ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠣᠭᠡᠷ ᠲᠤᠮᠳᠠᠳᠤ ᠰᠣᠷᠭᠠᠭᠤᠯᠢ ᠠᠴᠠ ︽ᠨᠤᠮ ᠤᠨ ᠴᠠᠭᠠᠨ ᠪᠤᠶᠠᠨ ᠲᠡᠯᠭᠡᠷᠡᠳᠣᠭᠡᠢ︾ ᠭᠡᠭᠦ ᠭᠤᠤᠯ ᠰᠡᠳᠣᠪᠳᠣ | ᠨᠤᠮ ᠬᠠᠨᠳᠢᠪᠯᠠᠬᠤ ᠭᠥᠳᠡᠯᠭᠡᠭᠡᠨ ᠥᠷᠨᠢᠭᠦᠯᠤᠭ᠍ᠰᠡᠨ | | ᠰᠣᠷᠪᠤᠯᠵᠢᠯᠠᠭᠴᠢ ᠰᠣᠯᠣᠩᠭᠤᠸ᠎ᠠ ᠪᠠᠢ ᠭᠥᠸᠧ ᠵᠢᠶᠥ᠋ᠨ | 11ᠰᠠᠷᠠᠶᠢᠨ13 ᠤ ᠡᠳᠣᠷ᠂ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠣᠭᠡᠷ ᠲᠤᠮᠳᠠᠳᠤ ᠰᠣᠷᠭᠠᠭᠤᠯᠢ ᠶᠢᠨ ᠪᠠᠶ᠎ᠠ ᠲᠠᠮᠢᠷ ᠤᠨ ᠤᠷᠳᠤᠨ ᠳᠤ᠂ ︽ | ᠨᠤᠮ ᠤᠨ ᠴᠠᠭᠠᠨ ᠪᠤᠶᠠᠨ ᠲᠡᠯᠭᠡᠷᠡᠳᠣᠭᠡᠢ︾ ᠭᠡᠭᠦ ᠭᠤᠤᠯ ᠰᠡᠳᠣᠪᠳᠣ ᠨᠤᠮ ᠬᠠᠨᠳᠢᠪᠯᠠᠬᠤ ᠭᠥᠳᠡᠯᠭᠡᠭᠡᠨᠶᠠᠪᠤᠭᠳᠠᠵᠤ᠂ ᠬᠦᠯᠤᠨ ᠪᠤᠶᠢᠷ ᠬᠤᠳᠠ ᠶᠢᠨ ᠵᠢᠭᠠᠬᠤ ᠶᠢ | ᠰᠣᠳᠣᠯᠬᠤ ᠲᠥᠪ᠂ ᠰᠢᠨ᠎ᠡ ᠪᠠᠷᠭᠤ ᠪᠠᠷᠠᠭᠤᠨ ᠬᠤᠰᠢᠭᠤᠨ ᠤ ᠰᠣᠷᠭᠠᠨ ᠭᠥᠮᠤᠵᠢᠯ ᠤᠨ ᠲᠤᠪᠴᠢᠶ᠎ᠠ᠂ ᠬᠤᠰᠢᠭᠤᠨ ᠤ ᠵᠢᠭᠠᠬᠤ ᠶᠢ ᠰᠣᠳᠣᠯᠬᠤ ᠲᠥᠪ ᠤᠨ | ᠰᠣᠳᠣᠯᠤᠭᠴᠢ ᠪᠠᠭᠰᠢ ᠵᠢᠴᠢ ᠨᠢᠭᠡᠳᠣᠭᠡᠷ ᠲᠤᠮᠳᠠᠳᠤ ᠰᠣᠷᠭᠠᠭᠤᠯᠢ ᠶᠢᠨ ᠪᠥᠭᠦ ᠪᠠᠭᠰᠢ ᠰᠣᠷᠣᠭᠴᠢᠳ ᠲᠤᠰ ᠤᠳᠠᠭᠠᠨ ᠤ ᠭᠥᠳᠡᠯᠭᠡᠭᠡᠨ ᠳᠤ ᠤᠷᠤᠯᠴᠠᠪᠠ᠃ | ᠰᠠᠷ᠎ᠠ ᠪᠤᠯᠭᠠᠨ ᠤ ᠬᠤᠶᠠᠳᠣᠭᠠᠷ ᠭᠠᠷᠠᠭ ᠤᠨ ᠨᠢᠭᠡᠳᠤᠭᠡᠷ ᠡᠳᠣᠷ ᠪᠤᠯ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠣᠭᠡᠷ ᠲᠤᠮᠳᠠᠳᠤ ᠰᠣᠷᠭᠠᠭᠤᠯᠢ ᠶᠢᠨ | ᠮᠤᠩᠭᠤᠯ ᠢᠶᠠᠷ ᠢᠶᠠᠨ ᠭᠤᠶᠤᠯᠠᠬᠤ ᠡᠳᠣᠷ ᠪᠤᠯᠤᠨ᠎ᠡ᠂ ᠥᠨᠤᠳᠤᠷ ᠨᠢᠭᠡᠳᠣᠭᠡᠷ ᠲᠤᠮᠳᠠᠳᠤ ᠰᠣᠷᠭᠠᠭᠤᠯᠢ ᠶᠢᠨ ᠪᠥᠭᠦ ᠪᠠᠭᠰᠢ ᠰᠣᠷᠣᠭᠴᠢᠳ ᠠᠴᠠ ᠮᠤᠩᠭᠤᠯ | ᠦᠨᠳᠤᠰᠤᠳᠠᠨ ᠤ ᠤᠯᠠᠵᠢᠯᠠᠯᠳᠤ ᠬᠤᠪᠴᠠᠰᠣ ᠵᠠᠰᠠᠯ ᠢᠶᠠᠷ ᠢᠶᠠᠨ ᠭᠤᠶᠤᠯᠠᠵᠤ᠂ ︽ᠨᠤᠮ ᠤᠨ ᠴᠠᠭᠠᠨ ᠪᠤᠶᠠᠨ ᠲᠡᠯᠭᠡᠷᠡᠳᠣᠭᠡᠢ︾ ᠭᠡᠭᠦ ᠭᠤᠤᠯ ᠰᠡᠳᠣᠪᠳᠣ ᠨᠤᠮ | ᠬᠠᠨᠳᠢᠪᠯᠠᠬᠤ ᠭᠥᠳᠡᠯᠭᠡᠭᠡᠨ ᠳᠤ ᠤᠷᠤᠯᠴᠠᠵᠤ᠂ ᠰᠣᠷᠭᠠᠭᠤᠯᠢ ᠶᠢᠨ ᠨᠤᠮ ᠤᠨ ᠰᠠᠩ ᠳᠠᠭᠠᠨ ᠤᠯᠠᠨ ᠲᠦᠷᠤᠯ ᠤᠨ ᠨᠤᠮ ᠲᠡᠪᠳᠡᠷ ᠬᠠᠨᠳᠢᠪᠯᠠᠭᠰᠠᠨ ᠪᠠᠶᠢᠨ᠎ᠠ ᠃ | ᠭᠥᠳᠡᠯᠭᠡᠭᠡᠨ ᠨᠢ ᠨᠤᠮ ᠬᠠᠨᠳᠢᠪᠯᠠᠬᠤ ᠵᠢᠴᠢ ᠭᠠᠷ ᠤᠨ ᠥᠰᠣᠭ᠌ ᠵᠢᠷᠤᠬᠤ ᠠᠭᠤᠯᠭ᠎ᠠ ᠪᠠᠷ ᠶᠠᠪᠤᠭᠳᠠᠵᠤ᠂ ᠭᠥᠳᠡᠯᠭᠡᠭᠡᠨ ᠤ ᠶᠠᠪᠤᠴᠠ ᠳᠤ᠂ ᠨᠢᠭᠡᠳᠣᠭᠡᠷ | ᠲᠤᠮᠳᠠᠳᠤ ᠰᠣᠷᠭᠠᠭᠤᠯᠢ ᠶᠢᠨ ᠪᠠᠭᠰᠢ ᠰᠣᠷᠣᠭᠴᠢᠳ ᠠᠴᠠ 100 ᠭᠠᠷᠣᠢ ᠲᠡᠪᠳᠡᠷ ᠨᠤᠮ ᠬᠠᠨᠳᠢᠪᠯᠠᠭᠰᠠᠨ ᠪᠠᠶᠢᠨ᠎ᠠ᠃ ᠲᠤᠰ ᠤᠳᠠᠭᠠᠨ ᠤ ᠨᠤᠮ ᠬᠠᠨᠳᠢᠪᠯᠠᠬᠤ | ᠭᠥᠳᠡᠯᠭᠡᠭᠡᠨ ᠪᠤᠯ ᠲᠤᠰ ᠰᠣᠷᠭᠠᠭᠤᠯᠢ ᠶᠢᠨ ᠪᠢᠴᠢᠭ ᠤᠨ ᠰᠣᠷᠪᠤᠯᠵᠢᠳᠣ ᠰᠣᠷᠭᠠᠭᠤᠯᠢ ᠶᠢᠨ ᠭᠥᠷᠢᠶ᠎ᠠ ᠶᠢ ᠪᠥᠳᠣᠭᠡᠨ ᠪᠠᠶᠢᠭᠤᠯᠬᠤ ᠭᠥᠳᠡᠯᠭᠡᠭᠡᠨ ᠤ ᠨᠢᠭᠡ ᠠᠭᠤᠯᠭ᠎ᠠ | ᠪᠤᠯᠤᠨ᠎ᠡ᠃ | ᠡᠨᠡᠭᠦ ᠭᠥᠳᠡᠯᠭᠡᠭᠡᠨ ᠢᠶᠠᠷ ᠲᠠᠮᠵᠢᠵᠤ᠂ ᠰᠣᠷᠣᠭᠴᠢᠳ ᠤᠨ ᠨᠤᠮ ᠤᠨ ᠲᠤᠬᠠᠢ ᠲᠠᠨᠢᠯᠳᠠ ᠶᠢ ᠨᠡᠮᠡᠭᠳᠡᠭᠦᠯᠵᠤ᠂ ︽ᠨᠤᠮ ᠲᠠᠢ ᠨᠥᠭᠦᠷᠯᠡᠵᠤ ᠨᠤᠮ ᠤᠨ ᠰᠠᠶᠢᠨ | ᠨᠠᠶᠢᠵᠠ ᠪᠤᠯᠤᠶ᠎ᠠ︾᠂ ︽ᠡᠳᠣᠷ ᠪᠥᠷᠢ ᠨᠤᠮ ᠤᠩᠰᠢᠵᠤ᠂ ᠥᠯᠠᠮᠵᠢ ᠮᠡᠳᠡᠯᠭᠡ ᠲᠠᠢ ᠪᠤᠯᠤᠶ᠎ᠠ︾ ᠭᠡᠵᠤ ᠥᠷᠭᠡᠨ ᠢᠶᠠᠷ ᠤᠷᠢᠶᠠᠯᠠᠭᠰᠠᠨ ᠪᠠᠶᠢᠨ᠎ᠠ᠃ | | | | | |