☆ ᠪᠦᠰᠡᠭᠦᠢ ᠬᠥᠮᠥᠨ ᠤᠬᠢᠯᠠᠳᠠᠭ ᠶᠤᠮ | ᠪᠦᠰᠡᠭᠦᠢ ᠬᠥᠮᠥᠨ ᠤᠬᠢᠯᠠᠳᠠᠭ ᠶᠤᠮ᠂ | ᠪᠦᠷ ᠲᠡᠭᠡᠬᠦ ᠳᠤ ᠪᠠᠨ ᠤᠶᠠᠷᠠᠵᠤ ᠤᠬᠢᠯᠠᠳᠠᠭ ᠶᠤᠮ᠂ | ᠪᠠᠶᠠᠷᠯᠠᠬᠤ ᠳᠤ ᠪᠠᠨ ᠳᠣᠭᠳᠣᠯᠵᠤ ᠤᠬᠢᠯᠠᠳᠠᠭ ᠶᠤᠮ᠂ | ᠪᠤᠬᠢᠨᠢᠳᠤᠬᠤ ᠳᠤ ᠪᠠᠨ ᠭᠤᠲᠤᠷᠠᠵᠤ ᠤᠬᠢᠯᠠᠳᠠᠭ ᠶᠤᠮ᠂ | ᠵᠣᠪᠠᠭ᠋ᠤ ᠳᠤ ᠪᠠᠨ ᠡᠮᠭᠡᠨᠢᠵᠦ ᠤᠬᠢᠯᠠᠳᠠᠭ ᠶᠤᠮ᠂ | ᠵᠢᠷᠭᠠᠬᠤ ᠳᠤ ᠪᠠᠨ ᠢᠭᠳᠦᠯᠵᠦ ᠤᠬᠢᠯᠠᠳᠠᠭ ᠶᠤᠮ᠂ | ᠬᠠᠭᠠᠴᠠᠬᠤ ᠳᠤ ᠪᠠᠨ ᠡᠮᠲᠡᠷᠡᠵᠦ ᠤᠬᠢᠯᠠᠳᠠᠭ ᠶᠤᠮ᠂ | ᠬᠠᠶᠢᠷᠠᠯᠠᠬᠤ ᠳᠤ ᠪᠠᠨ ᠬᠠᠷᠠᠳᠠᠵᠤ ᠤᠬᠢᠯᠠᠳᠠᠭ ᠶᠤᠮ᠂ | ᠡᠬᠡ ᠶᠢᠨ ᠬᠠᠯᠠᠭᠤᠨ ᠡᠪᠦᠷ ᠲᠤ ᠨᠢᠯᠬᠠᠷᠠᠵᠤ ᠤᠬᠢᠯᠠᠳᠠᠭ ᠶᠤᠮ᠂ | ᠡᠷ᠎ᠡ ᠬᠥᠮᠥᠨ ᠤ ᠬᠠᠶᠢᠷᠠᠨ ᠳᠤ ᠰᠢᠲᠠᠵᠤ ᠤᠬᠢᠯᠠᠳᠠᠭ ᠶᠤᠮ᠂ | ᠡᠩᠬᠡ ᠶᠢᠨ ᠪᠤᠭᠤᠷᠤᠯ ᠳᠡᠯᠡᠬᠡᠢ ᠪᠠᠨ ᠠᠷᠭᠠᠳᠠᠵᠤ ᠤᠬᠢᠯᠠᠳᠠᠭ ᠶᠤᠮ᠂ | ᠡᠮᠵᠡᠭ ᠵᠥᠭᠡᠯᠡᠨ ᠰᠡᠳᠬᠢᠯ ᠨᠢ ᠰᠢᠨᠠᠯᠵᠤ ᠤᠬᠢᠯᠠᠳᠠᠭ ᠶᠤᠮ᠃ | ᠬᠠᠷᠠᠬᠠᠨ ᠠᠯᠠᠭ ᠨᠢᠳᠦᠨ ᠠᠴᠠ ᠨᠢ ᠪᠥᠮᠪᠦᠷᠢᠭᠰᠡᠨ | ᠬᠠᠯᠠᠭᠤᠬᠠᠨ ᠠᠷᠢᠭᠤᠨ ᠨᠢᠯᠪᠤᠰᠤ ᠶᠢ ᠨᠢ ᠬᠠᠶᠢᠷᠠᠯᠠᠭᠠᠷᠠᠢ᠂ | ᠬᠠᠨ ᠬᠤᠷᠸ᠎ᠠ ᠶᠢ ᠬᠠᠮᠲᠤ ᠲᠤᠭᠤᠯᠬᠤ | ᠬᠠᠶᠢᠷ᠎ᠠ ᠶᠢᠨ ᠨᠠᠨᠳᠢᠨ ᠰᠡᠳᠬᠢᠯ ᠢ ᠨᠢ ᠭᠠᠮᠨᠠᠭᠠᠷᠠᠢ᠂ | ᠢᠵᠢᠯᠢ ᠬᠠᠨᠢ ᠶᠢᠨ ᠴᠢᠭᠴᠢ ᠢᠲᠡᠭᠡᠯ ᠢᠶᠠᠷ | ᠠᠰᠬᠠᠷᠠᠬᠤ ᠨᠢᠯᠪᠤᠰᠤ ᠶᠢ ᠨᠢ ᠠᠷᠴᠢᠭᠠᠷᠠᠢ᠂ | ᠡᠪ ᠨᠠᠶᠢᠷ ᠤᠨ ᠴᠢᠩ ᠵᠢᠷᠤᠮ ᠢᠶᠠᠷ | ᠥᠷᠥ ᠵᠢᠷᠦᠬᠡ ᠶᠢ ᠨᠢ ᠳᠤᠯᠠᠭᠠᠯᠠᠭᠠᠷᠠᠢ︕ |