ᠤᠳᠠᠭᠠᠨ ᠰᠠᠭᠤᠵᠤ ᠠᠵᠢᠯᠯᠠᠪᠠᠯ ᠭᠡᠳᠡᠰᠤᠨ ᠤ ᠦᠮᠡᠨ ᠳᠤ ᠨᠡᠷᠪᠡᠭᠳᠡᠬᠦ ᠲᠦᠭᠰᠢᠬᠦᠷᠢ ᠶᠢ ᠨᠡᠮᠡᠭᠳᠡᠬᠦᠯᠤᠨ᠎ᠠ | ᠰᠢᠨᠬᠤᠸᠠ ᠬᠤᠷᠢᠶᠠᠨ ᠤ ᠺᠠᠨᠪᠢᠷᠠ ᠶᠢᠨ 9 ᠰᠠᠷ᠎ᠠ ᠶᠢᠨ 4 ᠤ ᠡᠳᠤᠷ ᠤᠨ ᠮᠡᠳᠡᠭᠡ ︵ᠰᠤᠷᠪᠤᠯᠵᠢᠯᠠᠭᠴᠢ ᠵᠤᠤ | ᠪᠦᠸᠧ︶ᠠᠦ᠋ᠰᠲᠷᠠᠯᠢᠶ᠎ᠠ ᠶᠢᠨ ᠰᠤᠳᠤᠯᠭᠠᠨ ᠤ ᠬᠥᠮᠤᠰ ᠤᠨ 4 ᠤ ᠡᠳᠤᠷ ᠨᠡᠶᠢᠳᠡᠯᠡᠭᠰᠡᠨ ᠰᠤᠳᠤᠯᠭᠠᠨ ᠤ ᠳ᠋ᠦᠩ ᠳᠤ | ᠢᠯᠡᠷᠡᠬᠦᠯᠦᠭᠰᠡᠨᠵᠢᠡᠷ᠂ ᠤᠳᠠᠭᠠᠨ ᠰᠠᠭᠤᠵᠤ ᠠᠵᠢᠯᠯᠠᠪᠠᠯ ᠭᠡᠳᠡᠰᠤᠨ ᠤ ᠦᠮᠡᠨ ᠳᠤ ᠨᠡᠷᠪᠡᠭᠳᠡᠬᠦ ᠲᠦᠭᠰᠢᠬᠦᠷᠢ ᠶᠢ | ᠨᠡᠮᠡᠭᠳᠡᠬᠦᠯᠬᠦ ᠤᠴᠢᠷ ᠡᠴᠠᠢᠯᠡᠬᠦᠭᠡᠨ ᠬᠥᠳᠡᠯᠭᠡᠭᠡᠨ ᠬᠢᠵᠤ ᠡᠨᠡ ᠬᠦ ᠲᠦᠭᠰᠢᠬᠦᠷᠢ ᠶᠢ ᠪᠠᠭᠠᠰᠬᠠᠬᠤ ᠬᠡᠷᠡᠭᠳᠠᠢ ᠭᠡᠵᠠᠢ | ᠃ ᠲᠤᠰ ᠰᠤᠳᠤᠯᠭᠠᠨ ᠢ ᠠᠩᠭ᠍ᠯᠢ ᠶᠢᠨ《ᠲᠡᠯᠡᠭᠡᠢ ᠶᠢᠨ ᠲᠠᠬᠤᠯ ᠡᠪᠡᠳᠴᠢᠨ ᠤ ᠰᠤᠳᠤᠯᠤᠯ ᠰᠡᠳᠬᠦᠯ》 ᠳᠤ | ᠨᠡᠶᠢᠳᠡᠯᠡᠵᠠᠢ᠃ ᠠᠦ᠋ᠰᠲᠷᠠᠯᠢᠶ᠎ᠠ ᠶᠢᠨ ᠸᠢᠺᠲ᠋ᠤᠷᠢᠶ᠎ᠠ ᠶᠢᠨ ᠦᠮᠡᠨ ᠡᠪᠡᠳᠴᠢᠨ ᠤ ᠨᠡᠶᠢᠭᠡᠮᠯᠢᠭ ᠤᠨ ᠲᠡᠭᠡᠳᠤ ᠲᠡᠰ | ᠤᠨ ᠰᠤᠳᠤᠯᠤᠭᠴᠢ᠂ᠲᠤᠰ ᠰᠤᠳᠤᠯᠭᠠᠨ ᠤ ᠲᠦᠷᠤᠬᠦᠤ ᠵᠤᠬᠢᠶᠠᠭᠴᠢ ᠯᠢᠨᠴᠢ ᠳ᠋ᠤᠺᠲ᠋ᠤᠷ ᠬᠡᠯᠡᠬᠦ ᠳᠡᠭᠡᠨ᠂ | ᠰᠤᠳᠤᠯᠬᠤ ᠪᠠᠷ ᠲᠡᠮᠵᠢᠨ ᠤᠳᠠᠭᠠᠨᠰᠠᠭᠤᠵᠤ ᠠᠵᠢᠯᠯᠠᠳᠠᠭ ᠬᠥᠮᠤᠰ ᠤᠨ ᠭᠡᠳᠡᠰᠤᠨ ᠤ ᠦᠮᠡᠨ ᠳᠤ ᠨᠡᠷᠪᠡᠭᠳᠡᠬᠦ | ᠲᠦᠭᠰᠢᠬᠦᠷᠢ ᠨᠢ ᠪᠠᠷᠤᠭ 44% ᠨᠡᠮᠡᠭᠳᠡᠬᠦ ᠵᠢᠤᠯᠵᠤ ᠮᠡᠳᠡᠵᠠᠢ᠂ ᠡᠶᠢᠮᠤ ᠠᠴᠠ ᠶᠠᠪᠠᠭᠠᠨ ᠢᠶᠠᠷ ᠪᠤᠶᠤ ᠲᠤᠭᠤᠢ | ᠤᠨᠤᠵᠤ ᠠᠵᠢᠯ ᠳᠠᠭᠠᠨ ᠭᠠᠷᠬᠤ᠂ ᠡᠰᠡᠬᠦᠯ᠎ᠡ ᠠᠯᠪᠠᠨ ᠭᠡᠷ ᠲᠡᠭᠡᠨ ᠵᠤᠬᠢᠰᠳᠠᠢ ᠬᠥᠳᠡᠯᠭᠡᠭᠡᠨ ᠬᠢᠪᠠᠯ ᠰᠢᠯᠤᠭᠤᠨ | ᠭᠡᠳᠡᠰᠤᠨ ᠤ ᠦᠮᠡᠨ ᠪᠠ ᠬᠤᠳᠤᠷᠢᠩᠬᠠᠢ ᠬᠡᠳᠡᠰᠤᠨ ᠤ ᠦᠮᠡᠨ ᠳ᠋ᠥᠨᠡᠷᠪᠡᠭᠳᠡᠬᠦ ᠲᠦᠭᠰᠢᠬᠦᠷᠢ ᠶᠢ ᠪᠠᠭᠠᠰᠬᠠᠵᠤ | ᠪᠤᠯᠤᠨ᠎ᠠ ᠭᠡᠵᠠᠢ᠃ ᠯᠢᠨᠴᠢ ᠬᠡᠯᠡᠬᠦ ᠳᠡᠭᠡᠨ᠂ ᠤᠳᠠᠭᠠᠨ ᠰᠠᠭᠤᠬᠤ ᠨᠢ ᠪᠡᠶ᠎ᠡ ᠶᠢᠨ ᠬᠥᠨᠳᠤ ᠶᠢᠨ ᠵᠢᠭᠠᠯᠳᠠ ᠲᠤᠭ᠎ᠠ᠂ | ᠲᠠᠮᠠᠬᠢ ᠲᠠᠳᠠᠬᠤᠪᠠᠶᠢᠳᠠᠯ᠂ ᠠᠷᠢᠬᠢ ᠤᠤᠭᠤᠬᠤ ᠭᠡᠮᠵᠢᠶ᠎ᠠ ᠵᠡᠷᠭᠡ ᠦᠮᠡᠨ ᠳᠤ ᠨᠡᠷᠪᠡᠭᠳᠡᠬᠦ ᠬᠤᠯᠪᠤᠬᠳᠠᠯ ᠪᠦᠬᠦᠢ | ᠬᠥᠴᠤᠨ ᠵᠦᠢᠯ ᠲᠠᠢ ᠠᠳᠠᠯᠢ ᠪᠡᠷᠪᠡᠶᠡ ᠶᠢᠨ ᠡᠷᠡᠬᠦᠯ ᠮᠡᠨᠳᠤ ᠶᠢᠨ ᠪᠠᠶᠢᠳᠠᠯ ᠢ ᠨᠦᠯᠤᠭᠡᠯᠡᠬᠦ ᠨᠢᠭᠡ ᠬᠥᠴᠤᠨ ᠵᠦᠢᠯ | ᠮᠦᠨ᠃ ᠤᠷᠳᠤ ᠬᠤᠭᠤᠴᠠᠭ᠎ᠠ ᠪᠠᠷ ᠤᠳᠠᠭᠠᠨᠰᠠᠭᠤᠬᠤ ᠬᠥᠮᠤᠨ ᠤ ᠬᠡᠳᠡᠰᠤᠨ ᠤ ᠦᠮᠡᠨ ᠳᠤ ᠨᠡᠷᠪᠡᠭᠳᠡᠬᠦ | ᠲᠦᠭᠰᠢᠬᠦᠷᠢ ᠨᠢ ᠦᠨᠡᠭᠡᠷ ᠢᠯᠡᠬᠦᠤ ᠬᠥᠳᠡᠯᠭᠡᠭᠡᠨ ᠬᠢᠬᠦ ᠬᠥᠮᠤᠨ ᠠᠴᠠ ᠦᠨᠳᠤᠷ ᠪᠤᠯᠪᠠᠴᠤ ᠤᠳᠠᠭᠠᠨ ᠰᠠᠭᠤᠬᠤ ᠨᠢ | ᠦᠮᠡᠨ ᠡᠪᠡᠳᠴᠢᠨ ᠢ ᠡᠬᠦᠰᠭᠡᠬᠦ ᠦᠨᠳᠤᠷ ᠲᠦᠭᠰᠢᠬᠦᠷᠢᠳᠠᠢ ᠬᠥᠴᠤᠨ ᠵᠦᠢᠯᠪᠢᠰᠢ᠃ ᠤᠯᠠᠨ ᠤ ᠮᠡᠳᠡᠭᠡᠵᠢ ᠪᠠᠷ᠂ | ᠲᠠᠮᠠᠬᠢ ᠲᠠᠳᠠᠬᠤ ᠪᠤᠯ ᠠᠭᠤᠰᠬᠢᠨ ᠤ ᠦᠮᠡᠨ ᠢ ᠡᠬᠦᠰᠭᠡᠬᠦ ᠦᠨᠳᠤᠷ ᠲᠦᠭᠰᠢᠬᠦᠷᠢᠳᠠᠢ ᠬᠥᠴᠤᠨ ᠵᠦᠢᠯ ᠮᠦᠨ᠂ | ᠬᠡᠪᠡᠴᠤ ᠤᠳᠠᠭᠠᠨ ᠰᠠᠭᠤᠬᠤ ᠨᠢ ᠲᠠᠶᠢᠮᠤ ᠦᠨᠳᠤᠷ ᠲᠦᠭᠰᠢᠬᠦᠷᠢᠳᠠᠢ ᠬᠥᠴᠤᠨ ᠵᠦᠢᠯ ᠪᠢᠰᠢ ᠶᠤᠮᠭᠡᠵᠠᠢ᠃ | 《ᠤᠳᠠᠭᠠᠨ ᠰᠠᠭᠤᠵᠤ ᠠᠵᠢᠯᠯᠠᠬᠤ ᠶᠢ ᠤᠷᠢᠳᠤ ᠨᠢ ᠪᠢᠳᠡ ᠲᠦᠭᠰᠢᠬᠦᠷᠢ ᠶᠢᠨ ᠬᠥᠴᠤᠨ ᠵᠦᠢᠯ ᠢᠶᠠᠷ ᠠᠩᠬᠠᠷᠴᠤ | ᠪᠠᠶᠢᠬᠰᠠᠨ ᠦᠭᠡᠢ᠃ ᠵᠠᠮ ᠳᠠᠭᠠᠨ ᠬᠥᠳᠡᠯᠭᠡᠭᠡᠨ ᠬᠢᠵᠤ ᠠᠵᠢᠯ ᠳᠤ ᠭᠠᠷᠬᠤ ᠪᠤᠯ ᠬᠡᠳᠡᠰᠤᠨ ᠤ ᠦᠮᠡᠨ ᠳᠤ | ᠨᠡᠷᠪᠡᠭᠳᠡᠬᠦᠲ᠋ᠦ᠋ᠭᠰᠢᠬᠦᠷᠢ ᠶᠢ ᠪᠠᠭᠠᠰᠬᠠᠬᠤ ᠪᠦᠳᠤᠮᠵᠢᠳᠠᠢ ᠠᠷᠭ᠎ᠠ ᠮᠦᠨ᠃》ᠯᠢᠨᠴᠢ ᠬᠡᠯᠡᠬᠦ ᠳᠡᠭᠡᠨ᠂ ᠺᠤᠮᠫᠠᠨᠢ | ᠠᠵᠢᠯᠳᠠᠳ ᠤᠨ ᠭᠡᠰᠡᠭ ᠴᠠᠭ ᠠᠵᠢᠯᠯᠠᠪᠠᠯ ᠪᠠᠭ᠎ᠠ ᠰᠠᠭ᠎ᠠ ᠬᠥᠳᠡᠯᠭᠡᠭᠡᠨ ᠬᠢᠬᠦ ᠶᠢ ᠵᠤᠷᠢᠬᠵᠢᠭᠤᠯᠬᠤ ᠶᠢᠨ ᠬᠠᠮᠳᠤ | ᠲᠤᠭᠤᠢ ᠲᠡᠷᠭᠡ ᠲᠠᠯᠪᠢᠬᠤ ᠭᠠᠵᠠᠷ ᠵᠡᠷᠭᠡᠬᠥ᠋ᠳᠡᠯᠭᠡᠭᠡᠨ ᠬᠢᠵᠤ ᠠᠵᠢᠯ ᠳᠠᠭᠠᠨ ᠭᠠᠷᠬᠤ ᠳᠤ ᠲᠤᠰᠠᠳᠠᠢ ᠲᠦᠬᠦᠭᠡᠷᠤᠮᠵᠢ | ᠶᠢ ᠬᠠᠩᠭᠠᠪᠠᠯ ᠵᠤᠬᠢᠨ᠎ᠠ ᠭᠡᠵᠠᠢ᠃ |