ᠬᠠᠪᠤᠷ ᠤᠨ ᠨᠠᠷᠠᠨ ᠳᠤ ᠡᠵᠢ ᠲᠠᠢ ᠪᠠᠨ ᠪᠢ ᠬᠢᠯᠭᠠᠰᠤ ᠤᠷᠠᠨ᠎ᠠ
ᠨᠡᠶᠢᠲᠡᠯᠡᠭᠰᠡᠨ ᠴᠠᠭ᠄
2017/10/27
ᠨᠠ᠊ · ᠳᠤᠯᠭᠠᠷ   ᠬᠠᠪᠤᠷ ᠤᠨ ᠨᠠᠷᠠᠨ ᠳᠤ ᠡᠵᠢ ᠲᠠᠢ ᠪᠠᠨ ᠪᠢ ᠬᠢᠯᠭᠠᠰᠤ ᠤᠷᠠᠨ᠎ᠠ ᠬᠥᠬᠡ ᠨᠣᠭᠤᠭᠠᠨ ᠤ ᠡᠬᠢ ᠪᠠᠷ ᠠᠳᠤᠭᠤᠨ ᠤ ᠨᠢᠳᠦ ᠰᠡᠷᠢᠨ᠎ᠡ ᠬᠥᠳᠡᠭᠡ ᠲᠠᠯ᠎ᠠ ᠨᠣᠶᠢᠷ ᠠᠴᠠ ᠪᠠᠨ ᠭᠦᠶᠦᠵᠦ ᠪᠣᠰᠣᠨ᠎ᠠ ᠳᠡᠯ ᠢᠶᠠᠨ ᠥᠭᠭᠦᠭᠰᠡᠨ ᠠᠳᠤᠭᠤ ᠰᠡᠭᠦᠳᠡᠷ ᠢᠶᠠᠨ ᠬᠠᠷᠠᠭᠠᠳ ᠲᠣᠩᠭᠤᠴᠢᠨ᠎ᠠ ᠳᠡᠯᠡᠬᠡᠢ ᠶᠢ ᠣᠯᠣᠭᠰᠠᠨ ᠶᠤᠮᠰᠢᠭ ᠡᠵᠢ ᠲᠠᠢ ᠪᠠᠨ ᠪᠢ ᠬᠢᠯᠭᠠᠰᠤ ᠤᠷᠠᠨ᠎ᠠ ᠠᠷᠪᠠᠨ ᠬᠤᠷᠤᠭᠤ ᠠᠴᠠ ᠮᠢᠨᠢ ᠠᠰᠬᠠᠷᠠᠭᠰᠠᠨ ᠠᠳᠤᠭᠤᠨ ᠤ ᠮᠥᠩᠭᠦᠨ ᠳᠡᠯ ᠭᠡᠭᠡᠨ ᠰᠠᠷᠠᠨ ᠤ ᠲᠤᠶᠠᠭ᠎ᠠ ᠰᠢᠭ᠋ ᠭᠡᠷ ᠳᠦᠭᠦᠷᠡᠩ ᠰᠠᠴᠤᠷᠠᠨ᠎ᠠ᠃ ᠬᠠᠶᠢᠯ ᠤᠨ ᠤᠰᠤ ᠴᠢᠩᠨᠠᠵᠤ ᠬᠠᠪᠤᠷ ᠤᠨ ᠨᠠᠷᠠᠨ ᠳᠤ ᠡᠵᠢ ᠲᠠᠢ ᠪᠠᠨ ᠪᠢ ᠬᠢᠯᠭᠠᠰᠤ ᠤᠷᠠᠨ᠎ᠠ ᠬᠠᠶᠠᠭᠠᠪᠴᠢ ᠶᠢᠨ ᠰᠠᠯᠬᠢ ᠪᠠᠷ ᠬᠠᠭᠳᠠ ᠨᠣᠭᠤᠭᠠᠨ ᠤ ᠦᠨᠦᠷ ᠰᠠᠩ ᠲᠠᠲᠠᠨ᠎ᠠ ᠥᠪᠡᠷ ᠢ ᠪᠠᠨ ᠤᠷᠠᠵᠤ ᠡᠵᠢ ᠮᠢᠨᠢ ᠣᠷᠴᠢᠯᠠᠩ ᠳᠤ ᠨᠠᠮᠠᠶᠢ ᠬᠥᠲᠥᠯᠥᠨ᠎ᠡ ᠡᠷᠦᠬᠡᠨ ᠤ ᠣᠭᠤᠰᠣᠷ ᠲᠠᠶᠠᠯᠠᠵᠤ ᠭᠡᠷᠡᠯᠲᠦ ᠨᠠᠷᠠᠨ ᠢ ᠳᠠᠭᠤᠳᠠᠨ᠎ᠠ ᠠᠯᠤᠰ ᠤᠨ ᠴᠡᠩᠬᠡᠷ ᠠᠭᠤᠯᠠᠨ ᠳᠤ ᠠᠳᠤᠭᠤ ᠨᠠᠷᠠᠨ ᠤ ᠵᠦᠭ ᠢᠨᠴᠠᠭᠠᠨ᠎ᠠ ᠭᠡᠷ ᠤᠨ ᠪᠦᠰᠡᠯᠡᠭᠦᠷ ᠢᠶᠠᠨ ᠠᠪᠤ ᠮᠢᠨᠢ ᠨᠠᠷᠠ ᠵᠥᠪ ᠴᠢᠩᠭᠠᠯᠠᠨ᠎ᠠ᠃ ᠬᠠᠷᠢ ᠶᠢᠨ ᠰᠢᠪᠠᠭᠤ ᠪᠤᠴᠠᠬᠤ ᠪᠠᠷ ᠬᠠᠳᠠᠮ ᠤᠨ ᠭᠠᠵᠠᠷ ᠲᠤ ᠪᠢ ᠡᠷᠦᠬᠡ ᠲᠠᠶᠠᠯᠠᠨ᠎ᠠ ᠡᠬᠡ ᠨᠤᠲᠤᠭ ᠤᠨ ᠮᠢᠨᠢ ᠲᠡᠭᠷᠢ ᠠᠴᠠ ᠠᠩᠬᠠᠨ ᠤ ᠴᠠᠰᠤ ᠬᠠᠶᠠᠯᠠᠬᠤ ᠳᠤ ᠡᠵᠢ ᠲᠠᠢ ᠪᠠᠨ ᠬᠢᠯᠭᠠᠰᠤ ᠤᠷᠠᠭᠰᠠᠨ ᠠᠯᠲᠠᠩᠬᠠᠨ ᠡᠳᠦᠷ ᠤᠳ ᠰᠠᠨᠠᠭᠳᠠᠨ᠎ᠠ ᠠᠩᠬᠠᠨ ᠤ ᠴᠠᠰᠤ ᠰᠢᠭ᠋ ᠤᠷᠠᠭᠰᠠᠨ ᠡᠵᠢ ᠶᠢᠨ ᠮᠥᠩᠭᠦᠨ ᠬᠢᠯᠭᠠᠰᠤᠨ ᠳᠣᠲᠣᠷ᠎ᠠ ᠠᠴᠠ ᠬᠡᠷᠦᠯᠦᠨ ᠤ ᠤᠨᠠᠭ᠎ᠠ ᠰᠢᠭ᠋ ᠭᠦᠶᠦᠭᠰᠡᠨ ᠬᠥᠭᠡᠷᠦᠬᠦᠨ ᠨᠠᠰᠤ ᠮᠢᠨᠢ ᠦᠨᠦᠷᠲᠦᠨ᠎ᠡ᠃ ᠦᠦᠷ ᠤᠨ ᠰᠢᠪᠠᠭᠤᠳ ᠲᠠᠢ ᠬᠠᠮᠲᠤ ᠬᠦᠦ ᠮᠢᠨᠢ ᠵᠡᠭᠦᠳᠦᠨ ᠳᠡᠭᠡᠨ ᠵᠢᠷᠭᠢᠨ᠎ᠡ ᠠᠳᠤᠭᠤ ᠢᠷᠡᠬᠦ ᠴᠢᠮᠡᠭᠡ ᠪᠠᠷ ᠠᠯᠠᠭ ᠦᠷ᠎ᠡ ᠮᠢᠨᠢ ᠬᠥᠯ ᠳᠤ ᠣᠷᠣᠨ᠎ᠠ ᠬᠥᠮᠥᠨ ᠤ ᠨᠤᠲᠤᠭ ᠲᠤ ᠬᠠᠪᠤᠷ ᠢᠷᠡᠬᠦ ᠪᠠᠷ ᠬᠦᠦ ᠲᠠᠢ ᠪᠠᠨ ᠪᠢ ᠬᠢᠯᠭᠠᠰᠤ ᠤᠷᠠᠨ᠎ᠠ ᠬᠠᠲᠠᠭᠤ ᠬᠦᠲᠡᠭᠦᠦ ᠬᠤᠷᠸ᠎ᠠ ᠶᠢᠨ ᠵᠢᠮ ᠢ ᠬᠠᠶᠢᠷᠠᠲᠠᠢ ᠬᠦᠦ ᠲᠠᠢ ᠪᠠᠨ ᠬᠤᠶᠠᠭᠤᠯᠠ ᠤᠷᠠᠨ᠎ᠠ᠃ ᠨᠠᠷᠠᠨ ᠤ ᠳᠣᠣᠷ᠎ᠠ ᠬᠦᠦ ᠲᠠᠢ ᠪᠠᠨ ᠬᠤᠶᠠᠭᠤᠯᠠ ᠬᠢᠯᠭᠠᠰᠤ ᠤᠷᠠᠨ᠎ᠠ ᠨᠠᠢᠮᠠᠨ ᠵᠠᠭᠤᠨ ᠤ ᠪᠦᠰᠡᠯᠡᠭᠦᠷ ᠢ ᠬᠦᠦ ᠲᠠᠢ ᠪᠠᠨ ᠬᠤᠶᠠᠭᠤᠯᠠ ᠡᠷᠴᠢᠯᠡᠨ᠎ᠡ ᠨᠠᠷᠠ ᠲᠤᠨᠤᠷᠠᠭᠰᠠᠨ ᠲᠣᠭᠤᠨᠣ ᠪᠠᠷ ᠨᠤᠲᠤᠭ ᠤᠨ ᠲᠡᠭᠷᠢ ᠠᠮᠤᠭᠤᠯᠠᠩ ᠴᠡᠩᠬᠡᠷᠯᠡᠨ᠎ᠡ ᠨᠠᠮᠢᠷᠠᠭᠰᠠᠨ ᠴᠠᠭᠠᠨ ᠰᠦᠯᠳᠡ ᠳᠡᠭᠡᠨ ᠬᠦᠦ ᠲᠠᠢ ᠪᠠᠨ ᠬᠤᠶᠠᠭᠤᠯᠠ ᠮᠥᠷᠭᠦᠨ᠎ᠡ᠃                ᠵᠣᠬᠢᠶᠠᠭᠴᠢ ᠶᠢᠨ ᠬᠠᠶ᠋ᠢᠭ᠄ ᠰᠢᠨ᠎ᠡ ᠪᠠᠷᠭᠤ ᠪᠠᠷᠠᠭᠤᠨ ᠬᠤᠰᠢᠭᠤᠨ ᠤ                                       ᠤᠳᠬ᠎ᠠ ᠤᠷᠠᠯᠢᠭ ᠤᠨ ᠬᠢᠨ ᠬᠤᠯᠪᠤᠭ᠎ᠠ
 
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号