ᠭᠤᠴᠢᠳ ᠬᠠᠳᠠ | ᠨᠠᠮᠤᠷ | ᠭᠠᠩᠭᠠᠩ ᠵᠤᠨ ᠢᠶᠠᠨ ᠵᠡᠭᠦᠳᠦᠯᠡᠬᠦ ᠨᠠᠭᠤᠷ ᠤᠨ | ᠭᠠᠩᠰᠠᠷᠠᠯ ᠬᠠᠲᠠᠬᠤ ᠲᠡᠭᠷᠢ ᠳᠤ | ᠭᠠᠯᠪᠠ ᠶᠢᠨ ᠰᠢᠷᠭᠠᠯ ᠰᠠᠯᠬᠢ ᠪᠠᠷ ᠠᠷᠴᠢᠵᠤ | ᠭᠠᠯᠭᠢᠬᠤ ᠴᠠᠭ ᠤᠨ ᠡᠷᠬᠡ ᠳᠠᠭᠠᠵᠤ | ᠭᠠᠯᠠᠭᠤᠳ ᠤᠨ ᠴᠤᠪᠤᠭ᠎ᠠ ᠠᠴᠠ ᠨᠠᠮᠤᠷ ᠡᠬᠢᠯᠡᠨ᠎ᠡ᠃ | ᠦᠦᠷ ᠣᠨᠣᠷᠠᠬᠤ ᠶᠢᠨ ᠠᠯᠳᠠ ᠳᠤ | ᠡᠷᠦᠬᠡᠨ ᠤ ᠣᠭᠤᠰᠣᠷ ᠳᠠᠶᠠᠯᠠᠭᠰᠠᠨ | ᠡᠵᠡᠭᠲᠡᠢ ᠪᠣᠯᠣᠭᠰᠠᠨ ᠪᠦᠰᠡᠭᠦᠢ ᠶᠢᠨ | ᠡᠷᠬᠡ ᠬᠤᠩᠭᠤᠷ ᠨᠠᠰᠤ ᠶᠢ ᠨᠢ ᠳᠤᠷᠠᠰᠤᠭᠤᠯᠵᠤ | ᠡᠷᠭᠢᠨᠡᠭ ᠤᠨ ᠴᠠᠭᠠᠨ᠎ᠠ ᠠᠴᠠ ᠨᠠᠮᠤᠷ ᠡᠬᠢᠯᠡᠨ᠎ᠡ᠃ | ᠡᠩᠬᠡ ᠵᠢᠷᠭᠠᠯ ᠢ ᠥᠪᠡᠷ ᠲᠡᠭᠡᠨ ᠪᠢᠰᠢ | ᠦᠷ᠎ᠡ ᠳᠡᠭᠡᠨ ᠯᠡ ᠭᠡᠵᠤ ᠳᠠᠭᠠᠳᠬᠠᠭᠰᠠᠨ | ᠮᠠᠨᠢ ᠲᠣᠭᠠᠯᠠᠭᠰᠠᠨ ᠢᠵᠢᠢ ᠶᠢᠨ ᠮᠢᠨᠢ | ᠰᠢᠯᠦᠭ ᠰᠢᠭ ᠵᠠᠯᠠᠭᠤ ᠨᠠᠰᠤ ᠶᠢ ᠨᠢ ᠳᠤᠷᠠᠰᠤᠭᠤᠯᠵᠤ | ᠰᠢᠪᠲᠤᠷᠠᠬᠤ ᠡᠷᠢᠬᠡᠨ ᠤ ᠬᠢᠨᠢ ᠮᠥᠬᠦᠯᠢᠭ ᠠᠴᠠ ᠨᠠᠮᠤᠷ ᠡᠬᠢᠯᠡᠨ᠎ᠡ᠃ | ᠬᠤᠯᠠ ᠶᠢᠨ ᠠᠭᠤᠯᠠ ᠬᠥᠬᠡᠷᠡᠨ ᠠᠯᠤᠰᠷᠠᠵᠤ | ᠬᠤᠵᠢᠭᠤᠳᠠᠭᠰᠠᠨ ᠪᠣᠷᠣᠭᠠᠨ ᠳᠤ ᠰᠠᠷ᠎ᠠ ᠴᠠᠩᠲᠤᠬᠤ ᠳᠤ | ᠨᠡᠭᠦᠳᠡᠯ ᠤᠨ ᠲᠡᠷᠭᠡᠨ ᠤ ᠠᠷᠠᠯ ᠳᠤ ᠱᠠᠷ ᠳᠠᠳᠴᠤ | ᠨᠠᠷᠠ ᠬᠤᠯᠠᠳᠠᠵᠤ ᠨᠠᠮᠤᠷᠵᠢᠶ᠎ᠠ ᠣᠶᠢᠷᠠᠲᠤᠭᠰᠠᠨ | ᠮᠠᠯᠴᠢᠨ ᠠᠶᠢᠯ ᠤᠨ ᠬᠤᠲᠠᠨ ᠤ ᠵᠠᠬ᠎ᠠ ᠠᠴᠠ ᠨᠠᠮᠤᠷ ᠡᠬᠢᠯᠡᠨ᠎ᠡ᠃ | ᠨᠠᠶᠢᠷ ᠬᠠᠪᠲᠠᠭᠠᠶᠢᠷᠠᠭᠰᠠᠨ ᠨᠤᠲᠤᠭ ᠤᠨ | ᠨᠠᠷᠠ ᠬᠤᠷᠭᠤᠳᠠᠭᠰᠠᠨ ᠬᠤᠶᠢᠮᠤᠷ ᠲᠤ | ᠨᠠᠩᠴᠢᠳ ᠤᠨ ᠢᠳᠡᠨ ᠳᠤ ᠰᠠᠯᠬᠢ ᠬᠠᠯᠠᠰᠠᠭᠠᠵᠤ | ᠨᠠᠰᠤᠲᠠᠨ ᠵᠠᠯᠠᠭᠤ ᠦᠭᠡᠢ ᠪᠠᠶᠠᠷᠯᠠᠯᠳᠤᠭᠰᠠᠨ | ᠨᠠᠶᠢᠷ ᠤᠨ ᠳᠠᠭᠤᠨ ᠤ ᠰᠢᠷᠤᠩᠬᠠᠢ ᠠᠴᠠ ᠨᠠᠮᠤᠷ ᠡᠬᠢᠯᠡᠨ᠎ᠡ᠃ | ᠲᠠᠷᠭᠤᠨ ᠮᠣᠷᠢᠳ ᠤᠶᠠᠭᠠᠨ ᠳᠡᠭᠡᠷ᠎ᠡ ᠰᠠᠩᠬᠠᠯᠵᠠᠵᠤ | ᠲᠠᠶᠢᠪᠤᠩ ᠮᠣᠩᠭᠤᠯ ᠠᠮᠢᠳᠤᠷᠠᠯ ᠪᠠᠭᠤᠴᠠᠨ ᠳᠡᠭᠡᠷ᠎ᠡ ᠪᠠᠨ ᠵᠢᠷᠭᠠᠵᠤ | ᠲᠠᠯᠪᠢᠭᠤᠬᠠᠨ ᠠᠭᠤᠳᠠᠮ ᠨᠤᠲᠤᠭ ᠲᠤ ᠮᠢᠨᠢ | ᠲᠠᠩᠰᠤᠭ ᠤᠯᠠᠷᠢᠯ ᠰᠠᠭᠠᠲᠠᠨ ᠨᠠᠯᠠᠶᠢᠬᠤ ᠳᠤ | ᠲᠠᠲᠠᠯᠠᠬᠤ ᠰᠢᠯᠦᠭ ᠤᠨ ᠣᠩᠭᠤᠳ ᠠᠰᠬᠠᠷᠠᠭᠤᠯᠵᠤ ᠮᠢᠨᠤ ᠨᠠᠶᠢᠷᠠᠭ ᠤᠨ ᠨᠠᠮᠤᠷ ᠡᠬᠢᠯᠡᠨ᠎ᠡ᠃ | |