ᠡᠬᠡ ᠬᠡᠯᠡ
ᠨᠡᠶᠢᠲᠡᠯᠡᠭᠰᠡᠨ ᠴᠠᠭ᠄
2017/10/25
  ☆ ᠡᠬᠡ ᠬᠡᠯᠡ ᠮᠠᠨᠴᠤᠢ ᠳᠠᠭᠠᠨ ᠤᠬᠢᠯᠠᠬᠤ ᠳᠤ ᠠᠷᠭᠠᠳᠠᠵᠤ ᠤᠨᠲᠠᠭᠤᠯᠤᠭᠰᠠᠨ ᠡᠵᠢ ᠶᠢᠨ ᠪᠦᠪᠡᠢ ᠮᠢᠨᠤ ᠡᠬᠡ ᠬᠡᠯᠡ ᠮᠠᠩᠨᠤᠭ ᠲᠠᠯ᠎ᠠ ᠶᠢᠨ ᠢᠶᠠᠨ ᠴᠤᠤᠷᠢᠶᠠᠨ ᠳᠤ ᠬᠠᠲᠠᠭᠰᠠᠨ ᠪᠠᠯᠴᠢᠷ ᠳᠠᠭᠤ ᠮᠢᠨᠤ ᠡᠬᠡ ᠬᠡᠯᠡ ᠮᠠᠯ ᠤᠨ ᠬᠡᠰᠢᠭ ᠲᠠᠢ ᠲᠠᠯ᠎ᠠ ᠶᠢᠨ ᠬᠤᠨᠢᠴᠢᠨ ᠠᠪᠤ ᠶᠢᠨ ᠰᠤᠷᠭᠠᠯ ᠮᠢᠨᠤ ᠡᠬᠡ ᠬᠡᠯᠡ ᠮᠠᠷᠲᠠᠵᠤ ᠴᠢᠳᠠᠬᠤ ᠦᠭᠡᠢ ᠬᠢᠴᠢᠶᠡᠯ ᠤᠨ ᠲᠠᠩᠬᠢᠮ ᠠᠴᠠ ᠰᠤᠷᠤᠭᠰᠠᠨ ᠰᠣᠶᠣᠯ ᠮᠢᠨᠤ ᠡᠬᠡ ᠬᠡᠯᠡ ᠳᠡᠯᠡᠬᠡᠢ ᠶᠢᠨ ᠰᠣᠨᠣᠷ ᠲᠤ ᠡᠭᠡᠰᠢᠭ ᠤᠨ ᠰᠢᠷᠤᠩᠬᠠᠢ ᠡᠷᠭᠦᠭᠰᠡᠨ ᠤᠷᠲᠤ ᠶᠢᠨ ᠳᠠᠭᠤᠤ ᠮᠢᠨᠤ ᠡᠬᠡ ᠬᠡᠯᠡ ᠳᠠᠶᠠᠩ ᠤᠨ ᠮᠠᠩᠯᠠᠢ ᠳᠤ ᠠᠯᠲᠠᠨ ᠬᠡᠷᠡᠭᠡ ᠪᠠᠷ ᠱᠠᠩᠨᠠᠭᠤᠯᠤᠭᠰᠠᠨ ᠢᠷᠠᠭᠤ ᠨᠠᠶᠢᠷᠠᠭ ᠮᠢᠨᠤ ᠡᠬᠡ ᠬᠡᠯᠡ ᠬᠤᠶᠠᠷᠬᠠᠨ ᠤᠲᠠᠰᠤᠨ ᠳᠤ ᠪᠠᠶᠠᠷ ᠭᠤᠨᠢᠭ ᠢ ᠰᠢᠩᠭᠡᠭᠡᠭᠰᠡᠨ ᠮᠣᠷᠢᠨ ᠬᠤᠭᠤᠷ ᠮᠢᠨᠤ ᠡᠬᠡ ᠬᠡᠯᠡ ᠬᠤᠣᠰ ᠦᠭᠡᠢ ᠠᠪᠢᠶᠠᠰ ᠢᠶᠠᠷ ᠬᠤᠷᠸ᠎ᠠ ᠶᠢᠨ ᠡᠯᠢᠭᠡᠨ ᠳᠤ ᠳᠠᠭᠤᠷᠢᠰᠤᠭᠰᠠᠨ ᠤᠷᠠᠨ ᠬᠦᠦᠮᠠᠢ ᠮᠢᠨᠤ ᠡᠬᠡ ᠬᠡᠯᠡ ᠡ᠃ ᠪᠣᠰᠤᠭ᠎ᠠ ᠮᠣᠩᠭᠤᠯ ᠦᠰᠦᠭ ᠲᠠᠢ ᠪᠠᠨ ᠪᠠᠶᠢᠬᠤ ᠳᠤ ᠪᠤᠳᠠᠩᠲᠤ ᠬᠤᠷᠸ᠎ᠠ ᠳᠤ ᠪᠤᠳᠤᠯᠢᠵᠤ ᠲᠥᠭᠡᠷᠢᠬᠦ ᠶᠣᠰᠣ ᠦᠭᠡᠢ ᠪᠤᠷᠬᠠᠨ ᠨᠠᠨᠳᠢᠨ ᠬᠡᠯᠡ ᠲᠠᠢ ᠪᠠᠨ ᠪᠠᠶᠢᠬᠤ ᠳᠤ ᠪᠤᠶᠠᠨᠲᠤ ᠣᠷᠴᠢᠯᠠᠩ ᠳᠤ ᠬᠥᠯ ᠠᠯᠳᠠᠬᠤ ᠤᠴᠢᠷ ᠦᠭᠡᠢ᠃ ᠬᠡᠯᠡ᠂ ᠰᠣᠶᠣᠯ ᠬᠤᠶᠠᠷ ᠲᠠᠢ ᠪᠠᠨ ᠪᠦᠲᠦᠨ ᠪᠠᠶᠢᠪᠠᠯ ᠬᠡᠨ ᠤ ᠴᠦ ᠬᠠᠷᠠᠭᠠᠨ ᠳᠤ ᠮᠣᠩᠭᠤᠯ ᠬᠥᠮᠥᠨ ᠭᠡᠵᠤ ᠣᠮᠣᠭᠯᠠᠩ ᠦᠵᠡᠭᠳᠡᠨ᠎ᠡ᠂ ᠭᠠᠭᠴᠠᠬᠠᠨ ᠮᠣᠩᠭᠤᠯ ᠦᠰᠦᠭ ᠮᠢᠨᠢ ᠪᠣᠰᠤᠭ᠎ᠠ ᠪᠣᠯᠬᠤᠷ ᠭᠠᠯᠪᠠ ᠳᠡᠯᠡᠬᠡᠢ ᠳᠤ ᠬᠡᠶᠢᠮᠣᠷᠢ ᠨᠢ ᠥᠭᠡᠳᠡ ᠪᠠᠨ ᠮᠠᠨᠳᠤᠵᠤ ᠪᠠᠶᠢᠳᠠᠭ᠃ ᠨᠥᠵᠢ ᠠᠳᠬᠤᠭᠰᠠᠨ ᠴᠢᠩᠭᠢᠰ ᠤᠨ ᠬᠤᠶᠢᠴᠢ ᠪᠣᠯᠵᠤ ᠲᠥᠷᠥᠭᠰᠡᠨ ᠶᠤᠮ ᠪᠣᠯᠬᠤᠷ ᠨᠦᠮᠵᠦᠭ ᠰᠠᠶᠢᠬᠠᠨ ᠡᠬᠡ ᠬᠡᠯᠡ ᠮᠢᠨᠢ ᠯᠡ ᠢᠷᠠᠭᠤᠬᠠᠨ ᠪᠠᠶᠢᠳᠠᠭ᠂ ᠵᠥᠩᠨᠡᠯ ᠢᠷᠦᠭᠡᠯ ᠤᠨ ᠶᠡᠭᠡ ᠬᠦᠴᠦᠨ ᠣᠷᠣᠰᠢᠳᠠᠭ ᠶᠤᠮ ᠪᠣᠯᠬᠤᠷ ᠵᠥᠭᠡᠯᠡᠨ ᠳᠣᠯᠣᠭᠠᠨ ᠡᠭᠡᠰᠢᠭ ᠲᠠᠢ ᠮᠢᠨᠤ ᠡᠬᠡ ᠬᠡᠯᠡ ᠵᠦᠩ ᠪᠢᠯᠢᠭ ᠤᠨ ᠶᠢᠷᠲᠢᠨᠴᠦ ᠳᠤ ᠮᠥᠩᠬᠡ ᠳᠠᠭᠤᠷᠢᠰᠬᠤ ᠤᠴᠢᠷ ᠲᠠᠢ᠃
 
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号