ᠪᠡᠶ᠎ᠡ ᠪᠠᠨ ᠡᠯᠡᠭᠡᠬᠦ ᠶᠢᠨ ᠤᠴᠢᠷ
ᠨᠡᠶᠢᠲᠡᠯᠡᠭᠰᠡᠨ ᠴᠠᠭ᠄
2017/10/11
ᠳ᠋ᠣ᠊ · ᠴᠢᠯᠠᠭᠤᠨ             ᠪᠡᠶ᠎ᠡ ᠪᠠᠨ ᠡᠯᠡᠭᠡᠬᠦ ᠶᠢᠨ ᠤᠴᠢᠷ             ᠪᠢᠯᠡᠭᠦᠦ ᠥᠪᠡᠷ ᠤᠨ ᠪᠡᠶ᠎ᠡ ᠮᠢᠨᠢ ᠣᠬᠤᠷ ᠨᠠᠰᠤᠲᠠᠢ ᠴᠦ ᠡᠪᠦᠭᠡ ᠳᠡᠭᠡᠳᠦᠰ ᠮᠢᠨᠢ ᠬᠤᠯᠠ ᠶᠢᠨ ᠲᠡᠦᠬᠡ ᠲᠠᠢ ᠬᠥᠮᠥᠨ ᠲᠥᠷᠥᠯᠬᠢᠲᠡᠨ ᠲᠠᠢ ᠬᠤᠶᠢᠨ᠎ᠠ ᠡᠮᠦᠨ᠎ᠡ ᠪᠠᠨ ᠬᠦᠴᠦ ᠬᠥᠯᠥᠰᠦ ᠪᠠᠨ ᠤᠷᠤᠰᠬᠠᠵᠤ ᠢᠷᠡᠭᠰᠡᠨ᠂ ᠬᠥᠮᠥᠨ ᠥᠪᠡᠷᠰᠡᠳ ᠢᠶᠠᠨ ᠪᠠᠭᠠᠵᠢ ᠦᠢᠯᠡᠳᠴᠦ ᠬᠥᠳᠡᠯᠮᠦᠷᠢ ᠠᠵᠢᠯ ᠳᠤ ᠴᠠᠭᠠᠷᠠᠬᠤ ᠪᠣᠯᠤᠭᠰᠠᠨ ᠢᠶᠠᠷ ᠪᠢᠯᠡᠭᠦᠦ ᠨᠠᠮᠠᠢᠢ ᠵᠠᠷᠤᠬᠤ ᠪᠣᠯᠵᠤ ᠪᠢᠰᠢᠭᠦᠢ ᠣᠯᠠᠨ ᠬᠡᠷᠡᠭᠯᠡᠵᠦ ᠢᠷᠡᠭᠰᠡᠨ᠂ ᠬᠠᠶᠢᠴᠢ ᠬᠢᠲᠤᠭ᠎ᠠ ᠰᠡᠯᠡᠮ᠎ᠡ ᠠᠴᠠ ᠠᠪᠤᠭᠠᠳ ᠬᠠᠳᠬᠤᠬᠤ᠂ ᠴᠠᠪᠴᠢᠬᠤ᠂ ᠣᠭᠲᠤᠯᠬᠤ ᠪᠦᠬᠦᠨ ᠢ ᠬᠠᠶᠢᠷᠠᠨ ᠪᠡᠶ᠎ᠡ ᠳᠡᠭᠡᠷ᠎ᠡ ᠮᠢᠨᠢ ᠥᠷᠦᠵᠦ ᠥᠷᠥᠭᠡᠳ ᠬᠠᠪᠲᠠᠶᠢᠯᠭᠠᠵᠤ ᠬᠤᠲᠤᠶᠢᠯᠭᠠᠵᠤ ᠬᠠᠶᠠᠳᠠᠭ ᠪᠠᠶᠢᠭᠰᠠᠨ᠂ ᠦᠵᠦᠭᠦᠷ ᠲᠠᠢ ᠢᠷ ᠲᠠᠢ ᠲᠡᠷᠡ ᠪᠦᠬᠦᠨ ᠢᠶᠠᠷ ᠥᠪᠡᠷ ᠬᠤᠭᠤᠷᠤᠨᠳᠤ ᠪᠠᠨ ᠬᠥᠮᠥᠰ ᠬᠢᠲᠤᠯᠴᠠᠵᠤ ᠬᠥᠳᠡᠯᠮᠦᠷᠢ ᠠᠵᠢᠯ ᠳᠤ ᠵᠣᠷᠢᠭᠤᠯᠬᠤ ᠠᠴᠠ ᠪᠠᠨ ᠢᠯᠡᠭᠦᠦ ᠬᠥᠨᠦᠭᠡᠯᠳᠦᠵᠦ ᠠᠯᠠᠯᠳᠤᠵᠤ ᠢᠷᠡᠭᠰᠡᠨ ᠲᠡᠦᠬᠡ ᠲᠠᠢ᠂ ᠥᠷᠥᠭᠡᠯ ᠤᠨ ᠲᠥᠯᠥᠭᠡ ᠵᠠᠶᠠᠭᠠᠭᠰᠠᠨ ᠪᠣᠯᠬᠤᠷ ᠥᠪᠡᠷ ᠢᠶᠠᠨ ᠪᠢ ᠭᠤᠮᠤᠳᠠᠬᠤ ᠶᠠᠭᠤᠮ᠎ᠠ ᠦᠭᠡᠢ ᠬᠦᠨᠦᠭᠡᠯ ᠤᠨ ᠲᠥᠯᠥᠭᠡ ᠦᠷᠡᠭᠳᠡᠬᠦ ᠶᠢᠨ ᠣᠷᠤᠨ ᠳᠤ ᠬᠥᠳᠡᠯᠮᠦᠷᠢ ᠶᠢᠨ ᠲᠥᠯᠥᠭᠡ ᠯᠡ ᠡᠯᠡᠭᠳᠡᠬᠦ ᠰᠡᠨ᠃
 
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号