ᠰᠢᠨ᠎ᠡ ᠳᠠᠶᠢᠨ
ᠨᠡᠶᠢᠲᠡᠯᠡᠭᠰᠡᠨ ᠴᠠᠭ᠄
2017/10/20
   ☆ ᠰᠢᠨ᠎ᠡ ᠳᠠᠶᠢᠨ ᠡᠯᠧᠺᠲᠷᠦᠨ ᠮᠡᠷᠭᠡᠵᠢᠯ ᠤᠨ ᠲᠣᠨᠤᠭᠯᠠᠯ ᠢᠶᠠᠷ ᠡᠰᠡᠷᠭᠦ ᠳᠠᠶᠢᠨ ᠢᠶᠠᠨ ᠡᠵᠡᠮᠳᠡᠵᠦ ᠠᠯᠤᠰ ᠤᠨ ᠲᠡᠶᠢᠷᠦᠯᠲᠦ ᠰᠤᠮᠤ ᠪᠠᠨ ᠠᠭᠠᠷ ᠮᠠᠨᠳᠠᠯ ᠢᠶᠠᠷ ᠵᠠᠮᠨᠠᠭᠤᠯᠵᠤ ᠪᠠᠶᠢᠨ᠎ᠠ᠃ ᠠᠦ᠋ᠲ᠋ᠦᠴᠢᠯᠠᠭᠰᠠᠨ ᠲᠡᠷᠢᠭᠦᠨ ᠤ ᠵᠠᠪᠰᠡᠭ ᠲᠠᠢ ᠭᠡᠵᠤ ᠥᠷᠦᠨ᠎ᠡ ᠳ᠋ᠠᠬᠢᠨ ᠰᠠᠭᠰᠠᠭᠤᠷᠠᠵᠤ ᠪᠠᠶᠢᠬᠤ ᠳᠤ ᠲᠣᠭᠠᠴᠢᠯᠠᠭᠰᠠᠨ ᠲᠥᠭᠦᠭᠡᠷᠦᠮᠵᠢ ᠪᠦᠷᠢᠨ ᠭᠡᠳ ᠳᠣᠷᠣᠨ᠎ᠠ ᠳ᠋ᠠᠬᠢᠨ ᠴᠦ ᠰᠣᠴᠢᠬᠤ ᠦᠭᠡᠢ ᠪᠠᠶᠢᠨ᠎ᠠ᠃ ᠺᠣᠮᠫᠢᠦ᠋ᠲ᠋ᠧᠷ ᠮᠠᠰᠢᠨ ᠢᠶᠠᠷ ᠵᠠᠬᠢᠷᠤᠭᠤᠯᠤᠭᠰᠠᠨ ᠬᠤᠪᠢᠯᠭᠠᠨ ᠳᠠᠶᠢᠨ ᠨᠡᠶᠢᠳᠡᠮᠴᠢᠯᠡᠵᠦ ᠪᠠᠶᠢᠬᠤ ᠳᠤ ᠠᠯᠠᠭ ᠳᠡᠯᠡᠬᠡᠢ ᠶᠢᠨ ᠬᠥᠮᠥᠨ ᠲᠥᠷᠥᠯᠬᠢᠲᠡᠨ ᠠᠶᠤᠯᠲᠤ ᠴᠦᠮ᠎ᠡ ᠠᠴᠠ ᠲᠦᠭᠰᠢᠭᠦᠷᠡᠵᠦ ᠪᠠᠶᠢᠳᠠᠭ᠃ ᠨᠢᠰᠬᠡᠯ ᠳᠤ ᠠᠴᠢᠶᠠᠯᠠᠭᠰᠠᠨ ᠪᠥᠮᠪᠦᠭᠡ ᠪᠠᠷ ᠨᠢᠷᠭᠡᠵᠦ ᠪᠦᠭᠦᠳᠡ ᠶᠢ ᠰᠦᠢᠷᠡᠭᠦᠯᠵᠦ ᠪᠠᠶᠢᠬᠤ ᠳᠤ ᠡᠳᠦᠷ ᠬᠤᠨᠤᠭ ᠤᠨ ᠬᠤᠷᠤᠮᠬᠠᠨ ᠮᠥᠴᠡ ᠳᠤ ᠦᠨᠡᠰᠦᠨ ᠲᠣᠪᠷᠠᠭ ᠪᠣᠯᠭᠠᠵᠤ ᠪᠠᠶᠢᠳᠠᠭ᠃ ᠰᠢᠨ᠎ᠡ ᠡᠷᠢᠨ ᠤ ᠭᠠᠰᠢᠭᠤᠨ ᠳᠠᠶᠢᠨ ᠰᠢᠨᠤᠬᠠᠶᠢᠴᠤᠳ ᠤᠨ ᠳᠡᠭᠡᠷᠡᠮᠴᠢ ᠳᠠᠶᠢᠨ ᠨᠢᠰᠬᠡᠯ ᠬᠥᠯᠥᠭᠯᠡᠭᠰᠡᠨ ᠴᠠᠬᠢᠯᠭᠠᠨ ᠳᠠᠶᠢᠨ ᠨᠢᠭᠦᠯ ᠬᠤᠷᠤᠶᠢᠯᠠᠭᠰᠠᠨ ᠭᠠᠰᠠᠯᠠᠩᠲᠤ ᠳᠠᠶᠢᠨ᠃                             ᠵᠣᠬᠢᠶᠠᠭᠴᠢ ᠶᠢᠨ ᠬᠠᠶ᠋ᠢᠭ  ᠄   ᠰᠢᠨ᠎ᠡ  ᠪᠠᠷᠭᠤ  ᠪᠠᠷᠠᠭᠤᠨ                             ᠬᠤᠰᠢᠭᠤᠨ ᠤ ᠳᠠᠯᠠᠢ ᠰᠤᠮᠤ ᠶᠢᠨ ᠡᠷᠳᠡᠨᠢᠠᠭᠤᠯᠠ ᠭᠠᠴᠠᠭ᠎ᠠ
 
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号