ᠤᠨᠴᠠᠯᠢᠬᠳᠤ ᠲᠡᠵᠢᠭᠡᠪᠦᠷᠢ ᠶᠢᠨ ᠤᠨᠢᠨ ᠲᠡᠭᠡᠷ᠎ᠡ ᠬᠡᠶᠢᠭᠰᠡᠨ ᠮᠠᠯᠴᠢᠨ ᠤᠬᠠᠭᠠᠨ
ᠨᠡᠶᠢᠲᠡᠯᠡᠭᠰᠡᠨ ᠴᠠᠭ᠄
2017/11/13
ᠤᠨᠴᠠᠯᠢᠬᠳᠤ ᠲᠡᠵᠢᠭᠡᠪᠦᠷᠢ  ᠶᠢᠨ ᠤᠨᠢᠨ ᠲᠡᠭᠡᠷ᠎ᠡ ᠬᠡᠶᠢᠭᠰᠡᠨ ᠮᠠᠯᠴᠢᠨ  ᠤᠬᠠᠭᠠᠨ ᠬᠦᠯᠦᠨ ᠪᠤᠶᠢᠷ ᠬᠤᠳᠠ ᠶᠢᠨ ᠡᠸᠡᠩᠬᠢ ᠦᠨᠳᠦᠰᠦᠳᠡᠨ ᠤ ᠦᠪᠡᠷᠳᠡᠬᠡᠨ ᠵᠠᠰᠠᠬᠤ ᠬᠤᠰᠢᠭᠤᠨ ᠤ ᠪᠠᠶᠠᠨᠴᠠᠭᠠᠨ ᠰᠤᠮᠤᠨ ᠤ ᠮᠡᠬᠡᠷᠳᠦ ᠭᠠᠴᠠᠭᠠᠨ ᠤ ᠮᠠᠯᠴᠢᠨ ᠶᠠᠩ ᠬᠦᠸᠧ ᠢ ᠡᠨᠡ ᠵᠢᠯ 7000 ᠭᠠᠯᠠᠭᠤ ᠲᠡᠵᠢᠬᠡᠬᠡᠳ ᠭᠤᠷᠪᠠᠨ ᠰᠠᠷ᠎ᠠ ᠶᠢᠨ ᠬᠤᠭᠤᠴᠠᠭᠠᠨ ᠳᠤ 12 ᠲᠦᠮᠡᠨ ᠲᠦᠬᠦᠷᠢᠭ ᠤᠨ ᠠᠰᠢᠭ ᠤᠷᠤᠯᠭ᠎ᠠ ᠤᠯᠤᠭᠰᠠᠨ ᠰᠤᠷᠠᠭ ᠢᠶᠠᠷ ᠮᠠᠨ ᠤ ᠰᠤᠷᠪᠤᠯᠵᠢᠯᠠᠬᠤ ᠳᠤᠭᠤᠢᠢᠯᠠᠩ ᠤᠨ ᠬᠢᠨ ᠲᠡᠳᠡᠨ ᠤ ᠳᠤ ᠬᠦᠷᠴᠦ ᠪᠢᠯᠡ᠃           ᠶᠠᠩ ᠬᠦᠸᠧ ᠢ ᠪᠤᠯ ᠤᠷᠤᠯᠳᠤᠯᠭ᠎ᠠ ᠰᠠᠶᠢᠳᠠᠢ ᠬᠠᠰᠢᠷ ᠮᠠᠯᠴᠢᠨ ᠶᠤᠮ᠃ ᠲᠡᠳᠡᠨᠡᠶᠢᠬᠢᠨ ᠬᠤᠷᠢᠭᠠᠳ ᠦᠭᠡᠷ᠂ ᠬᠤᠷᠢᠭᠠᠳ ᠠᠳᠤᠭᠤ᠂ ᠵᠠᠭᠤᠭᠠᠳ ᠬᠤᠨᠢ ᠲᠠᠢ᠃ ᠤᠢᠢᠷ᠎ᠠ ᠶᠢᠨ ᠬᠡᠳᠦᠨ ᠵᠢᠯ ᠤᠨ ᠳᠤᠷᠰᠢ᠂ ᠭᠠᠩ ᠬᠠᠭᠰᠠᠷᠠᠭᠠᠨ ᠬᠡᠴᠡᠬᠦᠳᠡᠨ᠂ ᠬᠠᠳᠤᠯᠠᠩ ᠡᠪᠠᠰᠤ ᠳᠤᠳᠠᠭᠳᠠᠵᠦ᠂ ᠮᠠᠯ ᠠᠵᠤ ᠠᠬᠤᠢ ᠳᠤ ᠵᠠᠷᠤᠴᠠᠭᠤᠯᠬᠤ ᠪᠡᠯᠡ ᠮᠦᠩᠬᠦ ᠶᠡᠭᠡ ᠪᠤᠯᠤᠭᠰᠠᠨ ᠤ ᠲᠡᠬᠡᠷ᠎ᠠ ᠵᠠᠬ᠎ᠠ ᠲᠡᠯᠬᠡᠬᠦᠷ ᠲᠠᠬᠢ ᠬᠤᠨᠢ ᠢᠮᠠᠭᠠᠨ ᠤ ᠦᠨ᠎ᠠ ᠬᠠᠩᠰᠢ ᠪᠠᠭᠤᠷᠠᠭᠰᠠᠨ ᠠᠴᠠ ᠮᠠᠯᠴᠢᠳ ᠤᠨ ᠤᠷᠤᠯᠭ᠎ᠠ ᠪᠠᠭᠤᠷᠠᠵᠡᠢ᠃ ᠡᠨᠡᠬᠦ ᠬᠠᠳᠠᠭᠤ ᠰᠢᠯᠭᠠᠯᠳᠠ ᠶᠢᠨ ᠡᠮᠦᠨ᠎ᠠ᠂ ᠤᠯᠠᠩᠬᠢ ᠮᠠᠯᠴᠢᠳ ︽ᠪᠤᠭ ᠮᠠᠯ ᠢᠶᠠᠨ ᠬᠠᠰᠤᠵᠤ᠂ ᠪᠤᠳᠠ ᠮᠠᠯ ᠢᠶᠠᠨ ᠨᠡᠮᠡᠭᠳᠡᠬᠦᠯᠬᠦ︾ ᠮᠠᠯ ᠠᠵᠤ ᠠᠬᠤᠢ ᠶᠢᠨ ᠪᠦᠳᠦᠴᠡ ᠳᠡᠭᠡᠨ ᠳᠤᠬᠢᠷᠠᠭᠤᠯᠤᠯᠳᠠ ᠬᠢᠭᠰᠡᠨ ᠪᠠᠶᠢᠬᠤ ᠳᠤ ᠶᠠᠩ ᠬᠦᠸᠧ ᠢ ᠬᠠᠷᠢᠨ ᠤᠨᠴᠠᠯᠢᠭᠳᠤ ᠲᠡᠵᠢᠬᠡᠪᠤᠷᠢ ᠡᠷᠬᠢᠯᠡᠬᠦ ᠵᠠᠮ ᠢᠶᠠᠷ ᠵᠠᠮᠨᠠᠭᠰᠠᠨ ᠪᠠᠶᠢᠵᠠᠢ᠃ ᠲᠡᠷᠡ ᠤᠯᠠᠮᠵᠢᠯᠠᠯᠳᠤ ᠮᠠᠯᠵᠢᠯ ᠤᠨ ᠰᠠᠭᠤᠷᠢᠨ ᠲᠡᠭᠡᠷ᠎ᠠ ᠪᠠᠨ ᠶᠠᠭᠤ ᠨᠢᠭᠡ ᠬᠢᠵᠦ ᠤᠷᠤᠯᠭ᠎ᠠ ᠪᠠᠨ ᠨᠡᠮᠡᠭᠳᠡᠬᠦᠯᠬᠦ ᠪᠢᠯᠡ ᠬᠡᠵᠦ ᠰᠠᠨᠠᠭᠠᠰᠢᠷᠠᠨ ᠪᠠᠶᠢᠬᠤ ᠳᠤ ᠭᠠᠯᠠᠭᠤ ᠲᠡᠵᠢᠬᠡᠪᠡᠯ ᠤᠷᠤᠯᠭ᠎ᠠ ᠤᠯᠬᠤ ᠳᠤ ᠲᠦᠷᠬᠡᠨ ᠬᠡᠳᠡᠭ ᠢ ᠪᠤᠰᠤᠳ ᠠᠴᠠ ᠰᠤᠨᠤᠰᠤᠭᠠᠳ ᠳᠤᠰᠬᠠᠢᠢᠯᠠᠨ ᠵᠢᠶᠠᠩᠰᠤ ᠮᠤᠵᠢ ᠶᠢᠨ ᠭᠠᠯᠠᠭᠤ ᠲᠡᠵᠢᠬᠡᠬᠦ ᠰᠠᠭᠤᠷᠢᠨ ᠭᠠᠵᠠᠷ ᠢᠶᠠᠷ ᠳᠤᠭᠤᠷᠢᠨ ᠦᠵᠡᠵᠦ᠂ ᠭᠠᠯᠠᠭᠤ ᠲᠡᠵᠢᠬᠡᠵᠦ ᠪᠠᠶᠢᠭ᠎ᠠ ᠡᠷᠦᠬᠡ ᠪᠠᠷ ᠬᠦᠨᠵᠡᠬᠡᠶᠢᠷᠡᠨ ᠪᠠᠶᠢᠴᠠᠭᠠᠯᠳᠠ ᠬᠢᠵᠦ᠂ ᠤᠷᠢᠳᠠᠪᠠᠷ ᠳᠤᠷᠰᠢᠨ ᠲᠡᠵᠢᠬᠡᠬᠦ ᠪᠠᠷ ᠵᠤᠷᠢᠭ ᠰᠢᠭᠤᠳᠤᠭᠰᠠᠨ ᠨᠢ ᠬᠤᠶᠠᠷᠬᠠᠨ ᠵᠢᠯ ᠤᠨ ᠡᠮᠦᠨᠡᠬᠢ ᠤᠴᠢᠷ᠃           ᠲᠦᠮᠡᠨ ᠠᠯᠬᠤᠮ ᠤᠨ ᠲᠦᠷᠦᠬᠦᠦ ᠠᠯᠬᠤᠮ ᠨᠢ ᠬᠦᠴᠢᠷ ᠬᠡᠳᠡᠭ ᠢᠶᠠᠷ ᠶᠠᠩ ᠬᠦᠸᠧ ᠢ ᠭᠠᠯᠠᠭᠤ ᠲᠡᠵᠢᠭᠡᠵᠦ ᠦᠩᠭᠡᠷᠡᠭᠰᠡᠨ ᠦᠬᠡᠢ᠂ ᠭᠠᠯᠠᠭᠤᠨ ᠤ ᠳᠤᠬᠠᠢ ᠤᠢᠢᠯᠠᠭᠠᠭᠳᠠᠬᠤᠨ ᠳᠦᠢᠯ ᠤᠨ ᠬᠦᠶᠦᠬᠡᠨ ᠪᠤᠯᠬᠤᠷ ᠨᠢᠳᠤᠨᠤᠨ ᠵᠢᠯ ᠵᠢᠶᠠᠩᠰᠤ ᠠᠴᠠ 1000 ᠯᠠᠢ ᠶᠢᠨ ᠡᠬᠦᠯᠳᠡᠷ ᠤᠨ ᠵᠤᠯᠵᠠᠭᠠᠨ ᠭᠠᠯᠠᠭᠤ ᠵᠠᠬᠢᠶᠠᠯᠠᠵᠤ᠂ ᠨᠠᠨᠵᠢᠩ ᠠᠴᠠ ᠨᠢᠰᠬᠡᠯ ᠢᠶᠠᠷ ᠬᠠᠶᠢᠯᠠᠷ ᠲᠤ ᠵᠦᠬᠡᠬᠡᠪᠦᠷᠢᠯᠡᠨ ᠠᠪᠴᠢᠷᠠᠬᠤ ᠵᠠᠮ ᠳᠤᠮᠳᠠ ᠪᠠᠨ 100 ᠭᠠᠷᠤᠢ ᠨᠢ ᠲᠠᠷᠤᠭᠳᠠᠨ ᠦᠬᠦᠵᠦ᠂ ᠬᠠᠶᠢᠯᠠᠷ ᠠᠴᠠ ᠬᠡᠷ ᠲᠡᠭᠡᠨ ᠠᠪᠴᠢᠷᠠᠬᠤ ᠦᠶ᠎ᠠ ᠳᠤ ᠲᠦᠷᠢᠶᠠᠰᠤᠯᠡᠭᠰᠡᠨ ᠮᠠᠰᠢᠨ ᠨᠢ ᠴᠢᠬᠤᠯᠳᠠᠨ ᠵᠠᠮ ᠳᠤᠮᠳᠠ ᠪᠠᠨ 200 ᠰᠢᠬᠠᠮ ᠨᠢ ᠲᠠᠷᠤᠭᠳᠠᠨ ᠦᠬᠦᠭᠰᠡᠨ ᠬᠡᠨ᠎ᠠ᠃ ︽ᠰᠠᠶ᠋ᠢ ᠠᠪᠴᠢᠷᠠᠭᠰᠠᠨ ᠲᠠᠷᠤᠢ ᠳᠠᠭᠠᠨ ᠵᠤᠯᠵᠠᠭᠠᠨ ᠭᠠᠯᠠᠭᠤ ᠪᠠᠨ ᠬᠤᠬᠢᠷᠠᠭᠤᠯᠬᠤ ᠠᠴᠠ ᠬᠢᠴᠢᠶᠠᠨ ᠭᠠᠯᠠᠭᠤ ᠪᠠᠨ ᠮᠠᠨᠠᠵᠤ ᠭᠤᠷᠪᠠᠨ ᠰᠦᠨᠢ ᠭᠤᠷᠪᠠᠨ ᠡᠳᠦᠷ ᠢ ᠨᠦᠢᠷ ᠬᠤᠭᠤᠯᠠ ᠦᠬᠡᠢ ᠦᠩᠭᠡᠷᠡᠬᠦᠯᠵᠦ ᠪᠠᠶᠢᠭᠰᠠᠨ︾ ᠬᠡᠵᠦ ᠶᠠᠩ ᠬᠦᠸᠧ ᠢ ᠡᠬᠢᠯᠡᠨ ᠠᠷᠠᠴᠢᠯᠠᠬᠤ ᠦᠶ᠎ᠠ ᠶᠢᠨ ᠦᠢᠯᠡ ᠪᠠᠷᠠᠵᠤ ᠪᠠᠶᠢᠭᠰᠠᠨ ᠪᠠᠶᠢᠳᠠᠯ ᠢᠶᠠᠨ ᠡᠷᠬᠢᠴᠡᠬᠦᠯᠦᠨ᠎ᠠ᠃           1000 ᠵᠤᠯᠵᠠᠭᠠᠨ ᠭᠠᠯᠠᠭᠤ ᠶᠢᠨ ᠬᠢᠨᠢ 300 ᠰᠢᠬᠠᠮ ᠨᠢ ᠬᠤᠷᠤᠭᠳᠠᠭᠰᠠᠨ ᠶᠠᠪᠤᠳᠠᠯ ᠨᠢ ᠶᠠᠩ ᠬᠦᠸᠧ ᠢ ᠶᠢᠨ ᠰᠢᠨ᠎ᠠ ᠦᠢᠯᠡᠰ ᠡᠷᠬᠢᠯᠡᠨ ᠤᠷᠤᠯᠭ᠎ᠠ ᠡᠬᠦᠳᠬᠦ ᠬᠠᠯᠠᠭᠤᠨ ᠬᠦᠰᠡᠯ ᠢ ᠮᠤᠬᠤᠭᠠᠵᠤ ᠴᠢᠳᠠᠭ᠎ᠠ ᠦᠬᠡᠢ᠂ ᠲᠡᠷᠡ ᠦᠯᠡᠳᠡᠭᠰᠡᠨ ᠭᠠᠯᠠᠭᠤᠳ ᠢᠶᠠᠨ ᠮᠠᠨᠳᠤ ᠤᠨᠳᠤᠷᠤᠭᠤᠯᠬᠤ ᠪᠠᠷ ᠴᠢᠷᠮᠠᠶᠢᠵᠠᠢ᠃ ᠵᠠᠬᠢᠶᠠᠯᠠᠭᠰᠠᠨ ᠬᠡᠮᠵᠢᠶ᠎ᠠ ᠨᠢ ᠪᠠᠭ᠎ᠠ ᠤᠴᠢᠷ ᠠᠴᠠ ᠳᠤᠰᠬᠠᠢ ᠮᠡᠷᠬᠡᠵᠢᠯᠳᠠᠨ ᠢᠷᠡᠵᠦ ᠵᠢᠯᠤᠭᠤᠳᠤᠯᠭ᠎ᠠ ᠬᠢᠬᠦ ᠦᠬᠡᠢ ᠬᠡᠨ᠎ᠠ᠃ ᠲᠡᠬᠡᠬᠡᠳ ᠲᠡᠷᠡ ᠦᠪᠡᠰᠦᠪᠡᠨ ᠬᠠᠶᠢᠯᠠᠷ᠂ ᠬᠠᠷᠠᠮᠦ᠋ᠷᠡᠨ ᠮᠤᠵᠢ ᠶᠢᠨ ᠱᠤᠸᠠᠩᠴᠧᠩ ᠵᠡᠷᠬᠡ ᠭᠠᠵᠠᠷ ᠢᠶᠠᠷ ᠬᠦᠷᠴᠦ ᠭᠠᠯᠠᠭᠤ ᠲᠡᠵᠢᠬᠡᠬᠦ ᠮᠡᠷᠬᠡᠵᠢᠯ ᠤᠨ ᠪᠤᠯᠪᠠᠰᠤᠷᠠᠯ ᠳᠤ ᠤᠷᠤᠯᠴᠠᠵᠤ᠂ ᠮᠡᠷᠬᠡᠵᠢᠯ ᠢ ᠨᠢ ᠰᠤᠷᠤᠯᠴᠠᠨ ᠳᠤᠷᠰᠢᠯᠭ᠎ᠠ ᠶᠢ ᠨᠢ ᠰᠤᠨᠤᠰᠴᠠᠢ᠃ ᠬᠡᠳᠡᠯ᠎ᠠ ᠤᠯᠠᠩᠬᠢ ᠪᠤᠯᠪᠠᠰᠤᠷᠡᠯ ᠨᠢ ᠪᠦᠷ ᠯᠡ ᠭᠠᠯᠠᠭᠤ ᠶᠢ ᠬᠡᠷᠬᠢᠨ ᠬᠤᠷᠢᠵᠤ ᠲᠡᠵᠢᠬᠡᠬᠦ᠂ ᠬᠡᠷᠬᠢᠨ ᠲᠡᠵᠢᠬᠡᠯ ᠪᠤᠷᠳᠤᠭ᠎ᠠ ᠦᠭᠬᠦ ᠳᠤᠬᠠᠢ ᠮᠡᠳᠡᠯᠬᠡ ᠶᠢ ᠵᠢᠭᠠᠵᠤ ᠦᠭᠳᠡᠭ᠃ ᠡᠨᠡ ᠨᠢ ᠪᠠᠶᠢᠭᠠᠯᠢᠯᠢᠭ ᠢᠶᠠᠷ ᠲᠡᠵᠢᠬᠡᠬᠦ ᠬᠡᠳ ᠪᠤᠳᠤᠵᠤ ᠪᠠᠶᠢᠭᠰᠠᠨ ᠲᠡᠬᠦᠨ ᠳᠤ ᠲᠠᠮᠠᠢ ᠳᠤᠰᠠ ᠪᠤᠯᠤᠭᠰᠠᠨ ᠦᠬᠡᠢ ᠨᠢ ᠮᠡᠳᠡᠬᠡᠵᠢ ᠶᠢᠨ ᠬᠡᠷᠡᠭ᠃ ᠲᠡᠷᠡ ᠵᠤᠯᠵᠠᠭᠠᠨ ᠭᠠᠯᠠᠭᠤ ᠶᠢ ᠳᠤᠳᠤᠮᠳᠠᠬᠤ ᠳᠤ ᠳᠤᠯᠠᠭᠠᠨ ᠤ ᠬᠡᠮᠵᠢᠶ᠎ᠠ ᠶᠢ ᠨᠢ ᠵᠠᠪᠠᠯ ᠵᠤᠬᠢᠴᠠᠭᠤᠯᠬᠤ ᠶᠢ ᠠᠩᠬᠠᠷᠬᠤ ᠬᠡᠷᠡᠭᠳᠡᠢ ᠬᠡᠳᠡᠭ ᠢ ᠮᠡᠳᠡᠭᠡᠳ ᠬᠠᠨᠵᠤ ᠪᠠᠷᠢᠵᠦ ᠳᠤᠯᠠᠭᠠᠴᠠᠭᠤᠯᠤᠭᠰᠠᠨ ᠮᠦᠷᠳᠡᠬᠡᠨ ᠪᠠᠰᠠ ᠴᠠᠬᠢᠯᠭᠠᠨ ᠳᠤᠯᠠᠭᠠᠯᠠᠮᠵᠢ ᠤᠭᠰᠠᠷᠠᠵᠤ ᠵᠤᠯᠵᠠᠭᠠᠨ ᠭᠠᠯᠠᠭᠤᠨ ᠳᠤ ᠵᠤᠬᠢᠴᠠᠭᠰᠠᠨ ᠳᠤᠯᠠᠭᠠᠨ ᠤ ᠬᠡᠮᠵᠢᠶ᠎ᠠ ᠶᠢ ᠪᠠᠳᠤᠯᠠᠵᠠᠢ᠃ ᠴᠢᠷᠮᠠᠶᠢᠯᠭ᠎ᠠ ᠬᠦᠮᠦᠨ ᠢ ᠭᠤᠮᠤᠳᠠᠭᠠᠬᠤ ᠦᠬᠡᠢ ᠬᠡᠳᠡᠭ ᠢᠶᠠᠷ᠂ ᠦᠯᠡᠳᠡᠭᠰᠡᠨ 600 ᠭᠠᠷᠤᠢ ᠭᠠᠯᠠᠭᠤ ᠨᠢ ᠬᠤᠷᠤᠭᠳᠠᠯ ᠦᠬᠡᠢ ᠪᠠᠷ ᠮᠠᠨᠳᠤ ᠦᠰᠴᠦ᠂ ᠵᠤᠬᠢᠬᠤ ᠬᠡᠮᠵᠢᠶᠠᠨ ᠤ ᠠᠰᠢᠭ ᠤᠯᠵᠠᠢ᠃           ᠡᠮᠦᠨ᠎ᠠ ᠵᠢᠯ ᠤᠨ ᠭᠠᠯᠠᠭᠤ ᠲᠡᠵᠢᠭᠡᠭᠰᠡᠨ ᠳᠤᠷᠰᠢᠯᠭ᠎ᠠ ᠪᠠ ᠠᠰᠢᠭ ᠬᠦᠷᠳᠡᠭᠰᠡᠨ ᠦᠩᠭᠡᠷᠡᠯᠳᠡ ᠨᠢ ᠲᠡᠬᠦᠨ ᠤ ᠶᠡᠭᠡ ᠬᠡᠪᠴᠢᠶᠠᠵᠢᠯ ᠢᠶᠠᠷ ᠭᠠᠯᠠᠭᠤ ᠲᠡᠵᠢᠬᠡᠬᠦ ᠬᠡᠰᠡᠨ ᠪᠤᠳᠤᠯ ᠰᠠᠨᠠᠭ᠎ᠠ ᠶᠢ ᠨᠢ ᠤᠷᠮᠠᠰᠢᠭᠤᠯᠪᠠ᠃ ᠲᠡᠷᠡ ᠬᠤᠰᠢᠭᠤ ᠰᠤᠮᠤᠨ ᠤ ᠵᠠᠰᠠᠭ ᠤᠨ ᠤᠷᠳᠤᠨ ᠤ ᠲᠦᠷᠦᠯ ᠵᠦᠢᠯ ᠢ ᠲᠡᠮᠡᠴᠡᠨ ᠤᠯᠵᠤ᠂ ᠪᠠᠶᠢᠭᠠᠯᠢᠯᠢᠭ ᠢᠶᠠᠷ ᠭᠠᠯᠠᠭᠤ ᠲᠡᠵᠢᠬᠡᠬᠦ ᠮᠠᠯᠴᠢᠳ ᠤᠨ ᠳᠤᠰᠬᠠᠢ ᠬᠤᠷᠰᠢᠶ᠎ᠠ ᠪᠠᠶᠢᠭᠤᠯᠵᠦ᠂ ᠨᠠᠮ ᠵᠠᠰᠠᠭ ᠤᠨ ᠬᠠᠶᠢᠷ᠎ᠠ ᠬᠠᠯᠠᠮᠵᠢ ᠶᠢ ᠨᠡᠶᠢᠳᠡ ᠤᠯᠠᠨ ᠳᠠᠭᠠᠨ ᠬᠦᠷᠳᠡᠬᠡᠬᠦ ᠬᠡᠵᠦ ᠡᠷᠦᠬᠡ ᠪᠠᠷ ᠬᠦᠨᠵᠡᠬᠡᠶᠢᠷᠡᠨ ᠭᠠᠯᠠᠭᠤ ᠲᠡᠵᠢᠬᠡᠪᠡᠯ ᠲᠦᠷᠬᠡᠨ ᠠᠰᠢᠭ ᠤᠯᠬᠤ ᠳᠤᠬᠠᠢ ᠤᠬᠠᠭᠤᠯᠭ᠎ᠠ ᠬᠢᠵᠦ᠂ ᠮᠦᠨ ᠴᠦ ᠬᠤᠷᠰᠢᠶ᠎ᠠ ᠪᠠᠷ ᠭᠤᠷᠪᠠᠨ ᠶᠠᠳᠠᠭᠤ ᠡᠷᠦᠬᠡ ᠶᠢ ᠲᠠᠭᠠᠭᠤᠯᠵᠤ ᠶᠠᠳᠠᠭᠤ ᠠᠴᠠ ᠠᠩᠬᠢᠵᠢᠷᠠᠭᠤᠯᠬᠤ ᠪᠠᠷ ᠴᠢᠷᠮᠠᠶᠢᠵᠠᠢ᠃           ᠭᠠᠯᠠᠭᠤ ᠲᠡᠵᠢᠬᠡᠬᠦ ᠠᠷᠭ᠎ᠠ ᠲᠠᠮ ᠢ ᠤᠯᠵᠤ ᠳᠤᠷᠰᠢᠯᠭ᠎ᠠ ᠬᠤᠷᠠᠮᠳᠤᠭᠤᠯᠤᠭᠰᠠᠨ ᠲᠡᠷᠡ ᠬᠤᠷᠰᠢᠶ᠎ᠠ ᠪᠠᠨ ᠲᠠᠶᠢᠴᠢᠯᠡᠨ ᠶᠡᠭᠡ ᠵᠤᠷᠢᠭ ᠭᠠᠷᠭᠠᠨ 18000 ᠯᠠᠢ ᠶᠢᠨ ᠡᠬᠦᠯᠳᠡᠷ ᠤᠨ ᠭᠠᠯᠠᠭᠤ ᠲᠡᠵᠢᠬᠡᠪᠠ᠃ ᠶᠠᠳᠠᠭᠤ ᠬᠦᠴᠢᠷᠳᠡᠯᠳᠠᠢ ᠡᠷᠦᠬᠡ ᠳᠤ ᠨᠢᠭᠡᠳᠦᠯᠳᠡᠢ ᠪᠠᠷ ᠵᠤᠯᠵᠠᠭᠠᠨ ᠭᠠᠯᠠᠭᠤ ᠤᠷᠤᠭᠤᠯᠵᠦ ᠦᠭᠬᠦᠨ᠂ ᠬᠠᠷᠠᠮᠵᠢ ᠠᠪᠬᠤ ᠦᠬᠡᠢ ᠪᠠᠷ ᠭᠠᠯᠠᠭᠤ ᠲᠡᠵᠢᠬᠡᠬᠦ ᠠᠷᠭ᠎ᠠ ᠤᠬᠠᠭᠠᠨ ᠢ ᠵᠢᠭᠠᠵᠦ᠂ ᠪᠤᠷᠤᠯᠠᠭᠤᠯᠬᠤ ᠵᠠᠮ ᠢ ᠨᠢ ᠬᠠᠶᠢᠵᠤ ᠦᠭᠬᠦᠨ᠎ᠠ᠃ ︽ᠯᠠᠢ ᠶᠢᠨ ᠡᠬᠦᠯᠳᠡᠷ ᠤᠨ ᠭᠠᠯᠠᠭᠤ ᠶᠢᠨ ᠮᠢᠬ᠎ᠠ ᠨᠢ ᠰᠠᠶᠢᠨ᠂ ᠨᠡᠩ ᠢᠯᠠᠩᠭᠤᠶ᠎ᠠ ᠪᠢᠳᠠᠨ ᠤ ᠪᠠᠶᠢᠭᠠᠯᠢᠯᠢᠭ ᠢᠶᠠᠷ ᠲᠡᠵᠢᠭᠡᠭᠰᠡᠨ ᠯᠠᠢ ᠶᠢᠨ ᠭᠠᠯᠠᠭᠤ ᠶᠢᠨ ᠮᠢᠬ᠎ᠠ ᠨᠢ ᠴᠢᠨᠠᠷᠯᠢᠭ ᠪᠦᠬᠡᠳ ᠰᠢᠮ᠎ᠠ ᠲᠡᠵᠢᠬᠡᠯ ᠦᠨᠳᠦᠷ ᠪᠤᠯᠬᠤᠷ ᠠᠪᠬᠤ ᠬᠦᠮᠦᠰ ᠤᠯᠠᠨ ᠪᠠᠶᠢᠳᠠᠭ᠃ ᠪᠢᠳᠠ ᠵᠤᠯᠵᠠᠭᠠᠨ ᠭᠠᠯᠠᠭᠤ ᠪᠠᠨ ᠤᠷᠤᠭᠤᠯᠤᠭᠰᠠᠨ ᠤ ᠲᠠᠷᠠᠭ᠎ᠠ᠂ ᠬᠠᠷᠪᠢᠨ᠂ ᠱᠤᠸᠠᠩᠴᠧᠩ ᠵᠡᠷᠬᠡ ᠭᠠᠵᠠᠷ ᠤᠨ ᠮᠠᠶᠢᠮᠠᠶᠢᠴᠢᠨ ᠲᠠᠢ ᠬᠠᠷᠢᠴᠠᠵᠤ ᠭᠠᠯᠠᠭᠤ ᠪᠠᠨ ᠭᠤᠷᠪᠠᠨ ᠰᠠᠷ᠎ᠠ ᠰᠢᠬᠠᠮ ᠲᠡᠵᠢᠬᠡᠪᠡᠯ ᠲᠠᠳᠠᠨᠤᠰ ᠲᠤ ᠬᠤᠳᠠᠯᠳᠤᠬᠤ ᠪᠠᠷ ᠬᠡᠯᠡᠯᠴᠡᠨ ᠳᠤᠬᠢᠷᠠᠵᠠᠢ᠃ ᠬᠤᠷᠰᠢᠶ᠎ᠠ ᠶᠢᠨ ᠭᠠᠯᠠᠭᠤ ᠪᠠᠨ ᠨᠢᠭᠡᠳᠦᠯᠳᠡᠢ ᠪᠤᠷᠤᠯᠠᠭᠤᠯᠬᠤ ᠤᠴᠢᠷ ᠠᠴᠠ ᠦᠨ᠎ᠠ ᠬᠠᠩᠰᠢ ᠶᠢᠨ ᠦᠨᠳᠦᠷ ᠳᠤᠤᠷ᠎ᠠ ᠬᠡᠵᠦ ᠦᠬᠡᠢ᠂ ᠵᠢᠩ ᠤᠨ ᠳᠤᠭ᠎ᠠ ᠪᠠᠷ ᠨᠢ ᠬᠡᠮᠵᠢᠨ ᠬᠤᠳᠠᠯᠳᠤᠭᠰᠠᠨ ᠪᠠᠶᠢᠨ᠎ᠠ︾ ᠬᠡᠵᠦ ᠶᠠᠩ ᠬᠦᠸᠧ ᠢ ᠤᠮᠤᠭᠳᠠᠢ ᠶᠠᠷᠢᠪᠠ᠃           ᠨᠢᠳᠤᠨᠤᠨ ᠵᠢᠯ ᠤᠨ ᠳᠤᠷᠰᠢᠯᠭ᠎ᠠ ᠰᠤᠷᠭᠠᠮᠵᠢ ᠪᠠᠨ ᠳ᠋ᠦᠩᠨᠠᠵᠤ᠂ ᠤᠢᠢᠷ᠎ᠠ ᠬᠠᠪᠢ ᠶᠢᠨ ᠬᠦᠮᠦᠰ ᠠᠴᠠ ᠪᠠᠨ ᠠᠰᠠᠭᠤᠨ ᠯᠠᠪᠯᠠᠨ᠂ ᠰᠦᠯᠵᠢᠶ᠎ᠠ ᠵᠢᠷᠬᠢᠶ᠎ᠠ ᠪᠠᠷ ᠳᠤᠷᠰᠢᠯᠭ᠎ᠠ ᠪᠠᠨ ᠰᠤᠯᠢᠯᠴᠠᠵᠦ᠂ ᠨᠠᠷᠢᠨ ᠨᠢᠮᠪᠠᠢ ᠠᠷᠠᠴᠢᠯᠠᠭᠰᠠᠨ ᠤ ᠠᠴᠢ ᠪᠠᠷ ᠭᠠᠯᠠᠭᠤᠳ ᠨᠢ ᠲᠠᠮᠠᠢ ᠬᠤᠷᠤᠭᠳᠠᠭᠰᠠᠨ ᠦᠬᠡᠢ᠃ ᠬᠤᠷᠰᠢᠶ᠎ᠠ ᠨᠢ ᠬᠤᠷᠢᠭᠠᠳ ᠲᠦᠮᠡᠨ ᠲᠦᠬᠦᠷᠢᠭ ᠤᠨ ᠴᠠᠪᠠᠷ ᠤᠷᠤᠯᠭ᠎ᠠ ᠤᠯᠵᠤ᠂ ᠦᠪᠡᠷ ᠤᠨ 7000 ᠭᠠᠷᠤᠢ ᠭᠠᠯᠠᠭᠤ ᠨᠢ 12 ᠲᠦᠮᠡᠨ ᠲᠦᠬᠦᠷᠢᠭ ᠤᠨ ᠴᠠᠪᠠᠷ ᠤᠷᠤᠯᠭ᠎ᠠ ᠶᠢ ᠡᠬᠦᠳᠴᠠᠢ᠃ ᠡᠨᠡ ᠳᠤᠬᠠᠢ ᠶᠠᠩ ᠬᠦᠸᠧ ᠢ᠄ ︽ᠭᠠᠯᠠᠭᠤ ᠲᠡᠵᠢᠬᠡᠬᠦ ᠨᠢ ᠶᠤᠰᠤᠳᠠᠢ ᠨᠢᠬᠡ ᠤᠷᠤᠯᠭ᠎ᠠ ᠤᠯᠬᠤ ᠦᠢᠯᠡᠰ ᠪᠤᠯᠤᠨ᠎ᠠ᠃ ᠮᠠᠨ ᠤ ᠠᠳᠡᠬᠢ ᠭᠠᠵᠠᠷ ᠠᠭᠤᠳᠠᠮ ᠪᠡᠯᠴᠢᠬᠡᠷ ᠰᠠᠶᠢᠨ ᠪᠠᠶᠢᠵᠤ᠂ ᠪᠠᠶᠢᠭᠠᠯᠢᠯᠢᠭ ᠢᠶᠠᠷ ᠭᠠᠯᠠᠭᠤ ᠲᠡᠵᠢᠬᠡᠬᠦ ᠳᠤ ᠳᠤᠬᠢᠷᠠᠮᠵᠢᠳᠠᠢ᠂ ᠠᠷᠪᠠᠭᠠᠳ ᠬᠤᠨᠤᠭ ᠲᠡᠵᠢᠬᠡᠯ ᠪᠤᠷᠳᠤᠭ᠎ᠠ ᠢᠳᠡᠬᠦᠯᠵᠦ᠂ ᠪᠠᠭ᠎ᠠ ᠯᠡ ᠲᠡᠩᠬᠡᠬᠡ ᠤᠷᠤᠪᠡᠯ ᠮᠠᠯ ᠤᠨ ᠪᠡᠯᠴᠢᠭᠡᠷ ᠲᠡᠭᠡᠨ ᠲᠡᠵᠢᠬᠡᠴᠢᠬᠡᠨ᠎ᠠ᠂ ᠭᠤᠷᠪᠠᠨ ᠰᠠᠷ᠎ᠠ ᠰᠢᠬᠠᠮ ᠪᠡᠯᠴᠢᠬᠡᠷᠯᠡᠬᠦᠯᠪᠡᠯ ᠵᠠᠬ᠎ᠠ ᠳᠤ ᠭᠠᠷᠭᠠᠨ᠎ᠠ᠂ ᠢᠩᠬᠢᠵᠤ ᠪᠠᠶᠢᠭᠠᠯᠢᠯᠢᠭ ᠢᠶᠠᠷ ᠲᠡᠵᠢᠬᠡᠬᠦ ᠨᠢ ᠤᠷᠤᠭᠤᠯᠤᠯᠳᠠ ᠪᠠᠭ᠎ᠠ ᠤᠷᠤᠯᠭ᠎ᠠ ᠶᠡᠭᠡ ᠪᠦᠭᠡᠳ ᠭᠠᠯᠠᠭᠤᠳ ᠨᠢ ᠭᠡᠮ ᠬᠢᠵᠢᠭ ᠲᠤ ᠨᠡᠷᠪᠡᠭᠳᠡᠬᠦ ᠦᠬᠡᠢ᠂ ᠮᠢᠬ᠎ᠠ ᠨᠢ ᠴᠦ ᠴᠢᠨᠠᠷᠯᠢᠭ ᠪᠦᠭᠡᠳ ᠰᠢᠮᠡᠳᠠᠢ ᠪᠠᠶᠢᠵᠤ᠂ ᠪᠤᠷᠤᠯᠠᠭᠤᠯᠭ᠎ᠠ ᠰᠠᠶᠢᠳᠠᠢ︾ ᠬᠡᠵᠦ ᠪᠢᠳᠠᠨ ᠳᠤ ᠲᠠᠨᠢᠯᠴᠠᠭᠤᠯᠤᠯ᠎ᠠ᠃             ︽ᠠᠷᠠᠳ ᠢᠷᠬᠡᠳ ᠪᠤᠯᠪᠠᠰᠤ ᠲᠦᠷᠦ ᠶᠢᠨ ᠦᠨᠳᠦᠰᠦ᠂ ᠦᠨᠳᠦᠰᠦ ᠨᠢ ᠪᠠᠳᠤ ᠪᠤᠯᠪᠠᠰᠤ ᠲᠦᠷᠦ ᠲᠦᠪᠰᠢᠨ ᠪᠤᠯᠤᠮᠤᠢ︾᠃ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠰᠢ᠂ ᠰᠢ ᠶᠢᠨ ᠫᠢᠩ ᠨᠦᠬᠦᠷ ᠢᠶᠠᠷ ᠭᠤᠤᠯ ᠪᠤᠯᠭᠠᠭᠰᠠᠨ ᠨᠠᠮ ᠤᠨ ᠲᠦᠪ ᠬᠤᠷᠢᠶ᠎ᠠ ᠨᠢ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠪᠠᠷ ᠲᠡᠮᠡᠴᠡᠬᠦ ᠬᠠᠷᠠᠯᠳᠠ ᠪᠠᠨ ᠪᠤᠯᠭᠠᠵᠤ᠂ ᠠᠷᠠᠳ ᠤᠨ ᠠᠮᠢᠳᠤᠷᠠᠯ ᠤᠨ ᠲᠠᠯ᠎ᠠ ᠪᠠᠷ ᠬᠢ ᠤᠷᠤᠭᠤᠯᠤᠯᠳᠠ ᠶᠢᠨ ᠡᠷᠴᠢᠮ ᠢᠶᠠᠨ ᠲᠠᠰᠤᠷᠠᠯᠳᠠ ᠦᠬᠡᠢ ᠴᠢᠩᠭᠠᠷᠠᠭᠤᠯᠤᠭᠰᠠᠭᠠᠷ ᠢᠷᠠᠵᠠᠢ᠃ ᠮᠠᠯᠴᠢᠨ ᠶᠠᠩ ᠬᠦᠸᠧ ᠢ ᠠᠷᠠᠳ ᠲᠤ ᠠᠰᠢᠭᠳᠠᠢ ᠲᠦᠷᠦ ᠶᠢᠨ ᠪᠤᠳᠤᠯᠭ᠎ᠠ ᠶᠢᠨ ᠠᠵᠠᠳᠠᠢ ᠳᠤᠬᠢᠶᠠᠯ ᠢ ᠵᠠᠪᠳᠤᠨ ᠦᠪᠡᠷ ᠤᠨ ᠰᠢᠷᠭᠠᠭᠤ ᠬᠦᠳᠡᠯᠮᠤᠷᠢ ᠪᠠ ᠤᠶᠤᠨ ᠤᠬᠠᠭᠠᠨ ᠢᠶᠠᠷ ᠢᠶᠠᠨ ᠰᠢᠨ᠎ᠠ ᠦᠢᠯᠡᠰ ᠡᠷᠬᠢᠯᠡᠨ ᠮᠠᠯᠴᠢᠳ ᠢᠶᠠᠨ ᠲᠠᠭᠠᠭᠤᠯᠤᠨ ᠪᠠᠶᠠᠨ ᠴᠢᠨᠡᠭᠡᠯᠢᠭ ᠠᠮᠢᠳᠤᠷᠠᠯ ᠤᠨ ᠵᠠᠮ ᠢᠶᠠᠨ ᠡᠯᠬᠦᠵᠦ ᠶᠠᠪᠤᠨ᠎ᠠ᠃  
 
ᠢᠷᠡᠯᠲᠡ᠄ ᠬᠦᠯᠤᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号