ᠬᠦᠭᠡ ᠵᠢᠮᠢᠰᠭᠡᠨᠠ ᠶᠢᠨ ᠪᠤᠷᠤᠯᠠᠭᠤᠯᠭ᠎ᠠ ᠰᠠᠶᠢᠨ ᠪᠠᠶᠢᠨ᠎ᠠ | ᠠᠷᠪᠠᠨ ᠰᠠᠷ᠎ᠠ ᠶᠢᠨ ᠡᠬᠢ ᠪᠤᠯᠵᠦ᠂ ᠮᠠᠠ ᠤ ᠬᠤᠳᠠ ᠶᠢᠨ ᠬᠦᠭᠡ ᠵᠢᠮᠢᠰᠭᠡᠨᠠ ᠶᠢᠨ ᠪᠤᠷᠤᠯᠠᠭᠤᠯᠭ᠎ᠠ ᠴᠦ | ᠰᠢᠪᠳᠤᠷᠭᠠᠨ ᠳᠠᠭᠠᠨ ᠤᠷᠤᠯ᠎ᠠ᠃ ᠰᠤᠷᠪᠤᠯᠵᠢᠯᠬᠠᠴᠢ ᠬᠠᠶᠢᠯᠠᠷ ᠲᠤᠭᠤᠷᠢᠭ ᠤᠨ ᠰᠢᠨ ᠴᠢᠶᠤᠤ ᠵᠠᠬ᠎ᠠ ᠲᠡᠯᠭᠡᠭᠦᠷ ᠢᠶᠠᠷ | ᠶᠠᠪᠤᠵᠦ ᠰᠤᠷᠪᠤᠯᠵᠢᠯᠠᠬᠤ ᠳᠤ ᠬᠦᠬᠡ ᠵᠢᠮᠢᠰᠭᠡᠨᠠ ᠶᠢᠨ ᠮᠠᠶᠢᠮᠠᠶᠢᠴᠢᠨ ᠲᠤᠩ ᠤᠯᠠᠠ ᠪᠠᠶᠢᠵᠦ᠂ ᠦᠨ᠎ᠠ ᠨᠢ | ᠵᠢᠩ ᠳᠡᠭᠡᠨ 22 - 28 ᠲᠦᠭᠦᠷᠢᠭ ᠤᠨ ᠬᠤᠭᠤᠷᠤᠠᠳᠤ ᠪᠠᠶᠢᠯ᠎ᠠ᠃ ᠵᠬᠠᠳᠠᠴᠢ ᠶᠢᠨ ᠬᠦᠬᠡ ᠵᠢᠮᠢᠰᠭᠡᠨᠠ | ᠮᠦᠬᠦᠯᠢᠭ ᠨᠢ ᠶᠡᠭᠡ ᠪᠤᠯᠬᠤᠷ ᠵᠢᠩ ᠳᠡᠭᠡᠨ 28 ᠲᠦᠭᠦᠷᠢᠭ ᠲᠤ ᠬᠦᠷᠴᠦ᠂ ᠭᠡᠭᠡᠨ ᠭᠤᠤᠯ ᠤᠨ ᠬᠦᠭᠡ ᠵᠢᠮᠢᠰᠭᠡᠨᠠ | ᠵᠢᠩ ᠳᠡᠭᠡᠨ 26 ᠲᠦᠭᠦᠷᠢᠭ ᠲᠤ ᠬᠦᠷᠴᠦ ᠪᠠᠶᠢᠪᠠ᠃ ᠶᠠᠭ ᠰᠠᠶᠢᠬᠠᠠ ᠬᠦᠭᠡ ᠵᠢᠮᠢᠰᠭᠡᠨᠠ ᠬᠤᠳᠠᠯᠳᠤᠨ ᠠᠪᠴᠦ | ᠪᠠᠶᠢᠠᠠᠰᠠᠠ ᠵᠠᠩ ᠠᠪᠠᠭ᠋ᠠᠢ᠄ ︽ᠮᠠᠠ ᠤ ᠭᠡᠷ ᠢᠶᠠᠷ ᠢᠶᠠᠨ ᠬᠦᠬᠡ ᠵᠢᠮᠢᠰᠭᠡᠨᠠ ᠢᠳᠡᠬᠦ ᠲᠤᠷ᠎ᠠ ᠲᠠᠢ᠂ ᠬᠦᠬᠡ ᠵᠢᠮᠢᠰᠭᠡᠨᠠ | ᠪᠤᠬᠢᠷᠳᠤᠯ ᠦᠭᠡᠢ᠂ ᠪᠢ ᠡᠨᠡ ᠤᠳᠠᠭ᠎ᠠ 20 ᠵᠢᠩ ᠠᠪᠤᠪᠠ᠂ ᠬᠦᠯᠳᠡᠭᠡᠭᠦᠷ ᠲᠡᠭᠡᠨ ᠬᠢᠵᠦ ᠬᠠᠳᠠᠭᠠᠯᠠᠠ ᠡᠪᠤᠯᠵᠢᠨ | ᠢᠳᠡᠨ᠎ᠠ︾ ᠭᠡᠵᠦ ᠰᠤᠷᠪᠤᠯᠵᠢᠯᠬᠠᠴᠢ ᠳᠤ ᠶᠠᠷᠢᠨ᠎ᠠ᠃ ᠰᠤᠷᠪᠤᠯᠵᠢᠯᠬᠠᠴᠢ ᠶᠢᠨ ᠤᠢᠢᠯᠠᠭᠠᠠᠠᠰᠠᠠ ᠢᠶᠠᠷ᠂ ᠵᠠᠬ᠎ᠠ | ᠲᠡᠯᠭᠡᠭᠦᠷ ᠲᠤ ᠪᠤᠷᠤᠯᠠᠭᠤᠯᠵᠦ ᠪᠠᠶᠢᠭ᠎ᠠ ᠬᠦᠭᠡ ᠵᠢᠮᠢᠰᠭᠡᠨᠠ ᠶᠢᠨ ᠭᠠᠷᠤᠯᠳᠠ ᠶᠢᠨ ᠤᠷᠤᠨ ᠭᠤᠤᠯ ᠨᠢ ᠭᠡᠭᠡᠨ ᠭᠤᠤᠯ᠂ | ᠶᠬᠠᠰᠢ᠂ ᠮᠤᠷᠳᠠᠭ᠎ᠠ᠂ ᠵᠬᠠᠳᠠᠴᠢ ᠪᠠᠶᠢᠵᠦ᠂ ᠠᠳᠠᠯᠢ ᠪᠤᠰᠤ ᠭᠠᠵᠠᠷ ᠤᠨ ᠬᠦᠭᠡ ᠵᠢᠮᠢᠰᠭᠡᠨᠠ ᠶᠢᠨ ᠶᠡᠭᠡ ᠪᠠᠭ᠎ᠠ ᠨᠢ | ᠠᠳᠠᠯᠢ ᠦᠭᠡᠢ᠂ ᠦᠨ᠎ᠠ ᠨᠢ ᠴᠦ ᠠᠳᠠᠯᠢ ᠦᠭᠡᠢ᠃ ᠶᠡᠷᠦ ᠨᠢ 8 ᠳ᠋ᠤᠭᠠᠷ ᠰᠠᠷ᠎ᠠ ᠪᠤᠯ ᠬᠦᠭᠡ ᠵᠢᠮᠢᠰᠭᠡᠨᠠ ᠲᠡᠭᠦᠬᠦ | ᠬᠦᠭᠵᠢᠶᠡᠠᠳᠠᠢ ᠤᠯᠠᠷᠢᠯ ᠪᠠᠶᠢᠵᠦ᠂ ᠭᠠᠷᠤᠯᠳᠠ ᠨᠢ ᠶᠡᠭᠡ᠂ ᠦᠨ᠎ᠠ ᠨᠢ ᠬᠢᠮᠳᠠ᠂ ᠵᠢᠩ ᠳᠡᠭᠡᠨ ᠰᠠᠶ᠋ᠢ 20 | ᠲᠦᠭᠦᠷᠢᠭ ᠲᠤ ᠬᠦᠷᠳᠡᠭ᠃ 9 ᠳ᠋ᠤᠭᠡᠷ ᠰᠠᠷ᠎ᠠ ᠶᠢᠨ ᠰᠡᠬᠦᠯᠴᠢ ᠪᠤᠯᠪᠠᠯ ᠬᠦᠭᠡ ᠵᠢᠮᠢᠰᠭᠡᠨᠠ ᠶᠢᠨ ᠭᠠᠷᠤᠯᠳᠠ ᠨᠢ ᠪᠠᠭ᠎ᠠ | ᠪᠤᠯᠵᠦ᠂ ᠦᠨ᠎ᠠ ᠨᠢ ᠴᠦ ᠲᠠᠭᠠᠯᠳᠤᠨ ᠦᠰᠴᠦ᠂ ᠵᠢᠩ ᠳᠡᠭᠡᠨ 40 ᠭᠠᠷᠤᠢ ᠲᠦᠭᠦᠷᠢᠭ ᠲᠤ ᠬᠦᠷᠳᠡᠭ ᠪᠠᠶᠢᠨ᠎ᠠ᠃ |