|
 |
|
ᠨᠡᠶᠢᠲᠡᠯᠡᠭᠰᠡᠨ ᠴᠠᠭ᠄
2017/10/22
|
|
ᠭᠠ᠊ · ᠴᠠᠭᠠᠨᠬᠦᠦ | ᠪᠦᠰᠡᠭᠦᠢ | ᠪᠦᠰᠡᠭᠦᠢ — | ᠮᠥᠩᠬᠡ ᠲᠡᠭᠷᠢ ᠶᠢᠨ | ᠴᠠᠶᠢᠯᠭᠠᠨ ᠡᠯᠴᠢ | ᠳ᠋ᠠᠷ᠎ᠠ ᠡᠭᠡᠴᠦᠳ | ᠮᠣᠩᠭᠤᠯ ᠴᠢᠰᠦᠨ ᠤ | ᠤᠳᠤᠮ ᠵᠠᠯᠭᠠᠭᠰᠠᠨ | ᠳᠣᠮᠤᠭᠲᠤ ᠳᠠᠭᠢᠨᠢᠰ | ᠪᠦᠰᠡᠭᠦᠢ — | ᠳᠡᠯᠡᠬᠡᠢ ᠶᠢ ᠡᠨᠡᠷᠢᠵᠦ | ᠰᠦ ᠪᠠᠨ ᠢᠪᠢᠯᠤᠭᠦᠯᠦᠭᠰᠡᠨ | ᠪᠤᠷᠬᠠᠨ ᠰᠡᠳᠬᠢᠯᠲᠤ | ᠳᠡᠭᠡᠳᠦᠰ ᠤᠨ ᠵᠢᠷᠤᠮ ᠢᠶᠠᠷ | ᠬᠤᠶᠢᠴᠢᠰ ᠢᠶᠠᠨ ᠰᠤᠷᠭᠠᠭᠰᠠᠨ | ᠥᠷᠯᠥᠭ ᠠᠴᠢᠲᠠᠳ | ᠪᠦᠰᠡᠭᠦᠢ — | ᠮᠣᠷᠢᠨ ᠳᠡᠯ ᠳᠡᠭᠡᠷ᠎ᠡ | ᠳᠤᠷᠠᠯᠠᠯ ᠠᠰᠠᠭᠠᠭᠰᠠᠨ | ᠤᠷᠢᠬᠠᠨ ᠰᠠᠯᠬᠢᠨ | ᠮᠣᠩᠭᠤᠯ ᠡᠷᠡᠰ ᠤᠨ | ᠬᠠᠶᠢᠷ᠎ᠠ ᠶᠢ ᠠᠷᠭᠠᠮᠵᠢᠭᠰᠠᠨ | ᠡᠩᠬᠦᠷᠡᠢ ᠴᠡᠴᠡᠭᠡᠰ | ᠪᠦᠰᠡᠭᠦᠢ — | ᠮᠥᠷᠦᠭᠡᠳᠦᠯ ᠬᠥᠰᠡᠯ ᠤᠨ | ᠴᠢᠮᠡᠭ ᠪᠣᠯᠤᠭᠰᠠᠨ | ᠶᠠᠩᠵᠢᠨᡀᠠᠮᠤ ᠨᠤᠭᠤᠳ | ᠨᠠᠪᠴᠢ ᠴᠡᠴᠡᠭ ᠰᠢᠭ | ᠤᠷᠠᠨ ᠭᠤᠸᠠᠯᠢᠭ | ᠰᠢᠯᠦᠭ ᠤᠨ ᠣᠩᠭᠤᠳ | ᠪᠦᠰᠡᠭᠦᠢ — | ᠪᠦᠯᠢᠭᠰᠡᠨ ᠠᠶᠢᠷᠠᠭ ᠲᠤᠨᠢ | ᠬᠠᠶᠢᠷ᠎ᠠ ᠠᠮᠲᠠᠯᠠᠭᠳᠠᠭᠰᠠᠨ | ᠭᠡᠷᠭᠡᠢ ᠵᠠᠶᠠᠭ᠎ᠠ | ᠪᠦᠯᠢ ᠶᠢᠨ ᠵᠢᠷᠭᠠᠯ ᠢ | ᠨᠢᠯᠬᠠᠷᠠᠵᠤ ᠡᠳ᠋ᠯᠡᠭᠰᠡᠨ | ᠬᠠᠨᠢ ᠶᠢᠨ ᠵᠠᠶᠠᠭᠠᠲᠤ | ᠪᠦᠰᠡᠭᠦᠢ — | ᠪᠦᠬᠦᠯᠢ ᠬᠤᠷᠸ᠎ᠠ ᠶᠢ | ᠤᠶᠠᠷᠠᠭᠠᠵᠤ ᠲᠥᠷᠥᠭᠰᠡᠨ | ᠬᠠᠲᠤᠨ ᠵᠠᠶᠠᠭ᠎ᠠ | ᠪᠥᠮᠪᠦᠷᠴᠡᠭᠲᠤ ᠣᠷᠴᠢᠯᠠᠩ ᠤᠨ | ᠭᠠᠯ ᠢ ᠪᠠᠳᠠᠷᠠᠭᠠᠭᠰᠠᠨ | ᠡᠵᠡᠨ ᠵᠠᠶᠠᠭᠠᠲᠤ | ᠵᠣᠬᠢᠶᠠᠭᠴᠢ ᠶᠢᠨ ᠬᠠᠶ᠋ᠢᠭ᠄ ᠰᠢᠨ᠎ᠡ ᠪᠠᠷᠭᠤ ᠪᠠᠷᠠᠭᠤᠨ ᠬᠤᠰᠢᠭᠤᠨ ᠤ | ᠠᠯᠲᠠᠭᠮᠡᠭᠡᠯ ᠪᠠᠯᠭᠠᠰᠤ ᠶᠢᠨ ᠨᠠᠷᠠᠲᠤ ᠭᠠᠴᠠᠭ᠎ᠠ | |
|
|
 |
|
ᠢᠷᠡᠯᠲᠡ᠄
ᠣᠤᠠᠬ᠎ᠠ ᠤᠷᠠᠯᠢᠭ ᠤᠨ ᠬᠤᠯᠪᠤᠭ᠎ᠠ
|
|
|
|
|
ᠬᠠᠮᠢᠶ᠎ᠡ ᠪᠦᠬᠦᠢ ᠰᠣᠨᠢᠨ
|
|
 |
|
 |
|