ᠥᠪᠦᠷ ᠮᠣᠩᠭᠤᠯ 2020 ᠣᠨ ᠪᠣᠯᠬᠤ ᠳᠤ 500 ᠰᠠᠤᠷᠢ ᠨᠠᠰᠣᠲᠠᠶᠢᠴᠣᠳ ᠤᠨ ᠰᠣᠷᠭᠠᠨ ᠬᠥᠮᠦᠵᠢᠯ  ᠤᠨ ᠶᠡᠭᠡ ᠰᠣᠷᠭᠠᠭᠤᠯᠢ ᠪᠠᠶᠢᠭᠤᠯᠬᠤ ᠪᠠᠷ ᠲᠥᠯᠦᠪᠯᠡᠵᠦ ᠪᠣᠢ
ᠨᠡᠶᠢᠲᠡᠯᠡᠭᠰᠡᠨ ᠴᠠᠭ᠄
2017/11/27
       ᠥᠪᠦᠷ ᠮᠣᠩᠭᠤᠯ 2020 ᠣᠨ ᠪᠣᠯᠬᠤ ᠳᠤ 500 ᠰᠠᠤᠷᠢ ᠨᠠᠰᠣᠲᠠᠶᠢᠴᠣᠳ ᠤᠨ ᠰᠣᠷᠭᠠᠨ ᠬᠥᠮᠦᠵᠢᠯ  ᠤᠨ ᠶᠡᠭᠡ ᠰᠣᠷᠭᠠᠭᠤᠯᠢ ᠪᠠᠶᠢᠭᠤᠯᠬᠤ ᠪᠠᠷ ᠲᠥᠯᠦᠪᠯᠡᠵᠦ ᠪᠣᠢ        ᠰᠣᠷᠪᠣᠯᠵᠢᠯᠠᠭᠴᠢ ᠣᠶᠢᠷ᠎ᠠ ᠶᠢᠨ ᠡᠳᠦᠷ ᠥᠪᠦᠷ ᠮᠣᠩᠭᠤᠯ ᠤᠨ  ᠥᠪᠡᠷᠲᠡᠭᠡᠨ  ᠵᠠᠰᠠᠬᠤ  ᠣᠷᠣᠨ ᠤ  ᠵᠠᠰᠠᠭ  ‍ᠤᠨ‌ᠣᠷᠳᠣᠨ ᠠᠴᠠ ᠣᠶᠢᠯᠭᠠᠭᠰᠠᠨ ᠢᠶᠠᠷ᠂  2017  ᠣᠨ   ᠠᠴᠠ  ᠥᠪᠦᠷ  ᠮᠣᠩᠭᠤᠯ   ᠤᠨ  ᠥᠪᠡᠷᠲᠡᠭᠡᠨ  ᠵᠠᠰᠠᠬᠤ  ᠣᠷᠣᠨ‌ᠨᠠᠰᠣᠲᠠᠶᠢᠴᠣᠳ ᠤᠨ ᠰᠣᠷᠭᠠᠨ ᠬᠥᠮᠦᠵᠢᠯ ᠤᠨ ᠬᠠᠩᠭᠠᠯᠭ᠎ᠠ ᠶᠢ ᠨᠡᠮᠡᠭᠳᠡᠭᠦᠯᠦᠨ᠂ 2020 ᠣᠨ ᠪᠣᠯᠬᠤ ᠳᠤ ᠪᠦᠬᠦ ᠣᠷᠣᠨ  ‍ᠣ‌ᠨᠠᠰᠣᠲᠠᠶᠢᠴᠣᠳ ᠤᠨ ᠰᠣᠷᠭᠠᠨ ᠬᠥᠮᠦᠵᠢᠯ ᠤᠨ ᠶᠡᠭᠡ ᠰᠣᠷᠭᠠᠭᠤᠯᠢ ᠶᠢ 500  ᠰᠠᠤᠷᠢ   ᠳᠤ  ᠬᠦᠷᠭᠡᠬᠦ   ᠪᠠᠷ  ᠲᠥᠯᠦᠪᠯᠡᠵᠦ᠂ ᠨᠠᠰᠣᠲᠠᠶᠢᠴᠣᠳ ᠤᠨ ᠰᠣᠷᠭᠠᠨ ᠬᠥᠮᠦᠵᠢᠯ ᠪᠣᠯᠣᠨ ᠨᠡᠶᠢᠭᠡᠮ ᠲᠣᠭᠤᠷᠢᠭ ᠤᠨ ᠰᠣᠷᠭᠠᠨ ᠬᠥᠮᠦᠵᠢᠯ ᠢ ᠭᠠᠵᠠᠷ ᠣᠷᠣᠨ ᠤ ᠰᠣᠷᠭᠠᠨ‌‍ᠬᠥ᠋ᠮᠦᠵᠢᠯ ᠤᠨ ᠠᠵᠢᠯ ᠦᠢᠯᠡᠰ ᠪᠣᠯᠣᠨ ᠨᠡᠶᠢᠭᠡᠮ ᠲᠣᠭᠤᠷᠢᠭ ᠤᠨ ᠬᠥᠭᠵᠢᠯᠲᠡ ᠶᠢᠨ ᠶᠡᠷᠥᠩᠬᠡᠢ ᠴᠣᠭᠴᠠ   ᠶᠢᠨ  ᠲᠥᠰᠦᠪ  ᠲᠣ᠋‌ᠣᠷᠣᠭᠤᠯᠵᠣ᠂ ᠨᠠᠰᠣᠨ ᠲᠤᠷᠰᠢᠲᠠ  ᠶᠢᠨ ᠰᠣᠷᠭᠠᠨ ᠬᠥᠮᠦᠵᠢᠯ ᠤᠨ ᠰᠢᠰᠲ᠋ᠧᠮ ᠶᠢᠨ ᠪᠥᠲᠦᠭᠡᠨ ᠪᠠᠶᠢᠭᠤᠯᠣᠯᠲᠠ   ᠶᠢ  ᠠᠬᠢᠭᠤᠯᠬᠤ ᠪᠣᠯᠣᠨ᠎ᠠ᠃  ᠣᠳᠣᠬᠠᠨ ᠳᠤ᠂ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠥᠪᠦᠷ  ᠮᠣᠩᠭᠤᠯ   ᠤᠨ  ᠷᠠᠳᠢᠤ᠋  ᠲᠧᠯᠸᠢᠰ ᠶᠡᠭᠡ ᠰᠣᠷᠭᠠᠭᠤᠯᠢ ᠳᠤ ᠨᠠᠶᠢᠳᠠᠵᠣ ᠥᠪᠦᠷ ᠮᠣᠩᠭᠤᠯ ᠤᠨ ᠬᠤᠲᠠ ᠬᠦᠳᠡᠭᠡ ᠶᠢᠨ ᠨᠡᠶᠢᠭᠡᠮ ᠲᠣᠭᠤᠷᠢᠭ ᠤᠨ  ᠶᠡᠭᠡ  ᠰᠣᠷᠭᠠᠭᠤᠯᠢ‌‍ᠪᠣᠯᠣᠨ ᠥᠪᠦᠷ ᠮᠣᠩᠭᠤᠯ ᠤᠨ ᠨᠠᠰᠣᠲᠠᠶᠢᠴᠣᠳ ᠤᠨ ᠨᠡᠬᠡᠭᠡᠯᠲᠡᠲᠦ ᠶᠡᠭᠡ ᠰᠣᠷᠭᠠᠭᠤᠯᠢ ᠪᠠᠶᠢᠭᠤᠯᠤᠭᠤᠯᠵᠠᠢ᠂ 2 ᠠᠶᠢᠮᠠᠭ ᠬᠤᠲᠠ‌ᠨᠠᠰᠣᠲᠠᠶᠢᠴᠣᠳ ᠤᠨ ᠨᠡᠬᠡᠭᠡᠯᠲᠡᠲᠦ ᠶᠡᠭᠡ ᠰᠣᠷᠭᠠᠭᠤᠯᠢ ᠪᠠᠶᠢᠭᠤᠯᠵᠣ᠂ ᠪᠠᠰᠠ 7 ᠠᠶᠢᠮᠠᠭ  ᠬᠤᠲᠠ  ᠨᠡᠶᠢᠭᠡᠮ  ᠲᠣᠭᠤᠷᠢᠭ  ‍ᠤᠨ‌‍ᠲ᠋ᠡᠭᠡᠳᠦ ᠰᠣᠷᠭᠠᠭᠤᠯᠢ ᠪᠠᠶᠢᠭᠤᠯᠣᠭᠰᠠᠨ ᠪᠠᠶᠢᠨ᠎ᠠ᠃  ᠶᠡᠷᠥᠩᠬᠡᠢ  ᠲᠠᠯ᠎ᠠ   ᠠᠴᠠ  ᠠᠪᠴᠤ  ᠬᠡᠯᠡᠪᠡᠯ᠂  ᠥᠪᠦᠷ  ᠮᠣᠩᠭᠤᠯ  ‍ᠤᠨ‌ᠨᠠᠰᠣᠲᠠᠶᠢᠴᠣᠳ ᠤᠨ ᠰᠣᠷᠭᠠᠨ ᠬᠥᠮᠦᠵᠢᠯ ᠤᠨ ᠰᠣᠷᠭᠠᠭᠤᠯᠢ ᠡᠷᠬᠢᠯᠡᠬᠦ  ᠡᠬᠢ  ᠪᠠᠶᠠᠯᠢᠭ  ᠪᠣᠯᠣᠨ  ᠲᠣᠰᠬᠠᠢ  ᠪᠤᠶᠤ  ᠲᠤᠰᠢᠶᠠᠯ‌ᠬᠠᠪᠰᠤᠷᠭᠠᠬᠰᠠᠨ ᠪᠠᠭᠰᠢ ᠶᠢᠨ ᠡᠩᠨᠡᠭᠡ ᠶᠢᠨ ᠬᠦᠴᠦᠨ ᠳᠣᠲᠠᠮᠠᠭ᠂ ᠵᠠᠷᠣᠳᠠᠯ ᠤᠨ ᠪᠠᠲᠣᠯᠠᠭ᠎ᠠ ᠶᠢᠨ ᠳᠣᠭᠲᠠᠴᠠ  ᠪᠦᠷᠢᠨ  ᠪᠣᠰᠣ‌‍ᠪᠠᠶᠢᠨ᠎ᠠ᠃   2017 ᠣᠨ ᠤ ᠳᠣᠣᠷ᠎ᠠ ᠬᠠᠭᠠᠰ ᠵᠢᠯ᠂ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠠᠰᠠᠭ  ‍ᠤᠨ‌ᠣᠷᠳᠣᠨ ︽ᠨᠠᠰᠣᠲᠠᠶᠢᠴᠠᠳ ᠤᠨ ᠰᠣᠷᠭᠠᠨ ᠬᠥᠮᠦᠵᠢᠯ ᠤᠨ ᠬᠥᠭᠵᠢᠬᠦᠯᠬᠦ ᠶᠢ ᠬᠡᠷᠡᠭᠵᠢᠭᠦᠯᠬᠦ ᠲᠣᠬᠠᠢ ᠰᠠᠨᠠᠯ︾   ᠢ  ᠪᠠᠭᠤᠯᠭᠠᠵᠣ᠂ᠡᠯ᠎ᠡ ᠠᠶᠢᠮᠠᠭ ᠬᠤᠲᠠ ᠪᠣᠯᠣᠨ ᠬᠤᠰᠢᠭᠤ ᠰᠢᠶᠠᠨ ︵ᠬᠤᠲᠠ ᠲᠣᠭᠤᠷᠢᠭ︶ ᠬᠡᠷᠡᠭᠴᠡᠭᠡᠨ   ᠤ  ᠱᠠᠭᠠᠷᠳᠠᠯᠭ᠎ᠠ   ᠪᠠᠨ  ᠦᠨᠳᠦᠰᠦᠯᠡᠨ‌ᠨᠢᠭᠡ ᠪᠥᠯᠦᠭ ᠨᠠᠰᠣᠲᠠᠶᠢᠴᠣᠳ ᠤᠨ ᠰᠣᠷᠭᠠᠨ ᠬᠥᠮᠦᠵᠢᠯ ᠤᠨ ᠶᠡᠭᠡ  ᠰᠣᠷᠭᠠᠭᠤᠯᠢ᠂  ᠰᠣᠮᠣ  ᠪᠠᠯᠭᠠᠰᠣ  ︽ᠵᠡᠭᠡᠯᠢ  ᠭᠤᠳᠣᠮ︶ᠪᠣᠯᠣᠨ ᠭᠠᠴᠠᠭ᠎ᠠ ᠲᠣᠰᠬᠤᠨ ︵ᠨᠡᠶᠢᠭᠡᠮ ᠲᠣᠭᠤᠷᠢᠭ ᠤᠨ  ᠰᠠᠭᠤᠭᠠᠯᠢ  ᠠᠷᠠᠳ   ᠤᠨ  ᠵᠦᠪᠯᠡᠯ︶   ᠤᠨ  ᠨᠠᠰᠣᠲᠠᠶᠢᠴᠣᠳ  ‍ᠤᠨ‌‍ᠰᠣᠷᠭᠠᠭᠤᠯᠢ ᠪᠣᠯᠣᠨ ᠰᠣᠷᠣᠯᠴᠠᠯᠭ᠎ᠠ ᠶᠢᠨ ᠴᠡᠭ  ᠢ ᠢᠳᠡᠪᠬᠢᠲᠡᠢ ᠪᠥᠲᠦᠭᠡᠨ ᠪᠠᠶᠢᠭᠤᠯᠣᠨ᠂2020  ᠣᠨ  ᠪᠣᠯᠬᠤ   ᠳᠤ  ᠪᠦᠬᠦ‌ᠣᠷᠣᠨ ᠤ ᠨᠠᠰᠣᠲᠠᠶᠢᠴᠣᠳ ᠤᠨ ᠰᠣᠷᠭᠠᠨ ᠬᠥᠮᠦᠵᠢᠯ ᠤᠨ ᠶᠡᠭᠡ ᠰᠣᠷᠭᠠᠭᠤᠯᠢ ᠢ 500 ᠰᠠᠤᠷᠢ ᠳᠤ ᠭᠦᠷᠭᠡᠵᠦ᠂ ᠡᠯ᠎ᠡ  ᠵᠦᠢᠯ‌‍ᠤᠨ ᠠᠷᠭ᠎ᠠ ᠮᠠᠶ᠋ᠢᠭ  ᠢᠶᠠᠷ ᠦᠷᠭᠦᠯᠵᠢ ᠶᠢᠨ ᠴᠢᠨᠠᠷᠲᠠᠢ ᠰᠣᠷᠭᠠᠨ ᠬᠥᠮᠦᠵᠢᠯ ᠤᠨ ᠠᠵᠢᠯᠯᠠᠭ᠎ᠠ ᠳᠤ ᠤᠷᠤᠯᠴᠠᠬᠤ ᠨᠠᠰᠣᠲᠠᠶᠢᠴᠣᠳ ᠢ‌‍ᠪᠦ᠋ᠬᠦ ᠣᠷᠣᠨ ᠤ ᠨᠠᠰᠣᠲᠠᠶᠢᠴᠣᠳ ᠤᠨ ᠶᠡᠷᠥᠩᠬᠡᠢ ᠲᠣᠭᠠᠨ ᠤ20% ᠠᠴᠠ ᠲᠠᠪᠠᠭᠤᠯᠬᠤ ᠶᠢ ᠱᠠᠭᠠᠷᠳᠠᠪᠠ᠃ ᠣᠶᠢᠯᠭᠠᠭᠰᠠᠨ  ᠢᠶᠠᠷ᠂ ᠥᠪᠦᠷ ᠮᠣᠩᠭᠤᠯ ᠨᠡᠶᠢᠭᠡᠮ ᠲᠣᠭᠤᠷᠢᠭ ᠤᠨ ᠨᠠᠰᠣᠲᠠᠶᠢᠴᠣᠳ   ᠤᠨ  ᠰᠣᠷᠭᠠᠨ  ᠬᠥᠮᠦᠵᠢᠯ  ᠢ‌ᠨᠡᠶᠢᠭᠡᠮ ᠲᠣᠭᠤᠷᠢᠭ ᠤᠨ ᠰᠣᠷᠭᠠᠨ ᠬᠥᠮᠦᠵᠢᠯ ᠪᠣᠯᠣᠨ  ᠨᠠᠰᠣᠲᠠᠶᠢᠴᠣᠳ   ᠤᠨ  ᠰᠣᠷᠭᠠᠨ  ᠬᠥᠮᠦᠵᠢᠯ   ᠢ  ᠬᠥᠭᠵᠢᠬᠦᠯᠬᠦ  ᠵᠢᠨ‌‍ᠰᠢᠪᠲᠤᠯᠤᠯᠲᠠ ᠶᠢᠨ ᠴᠢᠭ᠋ ᠪᠣᠯᠭᠠᠵᠣ᠂ ᠡᠯ᠎ᠡ ᠠᠶᠢᠮᠠᠭ ᠬᠤᠲᠠ ᠶᠢᠨ ᠷᠠᠳᠢᠤ᠋ ᠲᠧᠯᠸᠢᠰ ᠤᠨ ᠶᠡᠭᠡ  ᠰᠣᠷᠭᠠᠭᠤᠯᠢ   ᠤᠨ  ᠰᠢᠰᠲ᠋ᠧᠮ‌‍ᠪᠣᠯᠣᠨ ᠡᠯ᠎ᠡ ᠱᠠᠲᠣᠨ ᠤ ᠡᠯ᠎ᠡ ᠲᠥᠷᠦᠯ ᠤᠨ ᠠᠵᠢᠯ ᠮᠡᠷᠭᠡᠵᠢᠯ ᠤᠨ ᠳᠡᠭᠡᠳᠦ ᠰᠣᠷᠭᠠᠭᠤᠯᠢ ᠳᠤ ᠭᠦᠢᠴᠡᠳ ᠨᠠᠶᠢᠳᠠᠵᠣ᠂  ᠨᠡᠶᠢᠭᠡᠮ‌‍ᠲ᠋ᠣᠭᠤᠷᠢᠭ ᠤᠨ ᠨᠠᠰᠣᠲᠠᠶᠢᠴᠣᠳ ᠤᠨ ᠰᠣᠷᠭᠠᠨ ᠬᠥᠮᠦᠵᠢᠯ ᠤᠨ ᠲᠣᠷᠰᠢᠯᠲᠠ ᠶᠢᠨ ᠴᠡᠭ ᠤᠨ ᠠᠵᠢᠯ ᠶᠢ ᠢᠳᠡᠪᠬᠢᠲᠡᠢ ᠥᠷᠨᠢᠭᠦᠯᠬᠦ᠋ᠢ ᠱᠠᠭᠠᠷᠳᠠᠪᠠ᠃ ᠡᠭᠦᠨ ᠤ ᠵᠡᠷᠭᠡ ᠪᠠᠷ᠂ ᠥᠪᠦᠷ ᠮᠣᠩᠭᠤᠯ ᠡᠩ ᠤᠨ ᠶᠡᠭᠡ ᠳᠡᠭᠡᠳᠦ  ᠰᠣᠷᠭᠠᠭᠤᠯᠢ᠂  ᠠᠵᠢᠯ  ᠮᠡᠷᠭᠡᠵᠢᠯ  ‍ᠤᠨ‌‍ᠲ᠋ᠡᠭᠡᠳᠦ ᠰᠣᠷᠭᠠᠭᠤᠯᠢ ᠨᠠᠰᠣᠲᠠᠶᠢᠴᠣᠳ ᠲᠤ ᠬᠢᠴᠢᠶᠡᠯ ᠲᠥᠷᠦᠯ ᠤᠨ ᠡᠬᠢ  ᠪᠠᠶᠠᠯᠢᠭ ᠬᠠᠩᠭᠠᠬᠤ   ᠶᠢ  ᠠᠬᠢᠭᠤᠯᠬᠤ  ᠪᠥᠭᠡᠳ‌ᠨᠠᠰᠣᠲᠠᠶᠢᠴᠣᠳ ᠤᠨ ᠰᠣᠷᠭᠠᠨ ᠬᠥᠮᠦᠵᠢᠯ  ᠤᠨ ᠪᠥᠲᠦᠭᠡᠨ ᠪᠠᠶᠢᠭᠤᠯᠣᠯᠲᠠ ᠪᠣᠯᠣᠨ ᠴᠢᠳᠠᠪᠣᠷᠢᠲᠠᠨ ᠢ ᠬᠥᠮᠦᠵᠢᠭᠦᠯᠬᠦ  ᠡᠷᠴᠢᠮ  ᠢ‌‍ᠴᠢᠩᠭᠠᠳᠬᠠᠵᠤ᠂ ᠰᠣᠷᠭᠠᠭᠤᠯᠢ  ᠶᠢᠨ ᠬᠦᠷᠢᠶᠡᠨ ᠤ ᠲᠠᠯᠠᠪᠣᠷ᠂ ᠨᠣᠮ   ᠤᠨ  ᠰᠠᠩ᠂  ᠲᠣᠨᠤᠭ  ᠳᠥᠬᠦᠭᠡᠷᠦᠮᠵᠢ   ᠶᠢ  ᠢᠳᠡᠪᠬᠢᠲᠠᠢ‌ᠨᠡᠭᠡᠭᠡᠬᠦ ᠪᠠᠷ ᠳᠠᠮᠵᠢᠨ ᠨᠠᠰᠣᠲᠠᠶᠢᠴᠣᠳ ᠤᠨ ᠰᠣᠷᠭᠠᠨ ᠬᠥᠮᠦᠵᠢᠯ ᠤᠨ ᠠᠵᠢᠯ ᠤᠨ ᠬᠥᠭᠵᠢᠯᠲᠡ ᠶᠢ ᠠᠬᠢᠭᠤᠯᠬᠤ ᠪᠠᠷ ᠪᠠᠶᠢᠨ᠎ᠠ᠃
 
ᠢᠷᠡᠯᠲᠡ᠄ ᠠᠷᠠᠤᠨ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号