢᠳᠡᠭᠡᠨ ᠡᠳ᠋ᠰᠢᠭᠦᠯᠬᠦ ᠳᠤ ᠭᠡᠷᠡᠭᠯᠡᠵᠦ ᠪᠠᠶᠢᠵᠠᠢ︔ ᠪᠠᠭᠰᠤᠷᠭ᠎ᠠ ᠪᠠ ᠤᠮᠳᠠᠭᠠᠨ ᠡᠳ᠋ᠰᠢᠭᠦᠯᠬᠦ ᠮᠡᠷᠭᠡᠵᠢᠯ ᠤᠷᠢᠳᠤ ᠡᠮᠦᠨ᠎ᠠ ᠪᠠᠶᠢᠭ᠎ᠠ ᠦᠭᠡᠢ ᠪᠠᠷ ᠬᠦᠭᠵᠢᠵᠦ︔ ᠪᠤᠷᠴᠠᠭ ᠤᠨ ᠵᠤᠳᠠᠩ᠂ ᠢᠰᠭᠡᠭᠦᠯᠬᠡ‌‍ᠪᠤᠷᠴᠠᠭ᠂ ᠢᠳᠡᠭᠡᠨ ᠤ ᠴᠣ᠂ ᠠᠷᠢᠬᠢ ᠡᠳ᠋ᠰᠢᠭᠦᠯᠬᠦ ᠮᠡᠷᠭᠡᠵᠢᠯ ᠴᠤ ᠨᠡᠯᠢᠶᠡᠳ ᠪᠤᠯᠪᠠᠰᠤᠷᠠᠩᠭᠤᠢ ᠪᠤᠯᠤᠭᠰᠠᠨ ᠪᠠᠶᠢᠵᠠᠢ᠃ ᠡᠷᠳᠡᠨ ᠤ ᠢᠳᠡᠭᠡᠨ ᠢᠳ᠋ᠰᠢᠭᠦᠯᠬᠦ ᠮᠡᠷᠭᠡᠵᠢᠯ ᠤᠨ ᠪᠤᠢ ᠪᠤᠯᠤᠭᠰᠠᠨ ᠨᠢ ᠬᠦᠮᠦᠰ ᠤᠨ  ᠢᠳᠡᠭᠡᠨ ᠤᠮᠳᠠᠭᠠᠨ ᠢᠶᠠᠨ ᠨᠡᠩ‌ᠤᠷᠳᠤ ᠬᠤᠭᠤᠴᠠᠭ᠎ᠠ ᠪᠠᠷ ᠬᠠᠳᠠᠭᠠᠯᠠᠵᠤ᠂ ᠬᠠᠬᠢᠷ ᠬᠦᠢᠳᠡᠨ  ᠪᠠ  ᠦᠯᠦᠰᠭᠦᠯᠡᠩ  ᠭᠠᠴᠢᠬ ᠢ ᠢᠯᠠᠨ ᠳᠠᠪᠠᠭ᠋ᠤ ᠬᠦᠰᠡᠯ ᠳ᠋ᠤ᠋‌‍ᠬᠦ᠋ᠳᠦᠯᠦᠭᠳᠡᠵᠦ ᠪᠠᠶᠢᠬᠰᠠᠨ ᠠᠴᠠ ᠪᠤᠯᠤᠭᠰᠠᠨ ᠭᠡᠳᠡᠭ ᠪᠤᠯ ᠠᠮᠢᠳᠤᠷᠠᠯ ᠤᠨ  ᠳᠦᠪᠰᠢᠨ  ᠳᠡᠭᠡᠭᠰᠢᠯᠡᠵᠦ᠂  ᠢᠳᠡᠭᠡᠨ ᠤᠮᠳᠠᠭᠠᠨ‌‍ᠲ᠋ᠤᠳᠠᠭᠳᠠᠬᠤ ᠪᠠᠨ ᠪᠤᠯᠢᠬᠰᠠᠨ ᠤᠳᠤ ᠶᠢᠨ ᠬᠦᠮᠦᠰ ᠨᠢ ᠦᠨᠦᠷ ᠠᠮᠳᠠ  ᠪᠠ ᠳᠦᠭᠦᠮ  ᠪᠠᠶᠢᠬᠤ ᠶᠢ  ᠢᠯᠡᠬᠦᠦ ᠬᠦᠭᠡᠭᠡᠴᠡᠯᠳᠦᠬᠦ‌‍ᠪᠤᠯᠵᠤ᠂ ᠡᠳ᠋ᠰᠢᠭᠦᠯᠭᠡ ᠶᠢᠨ ᠤᠷ᠎ᠡ ᠮᠡᠷᠭᠡᠵᠢᠯ ᠨᠢ ᠤᠯᠠᠮ ᠢᠶᠠᠷ ᠨᠠᠷᠢᠰᠴᠤ᠂ ᠡᠯ᠎ᠠ ᠵᠦᠢᠯ ᠤᠨ ᠢᠳᠡᠭᠡᠨ ᠤ ᠨᠡᠮᠡᠯᠳᠡ ᠡᠳ᠋ ᠶᠡᠬᠡᠪᠡᠷ ᠢᠯᠡᠷᠡᠨ ᠭᠠᠷᠴᠤ᠂ ᠨᠠᠷᠢᠯᠢᠬ ᠡᠳ᠋ᠰᠢᠭᠦᠯᠦᠭᠰᠡᠨ ᠢᠳᠡᠭᠡᠨ ᠶᠠᠪᠤᠬᠤ ᠳᠤᠳᠤᠮ ᠢᠶᠠᠨ ᠤᠯᠠᠨ ᠪᠤᠯᠵᠠᠢ᠃ ᠢᠳᠡᠭᠡᠨ ᠤ ᠡᠳ᠋ᠰᠢᠭᠦᠯᠭᠡ ᠶᠢ ᠠᠩᠬᠠᠨ ᠤ ᠱᠠᠳᠤᠨ ᠤ ᠪᠦᠳᠦᠭᠦᠯᠢᠭ ᠡᠳ᠋ᠰᠢᠭᠦᠯᠭᠡ ᠪᠠ  ᠨᠠᠷᠢᠯᠢᠬ  ᠡᠳ᠋ᠰᠢᠭᠦᠯᠭᠡ  ᠭᠡᠵᠦ‌ᠬᠤᠪᠢᠶᠠᠵᠦ ᠦᠵᠡᠳᠡᠭ᠃ ᠠᠩᠬᠠᠨ ᠤ ᠱᠠᠳᠤᠨ ᠤ ᠪᠦᠲᠦᠭᠦᠯᠢᠭ ᠡᠳ᠋ᠰᠢᠭᠦᠯᠭᠡ ᠶᠢᠨ ᠶᠠᠪᠤᠴᠠ ᠨᠢ ᠳᠦᠭᠦᠮ᠂ ᠲᠦᠭᠦᠬᠡᠢ ᠡᠳ᠋ ᠤᠨ ᠪᠦᠬᠦᠯᠢ ᠴᠤᠭᠴᠠᠳᠤ ᠴᠢᠨᠠᠷ ᠢ ᠬᠤᠪᠢᠷᠠᠭᠤᠯᠳᠠᠭ ᠦᠭᠡᠢ᠃ ᠨᠠᠷᠢᠯᠢᠬ ᠡᠳ᠋ᠰᠢᠭᠦᠯᠭᠡ ᠶᠢ ᠪᠠᠰᠠ ᠲᠦᠭᠦᠬᠡᠢ ᠡᠳ᠋ ᠶᠢ ᠨᠠᠷᠢᠯᠢᠬᠵᠢᠭᠤᠯᠬᠤ‌‍ᠪᠠ ᠡᠳ᠋ᠰᠢᠭᠦᠯᠭᠡ ᠶᠢ ᠨᠠᠷᠢᠯᠢᠬᠵᠢᠭᠤᠯᠬᠤ ᠭᠡᠵᠦ ᠬᠤᠪᠢᠶᠠᠳᠠᠭ᠃ ᠳᠦᠭᠦᠬᠡᠢ ᠡᠳ᠋ ᠢ ᠨᠠᠷᠢᠯᠢᠬᠵᠢᠭᠤᠯᠬᠤ ᠭᠡᠳᠡᠭ ᠨᠢ ᠢᠳᠡᠭᠡᠨ ᠤ ᠳᠦᠭᠦᠬᠡᠢ ᠡᠳ᠋ ᠢ ᠤᠯᠠᠨ ᠳᠠᠪᠬᠤᠷᠭ᠎ᠠ ᠶᠢᠨ ᠡᠳ᠋ᠰᠢᠭᠦᠯᠭᠡ ᠪᠠᠷ ᠳᠠᠮᠵᠢᠨ ᠨᠠᠷᠢᠯᠢᠬ ᠠᠮᠤ  ᠴᠠᠭᠠᠨ  ᠭᠤᠯᠢᠷ᠂  ᠰᠤᠩᠭᠤᠮᠠᠯ ᠳᠠᠬᠢᠶ᠎ᠠ ᠨᠤᠭᠤᠰᠤᠨ ᠤ ᠮᠢᠬ᠎ᠠ ᠭᠡᠵᠦ ᠰᠤᠩᠭᠤᠨ ᠭᠠᠷᠭᠠᠬᠤ ᠶᠢ ᠵᠢᠭᠠᠳᠠᠭ᠃ ᠡᠳ᠋ᠰᠢᠭᠦᠯᠭᠡ ᠶᠢ ᠨᠠᠷᠢᠯᠢᠬᠵᠢᠭᠤᠯᠬᠤ  ᠭᠡᠳᠡᠭ ᠨᠢ  ᠯᠠᠵᠠᠯᠠᠬᠤ᠂ᠤᠰᠤ ᠦᠭᠡᠶᠢᠳᠡᠭᠦᠯᠬᠦ᠂ ᠬᠢᠮᠢ ᠶᠢᠨ  ᠨᠡᠮᠡᠯᠳᠡ  ᠡᠳ᠋  ᠬᠤᠯᠢᠬᠤ ᠵᠡᠷᠭᠡ ᠶᠢ ᠵᠢᠭᠠᠵᠤ᠂ ᠴᠢᠨᠠᠷ ᠢ ᠪᠠᠳᠤᠯᠠᠬᠤ ᠬᠤᠭᠤᠴᠠᠭ᠎ᠠ ᠵᠢ‌ᠤᠷᠳᠤᠰᠬᠠᠵᠤ᠂ ᠦᠨᠦᠷ ᠠᠮᠳᠠ ᠶᠢ ᠨᠢ ᠰᠠᠶᠢᠵᠢᠷᠠᠭᠤᠯᠳᠠᠭ᠃ ᠠᠯᠢ ᠤᠯᠠᠨ ᠦᠢᠯᠡᠳᠪᠦᠷᠢ ᠬᠤᠳᠠᠯᠳᠤᠭᠠᠨ ᠤ ᠬᠢᠨ  ᠢᠳᠡᠭᠡᠨ‌ᠤᠮᠳᠠᠭᠠᠨ ᠤ ᠦᠩᠭᠡ᠂ ᠦᠨᠦᠷ᠂ ᠠᠮᠳᠠ ᠶᠢ ᠤᠯᠠᠮ ᠤᠬᠢ ᠰᠤᠳᠤᠨ ᠪᠤᠯᠭᠠᠬᠤ ᠶᠢᠨ ᠳᠦᠯᠦᠭᠡ ᠤᠯᠠᠨ ᠵᠦᠢᠯ ᠤᠨ ᠢᠳᠡᠭᠡᠨ ‍ᠤ‌ᠨᠡᠮᠡᠯᠳᠡ ᠡᠳ᠋ ᠬᠤᠯᠢᠵᠤ᠂ ᠭᠡᠳᠦ ᠡᠳ᠋ᠰᠢᠭᠦᠯᠦᠭᠰᠡᠨ ᠪᠠᠶᠢᠳᠠᠯ ᠢ ᠪᠤᠢ ᠪᠤᠯᠭᠠᠵᠤ᠂ ᠢᠳᠡᠭᠡᠨ ᠤ ᠤᠤᠯ ᠤᠨ  ᠦᠨᠦᠷ  ᠠᠮᠳᠠ ᠶᠢ ᠨᠢ‌ᠠᠯᠳᠠᠭᠳᠠᠭᠤᠯᠳᠠᠭ ᠭᠡᠵᠦ ᠳᠤᠮᠳᠠᠳᠤ ᠤᠯᠤᠰ ᠤᠨ ᠳᠠᠷᠢᠶᠠᠯᠠᠩ ᠤᠨ ᠶᠡᠭᠡ ᠰᠤᠷᠭᠠᠭᠤᠯᠢ ᠶᠢᠨ ᠢᠳᠡᠭᠡᠨ ᠤ ᠰᠢᠨᠵᠢᠯᠡᠬᠦ ᠤᠬᠠᠭᠠᠨ ᠪᠠ‌‍ᠰᠢᠮ᠎ᠡ ᠳᠡᠵᠢᠭᠡᠯ ᠤᠨ ᠢᠨᠵᠧᠨᠧᠷᠢᠩ ᠤᠨ ᠳᠡᠭᠡᠳᠦ ᠰᠤᠷᠭᠠᠭᠤᠯᠢ ᠶᠢᠨ ᠳᠡᠳ᠋ ᠫᠷᠦᠹᠧᠰᠰᠤᠷ ᠵᠦ ᠢ ᠰᠤᠷᠪᠤᠯᠵᠢᠯᠠᠬᠴᠢ ᠳᠤ ᠶᠠᠷᠢᠯ᠎ᠠ᠃ ᠤᠳᠤ ᠶᠢᠨ ᠵᠠᠬ᠎ᠠ ᠳᠡᠯᠭᠡᠭᠦᠷ ᠳᠡᠭᠡᠷ᠎ᠡ ᠬᠡᠳᠦ ᠡᠳ᠋ᠰᠢᠭᠦᠯᠦᠭᠰᠡᠨ ᠢᠳᠡᠭᠡᠨ ᠤᠮᠳᠠᠭᠠᠨ ᠵᠦᠩᠳᠡᠭᠡᠨ ᠪᠠᠶᠢᠨ᠎ᠠ᠂ ᠬᠠᠮᠤᠭ ‍ᠤᠨ‌ᠡᠩ ᠤᠨ ᠵᠦᠢᠯ ᠠᠴᠠ ᠠᠪᠴᠤ ᠦᠵᠡᠬᠦ ᠳᠤ᠂ ᠳᠦᠭᠦᠮ ᠭᠤᠯᠢᠷ᠂ ᠵᠢᠮᠢᠰᠤᠨ ᠴᠠᠷᠴᠠᠮᠠᠯ᠂ ᠰᠦ ᠲᠠᠢ ᠴᠠᠢ᠂ ᠭᠤᠸᠠᠩᠲ᠋ᠧᠦ ᠶᠢᠨ ᠵᠦᠢᠯ︵ᠮᠢᠬᠠᠨ ᠤ ᠵᠦᠢᠯ᠂ ᠬᠠᠨᠳᠠᠯᠠᠭᠰᠠᠨ ᠱᠦᠯᠦ᠂ ᠤᠮᠳᠠᠭᠠᠨ ᠵᠡᠷᠭᠡ ᠶᠢ ᠪᠠᠭᠳᠠᠭᠠᠨ᠎ᠠ︶᠂  ᠬᠦᠭᠡᠰᠦᠮᠡᠯ  ᠢᠳᠡᠭᠡᠨ᠂  ᠠᠪᠤᠨ  ᠢᠳᠡᠵᠦ ᠪᠤᠯᠳᠠᠭ ᠨᠠᠷᠢᠮᠦ ᠶᠢᠨ ᠵᠦᠢᠯ᠂ ᠵᠢᠮᠢᠰᠦᠨ ᠵᠤᠳᠠᠩ᠂ ᠳᠠᠪᠤᠰᠤᠯᠠᠭᠰᠠᠨ ᠮᠢᠬᠠᠨ ᠤ ᠵᠦᠢᠯ᠂ ᠳᠠᠯᠬ᠎ᠠ᠂ ᠪᠢᠩᠭᠠᠨ ᠵᠡᠷᠭᠡ ᠪᠠᠶᠢᠨ᠎ᠠ  ᠭᠡᠵᠦ‌ᠠᠮᠧᠷᠢᠺᠠ ᠶᠢᠨ ᠫᠦᠷᠳᠤᠧ ᠶᠡᠭᠡ ᠰᠤᠷᠭᠠᠭᠤᠯᠢ ᠶᠢᠨ ᠳᠠᠷᠢᠶᠠᠯᠠᠩ ᠪᠠ ᠠᠮᠢᠳᠤ ᠪᠤᠳᠠᠰ ᠤᠨ ᠢᠨᠵᠧᠨᠧᠷᠢᠩ ᠤᠨ ᠰᠠᠯᠪᠤᠷᠢ ᠶᠢᠨ ᠢᠳᠡᠭᠡᠨ‌ᠤᠮᠳᠠᠭᠠᠨ ᠤ ᠢᠨᠵᠧᠨᠧᠷᠢᠩ ᠤᠨ ᠳ᠋ᠤᠺᠲ᠋ᠤᠷ ᠶᠦᠨ ᠦ᠋ ᠰᠢᠨ ᠳᠠᠨᠢᠯᠴᠠᠭᠤᠯᠵᠤ ᠪᠠᠶᠢᠨ᠎ᠠ᠃  ᠦᠩᠭᠡ  ᠬᠡᠯᠪᠡᠷᠢ ᠶᠢ ᠨᠢ  ᠬᠠᠷᠠᠭᠠᠳ‌‍ᠶᠠᠮᠠᠷ ᠡᠳ᠋ ᠢᠶᠠᠷ ᠬᠢᠵᠦ ᠭᠠᠷᠭᠠᠭᠰᠠᠨ ᠢ ᠨᠢ ᠦᠵᠡᠵᠦ ᠭᠠᠷᠤᠮᠠᠷ ᠦᠭᠡᠢ ᠢᠳᠡᠭᠡᠨ ᠢ ᠪᠦᠷ ᠨᠠᠷᠢᠯᠢᠬ ᠡᠳ᠋ᠰᠢᠭᠦᠯᠦᠭᠰᠡᠨ  ᠢᠳᠡᠭᠡᠨ ᠳ᠋ᠤ᠋‌‍ᠲ᠋ᠤᠭᠠᠴᠢᠵᠤ ᠪᠤᠯᠤᠨ᠎ᠠ ᠭᠡᠵᠦ ᠠᠨᠲ᠋ᠤᠨᠢ · ᠹᠠᠷᠳᠠᠢ ᠦᠵᠡᠭᠰᠡᠨ ᠪᠠᠶᠢᠨ᠎ᠠ᠃     ᠨᠠᠷᠢᠯᠢᠬ ᠡᠳ᠋ᠰᠢᠭᠦᠯᠦᠭᠰᠡᠨ ᠢᠳᠡᠭᠡᠨ ᠤ ᠠᠯᠳᠠᠭ ᠤᠨᠤᠭ     ᠨᠠᠷᠢᠯᠢᠬ ᠡᠳ᠋ᠰᠢᠭᠦᠯᠦᠭᠰᠡᠨ ᠢᠳᠡᠭᠡᠨ ᠤᠮᠳᠠᠭᠠᠨ ᠢ ᠭᠠᠷ ᠢᠶᠠᠨ ᠰᠤᠩᠭᠠᠪᠠᠯ ᠠᠪᠴᠤ ᠪᠤᠯᠬᠤ ᠪᠠᠷ ᠪᠤᠯᠵᠤ᠂ ᠠᠮᠢᠳᠤᠷᠠᠯ ᠳ᠋ᠤ᠋‌ᠠᠳᠠᠯᠢ ᠪᠤᠰᠤ ᠦᠩᠭᠡ ᠦᠨᠦᠷ ᠠᠮᠳᠠ ᠨᠡᠮᠡᠷᠢᠯᠡᠨ᠎ᠠ᠃ ᠢᠯᠵᠢᠷᠡᠵᠦ ᠮᠠᠭᠤᠳᠠᠬᠤ ᠦᠭᠡᠢ᠂ ᠬᠠᠳᠠᠭᠠᠯᠠᠬᠤ ᠳᠤ ᠳᠦᠭᠦᠮ᠃ ᠨᠠᠷᠢᠯᠢᠬ ᠡᠳ᠋ᠰᠢᠭᠦᠯᠭᠡ ᠨᠢ  ᠢᠳᠡᠭᠡᠨ ᠤ  ᠵᠦᠢᠯ ‍ᠤᠨ‌‍ᠰᠢᠨᠵᠢ ᠴᠢᠨᠠᠷ ᠢ ᠬᠤᠪᠢᠷᠠᠭᠤᠯᠤᠨ᠂ ᠭᠡᠳᠦ  ᠦᠨᠳᠦᠷ ᠬᠠᠯᠠᠭᠤᠨ ᠳᠤ  ᠪᠤᠯᠭᠤᠵᠤ᠂  ᠪᠠᠺᠲ᠋ᠧᠷᠢ  ᠦᠭᠡᠢ  ᠪᠤᠭᠤᠳᠠᠯᠠᠨ᠂  ᠪᠠᠰᠠ‌ᠢᠯᠵᠢᠷᠡᠬᠦ ᠶᠢ ᠰᠡᠷᠭᠡᠶᠢᠯᠡᠬᠦ ᠡᠳ᠋ ᠨᠡᠮᠡᠬᠦ ᠵᠡᠷᠭᠡ ᠡᠳ᠋ᠰᠢᠭᠦᠯᠭᠡ ᠶᠢᠨ  ᠶᠠᠪᠤᠴᠠ ᠶᠢ ᠦᠩᠭᠡᠷᠡᠭᠡᠨ᠂ ᠢᠳᠡᠭᠡᠨ ᠤ ᠵᠦᠢᠯ ᠤᠨ ᠴᠢᠨᠠᠷ ᠢ ᠪᠠᠳᠤᠯᠠᠬᠤ ᠬᠤᠭᠤᠴᠠᠭ᠎ᠠ ᠶᠢ ᠤᠷᠳᠤᠰᠬᠠᠨ᠂  ᠬᠠᠳᠠᠭᠠᠯᠠᠬᠤ ᠳᠤ  ᠳᠤᠩ  ᠳᠦᠭᠦᠮ  ᠪᠤᠯᠭᠠᠵᠠᠢ᠃  ᠬᠦᠮᠦᠰ  ᠡᠳᠦᠷ ᠤᠨ  ᠬᠡᠳᠦ ᠤᠳᠠᠭ᠎ᠠ  ᠢᠳᠡᠬᠦ  ᠶᠠᠭᠤᠮ᠎ᠠ  ᠠᠪᠬᠤ  ᠭᠡᠵᠦ  ᠭᠦᠶᠦᠬᠦ  ᠭᠡᠷᠡᠭ  ᠦᠭᠡᠢ᠂  ᠠᠯᠢ  ᠭᠠᠵᠠᠷ ᠤᠨ  ᠢᠳᠡᠭᠡᠨ ᠤᠮᠳᠠᠭᠠᠨ ᠢ ᠴᠤ᠋‌‍ᠲ᠋ᠠᠭ᠎ᠠ ᠪᠠᠷ ᠢᠶᠠᠨ ᠰᠤᠩᠭᠤᠵᠤ ᠢᠳᠡᠵᠦ ᠪᠤᠯᠬᠤ ᠪᠤᠯᠵᠠᠢ᠃  ᠵᠢᠱᠢᠶᠡᠯᠡᠪᠡᠯ᠂ ᠲᠦᠪᠡᠳ ᠬᠠᠰᠢ  ᠪᠤᠯ  ᠬᠦᠮᠦᠰ ᠤᠨ  ᠦᠷᠭᠦᠯᠵᠢ‌ᠢᠳᠡᠳᠡᠭ ᠨᠢᠭᠡ ᠵᠦᠢᠯ᠂ ᠭᠡᠪᠡᠴᠦ ᠬᠡᠳᠦᠨ ᠡᠳᠦᠷ  ᠬᠠᠳᠠᠭᠠᠯᠠᠬᠤ ᠶᠢ  ᠳᠠᠭᠠᠭᠠᠬᠤ  ᠦᠭᠡᠢ  ᠵᠦᠭᠡᠯᠡᠷᠡᠵᠦ  ᠢᠯᠵᠢᠷᠡᠨ᠎ᠠ᠂  ᠭᠡᠷᠪᠡ‌‍ᠲ᠋ᠦ᠋ᠪᠡᠳ ᠬᠠᠰᠢ ᠶᠢᠨ ᠵᠤᠳᠠᠩ  ᠪᠤᠯᠭᠠᠭᠠᠳ  ᠯᠠᠵᠠ  ᠶᠤᠮ  ᠤᠤ  ᠯᠤᠩᠬᠤᠨ ᠳᠤ  ᠰᠠᠪᠠᠯᠠᠴᠢᠬᠠᠪᠠᠯ  ᠤᠷᠳᠤ  ᠬᠤᠭᠤᠴᠠᠭ᠎ᠠ ᠪᠠᠷ‌ᠬᠠᠳᠠᠭᠠᠯᠠᠵᠤ ᠪᠤᠯᠤᠨ᠎ᠠ᠂ ᠵᠠᠢ ᠴᠤ ᠡᠵᠡᠯᠡᠬᠦ ᠦᠭᠡᠢ᠃ ᠬᠡᠯᠪᠡᠷᠢ ᠦᠩᠭᠡ ᠦᠨᠦᠷ ᠠᠮᠳᠠ ᠶᠢᠨ ᠰᠤᠳᠤᠨ ᠬᠦᠷᠳᠡᠭᠡᠯ ᠤᠯᠭᠤᠨ᠎ᠠ᠃ ᠪᠦᠬᠦ ᠢᠳᠡᠭᠡᠨ ᠤ ᠵᠦᠢᠯ ᠨᠢ ᠪᠦᠷ ᠵᠤᠬᠢᠬᠤ ᠡᠳ᠋ᠰᠢᠭᠦᠯᠭᠡ ᠶᠢᠨ ᠶᠠᠪᠤᠴᠠ ᠶᠢ ᠦᠩᠭᠡᠷᠡᠭᠡᠨ ᠠᠮᠠᠨ ᠳᠤ ᠤᠷᠤᠳᠠᠭ᠃ ᠵᠢᠱᠢᠶᠡᠯᠡᠪᠡᠯ᠂ ᠪᠤᠭᠤᠳᠠᠢ ᠨᠢ  ᠬᠠᠯᠢᠰᠤᠯᠠᠬᠤ᠂  ᠳᠠᠯᠬᠠᠳᠠᠬᠤ‌ᠵᠡᠷᠭᠡ ᠨᠡᠯᠢᠶᠡᠳ ᠨᠠᠷᠢᠯᠢᠬ ᠪᠦᠭᠡᠳ ᠪᠤᠳᠤᠯᠢᠶᠠᠨᠳᠠᠢ ᠡᠳ᠋ᠰᠢᠭᠦᠯᠭᠡ ᠶᠢᠨ ᠶᠠᠪᠤᠴᠠ ᠶᠢ ᠳᠠᠮᠵᠢᠭᠠᠳ ᠰᠠᠶ᠋ᠢ ᠳᠠᠯᠬ᠎ᠠ᠂ ᠶᠢᠦ ᠲᠢᠶᠤᠤ ᠵᠡᠷᠭᠡ‌ᠤᠯᠠᠨ ᠵᠦᠢᠯ ᠤᠨ ᠭᠤᠯᠢᠷ ᠤᠨ ᠢᠳᠡᠭᠡᠨ ᠪᠤᠯᠵᠤ ᠬᠤᠪᠢᠷᠠᠳᠠᠭ︔ ᠵᠠᠷᠢᠮ ᠨᠠᠷᠢᠮᠤ ᠶᠢᠨ ᠵᠦᠢᠯ ᠢᠶᠠᠷ ᠡᠯ᠎ᠠ ᠵᠦᠢᠯ ᠤᠨ  ᠬᠦᠭᠡᠰᠦᠮᠡᠯ‌ᠢᠳᠡᠭᠡᠨ ᠬᠢᠵᠦ ᠦᠨᠦᠷ ᠠᠮᠳᠠ ᠶᠢ ᠨᠢ ᠨᠡᠩ ᠰᠤᠳᠤᠨ ᠪᠤᠯᠭᠠᠵᠤ ᠪᠤᠯᠤᠨ᠎ᠠ᠃ ᠢᠳᠡᠭᠡᠨ ᠤᠮᠳᠠᠭᠠᠨ ᠤ ᠨᠠᠷᠢᠯᠢᠬ ᠡᠳ᠋ᠰᠢᠭᠦᠯᠭᠡ ᠨᠢ ᠬᠦᠮᠦᠰ ᠤᠨ ᠠᠮᠢᠳᠤᠷᠠᠯ ᠳᠤ ᠠᠯᠢ ᠤᠯᠠᠨ ᠳᠦᠭᠦᠮ ᠢ  ᠠᠪᠴᠢᠷᠠᠵᠤ᠂ ᠰᠤᠳᠤᠨ ᠬᠦᠷᠳᠡᠭᠡᠯ ᠤᠯᠭᠤᠭᠰᠠᠨ ᠨᠢ ᠦᠨᠡᠨ ᠭᠡᠳᠡᠭ ᠪᠤᠯᠪᠠᠴᠤ ᠭᠡᠳᠦ ᠬᠦᠭᠡᠭᠡᠴᠡᠯᠳᠦᠪᠡᠯ ᠡᠷᠡᠭᠦᠯ ᠮᠡᠨᠳᠦ ᠳᠤ ᠬᠠᠷᠰᠢ  ᠪᠤᠯᠤᠨ᠎ᠠ‌‍ᠭᠡᠳᠡᠭ ᠢ ᠤᠮᠳᠤᠭᠠᠢᠢᠯᠠᠵᠤ ᠪᠤᠯᠬᠤ ᠦᠭᠡᠢ᠃  ᠰᠢᠮ᠎ᠡ ᠳᠡᠵᠢᠭᠡᠯᠳᠦ ᠡᠳ᠋ ᠢ ᠠᠯᠳᠠᠭᠤᠯᠤᠨ᠎ᠠ᠃ ᠰᠢᠨ᠎ᠠ ᠰᠤᠷᠭᠤᠭ ᠢᠳᠡᠰᠢᠨ  ᠨᠤᠭᠤᠭ᠎ᠠ ᠵᠢᠮᠢᠰ ᠲᠠᠢ ᠠᠳᠠᠯᠢᠳᠬᠠᠪᠠᠯ᠂ᠨᠠᠷᠢᠯᠢᠬ ᠡᠳ᠋ᠰᠢᠭᠦᠯᠦᠭᠰᠡᠨ ᠢᠳᠡᠭᠡᠨ ᠤ ᠵᠦᠢᠯ ᠨᠢ ᠤᠰᠤ  ᠦᠭᠡᠶᠢᠳᠡᠭᠦᠯᠬᠦ  ᠮᠡᠷᠭᠡᠵᠢᠯ᠂  ᠪᠠᠺᠲ᠋ᠧᠷᠢ ᠦᠭᠡᠶᠢᠳᠡᠭᠦᠯᠬᠦ ᠮᠡᠷᠭᠡᠵᠢᠯ᠂ᠯᠠᠵᠠᠯᠠᠵᠤ ᠬᠠᠳᠠᠭᠠᠯᠠᠬᠤ ᠵᠡᠷᠭᠡ ᠡᠳ᠋ᠰᠢᠭᠦᠯᠭᠡ ᠶᠢᠨ ᠶᠠᠪᠤᠴᠠ ᠶᠢ  ᠳᠠᠮᠵᠢᠬᠤ ᠳᠠᠭᠠᠨ  ᠸᠢᠲ᠋ᠠᠮᠢᠨ  ᠮᠡᠳᠦ ᠶᠢᠨ  ᠰᠢᠮ᠎ᠡ ᠲᠡᠵᠢᠭᠡᠯ ‍ᠤᠨ‌‍ᠪᠦ᠋ᠷᠢᠯᠳᠦᠭᠦᠨ ᠢᠶᠠᠨ ᠠᠯᠳᠠᠳᠠᠭ᠂ ᠭᠡᠰᠡᠭ ᠨᠠᠷᠢᠯᠢᠬ ᠡᠳ᠋ᠰᠢᠭᠦᠯᠭᠡ ᠶᠢᠨ ᠢᠳᠡᠭᠡᠨ ᠳᠤ ᠬᠠᠨᠤᠮᠠᠯ ᠦᠭᠡᠬᠦ᠂ ᠨᠠᠲᠷᠢ᠂ ᠰᠢᠬᠢᠷ ᠵᠡᠷᠭᠡ ᠵᠢ‌ᠨᠡᠮᠡᠬᠦ ᠴᠢᠬᠤᠯᠠ ᠲᠠᠢ ᠪᠠᠶᠢᠳᠠᠭ ᠨᠢ ᠡᠷᠡᠭᠦᠯ ᠮᠡᠨᠳᠦ ᠳᠤ ᠠᠰᠢᠬ ᠦᠭᠡᠢ ᠭᠡᠵᠦ ᠵᠦ ᠢ ᠶᠠᠷᠢᠵᠤ ᠪᠠᠶᠢᠨ᠎ᠠ᠃ ᠰᠢᠬᠢᠷ ᠰᠢᠵᠢᠩ ᠡᠪᠡᠳᠴᠢᠨ ᠡᠭᠦᠰᠭᠡᠨ᠎ᠠ᠃ ᠨᠠᠷᠢᠯᠢᠬ  ᠡᠳ᠋ᠰᠢᠭᠦᠯᠦᠭᠰᠡᠨ  ᠢᠳᠡᠭᠡᠨ ᠳᠤ ᠢᠳᠡᠭᠡᠨ ᠤ ᠰᠢᠷᠭᠡᠭᠯᠢᠭ ᠳᠤᠳᠠᠭᠳᠠᠳᠠᠭ ᠢᠶᠠᠷ ᠴᠢᠰᠦᠨ ᠤ ᠰᠢᠬᠢᠷ ᠳᠦᠷᠭᠡᠨ ᠦᠨᠳᠦᠷᠵᠢᠵᠦ᠂  ᠨᠦᠢᠷ ᠤᠨ  ᠠᠷᠠᠯ ᠤᠨ  ᠡᠳ᠋ ᠤᠨ  ᠢᠯᠭᠠᠷᠠᠭᠤᠯᠤᠯᠳᠠ ᠶᠢ ᠨᠡᠮᠡᠭᠳᠡᠭᠦᠯᠳᠡᠭ᠃ ᠤᠷᠳᠤ ᠬᠤᠭᠤᠴᠠᠭ᠎ᠠ ᠪᠠᠷ ᠨᠠᠷᠢᠯᠢᠬ  ᠡᠳ᠋ᠰᠢᠭᠦᠯᠦᠭᠰᠡᠨ  ᠢᠳᠡᠭᠡᠨ  ᠢᠳᠡᠬᠦ  ᠳᠡᠭᠡᠷ᠎ᠡ  ᠬᠦᠷᠪᠡᠯ᠂  ᠨᠦᠢᠷ ‍ᠤᠨ‌ᠠᠷᠠᠯ ᠤᠨ ᠡᠳ᠋ ᠤᠨ ᠡᠪᠡᠳᠴᠢᠨ ᠢ ᠡᠰᠡᠷᠭᠦᠴᠡᠬᠦ ᠴᠢᠳᠠᠪᠤᠷᠢ ᠪᠠᠭᠤᠷᠠᠬᠤ᠂ ᠰᠢᠬᠢᠷ ᠰᠢᠵᠢᠩ  ᠡᠪᠡᠳᠴᠢᠨ  ᠪᠤᠶᠤ  ᠪᠤᠰᠤᠳ  ᠰᠢᠨ᠎ᠠ‌ᠬᠠᠭᠤᠴᠢᠨ ᠤ  ᠰᠤᠯᠢᠯᠴᠠᠭᠠᠨ ᠤ  ᠶᠡᠷᠦᠩᠬᠡᠶᠢᠯᠡᠭᠰᠡᠨ  ᠴᠢᠨᠠᠷᠳᠠᠢ  ᠡᠪᠡᠳᠴᠢᠨ  ᠤᠯᠬᠤ  ᠠᠶᠤᠯ ᠲᠠᠢ  ᠭᠡᠵᠦ  ᠶᠦᠨ  ᠦ᠋ ᠰᠢᠨ‌‍ᠲ᠋ᠠᠨᠢᠯᠴᠠᠭᠤᠯᠵᠤ ᠪᠠᠶᠢᠨ᠎ᠠ᠃ ︽ᠠᠩᠭ᠍ᠯᠢ ᠶᠢᠨ ᠠᠨᠠᠭᠠᠬᠤ ᠤᠬᠠᠭᠠᠨ ᠤ  ᠰᠡᠳᠭᠦᠯ︾ ᠳᠤ  ᠨᠡᠶᠢᠳᠡᠯᠡᠭᠰᠡᠨ ᠢᠶᠠᠷ᠂  ᠠᠽᠢᠶ᠎ᠠ ᠳᠢᠪ ‍ᠤᠨ‌‍ᠬᠦ᠋ᠮᠦᠨ ᠡᠳᠦᠷ ᠲᠤ ᠢᠯᠡᠭᠦᠦ 150 ᠭᠷᠠᠮ ᠨᠠᠷᠢᠯᠢᠬ ᠴᠠᠭᠠᠨ ᠪᠤᠳᠠᠭ᠎ᠠ  ᠢᠳᠡᠭᠦ ᠪᠠᠷ  ᠪᠤᠳᠤᠪᠠᠯ᠂  ᠰᠢᠬᠢᠷ  ᠰᠢᠵᠢᠩ ᠡᠪᠡᠳᠴᠢᠨ‌ᠡᠭᠦᠰᠬᠦ ᠨᠤᠷᠮ᠎ᠠ 11% ᠢᠶᠠᠷ ᠳᠡᠭᠡᠭᠰᠢᠯᠡᠬᠦ ᠶᠤᠮ ᠪᠠᠶᠢᠨ᠎ᠠ᠃ ᠦᠮᠠᠨ ᠳᠤ ᠨᠡᠷᠪᠡᠭᠳᠡᠬᠦ ᠠᠶᠤᠯ ᠢ ᠨᠡᠮᠡᠭᠳᠡᠭᠦᠯᠦᠨ᠎ᠠ᠃ ᠭᠠᠭ᠋ᠠᠢ ᠶᠢᠨ ᠮᠢᠬ᠎ᠠ᠂  ᠦᠭᠡᠷ ᠤᠨ  ᠮᠢᠬ᠎ᠠ  ᠵᠡᠷᠭᠡ ᠶᠢ ᠰᠢᠷᠠᠮ᠂ᠳᠠᠪᠤᠰᠤᠯᠠᠵᠤ ᠬᠠᠳᠠᠭᠠᠬᠰᠠᠨ ᠮᠢᠬ᠎ᠠ᠂ ᠬᠢᠮ᠎ᠠ᠂ ᠫᠧᠢᠢᠭᠧᠡ ᠵᠡᠷᠭᠡ ᠪᠦᠲᠦᠭᠡᠭᠳᠡᠭᠦᠨ ᠪᠤᠯᠭᠠᠨ ᠡᠳ᠋ᠰᠢᠭᠦᠯᠬᠦ ᠳᠤ  ᠨᠢᠭᠡ  ᠬᠡᠮᠵᠢᠶᠡᠨ ‍ᠤ‌ᠦᠮᠡᠨ ᠡᠭᠦᠰᠭᠡᠭᠴᠢ ᠪᠤᠳᠠᠰ ᠡᠭᠦᠰᠭᠡᠳᠡᠭ ᠪᠤᠯᠬᠤᠷ ᠬᠡᠳᠦ ᠠᠷᠪᠢᠨ ᠢᠳᠡᠪᠠᠯ ᠦᠮᠡᠨ ᠳᠤ  ᠨᠡᠷᠪᠡᠭᠳᠡᠬᠦ  ᠠᠶᠤᠯ ᠢ  ᠨᠡᠮᠡᠭᠳᠡᠭᠦᠯᠦᠨ᠎ᠠ ᠭᠡᠵᠦ ᠶᠦᠨ ᠦ᠋ ᠰᠢᠨ ᠳᠠᠨᠢᠯᠴᠠᠭᠤᠯᠤᠯ᠎ᠠ᠃ ᠳᠠᠷᠢᠬᠢᠨ ᠤ  ᠡᠷᠡᠭᠦᠯ  ᠮᠡᠨᠳᠦ ᠳᠤ  ᠠᠰᠢᠬ  ᠦᠭᠡᠢ᠃  ᠬᠦᠭᠡᠰᠦᠮᠡᠯ  ᠢᠳᠡᠭᠡᠨ  ᠪᠤᠯ   ᠨᠠᠷᠢᠯᠢᠬ   ᠡᠳ᠋ᠰᠢᠭᠦᠯᠦᠭᠰᠡᠨ‌ᠢᠳᠡᠭᠡᠨ ᠳᠡᠭᠡᠨ ᠨᠡᠯᠢᠶᠡᠳ ᠤᠨᠴᠠᠭᠠᠢ ᠨᠢᠭᠡ ᠵᠦᠢᠯ ᠨᠢ ᠪᠠᠶᠢᠵᠤ᠂ ᠮᠠᠨ ᠤ ᠤᠯᠤᠰ ᠤᠨ ᠡᠷᠡᠭᠦᠯ  ᠬᠠᠮᠠᠭᠠᠯᠠᠯ  ᠪᠠ ᠳᠦᠯᠦᠪᠯᠡᠭᠡᠳᠦ‌ᠦᠷᠡᠵᠢᠯ ᠤᠨ ᠵᠦᠪᠯᠡᠯ ᠵᠡᠷᠭᠡ ᠳᠠᠪᠤᠨ ᠰᠠᠯᠠᠭ᠎ᠠ ᠮᠦᠴᠢᠷ ᠬᠠᠮᠳᠤᠷᠠᠨ ᠪᠢᠴᠢᠭ ᠮᠠᠲ᠋ᠧᠷᠢᠶᠠᠯ ᠨᠡᠶᠢᠳᠡᠯᠡᠵᠦ᠂ ᠬᠦᠭᠡᠰᠦᠮᠡᠯ ᠢᠳᠡᠭᠡᠨ ᠳ᠋ᠤ᠋‌‍ᠶᠠᠮᠠᠷᠪᠠ ᠴᠠᠶᠢᠷ ᠠᠭᠤᠯᠤᠭᠰᠠᠨ ᠢᠳᠡᠭᠡᠨ ᠤ ᠨᠡᠮᠡᠯᠳᠡ ᠡᠳ᠋ ᠬᠤᠯᠢᠵᠤ ᠪᠤᠯᠬᠤ ᠦᠭᠡᠢ  ᠭᠡᠵᠦ  ᠳᠤᠭᠳᠠᠭᠠᠵᠠᠢ᠃  ᠭᠡᠪᠡᠴᠦ  ᠵᠠᠷᠢᠮ‌ᠬᠠᠤᠯᠢ ᠪᠤᠰᠤ ᠬᠤᠳᠠᠯᠳᠤᠭᠠᠴᠢᠨ ᠰᠠᠷᠢᠭᠠᠴᠢᠨ ᠬᠠᠤᠯᠢ ᠶᠢ ᠵᠦᠷᠢᠴᠠᠨ ᠨᠡᠮᠡᠯᠳᠡ ᠡᠳ᠋ ᠭᠡᠷᠡᠭᠯᠡᠳᠡᠭ ᠠᠴᠠ ᠬᠦᠭᠡᠰᠦᠮᠡᠯ ᠢᠳᠡᠭᠡᠨ ᠢ‌ᠤᠷᠳᠤ ᠬᠤᠭᠤᠴᠠᠭ᠎ᠠ ᠪᠠᠷ ᠢᠳᠡᠪᠡᠯ ᠬᠦᠮᠦᠨ ᠤ ᠦᠯᠦ ᠬᠠᠯᠳᠠᠭᠠᠬᠤ ᠴᠢᠳᠠᠪᠤᠷᠢ ᠪᠠᠭᠤᠷᠠᠵᠤ᠂ ᠵᠦᠨᠦᠭ ᠡᠪᠡᠳᠴᠢᠨ ᠳᠤ ᠨᠡᠷᠪᠡᠭᠳᠡᠬᠦ‌ᠠᠶᠤᠯ ᠢ ᠨᠡᠮᠡᠭᠳᠡᠭᠦᠯᠳᠡᠭ᠃ ᠬᠦᠭᠡᠰᠦᠮᠡᠯ ᠢᠳᠡᠭᠡᠨ ᠳᠤ ᠢᠯᠡᠭᠦᠦ ᠳᠤᠷᠠᠯᠠᠳᠠᠭ ᠨᠢ ᠪᠠᠷᠤᠭ ᠪᠦᠷ ᠦᠰᠪᠦᠷᠢ ᠶᠢᠨ ᠬᠡᠦᠬᠡᠳ ᠪᠠᠶᠢᠳᠠᠭ᠂ᠳᠡᠶᠢᠮᠦ ᠠᠴᠠ ᠳᠠᠷᠢᠬᠢᠨ ᠤ ᠨᠡᠭᠡᠳᠡᠰᠦᠨ ᠳᠤ ᠴᠠᠶᠢᠷ ᠭᠡᠳᠦ ᠳᠤᠩᠬᠤ ᠳᠡᠭᠡᠷ᠎ᠡ ᠳᠤᠯᠪᠠᠯ ᠴᠡᠭᠡᠵᠢᠯᠡᠬᠦ ᠴᠢᠳᠠᠪᠤᠷᠢ ᠨᠢ ᠪᠠᠭᠤᠷᠠᠵᠤ᠂ ᠤᠢ‌‍ᠪᠢᠯᠢᠭ ᠨᠢ ᠮᠠᠭᠤᠳᠠᠵᠤ᠂ ᠬᠦᠳᠡᠯᠭᠡᠭᠡᠨ ᠨᠢ ᠤᠳᠠᠭᠠᠰᠢᠷᠠᠨ᠂ ᠳᠠᠷᠢᠬᠢᠨ ᠤ ᠬᠦᠭᠵᠢᠯᠳᠡ ᠳᠤ ᠳᠤᠩ ᠶᠡᠭᠡ  ᠬᠤᠤᠷ ᠲᠠᠢ  ᠪᠠᠶᠢᠳᠠᠭ᠃ᠨᠠᠷᠢᠯᠢᠬ ᠡᠳ᠋ᠰᠢᠭᠦᠯᠦᠭᠰᠡᠨ ᠢᠳᠡᠭᠡᠨ ᠤ ᠬᠦᠭᠡᠭᠡᠴᠡᠯᠳᠦᠯ ᠠᠬᠠᠳᠠᠵᠤ᠂ ᠡᠨᠧᠷᠭᠢ᠂ ᠳᠠᠪᠤᠰᠤ᠂ ᠰᠢᠬᠢᠷ᠂ ᠦᠭᠡᠬᠦ ᠡᠯᠪᠡᠭ ᠠᠭᠤᠯᠤᠭᠰᠠᠨ‌ᠢᠳᠡᠭᠡᠨ ᠤ ᠪᠦᠲᠦᠴᠡ ᠨᠢ ᠤᠳᠤᠬᠢ ᠨᠡᠶᠢᠭᠡᠮ ᠤᠨ  ᠢᠳᠡᠭᠡᠨ  ᠤᠮᠳᠠᠭᠠᠨ ᠤ  ᠤᠨᠴᠠᠯᠢᠬ  ᠪᠤᠯᠤᠬᠰᠠᠨ ᠤ  ᠳᠡᠭᠡᠷ᠎ᠠ᠂ ᠳᠠᠮᠢᠷ ‍ᠤᠨ‌‍ᠪᠤᠯᠪᠠᠰᠤᠷᠠᠯ ᠳᠤᠳᠠᠭᠤᠳᠠᠭᠰᠠᠨ ᠠᠴᠠ ᠪᠤᠯᠵᠤ ᠤᠵᠢᠬ ᠡᠪᠡᠳᠴᠢᠨ ᠳᠤ ᠨᠡᠷᠪᠡᠭᠳᠡᠬᠦ ᠨᠤᠷᠮ᠎ᠠ ᠳᠠᠰᠤᠷᠠᠯᠳᠠ  ᠦᠭᠡᠢ  ᠳᠡᠭᠡᠭᠰᠢᠯᠡᠵᠦ᠂ᠤᠯᠠᠨ ᠵᠦᠢᠯ ᠤᠨ ᠡᠪᠡᠳᠴᠢᠨ ᠳᠤ ᠨᠡᠷᠪᠡᠭᠳᠡᠬᠦ ᠬᠦᠮᠦᠰ ᠤᠨ ᠨᠠᠰᠤ ᠤᠯᠠᠮ ᠵᠠᠯᠠᠭᠤᠵᠢᠬᠤ ᠬᠠᠨᠳᠤᠰᠢ ᠲᠠᠢ ᠪᠤᠯᠵᠤ᠂  ᠮᠠᠷᠢᠶᠠᠯᠠᠬᠤ᠂ᠴᠢᠰᠦᠨ ᠳᠠᠷᠤᠯᠳᠠ ᠦᠨᠳᠦᠷ᠂ ᠰᠢᠬᠢᠷ ᠰᠢᠵᠢᠩ  ᠡᠪᠡᠳᠴᠢᠨ  ᠵᠡᠷᠭᠡ  ᠦᠩᠭᠡᠷᠡᠭᠰᠡᠨ ᠤ  ︽ᠪᠠᠶᠠᠴᠤᠳ ᠤᠨ ᠡᠪᠡᠳᠴᠢᠨ︾ ᠳ᠋ᠤ᠋‌‍ᠲ᠋ᠤᠮᠳᠠ ᠳᠤᠤᠷ᠎ᠠ ᠤᠷᠤᠯᠭ᠎ᠠ ᠲᠠᠢ ᠬᠦᠮᠦᠰ ᠨᠡᠷᠪᠡᠭᠳᠡᠬᠦ ᠨᠢ ᠨᠡᠮᠡᠭᠳᠡᠵᠡᠢ᠃    ᠡᠷᠡᠭᠦᠯ ᠰᠠᠷᠠᠭᠤᠯ ᠢᠳᠡᠭᠡᠨ ᠤ ᠳᠤᠷᠠᠰᠢᠯ ᠡᠷᠡᠭᠦᠯ ᠮᠡᠨᠳᠦ ᠳᠤ ᠳᠤᠰᠠᠳᠠᠢ          ᠡᠷᠡᠭᠦᠯ ᠮᠡᠨᠳᠦ ᠠᠮᠢᠳᠤᠷᠠᠬᠤ ᠶᠢᠨ ᠳᠦᠯᠦᠭᠡ᠂ ᠬᠦᠮᠦᠰ ᠡᠷᠡᠭᠦᠯ ᠰᠠᠷᠠᠭᠤᠯ ᠢᠳᠡᠭᠡᠨ ᠤᠮᠳᠠᠭᠠᠨ ᠤ ᠤᠢᠢᠯᠠᠭᠠᠬᠳᠠᠬᠤᠨ ᠢ‌‍ᠪᠤᠢ ᠪᠤᠯᠭᠠᠵᠤ᠂ ︽ᠭᠢᠯᠠᠭᠠᠷ᠂ ᠴᠠᠭᠠᠨ᠂ ᠨᠠᠷᠢᠯᠢᠬ︾ ᠢ  ᠭᠡᠳᠦ  ᠬᠦᠭᠡᠭᠡᠴᠡᠯᠳᠦᠭᠰᠡᠨ ᠢᠳᠡᠭᠡᠨ ᠤ ᠳᠤᠷᠠᠰᠢᠯ ᠢᠶᠠᠨ ᠦᠭᠡᠷᠡᠴᠢᠯᠡᠬᠦ‌‍ᠭᠡᠷᠡᠭᠳᠡᠢ ᠪᠠᠶᠢᠨ᠎ᠠ ᠭᠡᠵᠦ ᠵᠦ ᠢ  ᠴᠢᠬᠤᠯᠠᠴᠢᠯᠠᠵᠤ  ᠪᠠᠶᠢᠨ᠎ᠠ᠃  ᠡᠳᠦᠷ  ᠳᠤᠳᠤᠮ ᠤᠨ  ᠬᠤᠭᠤᠯᠠ  ᠬᠦᠨᠡᠰᠦᠨ ᠳᠡᠭᠡᠨ  ᠰᠢᠨ᠎ᠠ‌‍ᠰᠤᠷᠭᠤᠭ ᠢᠳᠡᠰᠢᠨ ᠨᠤᠭᠤᠭ᠎ᠠ ᠵᠢᠮᠢᠰ᠂ ᠴᠡᠪᠡᠷ ᠨᠠᠷᠢᠮᠤ ᠶᠢᠨ ᠵᠦᠢᠯ ᠵᠢᠴᠢ  ᠢᠳᠡᠭᠡᠨ ᠤ  ᠰᠢᠷᠭᠡᠭᠯᠢᠭ  ᠡᠯᠪᠡᠭ  ᠠᠭᠤᠯᠤᠭᠰᠠᠨ‌ᠢᠳᠡᠭᠡᠨ ᠢᠶᠠᠷ ᠭᠤᠤᠯᠳᠠᠭᠤᠯᠤᠨ᠎ᠠ︔  ᠪᠠᠶᠢᠭᠠᠯᠢ ᠶᠢᠨ  ᠪᠤᠶᠤ  ᠡᠳ᠋ᠰᠢᠭᠦᠯᠭᠡ ᠶᠢᠨ ᠶᠠᠪᠤᠴᠠ ᠨᠢ  ᠳᠦᠬᠦᠮ  ᠢᠳᠡᠭᠡᠨ ᠢ ᠢᠯᠡᠭᠦᠦ‌‍ᠰᠤᠩᠭᠤᠨ᠎ᠠ︔ ᠳᠤᠰᠤ᠂ ᠳᠠᠪᠤᠰᠤ᠂ ᠰᠢᠬᠢᠷ ᠢ ᠴᠢᠳᠠᠬᠤ ᠶᠢᠨ ᠴᠢᠨᠡᠭᠡᠨ ᠳᠡᠭᠡᠨ ᠪᠠᠭ᠎ᠠ ᠡᠳ᠋ᠯᠡᠨ᠎ᠠ︔ ᠢᠯᠵᠢᠷᠡᠬᠦ ᠶᠢ ᠰᠡᠷᠭᠡᠶᠢᠯᠡᠬᠦ ᠡᠳ᠋᠂ᠦᠩᠭᠡ ᠤᠷᠤᠭᠤᠯᠤᠭᠴᠢ᠂ ᠢᠰᠦᠯᠳᠦᠬᠦ ᠶᠢ ᠰᠡᠷᠭᠡᠶᠢᠯᠡᠬᠦ ᠡᠳ᠋ ᠠᠭᠤᠯᠤᠭᠰᠠᠨ ᠮᠢᠬᠠᠨ ᠤ ᠵᠦᠢᠯ ᠢ ᠳᠤᠳᠠᠭᠤ ᠡᠳ᠋ᠯᠡᠵᠦ᠂  ᠰᠢᠨ᠎ᠠ‌‍ᠰᠤᠷᠭᠤᠭ ᠮᠢᠬ᠎ᠠ ᠶᠢ ᠳᠡᠷᠢᠭᠦᠨ ᠪᠠᠶᠢᠷᠢᠨ ᠳᠤ ᠳᠠᠯᠪᠢᠨ᠎ᠠ︔ ᠬᠡᠦᠬᠡᠳ ᠪᠠᠭᠠᠴᠤᠳ ᠤᠨ ᠢᠳᠡᠭᠡᠨ ᠳᠤ  ᠴᠢᠳᠠᠬᠤ ᠶᠢᠨ ᠳᠤᠳᠤᠷ᠎ᠠ‌ᠢᠳᠡᠭᠡᠨ ᠤ ᠨᠡᠮᠡᠯᠳᠡ ᠡᠳ᠋ ᠠᠴᠠ ᠵᠠᠶᠢᠯᠠᠰᠬᠢᠪᠠᠯ ᠵᠤᠬᠢᠨ᠎ᠠ ᠭᠡᠵᠦ ᠳᠡᠷᠡ ᠰᠠᠨᠠᠭᠤᠯᠵᠤ ᠪᠠᠶᠢᠨ᠎ᠠ᠃
 
ᠢᠷᠡᠯᠲᠡ᠄ ᠠᠷᠠᠤᠨ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号