ᠪᠠᠷᠭᠤ ᠮᠣᠩᠭᠤᠯᠴᠤᠳ ᠢ ᠰᠤᠳᠤᠯᠬᠤ ᠤᠭᠰᠠᠭᠠᠲᠠᠨ ᠤ ᠵᠦᠢ ᠶᠢᠨ ᠠᠰᠠᠭᠤᠳᠠᠯ ᠳᠤ
ᠨᠡᠶᠢᠲᠡᠯᠡᠭᠰᠡᠨ ᠴᠠᠭ᠄
2017/11/2
ᠭ᠊ · ᠴᠡᠷᠡᠨᠬᠠᠨᠳᠠ ︵ᠮᠣᠩᠭᠤᠯ︶          ᠪᠠᠷᠭᠤ   ᠮᠣᠩᠭᠤᠯᠴᠤᠳ  ᠎ ᠢ   ᠰᠤᠳᠤᠯᠬᠤ          ᠤᠭᠰᠠᠭᠠᠲᠠᠨ ᠤ ᠵᠦᠢ ᠶᠢᠨ ᠠᠰᠠᠭᠤᠳᠠᠯ ᠳᠤ          ᠮᠣᠩᠭᠤᠯ ᠤᠭᠰᠠᠭᠠᠲᠠᠨ ᠤ ᠲᠡᠦᠬᠡ ᠶᠢ ᠡᠷᠳᠡᠮᠲᠡᠳ ᠤᠨ ᠰᠤᠳᠤᠯᠭᠠᠨ ᠤ ᠪᠦᠲᠦᠭᠡᠯ ᠤᠳ ᠠᠴᠠ ᠨᠢᠭᠡᠳᠬᠡᠨ ᠦᠵᠡᠪᠡᠯ᠂ ᠤᠳᠤᠮ ᠭᠠᠷᠪᠠᠯᠢ ᠨᠢᠭᠡᠲᠡᠢ ᠣᠮᠤᠭ ᠶᠠᠰᠤ᠂ ᠤᠭᠰᠠᠭᠠᠨ ᠤ ᠪᠦᠯᠦᠭ ᠪᠤᠶᠤ ᠶᠠᠰᠤᠲᠠᠨ ᠨᠢ ᠲᠡᠦᠬᠡᠨ ᠬᠥᠭᠵᠢᠯ ᠤᠨ ᠶᠠᠪᠤᠴᠠ ᠳᠤ ᠪᠠᠨ ᠣᠭᠲᠤ ᠥᠭᠡᠷᠡᠴᠢᠯᠡᠭᠳᠡᠬᠦ ᠦᠭᠡᠢ ᠨᠢᠭᠡ ᠶᠠᠩᠵᠤ ᠪᠠᠶᠢᠬᠤ ᠎ ᠨᠢ ᠬᠡᠵᠢᠶ᠎ᠡ ᠴᠦ ᠦᠭᠡᠢ ᠬᠡᠮᠡᠨ ᠳ᠋ᠦᠩᠨᠡᠳᠡᠭ ᠶᠠᠪᠤᠳᠠᠯ ᠲᠤᠬᠠᠢ ᠶᠢᠨ ᠤᠭᠰᠠᠭᠠᠲᠠᠨ ᠤ ᠡᠭᠦᠰᠦᠯ᠂ ᠲᠦᠯᠦᠪᠰᠢᠯ᠂ ᠵᠠᠳᠠᠷᠠᠯ᠂ ᠰᠡᠷᠭᠦᠯᠲᠡ ᠵᠡᠷᠭᠡ ᠶᠢ ᠬᠠᠮ ᠲᠤᠰᠬᠠᠭᠰᠠᠨ ᠣᠶᠢᠯᠠᠭᠠᠯᠲᠠ ᠭᠡᠵᠤ ᠪᠣᠯᠤᠨ᠎ᠠ᠃ ᠤᠴᠢᠷ ᠡᠶᠢᠮᠦ ᠳᠤ ᠲᠡᠦᠬᠡᠨ ᠤᠭᠰᠠᠭᠠᠲᠠᠨ ᠤ ᠵᠦᠢ ᠶᠢ ᠰᠤᠳᠤᠯᠬᠤ ᠳᠤ ᠶᠠᠭᠤᠨ ᠤ ᠡᠮᠦᠨ᠎ᠡ ᠨᠢᠭᠡ ᠳᠤ᠂ ᠮᠣᠩᠭᠤᠯ ᠤᠭᠰᠠᠭᠠᠲᠠᠨ ᠤ ᠡᠬᠢᠯᠡᠯ ᠪᠦᠷᠢᠯᠳᠦᠨ ᠲᠥᠯᠥᠪᠰᠢᠭᠰᠡᠨ ᠲᠡᠷᠡ ᠦᠶ᠎ᠡ ᠠᠴᠠ ᠡᠬᠢᠯᠡᠨ ᠣᠷᠴᠢᠨ ᠴᠠᠭ ᠢ ᠬᠦᠷᠲᠡᠯ᠎ᠡ ᠲᠤᠭᠤᠯᠵᠤ ᠢᠷᠡᠭᠰᠡᠨ ᠣᠯᠠᠨ ᠵᠠᠭᠤᠨ ᠎ ᠤ ᠡᠭᠡᠳᠡᠷᠡᠭᠡ ᠲᠠᠢ ᠦᠢᠯᠡ ᠶᠠᠪᠤᠴᠠ ᠶᠢ ᠤᠯᠠᠷᠢᠭᠤᠯᠤᠨ ᠬᠠᠷᠠᠵᠤ᠂ ᠤᠭᠰᠠᠭᠠᠲᠠᠨ ᠤ ᠰᠢᠨ᠎ᠡ ᠨᠡᠶᠢᠲᠡᠯᠢᠭ ᠡᠭᠦᠰᠬᠦ ᠰᠢᠯᠲᠠᠭᠠᠨ᠂ ᠤᠭᠰᠠᠭ᠎ᠠ ᠪᠦᠯᠦᠭ ᠤᠳ ᠤᠨ ᠬᠤᠭᠤᠷᠤᠨᠳᠤ ᠶᠢᠨ ᠢᠵᠢᠯᠢᠰᠢᠯ ᠪᠠ ᠨᠢᠭᠡᠳᠬᠦ ᠰᠠᠯᠬᠤ ᠦᠢᠯᠡ ᠶᠠᠪᠤᠴᠠ ᠬᠡᠷᠬᠢᠨ ᠶᠠᠪᠤᠭᠳᠠᠳᠠᠭ ᠵᠦᠢ ᠲᠣᠭᠲᠠᠯ ᠵᠡᠷᠭᠡ ᠠᠰᠠᠭᠤᠳᠠᠯ ᠢ ᠣᠨᠤᠯ ᠤᠨ ᠡᠭᠦᠳᠡᠨ ᠠᠴᠠ ᠰᠢᠢᠳᠪᠦᠷᠢᠯᠡᠬᠦ ᠶᠠᠪᠤᠳᠠᠯ ᠪᠣᠯᠤᠨ᠎ᠠ᠃ ᠬᠤᠶᠠᠷ ᠲᠤ᠂ ᠪᠠᠷᠭᠤ ᠮᠣᠩᠭᠤᠯᠴᠤᠳ ᠤᠨ ᠨᠡᠭᠦᠳᠡᠯ ᠤᠨ ᠰᠣᠶᠤᠯ ᠢᠷᠭᠡᠨᠰᠢᠯ ᠳᠤ ᠣᠷᠤᠭᠤᠯᠤᠭᠰᠠᠨ ᠬᠤᠪᠢ ᠨᠡᠮᠡᠷᠢ ᠪᠣᠯᠤᠨ ᠠᠵᠤ ᠠᠬᠤᠢ — ᠰᠣᠶᠤᠯ ᠤᠨ ᠬᠡᠪ ᠮᠠᠶ᠋ᠢᠭ᠂ ᠲᠡᠭᠦᠨ ᠤ ᠨᠡᠶᠢᠲᠡᠯᠢᠭ ᠪᠠ ᠥᠪᠡᠷᠮᠢᠴᠡ ᠲᠠᠯ᠎ᠠ ᠶᠢ ᠣᠨᠴᠠᠭᠠᠶᠢᠯᠠᠨ ᠠᠪᠴᠤ ᠦᠵᠡᠬᠦ᠃ ᠭᠤᠷᠪᠠ ᠳᠤ᠂ ᠮᠣᠩᠭᠤᠯ ᠲᠦᠮᠡᠨ ᠤ ᠨᠡᠶᠢᠭᠡᠮ᠂ ᠤᠯᠤᠰ ᠲᠥᠷᠥ ᠶᠢᠨ ᠦᠢᠯᠡ ᠶᠠᠪᠤᠴᠠ ᠶᠢᠨ ᠨᠥᠯᠥᠭᠡ᠂ ᠨᠥᠯᠥᠭᠡᠯᠡᠯ ᠤᠭᠰᠠᠭ᠎ᠠ ᠪᠦᠯᠦᠭ ᠤᠳ ᠤᠨ ᠦᠦᠬᠡ ᠲᠡᠦᠬᠡ ᠶᠢ ᠲᠠᠶᠢᠯᠬᠤ ᠭᠤᠣᠯ ᠦᠵᠡᠭᠦᠯᠦᠯᠲᠡ ᠪᠣᠯᠬᠤ ᠶᠢ ᠬᠠᠷᠠᠭᠠᠯᠵᠠᠨ ᠮᠣᠩᠭᠤᠯ ᠤᠭᠰᠠᠭᠠᠲᠠᠨ ᠤ ᠪᠢᠴᠢᠯ ᠨᠡᠶᠢᠲᠡᠯᠡᠯ ᠪᠣᠯᠬᠤ ᠪᠠᠷᠭᠤ ᠭᠡᠬᠦ ᠳᠤ ︽ᠪᠢᠳᠡ︾ ᠬᠡᠨ ᠪᠣᠢ ᠬᠡᠮᠡᠨ ᠣᠶᠢᠯᠠᠭᠠᠬᠤ ᠥᠪᠡᠷᠰᠡᠳ ᠤᠨ ᠤᠬᠠᠮᠰᠠᠷ ᠲᠤ ᠬᠠᠳᠠᠭᠳᠠᠭᠰᠠᠨ ᠨᠡᠷ᠎ᠡ ︽ᠨᠡᠷᠡᠰᠢᠯ︾᠂ ᠰᠣᠶᠤᠯ᠂ ᠵᠠᠩ ᠦᠢᠯᠡ ᠶᠢᠨ ᠤᠯᠪᠠᠭ᠎ᠠ᠂ ᠣᠶᠤᠨ ᠰᠡᠳᠬᠢᠯᠭᠡᠨ ᠤ ᠥᠪᠡᠷᠮᠢᠴᠡ ᠪᠠᠶᠢᠳᠠᠯ ᠵᠡᠷᠭᠡ ᠨᠢ ᠲᠡᠦᠬᠡᠨ ᠤᠷᠲᠤ ᠬᠤᠭᠤᠴᠠᠭᠠᠨ ᠳᠤ ᠦᠷᠭᠦᠯᠵᠢᠯᠡᠭᠰᠡᠨ ᠪᠥᠭᠡᠳ ᠲᠡᠭᠦᠨ ᠢ ᠭᠦᠨᠵᠡᠭᠡᠶᠢᠷᠡᠭᠦᠯᠬᠦ ᠶᠠᠪᠤᠳᠠᠯ ᠴᠢᠬᠤᠯᠠ ᠶᠤᠮ᠃ ᠪᠠᠷᠭᠤ ᠨᠢ ᠡᠷᠲᠡᠨ ᠤ ᠮᠣᠩᠭᠤᠯ ᠬᠡᠯᠡᠲᠡᠨ ᠤ ᠶᠠᠮᠠᠷ ᠣᠮᠤᠭ ᠶᠠᠰᠤᠨ ᠠᠴᠠ ᠡᠭᠦᠳᠦᠯ ᠲᠠᠢ ᠪᠣᠯᠬᠤ᠂ ᠤᠤᠭᠠᠯ ᠡᠬᠡ ᠨᠤᠲᠤᠭ ᠨᠢ ᠤᠭᠰᠠᠭᠠᠲᠠᠨ ᠤ ᠨᠢᠭᠡᠳᠦᠯ ᠢ ᠡᠭᠦᠰᠬᠡᠬᠦ ᠣᠪᠶᠧᠺᠲ᠋ᠢᠪ ᠨᠥᠬᠦᠴᠡᠯ ᠢ ᠪᠦᠷᠢᠳᠦᠭᠦᠯᠦᠭᠰᠡᠨ ᠡᠰᠡᠬᠦ ᠭᠡᠬᠦ ᠮᠡᠲᠦ ᠤᠭᠰᠠᠭᠠᠨ ᠤ ᠵᠦᠢ ᠶᠢᠨ ᠴᠢᠬᠤᠯᠠ ᠰᠡᠳᠦᠪ ᠤᠳ ᠢ ᠲᠤᠳᠤᠳᠬᠠᠬᠤ ᠶᠢᠨ ᠵᠡᠷᠭᠡᠴᠡᠭᠡ ᠪᠠᠷ ᠡᠷᠲᠡᠨ ᠠᠴᠠ ᠤᠯᠠᠮᠵᠢᠯᠠᠵᠤ ᠢᠷᠡᠭᠰᠡᠨ ᠬᠡᠯᠡ ᠠᠶᠠᠯᠭᠤ ᠪᠣᠯᠤᠨ ᠳᠤᠮᠳᠠᠳᠤ ᠵᠠᠭᠤᠨ ᠤ ᠠᠷᠭᠧᠯᠣᠬᠢ ᠶᠢᠨ ᠳᠤᠷᠠᠰᠬᠠᠯ ᠤᠳ ᠠᠴᠠ ᠣᠯᠳᠠᠵᠤ ᠪᠣᠢ ᠡᠳ᠋ ᠦᠯᠦᠭ ᠤᠨ ᠰᠣᠶᠤᠯ ᠳᠤ ᠬᠠᠮᠢᠶᠠᠷᠬᠤ ᠪᠠᠷᠭᠤ ᠪᠤᠷᠢᠶᠠᠳ ᠡᠬᠡᠨᠡᠷ ᠳᠡᠪᠡᠯ ᠤᠨ ᠬᠡᠪ ᠮᠠᠶ᠋ᠢᠭ ᠲᠤ ᠬᠤᠯᠪᠤᠭᠳᠠᠬᠤ ᠬᠤᠨᠢᠶᠠᠰᠤ ︽ᠲᠠᠲᠠᠭᠠᠰᠤᠨ︾᠎ ᠤ ᠪᠠᠶᠢᠳᠠᠯ ᠣᠯᠠᠨ ᠢᠶᠠᠷ ᠣᠯᠳᠠᠵᠤ ᠪᠠᠶᠢᠭ᠎ᠠ ᠨᠢ ᠪᠠᠷᠭᠤ ᠨᠠᠷ ᠤᠨ ᠡᠪᠦᠭᠡ ᠳᠡᠭᠡᠳᠦᠰ ᠤᠨ ᠤᠭᠰᠠᠭ᠎ᠠ ᠰᠣᠶᠤᠯ ᠤᠨ ᠨᠡᠶᠢᠳᠡᠯᠢᠭ ᠨᠡᠩ ᠡᠷᠲᠡᠨ ᠠᠴᠠ ᠲᠥᠯᠥᠪᠰᠢᠵᠦ ᠪᠠᠶᠢᠭᠰᠠᠨ ᠢ ᠢᠯᠡᠳᠬᠡᠬᠦ ᠪᠣᠳᠠᠲᠤ ᠬᠡᠷᠡᠭᠯᠡᠭᠳᠡᠭᠦᠨ ᠭᠡᠯᠲᠡᠢ᠃ ᠡᠶᠢᠨ ᠬᠦ ᠤᠭᠰᠠᠭ᠎ᠠ — ᠪᠦᠯᠦᠭ ᠤᠨ ᠨᠤᠲᠤᠭ ᠤᠨ ᠣᠨᠴᠠᠯᠢᠭ ᠲᠤ ᠵᠣᠬᠢᠴᠠᠭᠤᠯᠤᠨ ᠪᠦᠲᠦᠭᠡᠭᠰᠡᠨ ᠰᠣᠶᠤᠯ ᠶᠠᠭᠤᠲᠠᠢ ᠴᠦ ᠵᠦᠢᠷᠯᠡᠰᠢ ᠦᠭᠡᠢ ᠦᠨ᠎ᠡ ᠎ ᠲᠠᠢ ᠥᠪ ᠪᠣᠯᠵᠤ᠂ ᠲᠡᠭᠦᠨ ᠢ ᠪᠠᠶᠠᠵᠢᠭᠤᠯᠳᠠᠭ ᠨᠢ ᠡᠭᠦᠨ ᠠᠴᠠ ᠲᠣᠳᠤᠷᠬᠠᠢ ᠬᠠᠷᠠᠭᠳᠠᠵᠤ ᠪᠠᠶᠢᠭ᠎ᠠ ᠶᠢ ᠲᠡᠮᠳᠡᠭᠯᠡᠵᠦ ᠪᠣᠯᠬᠤ ᠪᠠᠶᠢᠨ᠎ᠠ᠃       ᠡᠷᠲᠡᠨ ᠤ ᠪᠠ ᠳᠤᠮᠳᠠᠳᠤ ᠦᠶ᠎ᠡ ᠶᠢᠨ ᠮᠣᠩᠭᠤᠯ ᠬᠡᠯᠡᠨ ᠤ ᠠᠮᠠᠨ ᠠᠶᠠᠯᠭᠤᠨ ᠤ ᠣᠨᠴᠠᠯᠢᠭ ᠰᠡᠭᠦᠯ ᠦᠶ᠎ᠡ ᠬᠦᠷᠲᠡᠯ᠎ᠡ ᠤᠯᠠᠮᠵᠢᠯᠠᠭᠳᠠᠵᠤ ᠪᠠᠶᠢᠭ᠎ᠠ ᠠᠴᠠ ᠰᠡᠳᠦᠪᠯᠡᠨ ᠮᠣᠩᠭᠤᠯᠴᠤᠳ ᠤᠨ ᠳᠤᠲᠤᠷᠠᠬᠢ ᠤᠭᠰᠠᠭ᠎ᠠ ᠪᠦᠯᠦᠭ ᠤᠨ ᠲᠠᠷᠬᠠᠯᠲᠠ᠂ ᠢᠵᠢᠯᠢᠰᠢᠯ ᠵᠡᠷᠭᠡ ᠤᠭᠰᠠᠭᠠᠲᠠᠨ ᠤ ᠬᠥᠭᠵᠢᠯ ᠤᠨ ᠲᠡᠦᠬᠡᠨ ᠶᠠᠪᠤᠴᠠ ᠶᠢ ᠲᠣᠳᠤᠷᠠᠭᠤᠯᠬᠤ ᠳᠤ ᠴᠢᠭᠯᠡᠭᠳᠡᠭᠰᠡᠨ ᠵᠠᠷᠢᠮ ᠳ᠋ᠦᠩᠨᠡᠯᠲᠡ ᠳᠤ ᠬᠦᠷᠬᠦ ᠪᠣᠯᠤᠮᠵᠢᠲᠠᠢ᠃ ᠮᠣᠩᠭᠤᠯ ᠤᠨ ᠲᠡᠦᠬᠡ ᠶᠢᠨ ᠶᠠᠩᠵᠤ ᠪᠦᠷᠢ ᠶᠢᠨ ᠦᠶ᠎ᠡ ᠲᠠᠢ ᠤᠶᠠᠯᠳᠤᠨ ᠲᠥᠯᠥᠪᠰᠢᠭᠰᠡᠨ ᠤᠭᠰᠠᠭ᠎ᠠ — ᠪᠦᠯᠦᠭ ᠤᠳ ᠤᠨ ᠬᠤᠪᠢ ᠵᠠᠶᠠᠭᠠᠨ ᠤ ᠣᠨᠴᠠᠯᠢᠭ ᠬᠥᠭᠵᠢᠯ ᠤᠨ ᠣᠯᠠᠨ ᠲᠠᠯᠠᠲᠤ ᠦᠢᠯᠡ ᠶᠠᠪᠤᠴᠠ ᠳᠤ ᠮᠡᠳᠡᠷᠡᠭᠳᠡᠭᠴᠢ ᠬᠡᠯᠡ ᠠᠶᠠᠯᠭᠤᠨ ᠤ ᠤᠯᠠᠮᠵᠢᠯᠠᠯᠲᠤ ᠦᠭᠡ ᠬᠡᠯᠡᠯᠭᠡᠨ ᠳᠤ ᠠᠩᠬᠠᠷᠤᠯ ᠬᠠᠨᠳᠤᠭᠤᠯᠬᠤ ᠶᠠᠪᠤᠳᠠᠯ ᠴᠢᠬᠤᠯᠠ ᠶᠤᠮ᠃ ᠳᠤᠮᠳᠠᠳᠤ ᠦᠶ᠎ᠡ ᠶᠢᠨ ᠮᠣᠩᠭᠤᠯ ᠬᠡᠯᠡᠨ ᠠᠴᠠ ᠪᠠᠷᠭᠤ ᠪᠤᠷᠢᠶᠠᠳ ᠬᠡᠯᠡ ᠠᠶᠠᠯᠭᠤ ᠬᠠᠳᠠᠭᠠᠯᠠᠭᠳᠠᠬᠤ ᠶᠢᠨ ᠵᠡᠷᠭᠡᠴᠡᠭᠡ ᠪᠠᠷ ᠲᠡᠭᠦᠨ ᠤᠷᠤᠭᠤ ᠦᠢᠷ᠎ᠠ ᠲᠥᠰᠲᠡᠢ ᠠᠮᠠᠨ ᠠᠶᠠᠯᠭᠤᠨ ᠤ ᠦᠭᠡᠰ ᠳᠠᠷᠬᠠᠳ᠂ ᠲᠤᠸᠠ᠂ ᠣᠶᠢᠷᠠᠳ ᠤᠨ ᠳᠤᠮᠳᠠ ᠶᠠᠪᠤᠭᠤᠯᠤᠭᠰᠠᠨ ᠪᠢᠳᠡᠨ ᠤ ᠤᠭᠰᠠᠭᠠᠲᠠᠨ ᠤ ᠵᠦᠢ ᠶᠢᠨ ᠰᠤᠳᠤᠯᠭᠠᠨ ᠤ ᠦᠶ᠎ᠡ ᠳᠤ ᠲᠣᠳᠤ ᠠᠵᠢᠭᠯᠠᠭᠳᠠᠳᠠᠭ᠃ ᠡᠭᠦᠨ ᠠᠴᠠ ᠤᠯᠪᠠᠭᠠᠯᠠᠨ ᠬᠡᠯᠡ ᠠᠶᠠᠯᠭᠤᠨ ᠤ ᠣᠨᠴᠠᠯᠢᠭ ᠢ ᠰᠤᠳᠤᠯᠤᠭᠰᠠᠨ ᠢᠶᠠᠷ ᠲᠤᠬᠠᠢ ᠶᠢᠨ ᠠᠷᠠᠳ ᠲᠦᠮᠡᠨ ᠤ ᠰᠡᠳᠬᠢᠬᠦᠢ ᠶᠢᠨ ᠮᠥᠨ ᠴᠢᠨᠠᠷ᠂ ᠤᠭᠰᠠᠭ᠎ᠠ ᠲᠡᠦᠬᠡ ᠶᠢ ᠨᠢᠭᠲᠠᠯᠠᠬᠤ ᠳᠤ ᠡᠷᠳᠡᠮ ᠰᠢᠨᠵᠢᠯᠡᠭᠡᠨ ᠤ ᠴᠢᠬᠤᠯᠠ ᠠᠴᠢ ᠬᠤᠯᠪᠤᠭᠳᠠᠯ ᠲᠠᠢ ᠪᠣᠯᠤᠨ᠎ᠠ᠃       ᠮᠣᠩᠭᠤᠯ ᠤᠭᠰᠠᠭᠠᠲᠠᠨ ᠤ ᠲᠦᠷᠬᠦ ᠪᠠᠶᠢᠳᠠᠯ᠂ ᠰᠡᠳᠬᠢᠯ ᠣᠶᠤᠨ ᠤ ᠣᠨᠴᠠᠯᠢᠭ ᠨᠢ ᠬᠡᠳᠦᠶᠢᠪᠡᠷ ᠣᠯᠠᠨ ᠮᠢᠩᠭᠠᠨ ᠤ ᠲᠡᠷᠲᠡᠭᠡ ᠠᠴᠠ ᠤᠯᠠᠮᠵᠢᠯᠠᠨ ᠤᠳᠤᠮᠰᠢᠵᠤ ᠢᠷᠡᠭᠰᠡᠨ ᠭᠧᠨᠧᠲ᠋ᠢᠺ ᠦᠨᠳᠦᠰᠦᠯᠡᠯ ᠲᠠᠢ ᠬᠡᠳᠦᠢ ᠴᠦ ᠭᠠᠵᠠᠷ ᠵᠦᠢ ᠶᠢᠨ ᠣᠷᠴᠢᠨ᠂ ᠨᠡᠶᠢᠭᠡᠮ ᠲᠡᠦᠬᠡ ᠶᠢᠨ ᠶᠠᠩᠵᠤ ᠪᠦᠷᠢ ᠶᠢᠨ ᠦᠶ᠎ᠡ ᠳᠤ ᠬᠠᠮᠢᠶᠠᠷᠬᠤ ᠥᠭᠡᠷᠡᠴᠢᠯᠡᠯᠲᠡ ᠬᠤᠪᠢᠰᠤᠯ ᠢ ᠲᠤᠰᠬᠠᠨ ᠲᠥᠯᠥᠪᠰᠢᠵᠦ ᠢᠷᠡᠭᠰᠡᠨ ᠲᠡᠦᠬᠡ ᠲᠠᠢ᠃ ᠡᠶᠢᠮᠦ ᠠᠴᠠ ᠤᠭᠰᠠᠭᠠᠲᠠᠨ ᠤ ᠪᠠ ᠤᠭᠰᠠᠭ᠎ᠠ ᠨᠢᠭᠡᠴᠢ ᠶᠢ ᠲᠣᠳᠤᠷᠠᠭᠤᠯᠬᠤ ᠬᠡᠪ ᠰᠢᠨᠵᠢ ᠤᠳ ᠬᠥᠭᠵᠢᠯ ᠤᠨ ᠲᠡᠦᠬᠡᠨ ᠦᠶ᠎ᠡ ᠪᠦᠷᠢ ᠳᠤ ᠬᠠᠷᠢᠯᠴᠠᠨ ᠠᠳᠠᠯᠢ ᠦᠭᠡᠢ᠂ ᠥᠭᠡᠷ᠎ᠡ ᠪᠠᠷ ᠬᠡᠯᠡᠪᠡᠯ ᠤᠭᠰᠠᠭ᠎ᠠ — ᠪᠦᠯᠦᠭ ᠤᠨ ᠥᠪᠡᠷᠮᠢᠴᠡ ᠣᠨᠴᠠᠯᠢᠭ ᠨᠢ ᠲᠤᠬᠠᠢ ᠶᠢᠨ ᠬᠥᠭᠵᠢᠯ ᠤᠨ ᠦᠶ᠎ᠡ ᠳᠤ ᠪᠦᠬᠦᠯᠢ ᠳᠤ ᠪᠠᠨ ᠪᠠᠶᠢᠬᠤ ᠠᠯᠪᠠ ᠦᠭᠡᠢ ᠪᠥᠭᠡᠳ ᠨᠡᠶᠢᠭᠡᠮ᠂ ᠤᠯᠤᠰ ᠲᠥᠷᠥ ᠶᠢᠨ ᠦᠢᠯᠡ ᠶᠠᠪᠤᠴᠠ ᠲᠠᠢ ᠤᠶᠠᠯᠳᠤᠨ ᠣᠷᠤᠨ ᠵᠠᠢ᠂ ᠴᠠᠭ ᠬᠤᠭᠤᠴᠠᠭ᠎ᠠ᠂ ᠤᠯᠠᠮᠵᠢᠯᠠᠯ ᠢᠶᠠᠨ ᠥᠪᠯᠡᠬᠦ ᠪᠤᠶᠤ ᠳᠠᠮᠵᠢᠭᠤᠯᠵᠤ ᠢᠷᠡᠭᠰᠡᠨ ᠪᠠᠶᠢᠳᠠᠯ ᠠᠴᠠ ᠰᠢᠯᠲᠠᠭᠠᠯᠠᠨ ᠨᠡᠷᠡᠯᠡᠭᠳᠡᠵᠦ ᠪᠣᠢ ᠨᠡᠷ᠎ᠡ᠂ ᠬᠡᠯᠡ ᠰᠣᠶᠤᠯ᠂ ᠵᠠᠩ ᠵᠠᠩᠰᠢᠯ᠂ ᠵᠠᠩ ᠦᠢᠯᠡ ᠶᠢᠨ ᠲᠠᠯ᠎ᠠ ᠪᠠᠷ ᠬᠢ ᠣᠶᠢᠯᠠᠭᠠᠯᠲᠠ ᠤᠬᠠᠮᠰᠠᠷ ᠤᠨ ᠠᠯᠢ ᠨᠢᠭᠡ ᠪᠠᠷ ᠢᠯᠭᠠᠭᠳᠠᠵᠤ ᠪᠠᠶᠢᠳᠠᠭ ᠢ ᠤᠭᠰᠠᠭᠠᠲᠠᠨ ᠤ ᠣᠨᠤᠯ ᠤᠨ ᠡᠭᠦᠳᠡᠨ ᠠᠴᠠ ᠥᠭᠦᠯᠡᠬᠦ ᠪᠦᠷᠢᠨ ᠦᠨᠳᠦᠰᠦᠯᠡᠯ ᠲᠠᠢ ᠶᠢ ᠲᠡᠮᠳᠡᠭᠯᠡᠬᠦ ᠬᠡᠷᠡᠭᠲᠡᠢ ᠶᠤᠮ᠃ ᠲᠡᠭᠦᠨ ᠲᠠᠢ ᠤᠶᠠᠯᠳᠤᠭᠤᠯᠤᠨ ᠠᠪᠴᠤ ᠦᠵᠡᠪᠡᠯ ᠡᠳᠦᠭᠡ ᠮᠣᠩᠭᠤᠯ ᠤᠭᠰᠠᠭᠠᠲᠠᠨ ᠤ ᠳᠣᠲᠤᠷᠠᠬᠢ ᠠᠷᠪᠠ ᠭᠠᠷᠤᠢ ᠤᠭᠰᠠᠭ᠎ᠠ — ᠪᠦᠯᠦᠭ ᠲᠡᠦᠬᠡᠨ ᠨᠡᠶᠢᠲᠡᠯᠢᠭ ᠤᠳ ᠤᠨ ᠶᠡᠬᠡᠩᠬᠢ ᠨᠢ ᠬᠥᠭᠵᠢᠯ ᠎ ᠤᠨ ᠡᠭᠡᠳᠡᠷᠡᠭᠡᠨᠲᠡᠢ ᠵᠠᠮ ᠢ ᠲᠤᠭᠤᠯᠵᠤ᠂ ᠥᠪᠡᠷᠰᠡᠳ ᠤᠨ ᠤᠬᠠᠮᠰᠠᠷ ᠲᠤ ᠰᠢᠩᠭᠡᠭᠡᠭᠰᠡᠨ ︽ᠡᠲᠨᠣᠨᠢᠮ︾ ᠨᠡᠷ᠎ᠡ᠂ ᠥᠪᠡᠷ ᠤᠨ ᠪᠦᠲᠦᠭᠡᠭᠰᠡᠨ ᠡᠳ᠋ ᠦᠯᠦᠭ᠂ ᠣᠶᠤᠨ ᠤ ᠰᠣᠶᠤᠯ ᠤᠨ ᠥᠪᠡᠷᠮᠢᠴᠡ ᠪᠠᠶᠢᠳᠠᠯ ᠢᠶᠠᠨ ᠬᠠᠳᠠᠭᠠᠯᠠᠭᠰᠠᠭᠠᠷ ᠢᠷᠡᠭᠰᠡᠨ ᠪᠢᠯᠡ᠃ ᠪᠠᠷᠭᠤ ᠮᠣᠩᠭᠤᠯᠴᠤᠳ ᠭᠡᠬᠦ ᠳᠤ ᠯᠡ ᠡᠷᠲᠡᠨ ᠤ ᠡᠪᠦᠭᠡ ᠳᠡᠭᠡᠳᠦᠰ ᠎ ᠠᠴᠠ ᠤᠳᠤᠮ ᠭᠠᠷᠪᠠᠯᠢ ᠢᠶᠠᠨ ᠥᠪᠯᠡᠨ ᠬᠠᠳᠠᠭᠠᠯᠠᠵᠤ᠂ ᠠᠮᠢᠳᠤᠷᠠᠬᠤ ᠣᠷᠴᠢᠨ ᠤ ᠨᠥᠯᠥᠭᠡ ᠪᠠᠷ ᠪᠠᠶᠢᠭᠠᠯᠢ ᠴᠠᠭ ᠠᠭᠤᠷ ᠲᠠᠢ ᠪᠠᠨ ᠵᠣᠬᠢᠴᠠᠨ ᠠᠵᠤ ᠠᠬᠤᠢ᠂ ᠰᠣᠶᠤᠯ ᠤᠨ ᠤᠯᠠᠮᠵᠢᠯᠠᠯ ᠢᠶᠠᠨ ᠡᠷᠬᠢᠮᠯᠡᠵᠦ ᠪᠣᠢ ᠨᠢ ᠤᠭᠰᠠᠭᠠᠲᠠᠨ ᠤ ᠬᠥᠭᠵᠢᠯ ᠤᠨ ᠲᠡᠦᠬᠡᠨ ᠶᠠᠪᠤᠴᠠ ᠶᠢᠨ ᠲᠣᠳᠤᠷᠬᠠᠢ ᠵᠢᠱᠢᠶ᠎ᠡ ᠪᠣᠯᠤᠨ᠎ᠠ᠃ ᠪᠠᠷᠢᠮᠲᠠ ᠪᠣᠯᠭᠠᠨ ᠳᠤᠷᠠᠳᠪᠠᠯ᠂ ᠨᠡᠭᠦᠳᠡᠯᠴᠢᠳ ᠤᠨ ᠳᠤᠮᠳᠠ ᠲᠡᠷᠭᠡ ᠡᠭᠦᠰᠦᠭᠰᠡᠨ ᠶᠠᠪᠤᠳᠠᠯ ᠣᠯᠠᠨ ᠵᠠᠭᠤᠨ ᠤ ᠲᠡᠦᠬᠡ ᠲᠠᠢ᠃ ᠡᠨᠡ ᠨᠢ ᠶᠠᠭᠤᠨ ᠤ ᠡᠮᠦᠨ᠎ᠡ ᠵᠢᠳᠬᠦᠬᠦ ᠬᠦᠴᠦᠨ ᠤ ᠮᠠᠯ ᠢ ᠡᠳ᠋ᠯᠡᠭᠡᠨ ᠳᠤ ᠬᠡᠷᠡᠭᠯᠡᠬᠦ ᠪᠣᠯᠤᠭᠰᠠᠨ ᠦᠶ᠎ᠡ ᠲᠠᠢ ᠰᠢᠭᠤᠳ ᠬᠤᠯᠪᠤᠭ᠎ᠠ ᠲᠠᠢ ᠭᠡᠵᠤ ᠦᠵᠡᠵᠦ ᠪᠣᠯᠤᠨ᠎ᠠ᠃ ᠱᠠᠷ ᠦᠬᠡᠷ᠂ ᠲᠠᠮᠡᠭᠡᠨ ᠳᠤ ᠲᠣᠬᠢᠷᠠᠭᠤᠯᠤᠨ ᠲᠣᠨᠤᠭ ᠬᠡᠷᠡᠭᠰᠡᠯ᠂ ᠭᠡᠷ ᠲᠡᠷᠭᠡ ᠪᠦᠲᠦᠭᠡᠨ᠎ᠡ ᠭᠡᠳᠡᠭ ᠲᠤᠬᠠᠢ ᠶᠢᠨ ᠦᠶ᠎ᠡ ᠶᠢᠨ ᠨᠡᠭᠦᠳᠡᠯ ᠤᠨ ᠠᠵᠤ ᠲᠥᠷᠥᠬᠦ ᠣᠨᠴᠠᠯᠢᠭ᠂ ᠠᠮᠢᠳᠤᠷᠠᠬᠤ ᠨᠥᠬᠦᠴᠡᠯ ᠢ ᠲᠤᠰᠬᠠᠭᠰᠠᠨ ᠮᠣᠩᠭᠤᠯᠴᠤᠳ ᠤᠨ ᠰᠣᠶᠤᠯ ᠤᠨ ᠥᠪ ᠪᠢᠯᠡ᠃ ᠭᠡᠷ ᠲᠡᠷᠭᠡᠨ ᠤ ᠬᠤᠪᠢᠰᠤᠯ ᠲᠡᠦᠬᠡᠨ ᠤᠷᠲᠤ ᠤᠳᠠᠭᠠᠨ ᠬᠤᠭᠤᠴᠠᠭᠠᠨ ᠳᠤ ᠶᠠᠪᠤᠭᠳᠠᠭᠰᠠᠨ ᠨᠢ ᠣᠶᠢᠯᠠᠭᠠᠮᠵᠢᠲᠠᠢ᠃ ᠮᠣᠩᠭᠤᠯ ᠭᠠᠵᠠᠷ ᠣᠷᠤᠰᠢᠨ ᠠᠮᠢᠳᠤᠷᠠᠵᠤ ᠪᠠᠶᠢᠭᠰᠠᠨ ᠣᠪᠤᠭ ᠠᠶᠢᠮᠠᠭ᠂ ᠤᠭᠰᠠᠭ᠎ᠠ — ᠪᠦᠯᠦᠭ ᠤᠳ ᠠᠵᠤ ᠠᠬᠤᠢ ᠳᠤ ᠪᠠᠨ ᠲᠡᠷᠭᠡ ᠬᠡᠷᠡᠭᠯᠡᠬᠦ ᠪᠣᠯᠤᠭᠰᠠᠨ ᠨᠢ ᠨᠢᠷᠤᠭᠤ ᠠᠴᠢᠬᠤ ᠲᠡᠭᠡᠭᠡᠪᠦᠷᠢ ᠠᠴᠠ ᠮᠠᠯ ᠢ ᠬᠥᠯᠯᠡᠭᠡᠨ ᠤ ᠵᠣᠷᠢᠭᠤᠯᠤᠯᠲᠠ ᠪᠠᠷ ᠠᠰᠢᠭᠯᠠᠬᠤ ᠲᠠᠢ ᠬᠤᠯᠪᠤᠭᠳᠠᠬᠤ ᠶᠤᠮ᠃ ᠲᠡᠷᠭᠡ ᠶᠢ ᠾᠦᠩᠨᠦ ᠨᠠᠷ ᠬᠡᠷᠡᠭᠯᠡᠵᠦ ᠪᠠᠶᠢᠭᠰᠠᠨ ᠲᠤᠬᠠᠢ ᠥᠭᠦᠯᠡᠭᠳᠡᠵᠢ᠃ ᠮᠥᠨ ᠵᠤᠵᠠᠨᠴᠤᠳ ᠭᠡᠷ ᠲᠡᠷᠭᠡ ᠪᠠᠷ ᠨᠡᠭᠦᠳᠡᠭ ᠪᠠᠶᠢᠭᠰᠠᠨ ᠲᠠᠯ᠎ᠠ ᠪᠠᠷ ᠬᠢ ᠵᠠᠷᠢᠮ ᠮᠡᠳᠡᠭᠡ ᠶᠢ ᠳᠤᠷᠠᠳᠪᠠᠯ᠂ 429 ᠣᠨ ᠤ ᠦᠶ᠎ᠡ ᠳᠤ ᠲᠤᠸᠠ ᠤᠯᠤᠰ ᠤᠨ ᠭᠡᠨᠡᠳᠲᠡ ᠶᠢᠨ ᠳᠣᠪᠲᠤᠯᠭᠠᠨ ᠠᠴᠠ ᠰᠠᠮᠭᠠᠷᠳᠠᠨ ᠵᠤᠵᠠᠨ ᠤ ᠳ᠋ᠠᠲ᠋ᠠᠨ ᠬᠠᠭᠠᠨ ᠣᠷᠤᠨ ᠪᠠᠶᠢᠷᠢ ᠪᠠᠨ ᠰᠢᠲᠠᠭᠠᠨ ᠤᠰᠠᠳᠬᠠᠭᠠᠳ ᠥᠪᠡᠷ ᠢᠶᠠᠨ ᠭᠡᠷ ᠲᠡᠷᠭᠡᠨ ᠳᠤ ᠰᠠᠭᠤᠵᠤ᠂ ᠬᠡᠳᠦᠨ ᠵᠠᠭᠤᠨ ᠢᠷᠭᠡᠳ ᠤᠨ ᠬᠠᠮᠲᠤ ᠭᠠᠷᠴᠤ ᠡᠮᠦᠨ᠎ᠡ ᠵᠦᠭ ᠵᠢᠭᠤᠲᠠᠭᠰᠠᠨ ᠭᠡᠵᠡᠢ᠃ ᠡᠭᠦᠨ ᠠᠴᠠ ᠦᠵᠡᠬᠦ ᠳᠤ ᠭᠡᠷ ᠢᠶᠠᠨ ᠲᠡᠷᠭᠡᠨ ᠳᠡᠭᠡᠷ᠎ᠡ ᠪᠠᠷᠢᠭᠰᠠᠨ ᠬᠡᠪ ᠢᠶᠠᠷ ᠨᠡᠭᠦᠳᠡᠭ ᠶᠠᠪᠤᠳᠠᠯ ᠨᠡᠯᠢᠶᠡᠳ ᠳᠡᠯᠭᠡᠷ ᠪᠠᠶᠢᠭᠰᠠᠨ ᠮᠡᠲᠦ᠃      ᠡᠷᠲᠡ ᠦᠶ᠎ᠡ ᠳᠤ ᠮᠣᠩᠭᠤᠯᠴᠤᠳ ᠤᠨ ᠭᠡᠷ ᠲᠡᠷᠭᠡ ᠨᠢ ᠤᠨᠤᠭ᠎ᠠ ᠴᠦ ᠪᠣᠯᠳᠠᠭ᠂ ᠰᠠᠭᠤᠴᠠ ᠴᠦ ᠪᠣᠯᠳᠠᠭ ᠢᠶᠠᠷ ᠢᠶᠠᠨ ᠣᠨᠴᠠᠯᠢᠭ ᠪᠠᠶᠢᠵᠤ᠂ ᠭᠡᠷ ᠲᠡᠷᠭᠡ ᠶᠢ ᠾᠦᠩᠨᠦ ᠶᠢᠨ ᠦᠶ᠎ᠡ ᠠᠴᠠ ᠤᠯᠠᠮᠵᠢᠯᠠᠨ ᠬᠤᠵᠢᠮ ᠢᠶᠠᠨ ᠣᠯᠠᠨ ᠵᠠᠭᠤᠨ ᠵᠢᠯ ᠤᠨ ᠲᠤᠷᠰᠢ ᠪᠣᠯᠪᠠᠰᠤᠷᠠᠩᠭᠤᠢ ᠪᠣᠯᠤᠭᠰᠠᠭᠠᠷ ᠶᠡᠭᠡ ᠮᠣᠩᠭᠤᠯ ᠤᠯᠤᠰ ᠤᠨ ᠦᠶ᠎ᠡ ᠳᠤ ᠰᠣᠩᠭᠤᠳᠠᠭ ᠬᠡᠯᠪᠡᠷᠢ ᠪᠠᠨ ᠣᠯᠤᠭᠰᠠᠨ ᠭᠡᠵᠤ ᠪᠣᠯᠬᠤ ᠪᠢᠯᠡ᠃ ᠭᠡᠷ — ᠲᠡᠷᠭᠡᠨ ᠤ ᠲᠠᠯ᠎ᠠ ᠪᠠᠷ ᠭ᠊ · ᠷᠣᠪᠷᠤᠺ ᠰᠣᠨᠢᠷᠬᠠᠯᠲᠠᠢ ᠲᠡᠮᠳᠡᠭᠯᠡᠯ ᠦᠯᠡᠳᠡᠭᠡᠵᠡᠢ᠃ ︽᠁ ᠪᠢ ᠨᠢᠭᠡ ᠤᠳᠠᠭ᠎ᠠ ᠭᠡᠷ ᠲᠡᠷᠭᠡᠨ ᠤ ᠳᠤᠭᠤᠢ ᠶᠢᠨ ᠬᠤᠭᠤᠷᠤᠨᠳᠤ ᠶᠢᠨ ᠵᠠᠢ ᠶᠢ ᠬᠡᠮᠵᠢᠵᠦ ᠦᠵᠡᠭᠰᠡᠨ ᠳᠤ ᠬᠤᠷᠢᠨ ᠠᠯᠬᠤᠮ ᠪᠠᠶᠢᠭᠰᠠᠨ ᠪᠥᠭᠡᠳ ᠲᠡᠷᠭᠡᠨ ᠳᠡᠭᠡᠷ᠎ᠡ ᠪᠣᠰᠬᠠᠭᠰᠠᠨ ᠭᠡᠷ ᠨᠢ ᠬᠠᠮᠢᠭᠠᠰᠢ ᠬᠠᠮᠢᠭᠠᠰᠢ ᠪᠠᠨ ᠲᠠᠪᠤᠨ ᠠᠯᠬᠤᠮ ᠠᠴᠠ ᠢᠯᠡᠭᠦᠦ ᠭᠠᠷᠴᠤ ᠪᠠᠶᠢᠪᠠ᠃ ᠨᠢᠭᠡ ᠭᠡᠷ — ᠲᠡᠷᠭᠡᠨ ᠳᠤ ᠬᠥᠯᠯᠡᠭᠰᠡᠨ ᠦᠬᠡᠷ ᠢ ᠲᠣᠭᠠᠯᠠᠵᠤ ᠦᠵᠡᠬᠦ ᠳᠤ ᠬᠤᠷᠢᠨ ᠬᠤᠶᠠᠷ ᠬᠦᠷᠦᠭᠰᠡᠨ ᠠᠭᠠᠳ ᠠᠷᠪᠠᠨ ᠨᠢᠭᠡ ᠠᠷᠪᠠᠨ ᠨᠢᠭᠡ ᠪᠠᠷ ᠨᠢ ᠬᠤᠶᠠᠷ ᠡᠩᠨᠡᠭᠡ ᠪᠣᠯᠭᠠᠨ ᠬᠥᠯᠯᠡᠭᠰᠡᠨ ᠪᠠᠶᠢᠯ᠎ᠠ᠃ ᠲᠡᠷᠭᠡᠨ ᠤ ᠲᠡᠩᠭᠡᠯᠢᠭ ᠨᠢ ᠬᠥᠯᠭᠡ ᠣᠩᠭᠤᠴᠠᠨ ᠤ ᠱᠤᠷᠠᠭ ᠰᠢᠭ᠋ ᠪᠦᠲᠦᠭᠦᠨ᠂ ᠨᠢᠭᠡ ᠬᠥᠮᠥᠨ ᠲᠡᠷᠭᠡᠨ ᠳᠡᠭᠡᠷ᠎ᠡ ᠭᠡᠷ ᠤᠨ ᠪᠣᠱᠤᠭᠠᠨ ᠤ ᠡᠮᠦᠨ᠎ᠡ ᠵᠣᠭᠰᠤᠭ᠎ᠠ ᠪᠠᠷ ᠬᠥᠯᠯᠡᠭᠰᠡᠨ ᠦᠬᠡᠷ ᠢ ᠲᠠᠭᠤᠳᠠᠭ︾ ᠲᠤᠬᠠᠢ ᠪᠢᠴᠢᠵᠡᠢ᠃ ᠲᠡᠭᠦᠨ ᠠᠴᠠ ᠭᠠᠳᠠᠨ᠎ᠠ ᠴᠢᠩᠬᠡᠯᠢᠭ     ︵ᠰᠢᠩᠭᠡᠯᠢᠭ︶ ᠲᠡᠷᠭᠡᠨ ᠤ ᠲᠤᠬᠠᠢ ᠥᠭᠦᠯᠡᠬᠦ ᠳᠤ ᠪᠠᠨ ︽ᠲᠠᠲ᠋ᠠᠷ ᠤᠳ ᠨᠠᠷᠢᠨ ᠰᠦᠯᠵᠢᠮᠡᠯ ᠮᠣᠳᠤ ᠪᠠᠷ ︵ᠪᠤᠷᠭᠠᠰᠤ ᠪᠣᠯᠤᠯᠲᠠᠢ︶ ᠲᠣᠮᠤ ᠠᠪᠳᠠᠷ᠎ᠠ ᠶᠢᠨ ᠣᠪᠤᠷ ᠬᠡᠮᠵᠢᠶᠡᠲᠡᠢ ᠳᠥᠷᠪᠡᠯᠵᠢᠨ ᠴᠢᠩᠭᠡᠯᠢᠭ ᠬᠢᠬᠦ ᠪᠥᠭᠡᠳ ᠲᠡᠭᠡᠳᠦ ᠲᠠᠯ᠎ᠠ ᠶᠢ ᠎ ᠨᠢ ᠮᠥᠨ ᠶᠠᠩᠵᠤ ᠪᠠᠷ ᠦᠢᠯᠡᠳᠦᠭᠰᠡᠨ ᠬᠠᠭᠠᠯᠲᠠ ᠪᠠᠷ ᠲᠡᠭᠡᠪᠦᠷᠯᠡᠳᠡᠭ ᠠᠵᠠᠢ᠃ ᠴᠢᠩᠭᠡᠯᠢᠭ ᠤᠨ ᠤᠷᠲᠤ ᠲᠠᠯ᠎ᠠ ᠳᠤ ᠡᠭᠦᠳᠡ ᠭᠠᠷᠭᠠᠨ᠎ᠠ᠃ ᠲᠡᠭᠡᠭᠡᠳ ᠡᠨᠡ ᠴᠢᠩᠭᠡᠯᠢᠭ ᠪᠤᠶᠤ ᠪᠢᠴᠢᠬᠠᠨ ᠪᠠᠶᠢᠰᠢᠩ ᠢᠶᠠᠨ ᠤᠰᠤ ᠪᠣᠷᠤᠭ᠎ᠠ ᠨᠡᠪᠲᠡᠷᠡᠬᠦ ᠠᠴᠠ ᠬᠠᠮᠠᠭᠠᠯᠠᠵᠤ᠂ ᠥᠭᠡᠬᠦ ᠶᠤᠮ ᠦᠦ ᠬᠤᠨᠢᠨ ᠤ ᠰᠦ ︵ᠱᠠᠪᠰᠢᠵᠤ︶ ᠰᠢᠩᠭᠡᠭᠡᠭᠰᠡᠨ ᠬᠠᠷ᠎ᠠ ᠢᠰᠡᠭᠡᠢ ᠪᠠᠷ ᠪᠦᠷᠢᠳᠡᠭ᠃ ᠭᠡᠷ ᠶᠤᠭᠠᠨ ᠴᠢᠮᠡᠭᠯᠡᠬᠦ ᠶᠢᠨ ᠠᠳᠠᠯᠢ ᠲᠡᠷᠡ ᠴᠢᠩᠭᠡᠯᠢᠭ ᠢᠶᠠᠨ ᠬᠡ ᠤᠭᠠᠯᠵᠠ᠂ ᠥᠩᠭᠡ ᠥᠩᠭᠡ ᠶᠢᠨ ᠤᠷᠠᠨ ᠬᠠᠳᠬᠤᠮᠠᠯ ᠢᠶᠠᠷ ᠭᠤᠶᠤᠳᠠᠭ᠃ ᠡᠨᠡ ᠬᠦ ᠴᠢᠩᠭᠡᠯᠢᠭ ᠲᠤ ᠲᠠᠲ᠋ᠠᠷ ᠤᠳ ᠣᠶᠢᠷ᠎ᠠ ᠵᠠᠭᠤᠷ᠎ᠠ ᠶᠢᠨ ᠪᠦᠬᠦᠶᠢᠯᠡ ᠬᠡᠷᠡᠭᠯᠡᠯ᠂ ᠰᠠᠪᠠ ᠰᠠᠭᠤᠯᠠᠭ᠎ᠠ᠂ ᠦᠨᠡᠲᠦ ᠡᠳ᠋ᠯᠡᠯ ᠢᠶᠠᠨ ᠠᠭᠤᠯᠳᠠᠭ ᠠᠭᠠᠳ ᠭᠤᠣᠯ ᠮᠥᠷᠡᠨ ᠲᠤᠭᠤᠯᠬᠤ ᠳᠤ ᠤᠨᠠᠬᠤ ᠠᠴᠠ ᠪᠣᠯᠭᠤᠮᠵᠢᠯᠠᠨ ᠲᠡᠮᠡᠭᠡᠨ ᠳᠤ ᠬᠥᠯᠯᠡᠳᠡᠭ ᠥᠨᠳᠦᠷ ᠲᠡᠷᠭᠡᠨ ᠳᠡᠭᠡᠷ᠎ᠡ ᠪᠠᠨ ᠪᠠᠲᠤ ᠪᠠᠬᠢ ᠪᠠᠭᠯᠠᠳᠠᠭ᠃ ᠴᠢᠩᠭᠡᠯᠢᠭ ᠢ ᠲᠡᠷᠭᠡᠨ ᠠᠴᠠ ᠪᠠᠭᠤᠯᠭᠠᠳᠠᠭ ᠦᠭᠡᠢ᠃ ᠲᠡᠳᠡ ᠭᠡᠷ — ᠲᠡᠷᠭᠡ ᠪᠠᠨ ᠵᠣᠭᠰᠤᠭᠠᠬᠤ ᠳᠤ ᠪᠠᠨ ᠭᠡᠷ ᠤᠨ ᠡᠭᠦᠳᠡ ᠶᠢ ᠢᠮᠠᠭᠲᠠ ᠡᠮᠦᠨ᠎ᠡ ᠵᠦᠭ ᠬᠠᠷᠠᠭᠤᠯᠳᠠᠭ᠃ ᠲᠡᠶᠢᠨ ᠬᠦ ᠴᠢᠩᠭᠡᠯᠢᠭ ᠲᠡᠷᠭᠡ ᠨᠦᠭᠦᠳ ᠢᠶᠠᠨ ᠭᠡᠷ ᠤᠨ ᠢᠶᠠᠨ ᠬᠤᠶᠠᠷ ᠲᠠᠯ᠎ᠠ ᠪᠠᠷ ᠁ ᠬᠡᠷᠡᠮ ᠠᠶᠠᠲᠠᠢ ᠤᠭᠰᠠᠷᠠᠭᠤᠯᠤᠨ ᠵᠣᠭᠰᠤᠭᠠᠳᠠᠭ︾ ᠭᠡᠵᠡᠢ᠃        ᠣᠯᠠᠨ ᠵᠠᠭᠤᠨ ᠵᠢᠯ ᠤᠨ ᠲᠡᠷᠲᠡᠭᠡ ᠮᠣᠩᠭᠤᠯ ᠨᠡᠭᠦᠳᠡᠯ ᠤᠨ ᠰᠣᠶᠤᠯ ᠪᠤᠶᠤ ᠭᠡᠷ — ᠲᠡᠷᠭᠡᠨ ᠤ ᠬᠤᠪᠢᠰᠤᠯ ᠢ ᠪᠠᠷᠭᠤ ᠮᠣᠩᠭᠤᠯᠴᠤᠳ ᠤᠨ ᠳᠤᠮᠳᠠ ᠰᠡᠭᠦᠯ ᠤᠨ ᠦᠶ᠎ᠡ ᠬᠦᠷᠲᠡᠯ᠎ᠡ ᠤᠯᠠᠮᠵᠢᠯᠠᠭᠰᠠᠭᠠᠷ ᠢᠷᠡᠭᠰᠡᠨ ᠨᠡᠭᠦᠳᠡᠯ ᠪᠣᠯᠤᠨ ᠠᠯᠤᠰ ᠤᠨ ᠵᠠᠮ ᠳᠤ ᠰᠠᠭᠤᠵᠤ ᠶᠠᠪᠤᠬᠤ ᠵᠣᠷᠢᠭᠤᠯᠤᠯᠲᠠ ᠲᠠᠢ ︽ᠮᠤᠬᠤᠯᠢᠭ︾ ᠲᠡᠷᠭᠡ᠂ ᠠᠶᠢᠯ ᠤᠨ ᠡᠳ᠋ ᠪᠠᠷᠠᠭ᠎ᠠ ᠶᠢ ᠬᠠᠳᠠᠭᠠᠯᠠᠬᠤ ︽ᠬᠦᠯᠢᠶ᠎ᠡ︾ ᠲᠡᠷᠭᠡ᠂ ᠬᠤᠣᠰ ᠱᠠᠷ ᠬᠥᠯᠯᠡᠳᠡᠭ ᠳᠥᠷᠪᠡᠨ ᠲᠤᠭᠤᠢ ᠲᠠᠢ ᠲᠡᠷᠭᠡ᠂ ᠠᠷᠭᠠᠯ ᠤᠨ ᠲᠡᠷᠭᠡ ᠵᠡᠷᠭᠡ ᠪᠠᠷ ᠲᠥᠰᠥᠭᠡᠯᠡᠨ ᠲᠣᠳᠤᠷᠠᠭᠤᠯᠬᠤ ᠪᠣᠯᠤᠮᠵᠢᠲᠠᠢ ᠮᠡᠲᠦ ᠰᠠᠨᠠᠭᠳᠠᠯ᠎ᠠ᠃ ᠪᠠᠷᠭᠤ ᠠᠶᠢᠯ ᠭᠡᠬᠦ ᠳᠤ ᠶᠡᠬᠡᠪᠴᠢᠯᠡᠨ ᠠᠷᠪᠠ ᠭᠠᠷᠤᠢ ᠲᠡᠷᠭᠡ ᠲᠠᠢ᠂ ᠲᠡᠷᠭᠡ ᠪᠦᠷᠢ ᠲᠤᠰ ᠲᠤᠰ ᠤᠨ ᠵᠣᠷᠢᠭᠤᠯᠤᠯᠲᠠ ᠲᠠᠢ ᠠᠵᠠᠢ᠃ ᠡᠭᠦᠨ ᠳᠤ᠂ ᠨᠢᠭᠡᠳᠦᠭᠡᠷ ᠲᠤ᠂ ᠨᠡᠭᠦᠳᠡᠯ ᠤᠨ ᠦᠶ᠎ᠡ ᠳᠤ ᠪᠣᠯᠤᠨ ᠠᠶᠠᠨ ᠵᠢᠩ ᠲᠡᠭᠡᠭᠡᠬᠦ᠂ ᠪᠠᠶᠠᠷ ᠨᠠᠭᠠᠳᠤᠮ ᠳᠤ ᠶᠠᠪᠤᠬᠤ ᠲᠡᠷᠭᠡ ᠪᠠᠨ          ︽ᠮᠤᠬᠤᠯᠢᠭ︾ ᠭᠡᠳᠡᠭ᠃ ᠡᠨᠡ ᠲᠡᠷᠭᠡᠨ ᠳᠡᠭᠡᠷ᠎ᠡ ᠲᠣᠬᠢᠷᠠᠭᠤᠯᠤᠨ ᠬᠤᠰᠤ ᠮᠣᠳᠤ ᠪᠠᠷ ᠪᠥᠮᠪᠥᠭᠡᠷᠳᠡᠭᠦᠦ ᠨᠢᠷᠤᠭᠤ ᠬᠢᠵᠦ ᠢᠰᠡᠭᠡᠢ ᠎ ᠪᠠᠷ ᠪᠦᠷᠢᠭᠰᠡᠨ ᠪᠢᠲᠡᠭᠦᠦ ᠰᠠᠭᠤᠴᠠ ᠪᠥᠭᠡᠳ ᠰᠠᠯᠬᠢ ᠵᠢᠪᠠᠷ᠂ ᠨᠠᠷᠠ᠂ ᠪᠣᠷᠤᠭᠠᠨ ᠠᠴᠠ ᠬᠠᠮᠠᠭᠠᠯᠠᠭᠰᠠᠨ ᠪᠠᠶᠢᠳᠠᠭ ᠢᠶᠠᠷ ᠢᠶᠠᠨ ᠣᠨᠴᠠᠯᠢᠭ ᠶᠤᠮ᠃ ᠠᠶᠢᠯ ᠳᠤ ᠮᠤᠬᠤᠯᠢᠭ ᠬᠤᠶᠠᠷ ᠠᠴᠠ ᠳᠣᠭᠤᠭᠰᠢ ᠦᠭᠡᠢ ᠪᠠᠶᠢᠭᠰᠠᠨ ᠠᠵᠠᠢ᠃ ᠮᠤᠬᠤᠯᠢᠭ ᠤᠨ ᠮᠣᠳᠤ ᠶᠢ ᠪᠦᠷᠢᠭᠰᠡᠨ ᠢᠰᠡᠭᠡᠢ ᠳᠤ ᠬᠠᠷ᠎ᠠ ᠳᠡᠭᠡᠰᠦᠨ ᠬᠤᠰᠢᠯᠠᠩ ︵ᠨᠠᠷᠢᠨ ᠳᠡᠭᠡᠰᠦ ᠶᠢ ᠬᠤᠣᠰᠯᠠᠭᠤᠯᠤᠨ ᠣᠶᠤᠵᠤ ᠬᠢᠳᠡᠭ︶᠎ ᠢᠶᠠᠷ ᠠᠷᠤ ᠥᠪᠥᠷ ᠳᠡᠭᠡᠭᠦᠷ ᠨᠢ ᠪᠦᠭᠲᠡᠷᠡᠨ ᠵᠡᠭᠡᠭ᠂ ᠤᠭᠠᠯᠵᠠ ᠲᠠᠯᠪᠢᠵᠤ ᠣᠶᠤᠨ᠎ᠠ᠃ ᠤᠷᠳᠤ ᠬᠤᠶᠢᠲᠤ ᠲᠠᠯ᠎ᠠ ᠎ ᠳᠤ ᠨᠢ ᠮᠣᠩᠭᠤᠯ ᠭᠡᠷ ᠤᠨ ᠢᠰᠡᠭᠡᠢ ᠡᠭᠦᠳᠡ ᠮᠡᠲᠦ ᠡᠭᠦᠳᠡ ᠬᠢᠵᠦ ᠮᠤᠬᠤᠯᠢᠭ ᠤᠨ ᠨᠢᠷᠤᠭᠤᠨ ᠠᠴᠠ ᠲᠣᠭᠤᠭᠰᠢ ᠤᠨᠵᠢᠭᠤᠯᠤᠨ ᠪᠦᠷᠢᠶᠡᠰᠦᠨ ᠳᠤ ᠪᠠᠷᠢᠵᠤ ᠣᠶᠤᠨ᠎ᠠ᠃ ᠣᠶᠤᠳᠠᠯ ᠦᠭᠡᠢ ᠦᠯᠡᠳᠡᠭᠰᠡᠨ ᠬᠡᠰᠡᠭ ᠤᠨ ᠢᠷᠮᠡᠭ ᠢ ᠮᠥᠨ ᠳᠡᠭᠡᠰᠦ ᠪᠠᠷ ᠵᠡᠭᠡᠭᠯᠡᠵᠦ᠂ ᠪᠣᠷᠤᠭ᠎ᠠ ᠬᠤᠷ᠎ᠠ ᠦᠭᠡᠢ ᠦᠶ᠎ᠡ ᠳᠤ ᠳᠣᠲᠤᠷ᠎ᠠ ᠨᠢ ᠨᠠᠷᠢᠨ ᠮᠣᠳᠤ ᠪᠠᠷᠢᠵᠤ ᠬᠤᠶᠢᠯᠠᠨ ᠳᠡᠭᠡᠭᠰᠢ ᠰᠢᠭᠤᠭᠠᠳ ᠬᠤᠶᠠᠷ ᠣᠭᠤᠰᠤᠷ ᠢᠶᠠᠷ ᠴᠢᠭᠲᠠᠯᠠᠨ ᠲᠣᠭᠲᠠᠭᠠᠬᠤ ᠪᠠ ᠮᠤᠬᠤᠯᠢᠭ ᠤᠨ ᠱᠠᠯᠠ ᠨᠢᠮᠭᠡᠨ ᠪᠠᠩᠵᠠ ᠪᠠᠶᠢᠳᠠᠭ᠃ ᠡᠩ ᠎ ᠤᠨ ᠦᠶ᠎ᠡ ᠳᠤ ᠮᠤᠬᠤᠯᠢᠭ ᠲᠤ ᠡᠮᠡᠭᠡᠯ ᠬᠠᠵᠠᠭᠠᠷ᠂ ᠲᠠᠲᠠᠯᠭ᠎ᠠ ᠵᠡᠷᠭᠡ ᠶᠢ ᠨᠣᠷᠬᠤ ᠠᠴᠠ ᠬᠠᠮᠠᠭᠠᠯᠠᠵᠤ ᠲᠦᠷ ᠬᠠᠳᠠᠭᠠᠯᠠᠳᠠᠭ ᠪᠠ ᠲᠡᠷᠡᠴᠢᠯᠡᠨ ᠬᠤᠨᠢ ᠮᠠᠯ ᠢᠶᠠᠨ ᠮᠠᠨᠠᠵᠤ ᠪᠠᠶᠢᠭ᠎ᠠ ᠬᠥᠮᠥᠰ ᠤᠨᠲᠠᠵᠤ ᠠᠮᠠᠷᠠᠬᠤ ᠪᠣᠯᠤᠨ ᠮᠠᠯ ᠣᠲᠤᠷᠯᠠᠬᠤ ᠦᠶ᠎ᠡ ᠳᠤ ᠨᠡᠭᠦᠳᠡᠯ ᠤᠨ ᠰᠠᠭᠤᠴᠠ ᠪᠤᠶᠤ ︽ᠭᠡᠷ︾ ᠲᠡᠷᠭᠡ ᠮᠠᠶ᠋ᠢᠭ ᠢᠶᠠᠷ ᠠᠰᠢᠭᠯᠠᠵᠤ ᠪᠠᠶᠢᠵᠠᠢ᠃ ᠬᠤᠶᠠᠳᠤᠭᠠᠷ ᠲᠤ᠂ ᠠᠶᠢᠯ ᠤᠨ ᠬᠥᠮᠥᠰ ᠤᠨ ᠬᠤᠪᠴᠠᠰᠤ᠂ ᠡᠳ᠋ ᠪᠠᠷᠠᠭ᠎ᠠ ᠶᠢ ᠬᠠᠳᠠᠭᠠᠯᠠᠬᠤ ᠵᠣᠷᠢᠭᠤᠯᠤᠯᠲᠠ ᠪᠦᠬᠦᠢ ᠲᠡᠷᠭᠡ ᠶᠢ ︽ᠬᠦᠯᠢᠶ᠎ᠡ︾ ᠭᠡᠨ᠎ᠡ᠃ ᠬᠦᠯᠢᠶ᠎ᠡ ᠶᠢ ᠲᠡᠷᠭᠡᠨ ᠳᠡᠭᠡᠷ᠎ᠡ ᠨᠢᠮᠭᠡᠨ ᠪᠠᠩᠵᠠ ᠪᠠᠷ ᠮᠤᠵᠢᠯᠠᠵᠤ ᠪᠠᠬᠢᠯᠡᠭᠡᠳ ᠴᠠᠭᠠᠨ ᠢᠰᠡᠭᠡᠢ ᠪᠠᠷ ᠪᠦᠷᠢᠵᠦ᠂ ᠬᠠᠷ᠎ᠠ ᠬᠢᠯᠭᠠᠰᠤ ᠪᠠᠷ ᠵᠡᠭᠡᠭ ᠣᠶᠤᠨ᠎ᠠ᠃ ᠬᠠᠵᠠᠭᠤ ᠲᠠᠯ᠎ᠠ ᠳᠤ ᠨᠢ ᠡᠭᠦᠳᠡ ᠭᠠᠷᠭᠠᠨ᠎ᠠ᠃ ᠭᠠᠳᠠᠨᠠᠬᠢ ᠪᠠᠶᠢᠳᠠᠯ ᠢᠶᠠᠷ ᠢᠶᠠᠨ ᠴᠢᠩᠭᠡᠯᠢᠭ ᠲᠠᠢ ᠲᠦᠰᠲᠠᠢ᠃ ᠱᠠᠷ ᠬᠥᠯᠯᠡᠭᠰᠡᠨ ᠬᠦᠯᠢᠶ᠎ᠡ ᠲᠠᠢ ᠬᠤᠪᠴᠠᠰᠤ ᠥᠬᠢᠨ ᠤ ᠢᠨᠵᠢ ᠳᠤ ᠢᠷᠡᠬᠦ ᠪᠠ ᠶᠡᠷᠦ ᠨᠢ ᠬᠡᠦᠬᠡᠨ ᠤ ᠬᠤᠪᠴᠠᠰᠤ ᠭᠤᠣᠯᠳᠠᠭᠤ ᠬᠦᠯᠢᠶ᠎ᠡ ᠳᠤ ᠠᠭᠤᠯᠤᠭᠳᠠᠨ᠎ᠠ᠃ ᠬᠦᠯᠢᠶ᠎ᠡ ᠶᠢᠨ ᠲᠤᠭ᠎ᠠ ᠪᠠᠶᠠᠨ ᠠᠶᠢᠯ ᠳᠤ 5 — 6᠂ ᠵᠢᠷ ᠤᠨ ᠠᠶᠢᠯ ᠳᠤ 2 — 3 ᠪᠠᠶᠢᠵᠠᠢ᠃ ᠭᠤᠷᠪᠠᠳᠤᠭᠠᠷ ᠲᠤ᠂ ᠪᠠᠷᠭᠤᠴᠤᠳ ᠲᠠᠯ᠎ᠠ ᠭᠠᠵᠠᠷ ᠤᠨ ᠶᠡᠭᠡ ᠴᠠᠰᠤᠨ ᠳᠤ ᠵᠣᠬᠢᠮᠵᠢ ᠪᠦᠬᠦᠢ ᠥᠨᠳᠦᠷ ᠲᠡᠷᠭᠡ ᠬᠡᠷᠡᠭᠯᠡᠬᠦ ᠨᠢ ᠨᠡᠯᠢᠶᠡᠳ ᠳᠡᠯᠭᠡᠷ ᠪᠠᠶᠢᠪᠠ᠃ ᠡᠨᠡ ᠬᠦ ᠥᠨᠳᠦᠷ ᠲᠡᠷᠭᠡ ᠨᠢ ᠴᠠᠰᠤ ᠬᠤᠩᠭᠠᠷ ᠲᠤ ᠲᠡᠩᠭᠡᠯᠢᠭ ᠲᠤ ᠪᠠᠨ ᠬᠦᠷᠲᠡᠯ᠎ᠡ ᠰᠠᠭᠤᠬᠤ ᠦᠭᠡᠢ᠂ ᠥᠳᠬᠡᠨ ᠡᠪᠡᠰᠦᠨ ᠳᠤ ᠴᠦ ᠦᠯᠦ ᠲᠣᠷᠬᠤ ᠰᠠᠶᠢᠨ ᠲᠠᠯ᠎ᠠ ᠲᠠᠢ ᠶᠢᠨ ᠳᠡᠭᠡᠷ᠎ᠡ ᠵᠢᠳᠬᠦᠬᠦ ᠬᠦᠴᠦᠨ ᠳᠤ ᠬᠥᠩᠭᠡᠨ ᠪᠠᠶᠢᠳᠠᠭ ᠣᠨᠴᠠᠯᠢᠭ ᠲᠠᠢ᠃ ᠪᠠᠷᠭᠤ ᠨᠤᠲᠤᠭ ᠲᠤ ᠡᠭᠦᠨ ᠢ ︽ᠪᠤᠳᠬᠠᠨ︾ ᠰᠢᠷ᠎ᠠ ᠪᠤᠯᠤᠲᠤ ᠭᠡᠵᠤ ᠨᠡᠷᠡᠯᠡᠨ᠎ᠡ᠃ ᠪᠤᠯᠤ ᠪᠣᠯᠤᠨ ᠬᠢᠭᠡᠰᠦ ᠶᠢ ᠴᠠᠷᠠᠰᠤ ᠮᠣᠳᠤ ᠪᠠᠷ ᠬᠢᠨ᠎ᠡ᠃ ᠪᠤᠯᠤ ᠶᠢ ᠨᠣᠶᠢᠲᠠᠨ ᠪᠠᠶᠢᠬᠤ ᠳᠤ ᠨᠢ ᠲᠡᠩᠭᠡᠯᠢᠭ ᠎ ᠤᠨ ᠪᠣᠯᠤᠨ ᠰᠠᠷᠬᠢᠶᠠᠭ ᠤᠨ ᠨᠥᠬᠡ ᠤᠬᠤᠳᠠᠭ ᠤᠴᠢᠷ ᠬᠠᠭᠠᠷᠠᠵᠤ ᠴᠠᠪᠠ ᠭᠠᠷᠴᠤ ᠬᠠᠲᠠᠬᠤ ᠠᠴᠠ ᠪᠣᠯᠭᠤᠮᠵᠢᠯᠠᠨ ᠭᠠᠳᠠᠭᠤᠷ ᠨᠢ ᠰᠢᠷ᠎ᠠ ᠥᠩᠭᠡᠲᠡᠢ ᠮᠠᠭᠠᠵᠢᠩ ᠢᠶᠠᠷ ᠪᠣᠳᠤᠳᠠᠭ ᠪᠠᠶᠢᠭᠰᠠᠨ ᠠᠴᠠ ᠡᠶᠢᠮᠦ ᠨᠡᠷ᠎ᠡ ᠲᠠᠢ ᠪᠣᠯᠤᠭᠰᠠᠨ ᠪᠠᠶᠢᠵᠤ ᠮᠠᠭᠠᠳ᠃ ᠥᠨᠳᠦᠷ ᠲᠡᠷᠭᠡᠨ ᠤ ᠬᠢᠴᠡ ︽ᠢᠮᠠᠭᠠᠨ︾ ᠲᠡᠷᠭᠡ ᠲᠠᠢ ᠢᠵᠢᠯ᠃ ᠭᠠᠭᠴᠠ ᠬᠦ ᠮᠠᠰᠢ ᠥᠨᠳᠦᠷ᠂ ᠡᠶᠢᠮᠦ ᠲᠡᠷᠭᠡᠨ ᠤ ᠬᠢᠭᠡᠰᠦ 70 — 80 ᠰᠠᠨᠲ᠋ᠢᠮᠧᠲᠷ᠂ ᠪᠤᠯᠤ ᠶᠢᠨ ᠬᠦᠨᠳᠡᠯᠡᠨ 30 — 40 ᠰᠠᠨᠲ᠋ᠢᠮᠧᠲᠷ ᠪᠠᠶᠢᠬᠤ ᠤᠴᠢᠷ ᠲᠡᠷᠭᠡᠨ ᠤ ᠥᠨᠳᠦᠷ 180 — 190 ᠰᠠᠨᠲ᠋ᠢᠮᠧᠲᠷ ᠪᠠᠶᠢᠵᠠᠢ᠃ ᠬᠠᠰᠠᠭ ᠲᠡᠷᠭᠡᠨ ᠤ ᠬᠢᠭᠡᠰᠦ ᠪᠤᠰᠤᠳ ᠲᠡᠷᠭᠡᠨ ᠤ ᠬᠢ ᠠᠴᠠ ᠪᠣᠭᠤᠨᠢ᠂ ᠠᠷᠠᠯ ᠨᠢ ᠪᠦᠳᠦᠭᠦᠨ ᠬᠦᠨᠳᠦ᠂ ᠰᠢᠨᠡᠰᠦ ᠮᠣᠳᠤ ᠪᠠᠷ ᠬᠢᠭᠰᠡᠨ ᠪᠠᠶᠢᠳᠠᠭ ᠠᠴᠠ ᠵᠢᠳᠬᠦᠬᠦ ᠬᠦᠴᠦᠨ ᠳᠤ ᠨᠦᠰᠡᠷ ᠪᠣᠯᠪᠠᠴᠤ ᠨᠠᠮᠬᠠᠨ ᠲᠤᠯᠠ ᠠᠭᠤᠯᠠᠷᠬᠠᠭ ᠨᠤᠲᠤᠭ ᠲᠤ ᠨᠡᠩ ᠲᠣᠬᠢᠷᠠᠮᠵᠢᠲᠠᠢ ᠪᠠᠶᠢᠵᠠᠢ ᠃ ᠪᠠᠷᠭᠤ ︽ᠢᠮᠠᠭᠠᠨ︾ ᠲᠡᠷᠭᠡ ᠨᠡᠯᠢᠶᠡᠳ ᠬᠡᠷᠡᠭᠯᠡᠭᠳᠡᠳᠡᠭ ᠪᠠᠶᠢᠵᠤ᠂ ᠡᠨᠡ ᠲᠡᠷᠭᠡᠨ ᠤ ᠮᠤᠬᠤᠷ ᠪᠤᠯᠤ ᠶᠢ ᠴᠠᠷᠠᠰᠤ ᠮᠣᠳᠤ ᠪᠠᠷ ᠬᠢᠭᠡᠰᠦ ᠨᠢᠷᠤᠭᠤ ᠶᠢ ᠶᠡᠬᠡᠪᠴᠢᠯᠡᠨ ᠬᠤᠰᠤ ᠪᠠᠷ ᠬᠢᠳᠡᠭ ᠨᠢ ᠵᠢᠳᠬᠦᠬᠦ ᠮᠠᠯ ᠳᠤ ᠬᠥᠩᠭᠡᠨ ᠪᠠ ︽ᠢᠮᠠᠭᠠᠨ︾ ᠲᠡᠷᠭᠡᠨ ᠤ ᠬᠢᠭᠡᠰᠦ ᠬᠠᠰᠠᠭ ᠲᠡᠷᠭᠡᠨ ᠤ ᠬᠢ ᠠᠴᠠ ᠤᠷᠲᠤ ᠤᠴᠢᠷ ᠲᠡᠭᠦᠨ ᠠᠴᠠ ᠠᠷᠠᠢ ᠥᠨᠳᠦᠷ ᠲᠡᠷᠭᠡᠨ ᠤ ᠲᠣᠭᠠᠨ ᠳᠤ ᠣᠷᠤᠳᠠᠭ ᠠᠵᠠᠢ᠃ ᠳᠥᠷᠪᠡᠳᠦᠭᠡᠷ ᠲᠤ᠂ ᠠᠷᠭᠠᠯ ᠤᠨ ᠲᠡᠷᠭᠡ ᠪᠤᠶᠤ ᠴᠢᠩᠭᠡᠯᠢᠭ ᠲᠤ ᠣᠳᠤ ᠶᠢᠨ ᠬᠡᠯᠡᠯᠭᠡ ᠪᠠᠷ ᠠᠷᠭᠠᠯ ᠲᠦᠯᠡᠰᠢ ᠬᠢᠵᠦ ᠠᠴᠢᠵᠤ ᠶᠠᠪᠤᠬᠤ ᠳᠤ ᠵᠣᠷᠢᠭᠤᠯᠤᠭᠳᠠᠨ᠎ᠠ᠃ ᠨᠢᠭᠡ ᠠᠶᠢᠯ ᠳᠤ ᠬᠤᠶᠠᠷ ᠠᠴᠠ ᠳᠣᠭᠤᠭᠰᠢ ᠦᠭᠡᠢ ᠴᠢᠩᠭᠡᠯᠢᠭ ᠪᠠᠶᠢᠭᠰᠠᠨ ᠪᠠ 4 — 5 ᠴᠢᠩᠭᠡᠯᠢᠭ ᠲᠠᠢ ᠴᠦ ᠠᠶᠢᠯ ᠪᠠᠶᠢᠵᠤ᠂ ᠡᠪᠦᠯ ᠤᠨ ᠣᠲᠤᠷ ᠠᠴᠠ ᠬᠠᠪᠤᠷᠵᠢᠶᠠᠨ ᠳᠤ ᠨᠡᠭᠦᠬᠦ ᠦᠶ᠎ᠡ ᠳᠤ ᠬᠤᠷᠠᠭ᠎ᠠ ᠢᠰᠢᠭᠡ ᠪᠠᠨ ᠴᠢᠩᠭᠡᠯᠢᠭ ᠲᠤ ᠠᠴᠢᠬᠤ ᠪᠠ ᠱᠠᠭᠠᠷᠳᠠᠯᠭ᠎ᠠ ᠭᠠᠷᠪᠠᠯ ᠴᠢᠩᠭᠡᠯᠢᠭ ᠢᠶᠠᠨ ᠵᠠᠳᠠᠯᠤᠨ ᠬᠤᠷᠠᠭ᠎ᠠ ᠢᠰᠢᠭᠡᠨ ᠤ ᠬᠠᠰᠢᠶ᠎ᠠ ᠪᠣᠯᠭᠠᠳᠠᠭ ᠪᠠᠶᠢᠪᠠ᠃ ᠬᠥᠯᠯᠡᠭᠡᠨ ᠤ ᠮᠠᠯ ᠳᠤ ᠬᠥᠩᠭᠡᠨ ᠢ ᠪᠣᠳᠤᠵᠤ ᠶᠡᠬᠡᠪᠴᠢᠯᠡᠨ ᠨᠠᠷᠠᠰᠤ ᠮᠣᠳᠤ ᠪᠠᠷ ᠬᠢᠵᠦ ᠠᠳᠠᠶᠢᠷ ᠲᠠᠢ ᠲᠡᠷᠭᠡᠨ ᠳᠡᠭᠡᠷ᠎ᠡ ᠤᠭᠰᠤᠷᠠᠨ ᠲᠡᠭᠡᠰᠦᠨ ᠤᠶᠠᠭ᠎ᠠ ᠬᠦᠯᠢᠭ ᠢᠶᠠᠷ ᠤᠶᠠᠵᠤ ᠪᠠᠬᠢᠯᠡᠳᠡᠭ᠃ ᠲᠠᠪᠤᠳᠤᠭᠠᠷ ᠲᠤ᠂ ᠤᠰᠤᠨ ᠤ ᠭᠠᠩ ᠵᠠᠷᠢᠮ ᠭᠠᠵᠠᠷ ᠲᠤ ᠲᠠᠶᠢᠯᠤ ᠭᠡᠵᠤ ᠨᠡᠷᠡᠯᠡᠳᠡᠭ ᠪᠠ ᠭᠠᠩ ᠢ ᠤᠰᠤᠨ ᠳᠤ ᠠᠮᠠᠷᠬᠠᠨ ᠢᠯᠵᠠᠷᠠᠳᠠᠭ ᠦᠭᠡᠢ ᠰᠢᠨᠠᠰᠤ ᠮᠣᠳᠤ ᠪᠠᠷ 3 — 4 ᠪᠦᠰᠡᠯᠡᠭᠦᠷ ᠲᠠᠢ ᠵᠤᠤᠪᠠᠩ ᠳᠤᠭᠤᠢ ᠪᠣᠰᠤᠭ᠎ᠠ ᠬᠡᠯᠪᠡᠷᠢ ᠲᠠᠢ ᠬᠢᠳᠡᠭ ᠪᠠᠶᠢᠵᠠᠢ᠃ ᠬᠤᠶᠠᠷ ᠬᠠᠵᠠᠭᠤ ᠪᠠᠩᠵᠠ ᠶᠢ ᠥᠷᠭᠡᠨ ᠬᠢᠵᠦ ᠳᠡᠭᠡᠳᠦ ᠦᠵᠦᠭᠦᠷ ᠠᠴᠠ ᠳᠡᠭᠡᠭᠰᠢ ᠭᠠᠷᠤᠭᠰᠠᠨ ᠬᠡᠰᠡᠭ ᠢ ᠴᠢᠬᠢ ᠭᠡᠨ᠎ᠡ᠃ ᠭᠠᠩ ᠢ ᠶᠡᠬᠡᠪᠴᠢᠯᠡᠨ ᠠᠳᠠᠶᠢᠷ ᠦᠭᠡᠢ ᠲᠡᠷᠭᠡᠨ ᠳᠡᠭᠡᠷ᠎ᠡ ᠲᠤᠰᠬᠠᠢ ᠪᠡᠯᠡᠳᠬᠡᠭᠰᠡᠨ ᠰᠠᠭᠤᠷᠢ ᠬᠢᠵᠦ ᠬᠤᠶᠠᠷ ᠴᠢᠬᠢᠨ ᠠᠴᠠ ᠰᠤᠷ ᠪᠤᠶᠤ ᠬᠢᠯᠭᠠᠰᠤᠨ ᠳᠡᠭᠡᠰᠦ ᠪᠠᠷ ᠣᠭᠤᠰᠤᠷᠯᠠᠵᠤ ᠲᠡᠷᠭᠡᠨ ᠤ ᠬᠤᠶᠠᠷ ᠨᠢᠷᠤᠭᠤ ᠪᠠᠷ ᠣᠷᠤᠭᠤᠯᠤᠨ ᠮᠣᠳᠤ ᠪᠠᠷ ᠡᠷᠡᠵᠦ ᠪᠠᠬᠢᠯᠡᠳᠡᠭ᠃ ᠭᠠᠩ ᠤᠨ ᠤᠷᠳᠤ ᠬᠤᠶᠢᠨ᠎ᠠ ᠨᠢ ᠤᠰᠤ ᠠᠪᠴᠤ ᠶᠠᠪᠤᠭ᠎ᠠ ᠬᠥᠮᠥᠨ ᠰᠠᠭᠤᠬᠤ ᠪᠠ ᠨᠡᠭᠦᠳᠡᠯ ᠳᠤ ᠠᠶᠢᠷᠠᠭ ᠤᠨ ᠭᠠᠩ᠂ ᠤᠰᠤᠨ ᠤ ᠠᠭᠠᠷᠤ ᠵᠡᠷᠭᠡ ᠶᠢ ᠪᠠᠬᠢᠯᠡᠵᠦ ᠤᠶᠠᠬᠤ ᠳᠤ ᠵᠣᠷᠢᠭᠤᠯᠵᠤ ᠬᠠᠪᠲᠠᠰᠤ ᠳᠠᠯᠪᠢᠭᠰᠠᠨ ᠪᠠᠶᠢᠳᠠᠭ ᠲᠤᠬᠠᠢ ᠤᠭᠰᠠᠭᠠᠲᠠᠨ ᠤ ᠵᠦᠢ ᠶᠢᠨ ᠮᠠᠲ᠋ᠧᠷᠢᠶᠠᠯ ᠳᠤ ᠲᠤᠰᠬᠠᠭᠳᠠᠭᠰᠠᠨ ᠪᠣᠯᠤᠨ᠎ᠠ᠃      ᠡᠨᠡ ᠪᠦᠬᠦᠨ ᠠᠴᠠ ᠦᠵᠡᠬᠦ ᠳᠤ᠂ ᠭᠡᠷ — ᠲᠡᠷᠭᠡᠨ ᠤ ᠤᠯᠠᠮᠵᠢᠯᠠᠯ ᠢ ᠬᠤᠶᠠᠷ ᠬᠡᠯᠪᠡᠷᠢ ᠪᠠᠷ ᠠᠩᠭᠢᠯᠡᠵᠤ ᠪᠣᠯᠬᠤ ᠶᠤᠮ᠃ ᠡᠷᠲᠡ ᠦᠶ᠎ᠡ ᠳᠤ ᠪᠠᠨ ᠮᠣᠩᠭᠤᠯ ᠨᠡᠭᠦᠳᠡᠯᠴᠢᠳ ᠭᠡᠷ ᠢᠶᠠᠨ ᠲᠡᠷᠭᠡᠨ ᠳᠤ ᠪᠠᠬᠢᠯᠡᠵᠦ ᠪᠠᠷᠢᠭᠠᠳ ᠪᠠᠭᠤᠯᠭᠠᠬᠤ ᠦᠭᠡᠢ ᠨᠥᠬᠦᠴᠡᠯ ᠢ ᠪᠦᠷᠢᠳᠦᠭᠦᠯᠵᠦ ᠲᠣᠬᠢᠷᠠᠭᠤᠯᠤᠭᠰᠠᠨ ᠮᠠᠯ ᠠᠵᠤ ᠠᠬᠤᠶᠢᠲᠠᠨ ᠤ ᠰᠣᠶᠤᠯ ᠤᠨ ᠣᠨᠴᠠᠯᠢᠭ ᠢ ᠡᠭᠦᠰᠬᠡᠵᠦ ᠪᠠᠶᠢᠭᠰᠠᠨ ᠪᠣᠯ ᠤᠭᠰᠠᠭ᠎ᠠ — ᠲᠡᠦᠬᠡ ᠶᠢᠨ ᠬᠥᠭᠵᠢᠯ ᠤᠨ ᠶᠠᠪᠤᠴᠠ ᠳᠤ ᠲᠡᠷᠡ ᠨᠢ ᠨᠡᠭᠦᠳᠡᠯ ᠠᠮᠢᠳᠤᠷᠠᠯ ᠎ ᠳᠤ ᠵᠣᠬᠢᠴᠠᠨ ᠬᠤᠪᠢᠰᠴᠤ ᠠᠬᠤᠢ ᠶᠢᠨ ᠵᠣᠷᠢᠭᠤᠯᠤᠯᠲᠠ ᠪᠠᠷ ᠢᠶᠠᠨ ᠬᠥᠰᠬᠡ ᠲᠡᠷᠭᠡᠨ ᠤ ᠲᠥᠷᠥᠯ ᠪᠣᠯᠤᠨ ᠲᠥᠯᠥᠪᠰᠢᠵᠦ ᠨᠡᠭᠦᠳᠡᠯ ᠢᠷᠭᠡᠨᠰᠢᠯ ᠤᠨ ᠲᠣᠳᠤᠷᠬᠠᠢ ᠲᠡᠦᠬᠡᠨ ᠵᠢᠱᠢᠶ᠎ᠡ ᠪᠣᠯᠵᠤ ᠢᠷᠡᠵᠡᠢ᠃      ᠨᠡᠭᠦᠳᠡᠯ ᠢᠷᠭᠡᠨᠰᠢᠯ ᠲᠠᠢ ᠮᠠᠯ ᠠᠵᠤ ᠠᠬᠤᠢ ᠡᠷᠬᠢᠯᠡᠭᠰᠡᠨ ᠮᠣᠩᠭᠤᠯ ᠬᠡᠯᠡᠲᠡᠨ ᠠᠷᠠᠳ ᠲᠦᠮᠡᠨ ᠤ ᠤᠭᠰᠠᠭ᠎ᠠ ᠰᠣᠶᠤᠯ ᠤᠨ ᠤᠯᠪᠠᠭ᠎ᠠ ᠨᠡᠶᠢᠲᠡᠯᠢᠭ ᠬᠡᠳᠦᠢ ᠪᠣᠯᠪᠠᠴᠤ ᠲᠠᠯ᠎ᠠ ᠨᠤᠲᠤᠭ ᠤᠨ ᠣᠨᠴᠠᠯᠢᠭ ᠢ ᠲᠤᠰᠬᠠᠭᠰᠠᠨ ᠪᠠᠷᠭᠤᠴᠤᠳ ᠤᠨ ᠰᠣᠶᠤᠯ᠂ ᠵᠠᠩ ᠵᠠᠩᠰᠢᠯ ᠤᠨ ᠤᠯᠠᠮᠵᠢᠯᠠᠯ ᠥᠪᠡᠷ ᠤᠨ ᠭᠡᠬᠦ ᠣᠨᠴᠠᠯᠢᠭ ᠢ ᠠᠭᠤᠯᠵᠤ ᠢᠷᠡᠭᠰᠡᠨ ᠨᠢ ᠤᠭᠰᠠᠭᠠᠲᠠᠨ ᠤ ᠵᠦᠢ ᠶᠢᠨ ᠡᠬᠢ ᠬᠡᠷᠡᠭᠯᠡᠭᠳᠡᠬᠦᠨ ᠢᠶᠠᠷ ᠢᠯᠡᠷᠬᠡᠢ ᠪᠣᠯᠵᠤ ᠮᠣᠩᠭᠤᠯ ᠤᠭᠰᠠᠭᠠᠲᠠᠨ ᠤ ᠲᠡᠦᠬᠡᠨ ᠶᠠᠪᠤᠴᠠ ᠶᠢ ᠪᠠᠶᠠᠵᠢᠭᠤᠯᠤᠭᠰᠠᠭᠠᠷ ᠪᠠᠶᠢᠭ᠎ᠠ ᠪᠢᠯᠡ᠃ ᠮᠣᠩᠭᠤᠯᠴᠤᠳ ᠤᠨ ᠤᠭᠰᠠᠭ᠎ᠠ ᠰᠣᠶᠤᠯ ᠤᠨ ᠥᠪ᠂ ᠨᠡᠶᠢᠭᠡᠮ᠂ ᠲᠡᠦᠬᠡ ᠶᠢᠨ ᠦᠢᠯᠡ ᠶᠠᠪᠤᠴᠠ ᠳᠤ ᠬᠤᠪᠢᠰᠤᠨ ᠥᠭᠡᠷᠡᠴᠢᠯᠡᠭᠳᠡᠭᠰᠡᠭᠡᠷ ᠢᠷᠡᠭᠰᠡᠨ ᠨᠢ ᠵᠦᠢ ᠲᠣᠭᠲᠠᠯ ᠭᠡᠵᠤ ᠪᠣᠯᠬᠤ ᠪᠣᠯᠪᠠᠴᠤ ᠲᠡᠭᠦᠨ ᠤ ᠲᠣᠳᠤᠷᠬᠠᠢ ᠦᠨᠡᠨ ᠢ ᠣᠯᠵᠤ ᠬᠠᠷᠠᠬᠤ᠂ ᠢᠯᠠᠩᠭᠤᠶ᠎ᠠ ᠪᠠᠷᠭᠤᠴᠤᠳ ᠤᠨ ᠮᠡᠳᠡᠯᠭᠡ ᠤᠬᠠᠭᠠᠨ ᠤ ᠠᠭᠤᠤ ᠤᠯᠠᠮᠵᠢᠯᠠᠯ ᠢ ᠬᠤᠶᠢᠴᠢ ᠦᠶ᠎ᠡ ᠳᠤ ᠪᠠᠨ ᠲᠠᠨᠢᠨ ᠮᠡᠳᠡᠭᠦᠯᠬᠦ ᠶᠠᠪᠤᠳᠠᠯ ᠤᠭᠰᠠᠭ᠎ᠠ ᠵᠦᠢ ᠶᠢᠨ ᠰᠢᠨᠵᠢᠯᠡᠬᠦ ᠤᠬᠠᠭᠠᠨ ᠤ ᠡᠷᠬᠢᠮ ᠵᠣᠷᠢᠯᠭ᠎ᠠ ᠬᠤᠶᠢᠰᠢᠯᠠᠭᠤᠯᠤᠰᠢ ᠦᠭᠡᠢ ᠡᠭᠦᠷᠭᠡ ᠪᠢᠯᠡ᠃ ᠮᠣᠩᠭᠤᠯ ᠬᠡᠯᠡᠲᠡᠨ ᠠᠶᠢᠮᠠᠭ ᠣᠪᠤᠭᠲᠠᠨ ᠤ ᠤᠭᠰᠠᠭ᠎ᠠ — ᠨᠡᠶᠢᠲᠡᠯᠢᠭ ᠤᠳ ᠤᠨ ᠲᠡᠦᠬᠡᠨ ᠶᠠᠪᠤᠴᠠ ᠡᠭᠡᠳᠡᠷᠡᠭᠡ ᠲᠠᠢ ᠪᠥᠭᠡᠳ ᠮᠣᠩᠭᠤᠯ ᠲᠡᠦᠬᠡ ᠶᠢᠨ ᠡᠷᠲᠡ᠂ ᠳᠤᠮᠳᠠᠳᠤ᠂ ᠡᠳᠦᠭᠡ ᠦᠶ᠎ᠡ ᠶᠢ ᠪᠠᠭᠲᠠᠭᠠᠭᠰᠠᠨ ᠪᠠᠶᠢᠳᠠᠭ ᠲᠤ ᠣᠷᠤᠰᠢᠬᠤ ᠤᠴᠢᠷ ᠠᠮᠠᠨ ᠲᠡᠦᠬᠡ᠂ ᠰᠤᠷᠪᠤᠯᠵᠢ ᠪᠢᠴᠢᠭ᠂ ᠳᠣᠮᠤᠭ ᠤᠨ ᠲᠠᠶᠢᠯᠤᠯ ᠵᠡᠷᠭᠡ ᠶᠢ ᠠᠩᠬᠠᠷᠴᠤ ᠣᠯᠠᠨ ᠲᠠᠯ᠎ᠠ ᠠᠴᠠ ᠨᠢᠭᠲᠠᠯᠠᠬᠤ ᠱᠠᠭᠠᠷᠳᠠᠯᠭ᠎ᠠ ᠲᠠᠢ ᠪᠠ ᠨᠡᠶᠢᠭᠡᠮ ᠰᠣᠶᠤᠯ ᠤᠨ ᠬᠥᠮᠥᠨ ᠰᠤᠳᠤᠯᠤᠯ ᠤᠨ ᠣᠨᠤᠯ ᠤᠨ ᠦᠵᠡᠯ ᠪᠠᠷᠢᠮᠲᠠᠯᠠᠯ ᠤᠨ ᠴᠢᠭᠯᠡᠯ ᠳᠤ ᠦᠨᠳᠦᠰᠦᠯᠡᠬᠦ ᠨᠢ ᠴᠢᠬᠤᠯᠠ ᠪᠣᠯᠤᠨ᠎ᠠ᠃                                     ︵ᠦ᠊ · ᠰᠧᠪᠡᠯ ᠺᠢᠷᠢᠯ ᠦᠰᠦᠭ ᠠᠴᠠ ᠪᠠᠭᠤᠯᠭᠠᠪᠠ︶
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ