ᠨᠠᠨᠳᠢᠨ ᠬᠠᠶᠢᠷ᠎ᠠ ᠶᠢᠨ ᠰᠢᠲᠦᠭᠡᠨ
ᠨᠡᠶᠢᠲᠡᠯᠡᠭᠰᠡᠨ ᠴᠠᠭ᠄
2017/10/24
ᠯᠾ᠊ · ᠠᠯᠲᠠᠨᠴᠡᠴᠡᠭ      ᠨᠠᠨᠳᠢᠨ ᠬᠠᠶᠢᠷ᠎ᠠ ᠶᠢᠨ ᠰᠢᠲᠦᠭᠡᠨ ᠬᠥᠳᠥᠰᠥᠨ ᠣᠶᠢᠮᠤᠰᠤ ᠬᠦᠪᠦᠷᠢᠳᠦᠵᠦ ᠬᠥᠯ ᠢ ᠮᠢᠨᠢ ᠪᠥᠭᠡᠴᠡᠶᠢᠯᠡᠵᠦ ᠳᠤᠯᠠᠭᠠᠯᠠᠭᠰᠠᠨ ᠬᠥᠬᠡ ᠲᠣᠷᠭᠠᠨ ᠪᠠᠷᠢᠪᠴᠢ ᠪᠠᠷ ᠪᠡᠶ᠎ᠡ ᠶᠢ ᠮᠢᠨᠢ ᠬᠤᠪᠴᠠᠯᠠᠵᠤ ᠭᠤᠶᠣᠯᠠᠭᠰᠠᠨ ᠨᠠᠰᠤᠲᠠᠢ ᠪᠤᠭᠤᠷᠤᠯ ᠡᠮᠧ ᠮᠢᠨᠢ ᠨᠠᠨᠳᠢᠨ ᠬᠠᠶᠢᠷ᠎ᠠ ᠶᠢᠨ ᠰᠢᠲᠦᠭᠡᠨ ᠳ᠋ᠠ᠃ ᠳᠡᠭᠡᠵᠦ ᠳᠡᠷᠪᠡᠬᠦ ᠲᠣᠭᠠᠯᠠᠩ ᠳᠤ ᠳᠡᠯᠡᠬᠡᠢ ᠲᠡᠪᠡᠷᠢᠭᠰᠡᠨ ᠰᠢᠭ ᠪᠠᠶᠠᠷᠯᠠᠭᠰᠠᠨ ᠳᠡᠭᠡᠳᠦᠭᠦᠯ ᠤᠨ ᠪᠤᠶᠠᠨ ᠬᠡᠰᠢᠭ ᠭᠡᠵᠤ ᠳᠡᠯᠭᠡᠷᠡᠬᠦ ᠵᠠᠶᠠᠭᠠᠨ ᠳᠠᠭᠠᠨ ᠵᠠᠯᠪᠠᠷᠢᠭᠰᠠᠨ ᠨᠠᠰᠤᠲᠠᠢ ᠪᠤᠭᠤᠷᠤᠯ ᠡᠮᠧ ᠮᠢᠨᠢ ᠨᠠᠨᠳᠢᠨ ᠬᠠᠶᠢᠷ᠎ᠠ ᠶᠢᠨ ᠰᠢᠲᠦᠭᠡᠨ ᠳ᠋ᠠ᠃ ᠲᠡᠨᠲᠦᠷ ᠮᠡᠨᠳᠦᠷ ᠠᠯᠬᠤᠬᠤ ᠳᠤ ᠣᠶᠢᠴᠢᠴᠢᠬᠠᠬᠤ ᠪᠣᠢ ᠭᠡᠵᠤ ᠬᠡᠷᠰᠡᠦᠯᠡᠭᠰᠡᠨ ᠲᠡᠷᠡ ᠡᠨᠡ ᠭᠡᠵᠤ ᠱᠤᠯᠤᠭᠠᠨᠠᠬᠤ ᠳᠤ ᠣᠶᠢᠯᠠᠭᠠᠭᠰᠠᠨ ᠶᠤᠮᠰᠢᠭ ᠮᠢᠰᠢᠶᠡᠭᠰᠡᠨ ᠨᠠᠰᠤᠲᠠᠢ ᠪᠤᠭᠤᠷᠤᠯ ᠡᠮᠧ ᠮᠢᠨᠢ ᠨᠠᠨᠳᠢᠨ ᠬᠠᠶᠢᠷ᠎ᠠ ᠶᠢᠨ ᠰᠢᠲᠦᠭᠡᠨ ᠳ᠋ᠠ᠃ ᠶᠢᠰᠦᠨ ᠬᠦᠰᠡᠯ ᠤᠨ ᠢᠶᠠᠨ ᠳᠡᠭᠡᠵᠢᠨ ᠳᠤ ᠢᠷᠦᠭᠡᠯ ᠤᠨ ᠴᠠᠭᠠᠨ ᠰᠦ ᠲᠠᠢ ᠢᠷᠠᠵᠤ ᠪᠤᠴᠠᠬᠤ ᠶᠢᠨ ᠡᠭᠡᠯᠵᠢᠨ ᠳᠤ ᠢᠲᠡᠭᠡᠯ ᠤᠨ ᠭᠡᠭᠡᠨ ᠵᠥᠩᠨᠡᠯ ᠲᠠᠢ ᠨᠠᠰᠤᠲᠠᠢ ᠪᠤᠭᠤᠷᠤᠯ ᠡᠮᠧ ᠮᠢᠨᠢ  ᠨᠠᠨᠳᠢᠨ ᠬᠠᠶᠢᠷ᠎ᠠ ᠶᠢᠨ ᠰᠢᠲᠦᠭᠡᠨ ᠳ᠋ᠠ᠃
 
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号