ᠡᠵᠢ ᠶᠢᠨ ᠬᠤᠷᠮᠣᠢ ᠲᠠᠢ ᠣᠷᠴᠢᠯᠠᠩ
ᠨᠡᠶᠢᠲᠡᠯᠡᠭᠰᠡᠨ ᠴᠠᠭ᠄
2017/10/18
ᠬᠤᠨᠲᠣᠨ ᠰᠣᠨᠣᠷ    ᠡᠵᠢ ᠶᠢᠨ ᠬᠤᠷᠮᠣᠢ ᠲᠠᠢ ᠣᠷᠴᠢᠯᠠᠩ ᠨᠠᠭᠤᠷ ᠲᠤ ᠪᠠᠨ ᠪᠤᠴᠠᠬᠤ ᠰᠢᠪᠠᠭᠤᠳ ᠢ ᠬᠠᠷᠠᠵᠤ ᠪᠢ ᠤᠶᠠᠷᠠᠨ᠎ᠠ ᠨᠠᠷᠠᠲᠤ ᠶᠢᠨ ᠬᠤᠨᠤᠭ ᠤᠳ ᠲᠤ ᠳᠤᠷᠠᠰᠤᠨ ᠳᠤᠷᠠᠰᠤᠨ ᠰᠠᠨᠠᠨ᠎ᠠ ᠨᠤᠲᠤᠭ ᠢᠶᠠᠨ ᠭᠡᠰᠡᠨ ᠰᠡᠳᠬᠢᠯ ᠢᠶᠠᠨ ᠠᠷᠭᠠᠳᠠᠵᠤ ᠨᠣᠮᠣᠬᠠᠨ ᠪᠣᠷᠣ ᠵᠡᠭᠦᠳᠦᠨ ᠳᠤ ᠪᠠᠨ ᠡᠵᠢ ᠶᠢ ᠪᠠᠨ ᠦᠭᠡᠶᠢᠯᠡᠨ᠎ᠡ᠃ ᠣᠨᠣᠨ ᠤ ᠬᠥᠪᠡᠭᠡᠨ ᠠᠴᠠ ᠮᠣᠩᠭᠤᠯ ᠠᠶᠠᠯᠭᠤ ᠲᠠᠲᠠᠭᠤᠯᠤᠭᠰᠠᠨ ᠣᠶᠣᠳᠠᠯ ᠳᠤ ᠬᠡᠴᠡᠭᠦᠦ ᠤᠷᠠᠨ ᠡᠵᠢ ᠶᠢᠨ ᠢᠶᠠᠨ ᠬᠤᠷᠮᠣᠢ ᠠᠴᠠ ᠣᠷᠴᠢᠯᠠᠩ ᠤᠨ ᠵᠠᠢ ᠳᠤ ᠲᠡᠨᠲᠦᠷ ᠮᠥᠨᠳᠥᠷ ᠠᠯᠬᠤᠯᠠᠬᠤ ᠳᠤ ᠪᠠᠨ ᠡᠵᠢ ᠶᠢ ᠪᠠᠨ ᠰᠠᠨᠠᠵᠤ ᠬᠦᠦ ᠨᠢ ᠰᠢᠯᠦᠭ ᠪᠢᠴᠢᠯ᠎ᠡ᠃ ᠵᠡᠯ᠎ᠡ ᠪᠠᠨ ᠲᠠᠲᠠᠵᠤ ᠵᠣᠭᠰᠣᠳᠠᠭ ᠮᠣᠩᠭᠤᠯ ᠪᠦᠰᠡᠭᠦᠢ ᠶᠤᠮ ᠪᠣᠯᠬᠤᠷ ᠡᠵᠢ ᠶᠢᠨ ᠮᠢᠨᠢ ᠬᠤᠷᠮᠣᠢ ᠠᠴᠠ ᠠᠶᠢᠷᠠᠭ ᠦᠨᠦᠷᠲᠦᠭᠳᠡᠬᠦ ᠴᠦ ᠶᠤᠮ ᠰᠢᠭ ᠮᠣᠩᠭᠤᠯ ᠢᠶᠠᠨ ᠰᠢᠲᠦᠨ ᠪᠠᠭ᠋ᠠᠳᠤᠭᠰᠠᠨ ᠮᠠᠯᠴᠢᠨ ᠪᠦᠰᠡᠭᠦᠢ ᠶᠤᠮ ᠪᠣᠯᠬᠤᠷ ᠡᠵᠢ ᠶᠢᠨ ᠮᠢᠨᠢ ᠬᠤᠷᠮᠣᠢ ᠠᠴᠠ ᠨᠠᠶᠢᠷᠠᠭ ᠤᠶᠠᠩᠭᠠᠷᠠᠬᠤ ᠴᠦ ᠶᠤᠮ ᠰᠢᠭ᠋ ᠢᠰᠡᠭᠡᠢ ᠴᠠᠭᠠᠨ ᠭᠡᠷ ᠲᠤ ᠪᠠᠨ ᠰᠦ ᠰᠠᠮᠤᠷᠴᠤ ᠵᠠᠩ ᠦᠢᠯᠡ ᠶᠢᠨ ᠤᠬᠠᠭᠠᠨ ᠢ ᠲᠠᠨᠢᠭᠤᠯᠤᠭᠰᠠᠨ ᠮᠣᠩᠭᠤᠯ ᠬᠡ ᠲᠠᠢ ᠬᠥᠰᠢᠭᠡ ᠪᠠᠨ ᠬᠠᠨ᠎ᠠ ᠳᠠᠭᠠᠭᠤᠯᠵᠤ ᠦᠷᠭᠦᠭᠡ ᠭᠡᠷ ᠢᠶᠠᠨ ᠳᠡᠯᠡᠬᠡᠢ ᠪᠠᠨ ᠭᠡᠵᠤ ᠴᠢᠮᠡᠭᠰᠡᠨ ᠠᠮᠢᠳᠤᠷᠠᠯ ᠢᠶᠠᠨ ᠳᠣᠳᠣᠮᠳᠠᠵᠤ ᠠᠷᠭᠠᠯ ᠢᠶᠠᠨ ᠬᠤᠷᠮᠣᠶᠢᠯᠠᠭᠰᠠᠨ ᠠᠵᠢᠯ ᠢᠶᠠᠨ ᠡᠷᠭᠦᠵᠦ ᠦᠢᠯᠡᠰ ᠢᠶᠠᠨ ᠬᠤᠷᠤᠶᠢᠯᠠᠭᠰᠠᠨ ᠬᠠᠳᠠ ᠰᠢᠭ᠋ ᠮᠣᠩᠭᠤᠯ ᠡᠷ᠎ᠡ ᠳᠤ ᠬᠠᠶᠢᠷ᠎ᠠ ᠶᠡᠭᠦᠯᠡᠵᠦ ᠮᠣᠷᠳᠠᠭᠰᠠᠨ ᠬᠠᠶᠢᠷᠠᠲᠤ ᠮᠣᠩᠭᠤᠯ ᠦᠷ᠎ᠡ ᠶᠢ ᠪᠠᠨ ᠡᠪᠦᠷ ᠲᠤ ᠪᠠᠨ ᠪᠦᠪᠡᠶᠢᠯᠡᠭᠰᠡᠨ ᠴᠡᠯᠮᠡᠭ ᠲᠡᠭᠷᠢ ᠶᠢᠨ ᠢᠶᠠᠨ ᠣᠳᠣ ᠶᠢ ᠮᠠᠨᠠᠵᠤ ᠬᠤᠨᠣᠬᠤ ᠳᠤ ᠪᠠᠨ ᠠᠮᠢᠳᠤᠷᠠᠯ ᠡᠯᠡᠭᠡᠭᠰᠡᠨ ᠦᠷᠴᠢᠯᠡᠭᠡᠲᠦ ᠡᠵᠢ ᠶᠢ ᠪᠠᠨ ᠰᠠᠨᠠᠬᠤ ᠶᠤᠮ ᠠᠭᠠᠷ ᠰᠡᠩᠭᠢᠨᠡᠭᠰᠡᠨ ᠲᠠᠯ᠎ᠠ ᠶᠢᠨ ᠢᠶᠠᠨ ᠰᠠᠯᠬᠢ ᠶᠢ ᠴᠢᠩᠨᠠᠬᠤ ᠳᠤ ᠪᠠᠨ ᠠᠷᠭ᠎ᠠ ᠦᠭᠡᠢ ᠠᠴᠢᠲᠤ ᠡᠵᠢ ᠶᠢ ᠪᠠᠨ ᠳᠤᠷᠠᠰᠬᠤ ᠶᠤᠮ᠃ ᠮᠠᠨᠳᠤᠬᠤ ᠨᠠᠷᠠᠨ ᠠᠴᠠ ᠵᠠᠪᠳᠤᠵᠤ ᠲᠠᠨ ᠳᠤ ᠪᠠᠨ ᠣᠴᠢᠵᠤ ᠵᠣᠯᠭᠠᠬᠤ ᠭᠡᠵᠤ ᠰᠡᠳᠬᠢᠯ ᠳᠤ ᠪᠠᠨ ᠰᠡᠮ ᠰᠡᠮᠬᠡᠨ ᠰᠠᠨᠠᠬᠤ ᠶᠤᠮ ᠬᠠᠶᠢᠷᠠᠲᠤ ᠡᠵᠢ ᠪᠠᠷ ᠢᠶᠠᠨ ᠲᠡᠪᠡᠷᠢᠭᠦᠯᠦᠨ ᠦᠨᠦᠰᠦᠭᠦᠯᠵᠦ ᠬᠠᠯᠠᠭᠤᠨ ᠴᠡᠭᠡᠵᠢᠨ ᠳᠤ ᠴᠢᠨᠢ ᠨᠠᠯᠠᠶ᠎ᠠ ᠭᠡᠵᠤ ᠪᠣᠳᠤᠬᠤ ᠶᠤᠮ᠃ ᠨᠠᠭᠤᠷ ᠲᠤ ᠪᠠᠨ ᠪᠤᠴᠠᠬᠤ ᠰᠢᠪᠠᠭᠤᠳ ᠢ ᠬᠠᠷᠠᠵᠤ ᠪᠢ ᠤᠶᠠᠷᠠᠨ᠎ᠠ ᠨᠤᠲᠤᠭ ᠢᠶᠠᠨ ᠰᠠᠨᠠᠭᠰᠠᠨ ᠰᠡᠳᠬᠢᠯ ᠢᠶᠠᠨ ᠠᠷᠭᠠᠳᠠᠵᠤ ᠨᠣᠮᠣᠬᠠᠨ ᠪᠣᠷᠣ ᠵᠡᠭᠦᠳᠦᠨ ᠳᠤ ᠪᠠᠨ ᠡᠵᠢ ᠶᠢ ᠪᠠᠨ ᠦᠭᠡᠶᠢᠯᠡᠨ᠎ᠡ ᠨᠠᠷᠠᠲᠤ ᠶᠢᠨ ᠬᠤᠨᠤᠭ ᠤᠳ ᠲᠤ ᠳᠤᠷᠠᠰᠤᠨ ᠳᠤᠷᠠᠰᠤᠨ ᠰᠠᠨᠠᠨ᠎ᠠ᠃
 
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号