ᠬᠤᠷᠤᠭᠤᠴᠠᠬᠤ ᠨᠠᠭᠠᠳᠤᠮ ︵ᠬᠤᠸᠠ ᠬᠤᠸᠠᠯᠠᠬᠤ︶
ᠨᠡᠶᠢᠲᠡᠯᠡᠭᠰᠡᠨ ᠴᠠᠭ᠄
2017/10/27
ᠨᠡᠬᠡᠶᠢᠲᠦ       ᠬᠤᠷᠤᠭᠤᠴᠠᠬᠤ ᠨᠠᠭᠠᠳᠤᠮ ︵ᠬᠤᠸᠠ ᠬᠤᠸᠠᠯᠠᠬᠤ︶       ᠮᠠᠨ ᠤ ᠪᠠᠷᠭᠤᠴᠤᠳ ᠳᠡᠭᠡᠷ᠎ᠡ ᠦᠶ᠎ᠡ ᠠᠴᠠ ᠬᠤᠷᠤᠭᠤᠴᠠᠬᠤ ᠲᠣᠭᠯᠠᠭᠠᠮ ᠨᠠᠭᠠᠳᠤᠮ ᠢ ᠬᠤᠷᠠᠯ ᠴᠤᠭᠯᠠᠭᠠᠨ᠂ ᠬᠤᠷᠢᠮ ᠨᠠᠶᠢᠷ ᠲᠤ ᠠᠭᠤᠯᠵᠠᠵᠤ ᠤᠴᠠᠷᠠᠬᠤ ᠎ ᠳᠤ ᠪᠠᠨ ᠬᠥᠷ ᠬᠥᠭᠵᠢᠶᠡᠨ ᠪᠣᠯᠭᠠᠵᠤ ᠬᠤᠸᠠ ᠬᠤᠸᠠᠯᠠᠵᠤ ᠮᠥᠷᠥᠶᠢᠴᠡᠨ ᠨᠠᠭᠠᠳᠳᠠᠭ ᠪᠠᠶᠢᠵᠠᠢ᠃ ᠡᠨᠡ ᠬᠦ ᠨᠠᠭᠠᠳᠤᠮ ᠲᠣᠭᠯᠠᠭᠠᠮ ᠨᠢ ᠲᠤᠭ᠎ᠠ ᠬᠡᠯᠡᠯᠭᠡ ᠨᠢ ᠮᠠᠨᠵᠤ ᠦᠭᠡ᠂ ᠬᠢᠲᠠᠳ ᠦᠭᠡ ᠣᠯᠠᠨ ᠬᠡᠷᠡᠭᠯᠡᠵᠦ ᠪᠠᠶᠢᠭ᠎ᠠ ᠠᠴᠠ ᠨᠢ ᠦᠵᠡᠪᠡᠯ ᠮᠠᠨᠵᠤ ᠶᠢᠨ ᠦᠶ᠎ᠡ ᠳᠤ ᠡᠭᠦᠰᠴᠦ ᠭᠠᠷᠤᠭᠰᠠᠨ ᠪᠠᠶᠢᠬ᠎ᠠ ᠭᠡᠵᠤ ᠦᠵᠡᠵᠦ ᠪᠠᠶᠢᠨ᠎ᠠ᠃ ᠡᠨᠡ ᠨᠠᠭᠠᠳᠤᠮ ᠲᠣᠭᠯᠠᠭᠠᠮ ᠳᠡᠭᠡᠷ᠎ᠡ ᠵᠠᠭᠤᠨ ᠤ ᠲᠠᠪᠢ ᠵᠢᠷᠠᠭᠠᠳ ᠣᠨ ᠤ ᠦᠶ᠎ᠡ ᠪᠠᠷ ᠤᠯᠠᠮᠵᠢᠯᠠᠭᠳᠠᠨ ᠳᠡᠯᠭᠡᠷᠡᠵᠦ ᠬᠤᠷᠠᠯ ᠴᠤᠭᠯᠠᠭᠠᠨ᠂ ᠬᠤᠷᠢᠮ ᠨᠠᠶᠢᠷ ᠲᠤ ᠤᠴᠠᠷᠠᠵᠤ ᠠᠭᠤᠯᠵᠠᠬᠤ ᠪᠠ ᠠᠵᠢᠯ ᠤᠨ ᠴᠢᠯᠦᠭᠡ᠂ ᠬᠤᠨᠢᠴᠢᠳ ᠮᠠᠯᠴᠢᠳ ᠣᠶᠢᠷ᠎ᠠ ᠣᠷᠴᠢᠮ ᠢᠶᠠᠷ ᠢᠶᠠᠨ ᠨᠠᠭᠠᠳᠴᠤ ᠲᠣᠭᠯᠠᠬᠤ ᠪᠤᠶᠤ ᠰᠤᠷᠭᠠᠭᠤᠯᠢ ᠶᠢᠨ ᠳᠡᠭᠡᠷ᠎ᠡ ᠠᠩᠭᠢ ᠶᠢᠨ ᠰᠤᠷᠤᠭᠴᠢᠳ ᠴᠦ ᠲᠣᠭᠯᠠᠵᠤ ᠨᠠᠭᠠᠳᠴᠤ ᠪᠠᠶᠢᠵᠠᠢ᠃ 1966 ᠣᠨ ᠤ ︽ᠰᠣᠶᠤᠯ ᠤᠨ ᠶᠡᠭᠡ ᠬᠤᠪᠢᠰᠬᠠᠯ︾᠎ ᠤᠨ ᠳᠤᠮᠳᠠ ︽ᠳᠥᠷᠪᠡᠨ ᠬᠠᠭᠤᠴᠢᠨ ᠢ ᠡᠪᠳᠡᠵᠦ ᠳᠥᠷᠪᠡᠨ ᠰᠢᠨ᠎ᠡ ᠶᠢ ᠪᠠᠶᠢᠭᠤᠯᠬᠤ ᠬᠥᠳᠡᠯᠭᠡᠭᠡᠨ︾᠎ ᠳᠤ ᠣᠷᠬᠢᠭᠳᠠᠭᠠᠳ ᠡᠳᠦᠭᠡ ᠪᠣᠯᠲᠠᠯ᠎ᠠ ᠰᠡᠷᠭᠦᠭᠰᠡᠨ ᠦᠭᠡᠢ᠃ ᠤᠴᠢᠷ ᠨᠢ ᠲᠤᠰ ᠨᠠᠭᠠᠳᠤᠮ ᠢ ᠮᠡᠳᠡᠬᠦ ᠬᠥᠮᠥᠨ ᠳᠡᠮᠡᠢ ᠦᠭᠡᠢ ᠪᠣᠯᠵᠤ ᠨᠠᠭᠠᠳᠴᠤ ᠲᠣᠭᠯᠠᠬᠤ ᠬᠥᠮᠥᠰ ᠴᠦ ᠲᠣᠩ ᠴᠥᠭᠡᠬᠡᠨ ᠪᠣᠯᠵᠠᠢ᠃ ᠮᠠᠨ ᠤ ᠡᠪᠦᠭᠡ ᠳᠡᠭᠡᠳᠦᠰ ᠠᠴᠠ ᠤᠯᠠᠮᠵᠢᠯᠠᠵᠤ ᠢᠷᠡᠭᠰᠡᠨ ᠡᠨᠡ ᠬᠦ ᠲᠣᠭᠯᠠᠭᠠᠮ ᠨᠠᠭᠠᠳᠤᠮ ᠢ ᠰᠡᠷᠭᠦᠭᠡᠨ ᠨᠠᠭᠠᠳᠪᠠᠯ ᠲᠠᠭᠠᠷᠠᠨ᠎ᠠ ᠭᠡᠵᠤ ᠦᠵᠡᠯ᠎ᠡ᠃      ᠬᠤᠷᠤᠭᠤᠴᠠᠬᠤ ᠨᠠᠭᠠᠳᠤᠮ ᠨᠢ ︽ᠬᠤᠸᠠ︾ ᠬᠤᠸᠠᠯᠠᠬᠤ ᠳᠤ ᠪᠠᠨ ᠬᠤᠶᠠᠷ ᠬᠥᠮᠥᠨ ᠮᠥᠷᠥᠶᠢᠴᠡᠨ ᠨᠠᠭᠠᠳᠳᠠᠭ ᠶᠤᠮ᠃ ᠬᠤᠶᠠᠷ ᠬᠥᠮᠥᠨ ᠲᠤᠰ ᠪᠦᠷᠢ ᠭᠠᠷ ᠤᠨ ᠲᠠᠪᠤᠨ ᠬᠤᠷᠤᠭᠤ ᠪᠠᠷ ᠲᠤᠭ᠎ᠠ ᠪᠣᠯᠭᠠᠨ ᠭᠠᠷᠭᠠᠵᠤ ᠬᠤᠶᠠᠷ ᠲᠠᠪᠤᠨ ᠬᠤᠷᠤᠭᠤᠨ ᠤ ᠭᠠᠷᠭᠠᠭᠰᠠᠨ ᠲᠣᠭᠠᠨ ᠤ ᠨᠡᠶᠢᠯᠡᠪᠦᠷᠢ ᠨᠢ ᠬᠡᠨ ᠤ ᠬᠢᠨᠢ ᠬᠡᠯᠡᠭᠰᠡᠨ ᠨᠢ ᠲᠠᠭᠠᠷᠠᠪᠠᠯ ᠲᠡᠷᠡ ᠨᠢ ᠨᠢᠭᠡ ᠬᠤᠪᠢ ᠣᠯᠵᠤ ᠨᠢᠭᠡ ᠤᠳᠠᠭᠠᠨ ᠤ ᠬᠤᠵᠢᠯ ᠳᠤ ᠲᠠᠪᠤᠨ ᠬᠤᠪᠢ ᠪᠠᠷ ᠮᠥᠷᠥᠶᠢᠴᠡᠨ ᠨᠠᠭᠠᠳᠳᠠᠭ᠃ ᠬᠤᠷᠤᠭᠤᠴᠠᠬᠤ ᠨᠠᠭᠠᠳᠤᠮ ︽ᠬᠤᠸᠠ︾᠎ ᠨᠢ ᠳ᠋ᠠᠩ ᠬᠤᠸᠠ᠂ ᠳᠠᠪᠬᠤᠷ ᠬᠤᠸᠠ᠂ ᠠᠶᠠᠯᠭᠤ ᠲᠠᠢ ᠬᠤᠸᠠ ᠭᠡᠵᠤ ᠬᠡᠳᠦᠨ ᠵᠦᠢᠯ ᠪᠠᠶᠢᠳᠠᠭ᠃ᠠᠩᠬᠠᠷᠬᠤ ᠨᠢ᠄ ᠮᠣᠩᠭᠤᠯ ᠬᠤᠸᠠ ᠬᠤᠸᠠᠯᠠᠬᠤ ᠳᠤ ᠲᠤᠭ᠎ᠠ ᠭᠠᠷᠭᠠᠪᠠᠯ ᠵᠠᠪᠠᠯ ᠡᠷᠡᠬᠡᠢ ᠬᠤᠷᠤᠭᠤ ᠶᠢ ᠭᠠᠷᠭᠠᠬᠤ ᠬᠡᠷᠡᠭᠲᠡᠢ᠃ ᠲᠤᠭ᠎ᠠ ᠪᠠᠨ ᠬᠡᠯᠡᠭᠡᠳ ᠬᠤᠷᠤᠭᠤ ᠪᠠᠨ ᠭᠠᠷᠭᠠᠬᠤ ᠳᠤ ᠪᠠᠨ ᠨᠥᠭᠦᠭᠡ ᠲᠠᠯ᠎ᠠ ᠶᠢᠨ ᠬᠥᠮᠥᠨ ᠤ ᠲᠠᠪᠤᠨ ᠬᠤᠷᠤᠭᠤ ᠲᠠᠢ ᠨᠡᠶᠢᠯᠡᠭᠡᠳ ᠬᠦᠷᠬᠦ ᠲᠤᠭ᠎ᠠ ᠶᠢ ᠭᠠᠷᠭᠠᠬᠤ ᠬᠡᠷᠡᠭᠲᠡᠢ᠃      ᠠᠷᠪᠠᠨ ᠲᠣᠭᠠᠨ ᠤ ᠨᠡᠷᠡᠶᠢᠳᠦᠯ      ᠨᠢᠭᠡ ᠶᠢ ᠡᠷᠭᠢᠮ ᠢ ᠳ᠋ᠧ︔ ᠬᠤᠶᠠᠷ ᠢ ᠡᠷᠬᠢᠮ ᠢᠯᠴᠡ ︵ᠡᠷᠡᠨ᠎ᠡ ᠢᠯᠴᠡ︶︔ ᠭᠤᠷᠪᠠ ᠶᠢ ᠭᠤᠷᠪᠠ ᠶᠢᠨ ᠭᠤᠨᠳᠠ ︵ᠰᠠᠮᠬᠠᠨ ᠰᠠᠩᠲᠸᠦ︶︔ ᠳᠥᠷᠪᠡ ᠎ ᠶᠢ ᠴᠡᠪᠡᠷᠬᠡᠨ ᠴᠡᠭᠡᠯᠡ︔ ᠲᠠᠪᠤ ᠶᠢ ᠦ᠋ ᠮᠧᠨ ᠲᠠᠪᠤ ︵ᠦ᠋ ᠭᠧᠨ ᠦ᠋ ᠱᠧ︶ ᠦᠵᠢᠨ ᠲᠠᠪᠤ︔ ᠵᠢᠷᠭᠤᠭ᠎ᠠ ᠶᠢ ᠳ᠋ᠠᠰᠠᠨᠠᠮ ᠯᠢᠦ ᠭᠡ ︵ᠵᠢᠷᠭᠤᠭ᠎ᠠ ᠳ᠋ᠠᠭᠠᠰᠠ︶︔ ᠳᠣᠯᠤᠭ᠎ᠠ ᠶᠢ ᠳᠤᠯᠵᠢᠮ ᠴᠢ ᠭᠡ ︵ᠳᠣᠬᠢᠭᠤᠷ ᠳᠣᠯᠤᠭ᠎ᠠ︶︔ ᠨᠠᠢᠮᠠ ᠶᠢ ᠪᠠ ᠴᠢ ᠯᠢᠭ ᠪᠠ ᠮᠠ ︵ᠪᠠ ᠭᠡᠯ ᠪᠠ ᠭᠡ︶︔ ᠶᠢᠰᠦ ᠶᠢ ᠳ᠋ᠧ ᠬᠡᠨ ᠳ᠋ᠧ ᠨᠢ ᠬᠦᠦ︔ ᠠᠷᠪᠠ ᠶᠢ ᠪᠠᠷᠵᠢᠨ ᠲᠠᠯᠪᠢᠨ᠎ᠠ︔ ᠨᠢᠭᠡ ᠴᠦ ᠦᠭᠡᠢ ᠪᠣᠯ ᠪᠢᠲᠡᠭᠦᠦ ᠪᠣᠭᠤᠮ᠎ᠠ ᠭᠡᠵᠤ ᠲᠤᠰ ᠪᠦᠷᠢ ᠨᠡᠷᠡᠯᠡᠳᠡᠭ ᠪᠠᠶᠢᠨ᠎ᠠ᠃      ⒈ ᠳ᠋ᠠᠩ ᠬᠤᠸᠠ     ᠬᠤᠶᠠᠷ ᠬᠥᠮᠥᠨ ᠲᠤᠰ ᠪᠦᠷᠢ ᠶᠢᠨ ᠨᠢᠭᠡ ᠭᠠᠷ ᠢᠶᠠᠨ ᠭᠠᠷᠭᠠᠵᠤ ᠬᠤᠶᠠᠭᠤᠯᠠ ᠪᠠᠨ ᠡᠬᠢᠯᠡᠨ ᠠᠶ᠎ᠠ ᠳᠠᠭᠤᠤ ᠪᠠᠷ ᠦᠵᠡᠯ ᠬᠤᠸᠠ ᠳ᠋ᠠ ᠳ᠋ᠧ ᠭᠧ ᠯᠠ ᠮᠠ ᠳ᠋ᠦ᠋ ᠭᠡᠵᠤ ᠳᠠᠭᠤᠯᠠᠨ ᠥᠪᠡᠷ ᠥᠪᠡᠷ ᠤᠨ ᠲᠤᠭ᠎ᠠ ᠪᠠᠨ ᠬᠡᠯᠡᠵᠦ ᠮᠥᠷᠥᠶᠢᠴᠡᠨ ᠨᠠᠭᠠᠳᠳᠠᠭ᠃ᠵᠢᠱᠢᠶ᠎ᠠ ᠨᠢ᠄ ᠦᠵᠡᠯ ᠬᠤᠸᠠ ᠳ᠋ᠠ ᠳ᠋ᠧ ᠭᠧ ᠯᠠ ᠮᠠ ᠳ᠋ᠥ᠋᠂ ᠡᠷᠬᠢᠮ ᠢ ᠳ᠋ᠧ ᠳ᠋ᠧ ᠭᠧ ᠯᠠ ᠮᠠ ᠳ᠋ᠥ᠋᠂ ᠭᠤᠷᠪᠠ ᠶᠢᠨ ᠭᠤᠨᠳᠠ ᠳ᠋ᠧ ᠭᠧ ᠯᠠ ᠮᠠ ᠳ᠋ᠥ᠋᠂ ᠦ᠋ ᠮᠧᠨ ᠲᠠᠪᠤ ᠳ᠋ᠠ ᠳ᠋ᠧ ᠭᠧ ᠯᠠ ᠮᠠ ᠳ᠋ᠥ᠋ ᠭᠡᠬᠦ ᠪᠠᠷ ᠦᠷᠭᠦᠯᠵᠢᠯᠡᠭᠦᠯᠦᠨ ᠳᠠᠭᠤᠯᠠᠵᠤ ᠬᠡᠨ ᠨᠢ ᠲᠠᠪᠤᠨ ᠬᠤᠪᠢ ᠣᠯᠪᠠᠯ ᠬᠤᠵᠢᠯ ᠭᠠᠷᠴᠤ ᠵᠣᠭᠰᠤᠳᠠᠭ᠃     ⒉ ᠦᠵᠢᠨ ᠲᠠᠪᠤᠦᠵᠢᠨ ᠲᠠᠪᠤ ᠶᠢ ᠮᠢᠨᠢ ᠭᠠᠷᠭᠠᠭᠠᠳ ᠢᠷᠡᠭᠡᠷᠡᠢ᠂ ᠭᠤᠷᠪᠠ ᠶᠢᠨ ᠭᠤᠨᠳᠠ ᠮᠠᠨ ᠤ ᠳᠤ ᠪᠠᠶᠢᠨ᠎ᠠ᠂ ᠴᠡᠪᠡᠷᠬᠡᠨ ᠴᠡᠭᠡᠯᠡ ᠲᠠᠨ ᠤ ᠳᠤ ᠪᠠᠶᠢᠪᠠᠯ ᠡᠷᠬᠢᠮ ᠢᠯᠴᠡ ᠠᠮᠠᠨ ᠎ ᠳᠤ ᠪᠣᠯᠵᠠᠢ ᠭᠤᠵᠢ ᠨᠠᠨ ᠠ ᠬᠦᠢ ᠭᠡᠵᠤ ᠳᠠᠭᠤᠯᠠᠵᠤ ᠬᠤᠶᠠᠷ ᠬᠥᠮᠥᠨ ᠤ ᠲᠤᠰ ᠪᠦᠷᠢ ᠶᠢᠨ ᠲᠠᠪᠤᠨ ᠬᠤᠷᠤᠭᠤᠨ ᠤ ᠲᠣᠭᠠᠨ ᠤ ᠨᠡᠶᠢᠯᠡᠪᠦᠷᠢ ᠠᠴᠠ ᠬᠡᠨ ᠤ ᠬᠢᠨᠢ ᠲᠠᠭᠠᠷᠠᠭᠰᠠᠨ ᠪᠣᠯ ᠲᠡᠷᠡ ᠨᠢ ᠳᠠᠷᠤᠢ ᠬᠤᠵᠢᠯ ᠣᠯᠤᠨ᠎ᠠ᠃ ᠬᠡᠷᠪᠡ ᠰᠡᠭᠦᠯᠴᠢ ᠲᠤᠭ᠎ᠠ ᠶᠢ ᠳᠠᠬᠢᠨ ᠣᠯᠪᠠᠯ ᠡᠷᠭᠢᠭᠡᠳ ᠢᠷᠡᠯ᠎ᠡ ᠭᠤᠵᠢ ᠨᠠᠨ ᠠ ᠬᠦᠢ ᠭᠡᠵᠤ ᠳᠠᠭᠤᠯᠠᠵᠤ ᠵᠠᠪᠰᠠᠷᠯᠠᠨ᠎ᠠ᠃    ⒊ ᠮᠢᠩ ᠲᠢᠶᠠᠨ ᠽᠣᠣᠲᠡᠮᠦᠷ ᠴᠢ ᠶᠣᠣ ᠲᠡᠷᠭᠡ ᠪᠠᠨ ᠬᠥᠯᠯᠡᠭᠡᠳ ᠭᠠᠷᠤᠯ᠎ᠠ ᠬᠦᠢᠲᠦᠰᠢᠶᠡᠲᠦ ᠸᠠᠩ ᠤᠨ ᠬᠤᠰᠢᠭᠤ ᠪᠠᠷ ᠳᠠᠭᠠᠷᠢᠨ ᠢᠷᠡᠯ᠎ᠡ ᠬᠦᠢᠦᠵᠡᠯ ᠬᠤᠸᠠ ᠰᠢᠦ ᠮᠢᠩ ᠲᠢᠶᠠᠨ ᠽᠣᠣ ᠡᠷᠬᠢᠮ ᠢ ᠳ᠋ᠧ᠂ ᠭᠤᠷᠪᠠ ᠶᠢᠨ ᠭᠤᠨᠳᠠ᠂ ᠦ᠋ ᠮᠧᠨ ᠲᠠᠪᠤ ᠬᠦᠢ ᠭᠡᠵᠤ ᠬᠤᠶᠠᠷ ᠬᠥᠮᠥᠨ ᠬᠤᠣᠰ ᠢᠶᠠᠷ ᠳᠠᠭᠤᠯᠠᠵᠤ ᠲᠤᠰ ᠪᠦᠷᠢ ᠶᠢᠨ ᠲᠠᠪᠤᠨ ᠬᠤᠷᠤᠭᠤ ᠪᠠᠨ ᠭᠠᠷᠭᠠᠨ ᠥᠪᠡᠷ ᠤᠨ ᠬᠡᠯᠡᠬᠦ ᠲᠤᠭ᠎ᠠ ᠪᠠᠨ ᠬᠡᠯᠡᠵᠦ ᠭᠠᠷᠭᠠᠬᠤ ᠬᠤᠷᠤᠭᠤ ᠪᠠᠨ ᠭᠠᠷᠭᠠᠨ ᠭᠤᠷᠪᠠ ᠤᠳᠠᠭ᠎ᠠ ᠲᠤᠭ᠎ᠠ ᠪᠠᠨ ᠬᠡᠯᠡᠵᠦ ᠥᠪᠡᠷ ᠤᠨ ᠬᠡᠯᠡᠭᠡᠳ ᠲᠠᠭᠠᠷᠠᠭᠰᠠᠨ ᠬᠤᠵᠢᠯ ᠢᠶᠠᠨ ᠣᠯᠣᠨ᠎ᠠ᠃    ⒋ ᠦ᠋ ᠢᠨᠳᠡᠷ ᠬᠤᠸᠠ ᠰᠢᠦ︽ᠦ᠋ ᠢᠨᠳᠡᠷ ᠬᠤᠸᠠ ᠰᠢᠦ ᠳᠠᠸᠠ ᠢᠨᠳᠡᠷ ᠱᠠᠩᠬᠠᠢᠦ᠋ ᠮᠧᠨ ᠲᠠᠪᠤ ᠮᠠᠨ ᠤ ᠳᠤ ᠪᠣᠯᠵᠠᠢ ᠬᠥᠭᠡᠷᠦᠬᠦᠢᠭᠤᠷᠪᠠ ᠶᠢᠨ ᠭᠤᠨᠳᠠ ᠠᠮᠠᠨ ᠳᠤ ᠪᠣᠯᠵᠠᠢ ᠬᠥᠭᠡᠷᠦᠬᠦᠢᠴᠡᠪᠡᠷᠬᠡᠨ ᠴᠡᠭᠡᠯᠡ ᠳ᠋ᠦᠢ ᠮᠧᠩ ᠪᠣᠯᠵᠠᠢ ᠬᠥᠭᠡᠷᠦᠬᠦᠢᠪᠠ ᠴᠢ ᠯᠢᠭ ᠪᠠ ᠮᠠ ᠲᠠᠨ ᠤ ᠳᠤ ᠪᠣᠯᠵᠠᠢ ᠬᠥᠭᠡᠷᠦᠬᠦᠢ︾ ᠭᠡᠬᠦ ᠮᠡᠲᠦ ᠪᠠᠷ ᠳᠠᠭᠤᠯᠠᠵᠤ ᠬᠡᠨ ᠨᠢ ᠬᠤᠵᠢᠯ ᠣᠯᠪᠠᠯ ᠵᠣᠭᠰᠤᠳᠠᠭ ᠪᠠᠶᠢᠨ᠎ᠠ᠃ᠡᠨᠡ ᠬᠦ ᠬᠤᠸᠠ ᠨᠢ ᠵᠠᠯᠭᠠᠭᠤᠯᠵᠤ ᠳᠠᠭᠤᠯᠠᠭᠠᠳ ᠬᠡᠨ ᠨᠢ ᠲᠠᠪᠤᠨ ᠬᠤᠵᠢᠯ ᠣᠯᠪᠠᠯ ᠬᠤᠵᠢᠯ ᠭᠠᠷᠤᠨ᠎ᠠ᠃    ⒌ ᠳ᠋ᠢ ᠳ᠋ᠢ ᠳ᠋ᠢ︽ᠦ᠋ ᠮᠧᠨ ᠲᠠᠪᠤ ᠯᠤᠩ ᠲᠣᠣ ᠳ᠋ᠠ ᠳᠣᠲᠤᠬᠠᠨ ᠳ᠋ᠠ ᠳ᠋ᠢ ᠳ᠋ᠢ ᠳ᠋ᠢᠡᠷᠬᠢᠮ ᠢᠯᠴᠠ ᠯᠣᠩ ᠲᠣᠣ ᠳ᠋ᠠ ᠲᠣᠳᠤᠬᠠᠨ ᠳ᠋ᠠ ᠳ᠋ᠢ ᠳ᠋ᠢ ᠳ᠋ᠢᠲᠤᠯᠵᠠᠮ ᠴᠢ ᠭᠡ ᠯᠣᠩ ᠲᠣᠣ ᠳ᠋ᠠ ᠲᠣᠳᠤᠬᠠᠨ ᠳ᠋ᠠ ᠳ᠋ᠢ ᠳ᠋ᠢ ᠳ᠋ᠢ︾ ᠭᠡᠬᠦ ᠮᠡᠲᠦ ᠪᠠᠷ ᠦᠷᠭᠦᠯᠵᠢᠯᠡᠭᠦᠯᠦᠨ ᠬᠤᠶᠠᠷ ᠬᠥᠮᠥᠨ ᠤ ᠲᠤᠰ ᠪᠦᠷᠢ ᠶᠢᠨ ᠲᠠᠪᠤᠨ ᠬᠤᠷᠤᠭᠤᠨ ᠤ ᠨᠡᠶᠢᠯᠡᠪᠦᠷᠢ ᠶᠢᠨ ᠬᠡᠨ ᠤ ᠬᠢᠨᠢ ᠲᠠᠭᠠᠷᠠᠪᠠᠯ ᠬᠡᠨ ᠨᠢ ᠬᠤᠵᠢᠯ ᠣᠯᠤᠨ᠎ᠠ᠃ᠡᠨᠡ ᠬᠤᠸᠠ ᠬᠡᠨ ᠨᠢ ᠤᠷᠢᠳ ᠢᠶᠠᠷ ᠲᠠᠪᠤᠨ ᠬᠤᠵᠢᠯ ᠣᠯᠪᠠᠯ ᠬᠤᠵᠢᠯ ᠭᠠᠷᠤᠨ᠎ᠠ᠃     ᠬᠤᠷᠤᠭᠤᠴᠠᠬᠤ ᠨᠠᠭᠠᠳᠤᠮ ︵ᠬᠤᠸᠠ ᠬᠤᠸᠠᠯᠠᠬᠤ︶ ᠲᠣᠭᠯᠠᠭᠠᠮ ᠢ ᠨᠠᠶᠢᠷᠠᠭᠤᠯᠤᠨ ᠰᠡᠷᠭᠦᠭᠡᠬᠦ ᠪᠠᠷ ᠤᠤᠯ ᠤᠨ ᠲᠤᠰ ᠨᠠᠭᠠᠳᠤᠮ ᠲᠣᠭᠯᠠᠭᠠᠮ ᠢ ᠮᠡᠳᠡᠳᠡᠭ ᠬᠡᠰᠡᠭ ᠨᠥᠬᠦᠳ ᠢ ᠴᠤᠭᠯᠠᠭᠤᠯᠤᠨ ᠶᠠᠷᠢᠯᠴᠠᠨ ᠵᠥᠪᠳᠡᠵᠦ ᠨᠠᠶᠢᠷᠠᠭᠤᠯᠤᠨ ᠪᠢᠴᠢᠭᠯᠡᠯ᠎ᠡ᠃                         ᠭᠤᠣᠯᠴᠢᠯᠠᠨ ᠨᠠᠶᠢᠷᠠᠭᠤᠯᠤᠭᠴᠢ᠄ ᠨᠡᠬᠡᠶᠢᠲᠦ                        ᠠᠶ᠎ᠠ ᠠᠶᠠᠯᠭᠤ ᠲᠣᠬᠢᠷᠠᠭᠤᠯᠤᠭᠴᠢ᠄ ᠭᠠᠷᠮᠠᠭᠠᠢ    ᠬᠠᠪᠰᠤᠷᠤᠨ ᠵᠥᠪᠳᠡᠯᠴᠡᠭᠰᠡᠳ᠄ ᠰᠸ᠊ · ᠳᠤᠯᠭᠠᠷ᠂ ᠬᠠᠰᠤᠨᠬᠡᠷᠡᠯ᠂ ᠵᠢᠪᠽᠤᠨᠳᠤᠯᠮ᠎ᠠ᠂ ᠰᠠᠶᠢᠨᠪᠢᠯᠢᠭ᠌                   ᠵᠣᠬᠢᠶᠠᠭᠴᠢ ᠶᠢᠨ ᠬᠠᠶ᠋ᠢᠭ᠄ ᠰᠢᠨ᠎ᠡ ᠪᠠᠷᠭᠤ ᠪᠠᠷᠠᠭᠤᠨ ᠬᠤᠰᠢᠭᠤᠨ ᠤ ᠶᠠᠳᠠᠭᠤ ᠶᠢ                      ᠲᠡᠳᠬᠦᠬᠦ ᠠᠯᠪᠠᠨ ᠭᠡᠷ ᠤᠨ ᠠᠵᠢᠯ ᠠᠴᠠ ᠪᠠᠨ ᠠᠮᠠᠷᠠᠭᠰᠠᠨ ᠠᠬᠠᠮᠠᠳ ᠺᠠᠳ᠋ᠷ
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ