ᠮᠣᠩᠭᠤᠯ ᠵᠦᠢᠷ ᠰᠡᠴᠡᠨ ᠦᠭᠡ ᠶᠢᠨ ᠭᠦᠨ ᠤᠬᠠᠭᠠᠯᠢᠭ ᠰᠢᠨᠵᠢ ᠬᠢᠭᠡᠳ ᠠᠬᠤᠶᠢᠴᠢ‌ᠠᠴᠢ ᠬᠤᠯᠪᠤᠭᠳᠠᠯ
ᠨᠡᠶᠢᠲᠡᠯᠡᠭᠰᠡᠨ ᠴᠠᠭ᠄
2017/11/6
ᠮ᠊ · ᠣᠶᠤᠨ          ᠮᠣᠩᠭᠤᠯ ᠵᠦᠢᠷ ᠰᠡᠴᠡᠨ ᠦᠭᠡ ᠶᠢᠨ ᠭᠦᠨ ᠤᠬᠠᠭᠠᠯᠢᠭ          ᠰᠢᠨᠵᠢ   ᠬᠢᠭᠡᠳ ᠠᠬᠤᠶᠢᠴᠢ ᠠᠴᠢ ᠬᠤᠯᠪᠤᠭᠳᠠᠯ         ᠠᠭᠤᠯᠭ᠎ᠠ ᠶᠢᠨ ᠲᠣᠪᠴᠢ᠄ ᠮᠣᠩᠭᠤᠯᠴᠤᠳ ᠤᠨ ᠪᠠᠶᠢᠩᠭᠤ ᠬᠡᠷᠡᠭᠯᠡᠳᠡᠭ ᠵᠦᠢᠷ ᠰᠡᠴᠡᠨ ᠦᠭᠡ ᠪᠣᠯ ᠮᠣᠩᠭᠤᠯᠴᠤᠳ ᠤᠨ ᠦᠢᠯᠡᠳᠪᠦᠷᠢᠯᠡᠯ ᠠᠮᠢᠳᠤᠷᠠᠯ ᠎ ᠳᠤ ᠰᠠᠭᠤᠷᠢᠯᠠᠵᠤ᠂ ᠪᠠᠶᠢᠭᠠᠯᠢ ᠶᠢᠨ ᠵᠢᠮ᠎ᠡ᠂ ᠨᠡᠶᠢᠭᠡᠮ ᠤᠨ ᠦᠵᠡᠭᠳᠡᠯ᠂ ᠪᠤᠰᠤᠳᠴᠢ ᠠᠬᠤᠢ ᠬᠢᠭᠡᠳ ᠪᠡᠶᠡᠴᠢ ᠤᠬᠠᠮᠰᠠᠷ ᠢ ᠣᠷᠭᠠᠨᠢᠭ ᠢᠶᠠᠷ ᠤᠶᠠᠯᠳᠤᠭᠤᠯᠤᠭᠰᠠᠨ ᠬᠥᠮᠥᠰ ᠤᠨ ᠰᠡᠷᠡᠯ ᠳᠤ ᠮᠡᠳᠡᠷᠡᠭᠳᠡᠵᠦ᠂ ᠣᠶᠤᠨ ᠢᠶᠠᠷ ᠲᠤᠩᠭᠠᠭᠳᠠᠭᠰᠠᠨ ᠠᠪᠢᠶᠠᠰᠯᠢᠭ ᠪᠦᠲᠦᠭᠡᠯ ᠮᠥᠨ᠃ ᠲᠡᠭᠦᠨ ᠳᠤ ᠭᠦᠨ ᠤᠬᠠᠭᠠᠨ ᠤ ᠤᠳᠬ᠎ᠠ ᠰᠠᠨᠠᠭ᠎ᠠ ᠭᠦᠨᠵᠡᠭᠡᠢ ᠠᠭᠤᠯᠤᠭᠳᠠᠵᠤ᠂ ᠬᠥᠮᠥᠰ ᠤᠨ ᠠᠵᠢᠯ ᠠᠮᠢᠳᠤᠷᠠᠯ ᠳᠤ ᠵᠢᠯᠣᠭᠤᠳᠤᠯᠭ᠎ᠠ ᠪᠣᠯᠵᠤ ᠪᠠᠶᠢᠳᠠᠭ᠃ ᠵᠠᠩᠭᠢᠯᠠᠭ᠎ᠠ ᠦᠭᠡ᠄ ᠮᠣᠩᠭᠤᠯᠴᠤᠳ᠂ ᠵᠦᠢᠷ ᠰᠡᠴᠡᠨ ᠦᠭᠡ᠂ ᠭᠦᠨ ᠤᠬᠠᠭᠠᠨ ᠤ ᠣᠳᠬ᠎ᠠ ᠰᠠᠨᠠᠭ᠎ᠠ        ᠮᠣᠩᠭᠤᠯ ᠵᠦᠢᠷ ᠰᠡᠴᠡᠨ ᠦᠭᠡ ᠶᠢᠨ ᠡᠭᠦᠰᠦᠯ ᠢᠷᠡᠯ ᠪᠣᠯᠤᠨ ᠢᠯᠡᠷᠡᠵᠦ ᠪᠠᠶᠢᠭ᠎ᠠ ᠬᠡᠯᠪᠡᠷᠢ ᠠᠴᠠ ᠦᠵᠡᠪᠡᠯ ᠶᠠᠷᠢᠶᠠᠨ ᠦᠭᠡᠢ ᠠᠷᠠᠳ ᠤᠨ ᠠᠮᠠᠨ ᠵᠣᠬᠢᠶᠠᠯ ᠤᠨ ᠴᠢᠬᠤᠯᠠ ᠪᠦᠷᠢᠯᠳᠦᠬᠦᠨ ᠪᠣᠯᠬᠤ ᠶᠤᠮ᠃ ᠵᠠᠷᠢᠮ ᠡᠷᠳᠡᠮᠲᠡᠳ ᠪᠠᠰᠠ ᠠᠮᠠᠨ ᠵᠣᠬᠢᠶᠠᠯ ᠤᠨ ᠡᠪᠦᠭᠡ ᠭᠡᠵᠤ ᠦᠵᠡᠳᠡᠭ ᠪᠢᠯᠡ᠃ ᠲᠡᠭᠡᠪᠡᠯ ᠮᠣᠩᠭᠤᠯ ᠵᠦᠢᠷ ᠰᠡᠴᠡᠨ ᠦᠭᠡ ᠨᠢ ᠠᠷᠠᠳ ᠤᠨ ᠳᠤᠮᠳᠠ ᠥᠨᠢ ᠤᠳᠠᠭᠠᠨ ᠤᠯᠠᠮᠵᠢᠯᠠᠭᠳᠠᠵᠤ᠂ ᠠᠵᠤ ᠠᠮᠢᠳᠤᠷᠠᠯ ᠳᠤᠨᠢ ᠥᠷᠭᠡᠨ ᠬᠡᠷᠡᠭᠯᠡᠭᠳᠡᠵᠦ ᠢᠷᠡᠭᠰᠡᠨ ᠤ ᠰᠢᠯᠲᠠᠭᠠᠨ ᠪᠣᠯ ᠲᠡᠭᠦᠨ ᠤ ᠦᠨ᠎ᠡ ᠴᠡᠨ᠎ᠡ᠂ ᠲᠦᠭᠡᠮᠡᠯ ᠦᠢᠯᠡᠳᠦᠯ ᠪᠣᠯᠤᠨ ᠠᠬᠤᠶᠢᠴᠢ ᠠᠴᠢ ᠬᠤᠯᠪᠤᠭᠳᠠᠯ ᠳᠤ ᠪᠣᠢ ᠭᠡᠵᠤ ᠬᠡᠯᠡᠵᠦ ᠪᠣᠯᠤᠨ᠎ᠠ᠃ ᠨᠡᠩ ᠣᠨᠤᠪᠴᠢᠲᠠᠢ ᠬᠡᠯᠡᠪᠡᠯ ᠲᠡᠭᠦᠨ ᠤ ᠭᠦᠨ ᠤᠬᠠᠭᠠᠯᠢᠭ ᠴᠢᠨᠠᠷ ᠲᠤ ᠣᠷᠤᠰᠢᠨ᠎ᠠ᠃ ᠡᠨᠡ ᠲᠤᠬᠠᠢ ᠮᠣᠩᠭᠤᠯ ᠤᠯᠤᠰ ᠤᠨ ᠮᠣᠩᠭᠤᠯᠴᠢ ᠡᠷᠳᠡᠮᠲᠡᠨ ᠫᠠ᠊ · ᠬᠤᠷᠯᠸ᠎ᠠ᠄ ︽ᠣᠶᠤᠨ  ᠰᠠᠨᠠᠭᠠᠨ ᠤ ᠳᠡᠭᠡᠳᠦ ᠢᠯᠡᠷᠬᠡᠶᠢᠯᠡᠯ ᠨᠢ ᠶᠠᠭᠤᠨ ᠤ ᠲᠦᠷᠦᠭᠦᠨ ︿ᠭᠦᠨ ᠤᠬᠠᠭᠠᠨ ᠤ ᠰᠡᠳᠬᠢᠯᠭᠡ﹀ ᠶᠤᠮ᠃ ᠪᠠᠶᠢᠭᠠᠯᠢ ᠶᠢᠷᠲᠢᠨᠴᠦ᠂ ᠦᠵᠡᠭᠳᠡᠯ ᠶᠠᠭᠤᠮᠠᠰ ᠢ ᠲᠠᠨᠢᠨ ᠮᠡᠳᠡᠬᠦ ᠪᠣᠯᠤᠨ ᠨᠡᠶᠢᠭᠡᠮ ᠤᠨ ᠬᠥᠭᠵᠢᠯ ᠤᠨ ᠲᠣᠭᠲᠠᠯ ᠢ ᠣᠶᠢᠯᠠᠭᠠᠬᠤ ᠭᠦᠨ ᠤᠬᠠᠭᠠᠨ ᠤ ᠣᠶᠢᠯᠠᠭᠠᠯᠲᠠ ᠶᠢ ᠠᠷᠠᠳ ᠤᠨ ᠠᠮᠠᠨ ᠵᠣᠬᠢᠶᠠᠯ ᠤᠨ ᠪᠣᠭᠤᠨᠢ ᠬᠡᠯᠪᠡᠷᠢ ᠲᠥᠷᠥᠯ ᠵᠦᠢᠯ ᠬᠠᠮᠤᠭ ᠤᠨ ᠲᠣᠳᠤ ᠳᠦᠷᠰᠦᠯᠡᠵᠦ ᠭᠤᠴᠤ ᠮᠡᠷᠭᠡᠨ ᠢᠶᠠᠷ ᠨᠡᠶᠢᠲᠡ ᠳᠤ ᠬᠦᠷᠭᠡᠳᠡᠭ︾① ᠭᠡᠵᠡᠢ᠃ ᠳᠠᠷᠤᠢ ᠵᠦᠢᠷ ᠰᠡᠴᠡᠨ ᠦᠭᠡ ᠨᠢ ᠬᠥᠮᠥᠰ ᠤᠨ ᠣᠶᠤᠨ ᠎ ᠤ ᠲᠠᠨᠢᠯᠲᠠ ᠶᠢᠨ ᠦᠷ᠎ᠡ ᠪᠦᠲᠦᠭᠡᠯ ᠪᠣᠯᠤᠭᠰᠠᠨ ᠤ ᠬᠤᠪᠢ ᠳᠤ ᠠᠷᠠᠳ ᠤᠨ ᠭᠦᠨ ᠤᠬᠠᠭᠠᠨ ᠤ ᠰᠡᠳᠬᠢᠯᠭᠡ ᠶᠢ ᠬᠤᠷᠴᠠ ᠲᠣᠳᠤ ᠲᠤᠰᠬᠠᠳᠠᠭ ᠢᠶᠠᠷ ᠢᠶᠠᠨ ᠠᠵᠤ ᠠᠮᠢᠳᠤᠷᠠᠯ ᠤᠨ ᠵᠦᠭᠯᠡᠭᠦᠷ᠂ ᠣᠶᠤᠨ ᠰᠠᠨᠠᠭᠠᠨ ᠤ ᠲᠠᠵᠢᠭᠡᠯ ᠪᠣᠯᠤᠭᠰᠠᠭᠠᠷ ᠢᠷᠡᠭᠰᠡᠨ ᠶᠤᠮ᠃ ᠤᠬᠠᠭᠳᠠᠬᠤᠨ ᠤ ᠲᠠᠯ᠎ᠠ ᠪᠠᠷ ︽ᠨᠡᠶᠢᠭᠡᠮ ᠤᠨ ᠠᠮᠢᠳᠤᠷᠠᠯ᠂ ᠲᠡᠭᠦᠨ ᠎ ᠢ ᠦᠵᠡᠬᠦ ᠦᠵᠡᠯ ᠢ ᠣᠨᠤᠭᠠᠵᠤ᠂ ᠰᠢᠭᠤᠳ ᠮᠡᠷᠭᠡᠨ ᠢᠶᠠᠷ ᠬᠡᠯᠡᠭᠰᠡᠨ ᠬᠤᠯᠪᠤᠭ᠎ᠠ ᠦᠭᠡ ᠶᠢ ︿ᠰᠡᠴᠡᠨ ᠦᠭᠡ﹀᠂ ᠳᠡᠳᠡᠭᠡᠷ ᠤᠨ ᠲᠤᠷᠰᠢᠯᠭ᠎ᠠ ᠶᠢ ᠵᠢᠱᠢᠵᠦ ᠣᠨᠤᠭᠠᠭᠰᠠᠨ ᠬᠤᠯᠪᠤᠭ᠎ᠠ ᠦᠭᠡᠰ ᠢ ︿ᠵᠦᠢᠷ ᠦᠭᠡ﹀ ᠭᠡᠵᠤ ᠢᠯᠭᠠᠳᠠᠭ ᠶᠤᠮ᠃ ᠁ ᠰᠡᠴᠡᠨ ᠦᠭᠡᠰ ᠢ ︿ᠰᠢᠭᠤᠳ ᠣᠨᠤᠭᠠᠭᠰᠠᠨ﹀ ᠬᠡᠯᠪᠡᠷᠢ ᠪᠠᠷ᠂ ᠵᠦᠢᠷ ᠦᠭᠡᠰ ᠢ      ︿ᠵᠢᠱᠢᠨ ᠵᠦᠢᠷᠯᠡᠭᠰᠡᠨ﹀ ᠬᠡᠯᠪᠡᠷᠢ ᠪᠠᠷ ᠪᠦᠲᠦᠭᠡᠵᠡᠢ᠃︾② ᠡᠨᠡ ᠬᠦ ᠲᠠᠶᠢᠯᠪᠤᠷᠢᠯᠠᠯᠲᠠ ᠬᠢᠭᠡᠳ ᠠᠮᠢᠳᠤᠷᠠᠯ ᠳᠤ ᠬᠡᠷᠡᠭᠯᠡᠭᠳᠡᠵᠦ ᠪᠠᠶᠢᠭ᠎ᠠ ᠤᠳᠬ᠎ᠠ ᠰᠠᠨᠠᠭ᠎ᠠ ᠶᠢ ᠭᠦᠨ ᠤᠬᠠᠭᠠᠨ ᠤ ᠡᠭᠦᠳᠡᠨ ᠠᠴᠠ ᠠᠵᠢᠭᠯᠠᠪᠠᠯ ᠬᠡᠷᠡᠭ ᠪᠣᠳᠠᠰ ᠤᠨ ᠤᠭ ᠴᠢᠨᠠᠷ᠂ ᠵᠢᠮ᠎ᠡ ᠶᠣᠰᠤ ᠶᠢ ᠲᠤᠰᠬᠠᠭᠰᠠᠨ ᠬᠡᠶᠢᠰᠪᠦᠷᠢ ᠰᠡᠳᠬᠢᠬᠦᠢ ᠪᠠᠷ ᠢᠯᠡᠳᠬᠡᠳᠡᠭ ᠦᠭᠡ ᠨᠢ ᠰᠡᠴᠡᠨ ᠦᠭᠡ ᠪᠠᠶᠢᠵᠤ᠂ ᠰᠡᠷᠡᠯ ᠳᠤ ᠮᠡᠳᠡᠷᠡᠭᠳᠡᠬᠦ ᠳᠦᠷᠰᠦᠯᠢᠭ ᠰᠢᠨᠵᠢ ᠪᠠᠷ ᠢᠯᠡᠷᠡᠬᠦ ᠦᠭᠡ ᠨᠢ ᠵᠦᠢᠷ ᠦᠭᠡ ᠪᠣᠯᠤᠨ᠎ᠠ᠃ ᠥᠭᠡᠷ᠎ᠡ ᠪᠠᠷ ᠬᠡᠯᠡᠪᠡᠯ ᠵᠦᠢᠷ ᠰᠡᠴᠡᠨ ᠦᠭᠡ ᠪᠣᠯ ᠰᠡᠷᠡᠯ ᠤᠨ ᠲᠠᠨᠢᠯᠲᠠ ᠪᠣᠯᠤᠨ ᠣᠶᠤᠨ ᠤ ᠲᠠᠨᠢᠯᠲᠠ ᠶᠢᠨ ᠣᠷᠭᠠᠨᠢᠭ ᠨᠢᠭᠡᠳᠦᠯ ᠮᠥᠨ᠃        ᠨᠢᠭᠡ᠂ ᠮᠣᠩᠭᠤᠯ ᠵᠦᠢᠷ ᠰᠡᠴᠡᠨ ᠦᠭᠡ ᠳᠠᠬᠢ ᠭᠦᠨ ᠤᠬᠠᠭᠠᠨ ᠤ ᠤᠳᠬ᠎ᠠ ᠰᠠᠨᠠᠭ᠎ᠠ       ᠮᠣᠩᠭᠤᠯᠴᠤᠳ ᠤᠨ ᠪᠠᠶᠢᠩᠭᠤ ᠬᠡᠷᠡᠭᠯᠡᠳᠡᠭ ᠵᠦᠢᠷ ᠰᠡᠴᠡᠨ ᠦᠭᠡᠨ ᠳᠤ ᠪᠠᠶᠢᠭᠠᠯᠢ ᠶᠢᠨ ᠵᠢᠮ᠎ᠡ᠂ ᠨᠡᠶᠢᠭᠡᠮ ᠤᠨ ᠦᠵᠡᠭᠳᠡᠯ᠂ ᠪᠤᠰᠤᠳᠴᠢ ᠠᠬᠤᠢ ᠬᠢᠭᠡᠳ ᠪᠡᠶᠡᠴᠢ ᠤᠬᠠᠮᠰᠠᠷ ᠢ ᠣᠷᠭᠠᠨᠢᠭ ᠢᠶᠠᠷ ᠤᠶᠠᠯᠳᠤᠭᠤᠯᠵᠤ᠂ ᠠᠭᠤᠯᠭ᠎ᠠ ᠪᠠ ᠬᠡᠯᠪᠡᠷᠢ᠂ ᠲᠤᠰᠬᠠᠢ ᠪᠣᠯᠤᠨ ᠶᠡᠷᠦᠩᠬᠡᠢ᠂ ᠥᠪᠡᠷᠮᠢᠴᠡ ᠬᠢᠭᠡᠳ ᠲᠦᠭᠡᠮᠡᠯ᠂ ᠲᠠᠨᠢᠯᠲᠠ ᠪᠣᠯᠤᠨ ᠦᠢᠯᠡᠳᠦᠯᠭᠡ ᠶᠢ ᠬᠤᠪᠢᠰᠤᠩᠭᠤᠢ ᠪᠠᠷ ᠨᠢᠭᠡᠳᠦᠭᠦᠯᠵᠦ᠂ ᠬᠡᠷᠡᠭ ᠪᠣᠳᠠᠰ᠂ ᠦᠵᠡᠭᠳᠡᠯ ᠤᠨ ᠰᠢᠨᠵᠢ ᠴᠢᠨᠠᠷ᠂ ᠵᠢᠮ᠎ᠡ ᠶᠣᠰᠤ ᠶᠢ ᠮᠠᠰᠢ ᠣᠨᠣᠪᠴᠢᠲᠠᠢ ᠬᠤᠷᠢᠶᠠᠩᠭᠤᠶᠢᠯᠠᠨ ᠳ᠋ᠦᠩᠨᠡᠵᠦ᠂ ᠣᠶᠤᠨᠴᠢ ᠴᠢᠨᠠᠷ ᠢᠶᠠᠷ ᠥᠨᠳᠦᠷ ᠪᠠᠶᠢᠳᠠᠭ ᠪᠣᠯᠬᠤᠷ ᠭᠦᠨ ᠤᠬᠠᠭᠠᠨ ᠤ ᠤᠳᠬ᠎ᠠ ᠰᠠᠨᠠᠭ᠎ᠠ ᠪᠢᠯᠬᠠᠮ᠎ᠠ ᠪᠠᠶᠢᠵᠤ᠂ ᠬᠥᠮᠥᠰ ᠤᠨ ᠬᠡᠶᠢᠰᠪᠦᠷᠢ ᠰᠡᠳᠬᠢᠬᠦᠢ ᠶᠢᠨ ᠴᠢᠳᠠᠪᠤᠷᠢ ᠶᠢ ᠠᠮᠢᠳᠤᠯᠢᠭ ᠢᠶᠠᠷ ᠢᠯᠡᠳᠬᠡᠵᠦ ᠪᠠᠶᠢᠳᠠᠭ ᠶᠤᠮ᠃       ︵ᠨᠢᠭᠡ︶ ᠠᠯᠢᠪᠠ ᠪᠦᠬᠦᠨ ᠳᠤ ᠪᠣᠳᠠᠲᠠᠢ ᠠᠴᠠ ᠡᠭᠦᠰᠴᠦ᠂ ᠪᠡᠶᠡᠴᠢ ᠦᠵᠡᠯ ᠤᠬᠠᠮᠰᠠᠷ ᠢᠶᠠᠨ ᠪᠤᠰᠤᠳᠴᠢ ᠠᠬᠤᠢ ᠳᠤ ᠨᠡᠶᠢᠴᠡᠭᠦᠯᠬᠦ ᠶᠢ ᠡᠷᠬᠢᠮᠯᠡᠳᠡᠭ ᠪᠣᠳᠠᠰᠴᠢ ᠦᠵᠡᠯ ᠤᠨ ᠤᠳᠬ᠎ᠠ ᠰᠠᠨᠠᠭ᠎ᠠ ᠶᠢ ᠢᠯᠡᠳᠬᠡᠭᠰᠡᠨ ︽ᠲᠤᠭᠤᠯ ᠤᠨ ᠬᠢᠷᠢ ᠪᠠᠷ ᠵᠡᠯ᠎ᠡ ᠪᠠᠨ ᠲᠠᠳᠠ᠂ ᠲᠠᠤᠯᠠᠢ ᠶᠢᠨ ᠬᠢᠷᠢ ᠪᠠᠷ ᠨᠤᠮᠤ ᠪᠠᠨ ᠲᠠᠲᠠ︾᠂ ︽ᠮᠠᠨᠢ ᠲᠣᠭᠠᠯᠠᠬᠤ ᠪᠠᠷ᠂ ᠮᠠᠯ ᠢᠶᠠᠨ ᠤᠰᠤᠯᠠ︾ ᠭᠡᠬᠦ ᠦᠭᠡᠨ ᠳᠤ ᠮᠠᠯᠵᠢᠬᠤ ᠠᠮᠢᠳᠤᠷᠠᠯ ᠤᠨ ᠪᠣᠳᠠᠲᠤ ᠬᠡᠷᠡᠭᠴᠡᠭᠡ ᠶᠢ ᠵᠥᠪ ᠢᠶᠠᠷ ᠲᠠᠨᠢᠵᠤ᠂ ᠪᠡᠶᠡᠴᠢ ᠠᠵᠢᠯᠯᠠᠭ᠎ᠠ ᠎ ᠪᠠᠨ ᠪᠤᠰᠤᠳᠴᠢ ᠪᠣᠳᠠᠲᠤ ᠪᠠᠶᠢᠳᠠᠯ ᠳᠤ ᠨᠡᠶᠢᠴᠡᠭᠦᠯᠵᠦ᠂ ᠬᠡᠢ ᠬᠤᠭᠤᠰᠤᠨ ᠵᠦᠢᠯ ᠢᠶᠠᠷ ᠡᠳᠦᠷ ᠥᠩᠭᠡᠷᠡᠭᠦᠯᠬᠦ ᠶᠢ ᠰᠡᠷᠭᠡᠶᠢᠯᠡᠵᠦ᠂ ᠠᠬᠤᠶᠢᠴᠢ ᠠᠴᠢ ᠬᠤᠯᠪᠤᠭᠳᠠᠯ ᠢ ᠴᠢᠬᠤᠯᠠᠴᠢᠯᠠᠳᠠᠭ ᠨᠢ ᠲᠣᠳᠤᠷᠬᠠᠢ ᠬᠠᠷᠠᠭᠳᠠᠵᠤ᠂ ᠪᠦᠬᠦ ᠲᠠᠯ᠎ᠠ ᠪᠠ ᠬᠡᠰᠡᠭ ᠲᠠᠯ᠎ᠠ ᠶᠢᠨ ᠬᠠᠷᠢᠴᠠᠭᠠᠨ ᠤ ᠠᠰᠠᠭᠤᠳᠠᠯ ᠳᠡᠭᠡᠷ᠎ᠡ ᠪᠦᠬᠦᠯᠢ ᠴᠣᠭᠴᠠ ᠶᠢᠨ ᠡᠭᠦᠳᠡᠨ ᠎ ᠠᠴᠠ ︽ᠡᠬᠡ ᠶᠢ ᠨᠢ ᠡᠴᠡᠭᠡᠬᠦ ᠦᠭᠡᠢ᠂ ᠲᠤᠭᠤᠯ ᠢ ᠨᠢ ᠲᠤᠷᠠᠭᠠᠬᠤ ᠦᠭᠡᠢ ᠪᠠᠶᠢᠬᠤ︾᠎ ᠶᠢ ᠬᠢᠴᠢᠶᠡᠵᠦ᠂ ᠪᠦᠬᠦ ᠲᠠᠯ᠎ᠠ ᠶᠢ ᠬᠠᠷᠠᠭᠠᠯᠵᠠᠬᠤ ᠣᠪᠤᠷ ᠢ ᠠᠪᠳᠠᠭ᠃ ᠡᠨᠡ ᠪᠣᠯ ᠪᠣᠳᠠᠰᠴᠢ ᠦᠵᠡᠯ ᠤᠨ ᠦᠨᠳᠦᠰᠦᠨ ᠵᠣᠷᠢᠭ ᠰᠠᠨᠠᠭ᠎ᠠ ᠮᠥᠨ᠃      ︵ᠬᠤᠶᠠᠷ︶ ᠠᠰᠠᠭᠤᠳᠠᠯ ᠢ ᠬᠤᠪᠢᠷᠠᠯᠲᠠ ᠬᠥᠭᠵᠢᠯᠲᠡ ᠶᠢᠨ ᠪᠠᠶᠢᠳᠠᠯ ᠢᠶᠠᠷ ᠰᠢᠨᠵᠢᠵᠦ᠂ ᠪᠤᠰᠤᠳᠴᠢ ᠶᠢᠷᠲᠢᠨᠴᠦ ᠪᠣᠯ ᠵᠥᠷᠢᠴᠡᠯ ᠢᠶᠠᠷ ᠳᠦᠭᠦᠷᠴᠦ ᠪᠠᠶᠢᠳᠠᠭ ᠭᠡᠬᠦ ᠬᠤᠪᠢᠰᠤᠩᠭᠤᠢ ᠠᠷᠭ᠎ᠠ ᠶᠢᠨ ᠦᠵᠡᠯ ᠰᠠᠨᠠᠭ᠎ᠠ ᠲᠣᠳᠤ ᠬᠠᠷᠠᠭᠳᠠᠳᠠᠭ᠃ ᠵᠢᠱᠢᠶᠡᠯᠡᠪᠡᠯ᠄ ︽ᠬᠤᠷᠮᠤᠰᠲᠠ ᠲᠡᠭᠷᠢ ᠪᠦᠷᠬᠦᠭ ᠲᠠᠢ ᠲᠤᠩᠭᠠᠯᠠᠭ ᠲᠠᠢ᠂ ᠬᠤᠷᠸ᠎ᠠ ᠎ ᠶᠢᠨ ᠶᠠᠪᠤᠳᠠᠯ ᠭᠤᠨᠢᠭᠲᠠᠢ ᠪᠠᠶᠠᠷᠲᠠᠢ︾᠂ ︽ᠠᠪᠤ ᠶᠢᠨ ᠬᠦᠦ ᠠᠳᠠᠯᠢ ᠦᠭᠡᠢ᠂ ᠠᠷᠪᠠᠨ ᠬᠤᠷᠤᠭᠤ ᠲᠡᠭᠰᠢ ᠦᠭᠡᠢ︾ ᠭᠡᠬᠦ ᠮᠡᠲᠦ ᠪᠠᠷ ᠬᠡᠷᠡᠭ ᠪᠣᠳᠠᠰ᠂ ᠦᠵᠡᠭᠳᠡᠯ ᠎ ᠤᠨ ᠪᠤᠳᠤᠯᠢᠶᠠᠨᠲᠤ ᠪᠠᠶᠢᠳᠠᠯ ᠢ ᠰᠡᠷᠭᠡᠭ ᠢᠶᠠᠷ ᠲᠠᠨᠢᠬᠤ ᠶᠢ ᠠᠩᠬᠠᠷᠤᠭᠤᠯᠵᠤ ᠪᠠᠶᠢᠬᠤ ᠪᠠᠷ ᠪᠠᠷᠠᠬᠤ ᠦᠭᠡᠢ ᠪᠠᠰᠠ ᠪᠣᠳᠠᠲᠤ ᠠᠰᠠᠭᠤᠳᠠᠯ ᠳᠤ ᠪᠣᠳᠠᠲᠠᠢ ᠵᠠᠳᠠᠯᠤᠯᠲᠠ ᠬᠢᠵᠦ᠂ ᠵᠥᠷᠢᠴᠡᠯ ᠤᠨ ᠰᠢᠨᠵᠢ ᠴᠢᠨᠠᠷ ᠢ ᠦᠨᠳᠦᠰᠦᠯᠡᠵᠦ᠂ ᠵᠦᠢ ᠵᠣᠬᠢᠰᠲᠠᠢ ᠰᠢᠢᠳᠪᠦᠷᠢᠯᠡᠬᠦ ᠠᠷᠭ᠎ᠠ ᠶᠢᠨ ᠤᠬᠠᠭᠠᠨ ᠤ ᠤᠭ ᠶᠣᠰᠤ ᠶᠢ ᠢᠯᠡᠳᠬᠡᠭᠰᠡᠨ ︽ᠳᠤᠲᠠᠭᠳᠠᠯ ᠢ ᠰᠢᠭᠦᠮᠵᠢᠯᠡᠯ ᠢᠶᠠᠷ᠂ ᠲᠤᠷᠰᠢᠯᠭ᠎ᠠ ᠶᠢ ᠠᠵᠢᠯ ᠢᠶᠠᠷ︾᠂ ︽ᠠᠷᠪᠢᠯᠠᠬᠤ ᠶᠢ ᠠᠮᠠᠰᠠᠷ ᠠᠴᠠ ᠨᠢ᠂ ᠠᠰᠬᠠᠬᠤ ᠶᠢ ᠢᠷᠤᠭᠠᠯ ︵ᠢᠷᠤᠭᠠᠷ︶᠎ ᠠᠴᠠ ᠨᠢ︾ ᠭᠡᠬᠦ ᠦᠭᠡ ᠨᠢ ᠠᠳᠠᠯᠢ ᠪᠤᠰᠤ ᠠᠰᠠᠭᠤᠳᠠᠯ ᠢ ᠴᠢᠳᠠᠮᠠᠭᠠᠢ ᠪᠠᠷ ᠰᠢᠢᠳᠪᠦᠷᠢᠯᠡᠬᠦ ᠠᠮᠢᠳᠤᠯᠢᠭ ᠴᠢᠨᠠᠷ ᠢ ᠬᠠᠷᠠᠭᠤᠯᠪᠠ᠃      ︵ᠭᠤᠷᠪᠠ︶ ᠣᠯᠠᠨ ᠤ ᠮᠡᠳᠡᠭᠡᠵᠢ ᠪᠠᠷ᠂ ᠪᠣᠳᠠᠰᠴᠢ ᠬᠤᠪᠢᠰᠤᠩᠭᠤᠢ ᠠᠷᠭ᠎ᠠ ᠶᠢᠨ ᠲᠣᠭᠲᠠᠯᠴᠠᠭ᠎ᠠ ᠪᠣᠢ ᠪᠣᠯᠬᠤ ᠠᠴᠠ ᠡᠮᠦᠨ᠎ᠡ᠂ ᠣᠨᠴᠠᠭᠠᠶᠢᠯᠠᠨ ᠹᠸᠦᠳᠠᠯ ᠨᠡᠶᠢᠭᠡᠮ ᠳᠤ ᠰᠡᠳᠬᠢᠯᠴᠢ ᠦᠵᠡᠯ ᠨᠢ ᠬᠥᠮᠥᠰ ᠤᠨ ᠣᠶᠤᠨ ᠰᠠᠨᠠᠭ᠎ᠠ ᠶᠢ ᠤᠷᠲᠤ ᠬᠤᠭᠤᠴᠠᠭ᠎ᠠ ᠪᠠᠷ ᠨᠣᠶᠠᠷᠬᠠᠵᠤ ᠪᠠᠶᠢᠭᠰᠠᠨ ᠶᠤᠮ᠃ ᠲᠤᠬᠠᠢ ᠶᠢᠨ ᠦᠶ᠎ᠡ ᠳᠤ ᠨᠡᠶᠢᠭᠡᠮ ᠤᠨ ᠦᠢᠯᠡᠳᠪᠦᠷᠢᠯᠡᠯ ᠤᠨ ᠬᠦᠴᠦᠨ ᠤ ᠬᠢᠷᠢ ᠲᠦᠪᠰᠢᠨ ᠳᠣᠣᠷ᠎ᠠ᠂ ᠦᠢᠯᠡᠳᠪᠦᠷᠢᠯᠡᠯ ᠤᠨ ᠬᠡᠪᠴᠢᠶ᠎ᠡ ᠢᠪᠴᠤᠤ᠂ ᠦᠢᠯᠡᠳᠪᠦᠷᠢᠯᠡᠯ ᠤᠨ ᠠᠷᠭ᠎ᠠ ᠮᠠᠶ᠋ᠢᠭ ᠎ ᠨᠢ ᠬᠠᠷᠢᠴᠠᠩᠭᠤᠢ ᠳᠠᠩ ᠴᠤᠯᠭᠤᠢ ᠪᠠᠶᠢᠵᠤ᠂ ᠬᠥᠮᠥᠰ ᠪᠤᠳᠤᠯᠢᠶᠠᠨᠲᠠᠢ ᠠᠰᠠᠭᠤᠳᠠᠯ ᠢ ᠪᠡᠶ᠎ᠡ ᠪᠠᠨ ᠳᠠᠭᠠᠭᠠᠵᠤ ᠰᠢᠨᠵᠢᠯᠡᠬᠦ ᠤᠬᠠᠭᠠᠨᠴᠢ ᠪᠠᠷ ᠲᠠᠶᠢᠯᠪᠤᠷᠢᠯᠠᠵᠤ ᠴᠢᠳᠠᠬᠤ ᠦᠭᠡᠢ ᠪᠣᠯᠬᠤᠷ ᠶᠠᠮᠠᠷ ᠨᠢᠭᠡᠨ ᠪᠠᠶᠢᠭᠠᠯᠢ ᠠᠴᠠ ᠳᠠᠪᠠᠭᠰᠠᠨ ᠳᠠᠯᠲᠠ ᠶᠢᠨ ᠢᠳᠡ ᠬᠦᠴᠦᠨ ᠢ ᠰᠢᠲᠦᠨ ᠪᠢᠰᠢᠷᠡᠵᠦ᠂ ᠬᠡᠢ ᠬᠤᠭᠤᠰᠤᠨ ᠬᠦᠰᠡᠯ ᠪᠣᠳᠤᠯ ᠢᠶᠠᠷ ᠥᠪᠡᠷ ᠎ ᠤᠨ ᠰᠠᠨᠠᠭ᠎ᠠ ᠪᠣᠳᠤᠯ ᠢᠶᠠᠨ ᠲᠠᠶᠢᠳᠬᠤᠷᠠᠭᠤᠯᠳᠠᠭ ᠪᠠᠶᠢᠪᠠ᠃ ᠡᠨᠡ ᠬᠦ ᠣᠶᠤᠨ ᠰᠠᠨᠠᠭᠠᠨ ᠤ ᠬᠦᠴᠦᠨ ᠢᠶᠠᠷ ᠶᠢᠷᠲᠢᠨᠴᠦ ᠶᠢ ᠵᠠᠬᠢᠷᠤᠭᠤᠯᠬᠤ ᠶᠢ ᠵᠣᠷᠢᠵᠤ᠂ ᠬᠤᠪᠢ ᠵᠠᠶᠠᠭᠠᠨ ᠳᠠᠭᠠᠨ ᠲᠦᠰᠢᠭᠯᠡᠭᠰᠡᠨ ᠰᠡᠳᠬᠢᠯᠴᠢ ᠦᠵᠡᠯ ᠢ ᠢᠯᠡᠳᠬᠡᠭᠰᠡᠨ ᠤᠳᠬ᠎ᠠ ᠲᠠᠢ ᠦᠭᠡ ᠠᠴᠠ ᠳᠤᠷᠠᠳᠪᠠᠯ ︽ᠰᠦᠵᠢᠭ ᠪᠠᠶᠢᠪᠠᠯ ᠪᠤᠷᠬᠠᠨ ᠬᠤᠯᠠᠳᠠᠬᠤ ᠦᠭᠡᠢ᠂ ᠦᠢᠯᠡ ᠪᠠᠶᠢᠪᠠᠯ ᠲᠠᠮᠤ ᠬᠤᠯᠠᠳᠠᠬᠤ ᠦᠭᠡᠢ︾᠂ ︽ᠪᠤᠷᠬᠠᠨ ᠪᠣᠯᠬᠤ ᠰᠠᠨᠠᠭ᠎ᠠ ᠪᠠᠷ᠂ ᠪᠠᠶᠠᠨ ᠪᠣᠯᠬᠤ ᠵᠠᠶᠠᠭ᠎ᠠ ᠪᠠᠷ︾ ᠭᠡᠬᠦᠴᠢᠯᠡᠨ ᠠᠬᠤᠢ ᠠᠮᠢᠳᠤᠷᠠᠯ ᠳᠤᠮᠳᠠ ᠪᠣᠳᠠᠲᠤ ᠦᠨᠳᠦᠰᠦ ᠪᠠᠷᠢᠮᠲᠠ ᠦᠭᠡᠢ ᠵᠦᠢᠯ ᠳᠤ ᠰᠦᠰᠦᠭᠯᠡᠨ ᠪᠢᠰᠢᠷᠡᠵᠦ᠂ ᠪᠡᠶᠡᠴᠢ ᠵᠣᠷᠢᠭ ᠰᠠᠨᠠᠭ᠎ᠠ ᠪᠠᠷ ᠢᠶᠠᠨ ᠰᠣᠬᠤᠷ ᠪᠠᠯᠠᠢ ᠠᠵᠢᠯᠯᠠᠭ᠎ᠠ ᠬᠢᠬᠦ ᠦᠵᠡᠭᠳᠡᠯ ᠴᠦ ᠵᠦᠩᠳᠡᠭᠡᠨ ᠪᠠᠶᠢᠳᠠᠭ᠃     ︵ᠳᠥᠷᠪᠡ︶ ᠪᠤᠰᠤᠳᠴᠢ ᠬᠡᠷᠡᠭ ᠪᠣᠳᠠᠰ᠂ ᠦᠵᠡᠭᠳᠡᠯ ᠢ ᠭᠠᠭᠴᠠᠭᠠᠷᠳᠠᠮᠠᠯ᠂ ᠵᠣᠭᠰᠤᠩᠬᠢ᠂ ᠥᠷᠦᠭᠡᠰᠦᠯ ᠢᠶᠠᠷ ᠦᠵᠡᠵᠦ᠂ ᠠᠯᠢᠪᠠ ᠪᠦᠬᠦᠨ ᠢ ᠴᠥᠮ ᠬᠤᠪᠢᠷᠠᠰᠢ ᠦᠭᠡᠢ ᠭᠡᠵᠤ ᠦᠵᠡᠳᠡᠭ ᠵᠣᠭᠰᠤᠩᠭᠤᠢ ᠠᠷᠭ᠎ᠠ ᠶᠢᠨ ᠦᠵᠡᠯ ᠰᠠᠨᠠᠭ᠎ᠠ ᠪᠣᠯ ᠪᠣᠳᠠᠲᠤ ᠪᠠᠶᠢᠳᠠᠯ ᠳᠤ ᠪᠣᠳᠠᠲᠠᠢ ᠵᠠᠳᠠᠯᠤᠯᠲᠠ ᠬᠢᠬᠦ ᠦᠭᠡᠢ᠂ ᠪᠣᠳᠠᠲᠤ ᠨᠥᠬᠦᠴᠡᠯ ᠢ ᠬᠠᠶᠢᠬᠤᠷᠬᠤ ᠦᠭᠡᠢ ᠪᠠᠷ ᠦᠬᠦᠮᠡᠯ ᠲᠣᠮᠢᠶ᠎ᠠ ᠪᠠᠨ ᠭᠠᠵᠠᠷ ᠪᠣᠯᠭᠠᠨ ᠳᠤ ᠬᠡᠷᠡᠭᠯᠡᠨ ᠨᠡᠶᠢᠭᠡᠮ ᠤᠨ ᠠᠮᠢᠳᠤᠷᠠᠯ ᠳᠤᠮᠳᠠ ᠬᠡᠪᠰᠢᠮᠡᠯ ᠦᠵᠡᠯ ᠪᠣᠯᠵᠤ ᠢᠯᠡᠷᠡᠳᠡᠭ᠃ ᠡᠨᠡ ᠬᠦ ᠢᠪᠴᠤᠤ ᠲᠤᠷᠰᠢᠯᠭ᠎ᠠ ᠶᠢ ᠲᠤᠰᠬᠠᠭᠰᠠᠨ ᠵᠣᠬᠢᠰ ᠦᠭᠡᠢ ᠦᠭᠡ ᠠᠴᠠ ᠡᠰᠢ ᠲᠠᠲᠠᠪᠠᠯ ︽ᠬᠤᠶᠢᠲᠤ ᠡᠬᠡ ᠶᠢ ᠡᠬᠡ ᠳᠤ ᠪᠣᠳᠤᠬᠤ ᠦᠭᠡᠢ᠂ ᠬᠤᠳᠤᠭᠠᠳᠤ ᠲᠠᠢ ᠴᠢᠰᠦ ᠶᠢ ᠬᠤᠭᠤᠯᠠᠨ ᠳᠤ ᠪᠣᠳᠤᠬᠤ ᠦᠭᠡᠢ︾᠂ ︽ᠮᠠᠭᠤ ᠨᠡᠷ᠎ᠡ ᠶᠢ ᠬᠤᠰᠤᠭᠠᠳ ᠭᠠᠷᠬᠤ ᠦᠭᠡᠢ᠂ ᠰᠠᠶᠢᠨ ᠨᠡᠷ᠎ᠡ ᠶᠢ ᠬᠦᠰᠡᠭᠡᠳ ᠣᠯᠬᠤ ᠦᠭᠡᠢ︾ ᠭᠡᠬᠦ ᠮᠡᠲᠦ ᠪᠠᠷ ᠵᠣᠭᠰᠤᠩᠭᠤᠢ ᠠᠷᠭ᠎ᠠ ᠶᠢᠨ ᠬᠡᠪᠰᠢᠮᠡᠯ ᠪᠠᠶᠢᠳᠠᠯ ᠢ ᠢᠯᠡᠳᠬᠡᠭᠰᠡᠨ ᠪᠠᠶᠢᠳᠠᠭ᠃ ᠠᠩᠬᠠᠷᠤᠭᠤᠰᠢᠲᠠᠢ ᠨᠢ ᠡᠳᠡᠭᠡᠷ ᠬᠡᠯᠡᠯᠭᠡ ᠨᠢ ᠬᠡᠳᠦᠶᠢᠪᠡᠷ ᠬᠡᠯᠪᠡᠶᠢᠭᠦᠦ᠂ ᠬᠡᠲᠦ ᠲᠣᠶᠢᠯᠰᠢᠷᠠᠭᠰᠠᠨ ᠤᠳᠬ᠎ᠠ ᠲᠠᠢ ᠪᠣᠯᠪᠠᠴᠤ ᠲᠡᠷᠡ ᠬᠦ ᠴᠠᠭ ᠦᠶ᠎ᠡ ᠶᠢᠨ ᠲᠦᠭᠡᠮᠡᠯ ᠦᠵᠡᠭᠳᠡᠯ ᠢ ᠦᠨᠡᠨ ᠮᠥᠨ ᠢᠶᠠᠷ᠂ ᠣᠨᠣᠪᠴᠢᠲᠠᠢ ᠲᠤᠰᠬᠠᠵᠤ ᠪᠠᠶᠢᠭ᠎ᠠ ᠲᠤᠯᠠ ᠮᠥᠨ ᠴᠦ ᠨᠢᠭᠡᠨ ᠴᠢᠳᠠᠮᠭᠠᠢ ᠲᠠᠨᠢᠯᠲᠠ ᠪᠣᠯᠬᠤ ᠶᠤᠮ᠃     ︵ᠲᠠᠪᠤ︶ ᠲᠠᠨᠢᠯᠲᠠ ᠶᠢᠨ ᠣᠨᠤᠯ ᠤᠨ ᠡᠭᠦᠳᠡᠨ ᠠᠴᠠ ᠠᠪᠴᠤ ᠬᠡᠯᠡᠪᠡᠯ᠂ ᠦᠨᠡᠨ ᠶᠣᠰᠤ ᠪᠠ ᠭᠠᠵᠢᠭᠤ ᠪᠤᠷᠤᠭᠤ ᠪᠣᠯ ᠠᠳᠠᠯᠢᠳᠬᠠᠯ ᠲᠠᠢ ᠪᠠᠷ ᠣᠷᠤᠰᠢᠵᠤ᠂ ᠠᠮᠢᠳᠤᠷᠠᠯ ᠳᠤᠮᠳᠠ ᠦᠨᠡᠨ ᠪᠠ ᠬᠤᠳᠠᠯ᠂ ᠵᠥᠪ ᠪᠠ ᠪᠤᠷᠤᠭᠤ ᠡᠰᠡᠷᠭᠦ ᠲᠡᠰᠡᠷᠬᠦ ᠪᠠᠶᠢᠳᠠᠭ ᠪᠢᠯᠡ᠃ ᠡᠶᠢᠮᠦ ᠪᠠᠶᠢᠳᠠᠯ ᠢ ︽ᠡᠷᠢᠵᠦ ᠢᠳᠡᠪᠡᠯ ᠡᠮ ᠪᠣᠯᠵᠤ᠂ ᠬᠤᠯᠠᠭᠠᠶᠢᠯᠠᠵᠤ ᠢᠳᠡᠪᠡᠯ ᠬᠤᠣᠷ ᠪᠣᠯᠬᠤ︾᠂ ︽ᠠᠳᠤᠭᠤᠨ ᠤ ᠠᠯᠠᠭ ᠰᠠᠶᠢᠬᠠᠨ᠂ ᠠᠶᠠᠭᠠᠨ ᠤ ᠠᠯᠠᠭ ᠮᠠᠭᠤᠬᠠᠢ︾ ᠭᠡᠬᠦ ᠮᠡᠲᠦ ᠪᠠᠷ ᠵᠦᠢ ᠶᠣᠰᠤᠨ ᠳᠤ ᠨᠡᠶᠢᠴᠡᠭᠰᠡᠨ ᠠᠵᠢᠯᠯᠠᠭ᠎ᠠ ᠬᠢᠭᠡᠳ ᠵᠦᠢ ᠪᠤᠰᠤ ᠶᠢᠨ ᠠᠵᠢᠯᠯᠠᠭ᠎ᠠ ᠶᠢ ᠬᠠᠷᠢᠴᠠᠭᠤᠯᠤᠨ ᠢᠯᠡᠳᠬᠡᠳᠡᠭ᠃ ᠢᠯᠠᠩᠭᠤᠶ᠎ᠠ ᠦᠢᠯᠡᠳᠦᠯᠭᠡ ᠪᠣᠯ ᠲᠠᠨᠢᠯᠲᠠ ᠶᠢᠨ ᠰᠠᠭᠤᠷᠢ ᠪᠣᠯᠬᠤ ᠤᠳᠬ᠎ᠠ ᠰᠠᠨᠠᠭ᠎ᠠ ᠶᠢ ︽ᠬᠢᠭᠰᠡᠭᠡᠷ ᠭᠢᠭᠰᠡᠭᠡᠷ ᠬᠠᠰᠢᠷᠵᠢᠵᠤ᠂ ᠬᠡᠯᠡᠭᠰᠡᠭᠡᠷ ᠬᠡᠯᠡᠭᠰᠡᠭᠡᠷ ᠴᠠᠭᠠᠷᠠᠬᠤ︾᠂ ︽ᠵᠤᠷ ᠮᠡᠳᠡᠬᠦ ᠦᠭᠡᠢ ᠯᠠᠮᠠ ᠠᠴᠠ᠂ ᠵᠣᠪᠠᠯᠠᠩ ᠦᠵᠡᠭᠰᠡᠨ ᠴᠢᠪᠠᠭᠠᠨᠴᠠ ᠳᠡᠭᠡᠷ᠎ᠡ︾ ᠭᠡᠵᠤ ᠬᠥᠮᠥᠰ ᠤᠨ ᠲᠠᠨᠢᠯᠲᠠ᠂ ᠮᠡᠳᠡᠯᠭᠡ᠂ ᠴᠢᠳᠠᠪᠤᠷᠢ ᠪᠣᠯ ᠰᠢᠭᠤᠳ ᠲᠤᠷᠰᠢᠯᠭ᠎ᠠ ᠠᠴᠠ ᠢᠷᠡᠳᠡᠭ ᠭᠡᠬᠦ ᠪᠣᠳᠠᠰᠴᠢ ᠦᠵᠡᠯ ᠎ ᠤᠨ ᠦᠢᠯᠡᠳᠦᠯᠭᠡ ᠶᠢᠨ ᠦᠵᠡᠯᠲᠡ ᠶᠢ ᠪᠠᠷᠢᠮᠲᠠᠯᠠᠳᠠᠭ ᠪᠠᠶᠢᠨ᠎ᠠ᠃ ︵ᠵᠢᠷᠭᠤᠭ᠎ᠠ︶ ᠬᠥᠮᠥᠰ ᠤᠨ ᠬᠥᠳᠡᠯᠮᠦᠷᠢ ᠦᠢᠯᠡᠳᠪᠦᠷᠢᠯᠡᠯ ᠤᠨ ᠶᠠᠪᠤᠴᠠ ᠵᠢᠴᠢ ᠨᠡᠶᠢᠭᠡᠮ ᠤᠨ ᠬᠠᠷᠢᠴᠠᠭᠠᠨ ᠤ ᠳᠤᠮᠳᠠ ᠨᠡᠶᠢᠭᠡᠮ ᠲᠡᠦᠬᠡ ᠶᠢᠨ ᠦᠵᠡᠯᠲᠡ ᠪᠦᠷᠢᠯᠳᠦᠳᠡᠭ ᠶᠤᠮ᠃ ᠮᠣᠩᠭᠤᠯᠴᠤᠳ ᠨᠡᠶᠢᠭᠡᠮ ᠲᠡᠦᠬᠡ ᠶᠢᠨ ᠠᠰᠠᠭᠤᠳᠠᠯ ᠳᠡᠭᠡᠷ᠎ᠡ ᠶᠡᠷᠦᠩᠬᠡᠢ ᠳᠡᠭᠡᠨ ᠪᠣᠳᠠᠰᠴᠢ ᠲᠡᠦᠬᠡ ᠶᠢᠨ ᠦᠵᠡᠯᠲᠡ ᠶᠢ ᠪᠠᠷᠢᠮᠲᠠᠯᠠᠵᠤ᠂ ᠬᠥᠳᠡᠯᠮᠦᠷᠢᠴᠢᠨ ᠠᠷᠠᠳ ᠲᠦᠮᠡᠨ ᠤ ᠲᠡᠦᠬᠡ ᠶᠢ ᠡᠭᠦᠳᠦᠨ ᠪᠦᠲᠦᠭᠡᠭᠴᠢ ᠦᠢᠯᠡᠳᠦᠯ ᠢ ᠵᠥᠪᠰᠢᠶᠡᠷᠡᠳᠡᠭ᠃ ᠡᠨᠡ ᠬᠦ ᠣᠶᠢᠯᠠᠭᠠᠯᠲᠠ ᠠᠴᠠ ᠡᠭᠦᠰᠴᠦ ︽ᠦᠨᠡᠨ ᠬᠦᠴᠦ ᠲᠠᠢ᠂ ᠣᠯᠠᠨ ᠠᠴᠢᠲᠠᠢ︾᠂ ︽ᠤᠰᠤᠨ ᠤ ᠡᠬᠢ ᠨᠢ ᠪᠤᠯᠠᠭ᠂ ᠤᠯᠤᠰ ᠤᠨ ᠡᠬᠢ ᠨᠢ ᠠᠷᠠᠳ︾ ᠭᠡᠳᠡᠭ ᠪᠥᠭᠡᠳ ᠮᠥᠯᠵᠢᠭᠴᠢ ᠠᠩᠭᠢ ᠨᠣᠶᠠᠷᠬᠠᠵᠤ ᠪᠠᠶᠢᠭᠰᠠᠨ ᠲᠥᠷᠥ ᠶᠢᠨ ᠬᠤᠳᠠᠯ ᠬᠠᠭᠤᠷᠮᠠᠭ ᠴᠢᠨᠠᠷ᠂ ᠪᠢᠯᠳᠠᠤᠴᠢ ᠠᠵᠢᠯᠯᠠᠭ᠎ᠠ ᠶᠢ ︽ᠨᠣᠶᠠᠨ ᠤᠷᠪᠠᠭᠠᠴᠢ᠂ ᠨᠣᠬᠠᠢ ᠰᠢᠷᠪᠠᠭᠠᠴᠢ︾᠂ ︽ᠣᠷᠳᠤᠨ ᠳᠤ ᠲᠠᠨᠢᠯ ᠲᠠᠢ ᠪᠣᠯ᠂ ᠣᠳᠤᠭ᠎ᠠ ᠵᠢᠩᠰᠡ ᠵᠡᠭᠦᠨ᠎ᠡ︾ ᠬᠡᠮᠡᠨ ᠵᠦᠢᠷᠯᠡᠨ ᠬᠥᠮᠥᠰ ᠲᠤ ᠨᠡᠶᠢᠭᠡᠮ ᠢ ᠲᠠᠨᠢᠭᠤᠯᠵᠤ᠂ ᠲᠠᠦᠬᠡ ᠶᠢ ᠣᠶᠢᠯᠠᠭᠠᠭᠤᠯᠳᠠᠭ ᠪᠠᠶᠢᠨ᠎ᠠ᠃ ᠨᠡᠩ ᠴᠦ ᠹᠸᠦᠳᠠᠯ ᠨᠣᠶᠠᠷᠬᠠᠭᠴᠢᠳ ᠤᠨ ᠰᠡᠳᠬᠢᠯᠴᠢ ᠦᠵᠡᠯ ᠤᠨ ᠬᠤᠪᠢ ᠵᠠᠶᠠᠭᠠᠨ ᠤ ᠣᠨᠤᠯ ᠢ ᠰᠤᠷᠲᠠᠯᠴᠢᠯᠠᠵᠤ ᠬᠥᠮᠥᠰ ᠤᠨ ᠣᠶᠤᠨ ᠰᠠᠨᠠᠭ᠎ᠠ ᠶᠢ ᠮᠤᠩᠬᠠᠷᠠᠭᠤᠯᠤᠨ ᠠᠷᠠᠳ ᠲᠦᠮᠡᠨ ᠢ ᠮᠡᠬᠡᠯᠡᠨ ᠳᠠᠷᠤᠯᠠᠵᠤ ᠪᠠᠶᠢᠭᠰᠠᠨ ᠦᠨᠡᠨ ᠳᠦᠷᠢ ᠶᠢ ᠢᠯᠡᠴᠢᠯᠡᠨ ︽ᠵᠠᠶᠠᠭ᠎ᠠ ᠪᠣᠳᠤᠭᠴᠢ ᠵᠢᠷᠠᠨ ᠬᠤᠳᠠᠯᠴᠢ᠂ ᠲᠦᠯᠭᠡ ᠦᠵᠡᠭᠴᠢ ᠲᠦᠮᠡᠨ ᠬᠤᠳᠠᠯᠴᠢ︾᠂ ︽ᠪᠤᠶᠠᠨ ᠢᠶᠠᠨ ᠬᠦᠯᠢᠶᠡᠪᠡᠯ ᠦᠭᠡᠶᠢᠷᠡᠬᠦ ᠶᠢᠨ ᠲᠡᠮᠳᠡᠭ᠂ ᠪᠤᠷᠬᠠᠨ ᠢᠶᠠᠨ ᠢᠲᠡᠭᠡᠪᠡᠯ ᠦᠬᠦᠬᠦ ᠶᠢᠨ ᠲᠡᠮᠳᠡᠭ︾ ᠭᠡᠵᠤ ᠵᠦᠢᠷᠯᠡᠭᠰᠡᠨ ᠪᠠᠶᠢᠳᠠᠭ᠃      ᠬᠤᠶᠠᠷ᠂ ᠮᠣᠩᠭᠤᠯᠴᠤᠳ ᠤᠨ ᠪᠠᠶᠢᠩᠭᠤ ᠬᠡᠷᠡᠭᠯᠡᠳᠡᠭ ᠵᠦᠢᠷ ᠰᠡᠴᠡᠨ ᠦᠭᠡ ᠶᠢᠨ ᠣᠨᠴᠠᠯᠢᠭ      ᠮᠣᠩᠭᠤᠯᠴᠤᠳ ᠤᠰᠤᠨ ᠤ ᠲᠤᠩᠭᠠᠯᠠᠭ᠂ ᠡᠪᠡᠰᠦᠨ ᠤ ᠰᠣᠷᠭᠤᠭ ᠢ ᠰᠣᠩᠭᠤᠵᠤ ᠮᠠᠯᠵᠢᠯ ᠦᠢᠯᠡᠳᠪᠦᠷᠢᠯᠡᠯ ᠡᠷᠬᠢᠯᠡᠬᠦ ᠶᠠᠪᠤᠴᠠ ᠳᠠᠭᠠᠨ ᠪᠠᠶᠢᠭᠠᠯᠢ ᠣᠷᠴᠢᠨ ᠎ ᠲᠠᠢ ᠪᠠᠨ ᠵᠣᠬᠢᠴᠠᠨ ᠣᠷᠤᠰᠢᠬᠤ ᠭᠦᠨ ᠤᠬᠠᠭᠠᠨ ᠰᠢᠩᠭᠡᠭᠰᠡᠨ ᠨᠡᠭᠦᠳᠡᠯ ᠰᠣᠶᠤᠯ ᠢ ᠡᠭᠦᠳᠦᠭᠰᠡᠨ ᠶᠤᠮ᠃ ᠡᠨᠡ ᠬᠦ ᠨᠡᠭᠦᠳᠡᠯ ᠰᠣᠶᠤᠯ ᠨᠢ ᠪᠠᠶᠢᠭᠠᠯᠢ ᠶᠢ ᠠᠵᠢᠭᠯᠠᠵᠤ ᠂ ᠨᠡᠶᠢᠭᠡᠮ ᠢ ᠰᠢᠨᠵᠢᠯᠡᠬᠦ ᠲᠠᠯ᠎ᠠ ᠪᠠᠷ ᠬᠢ ᠴᠢᠯᠦᠭᠡᠲᠦ ᠰᠡᠳᠬᠢᠬᠦᠢ ᠪᠣᠯᠤᠨ ᠠᠭᠤᠵᠢᠮ ᠪᠠᠭᠲᠠᠭᠠᠮᠵᠢᠲᠠᠢ ᠵᠠᠩ ᠴᠢᠨᠠᠷ ᠢ ᠪᠦᠷᠢᠯᠳᠦᠭᠦᠯᠵᠦ᠂ ᠡᠳᠡᠭᠡᠷ ᠣᠨᠴᠠᠯᠢᠭ ᠨᠢ ᠵᠦᠢᠷ ᠰᠡᠴᠡᠨ ᠦᠭᠡᠨ ᠳᠤ ᠲᠣᠳᠤ ᠬᠠᠷᠠᠭᠳᠠᠵᠤ ᠪᠠᠶᠢᠳᠠᠭ ᠪᠢᠯᠡ᠃     ︵ᠨᠢᠭᠡ︶ ᠪᠤᠰᠤᠳᠴᠢ ᠴᠢᠨᠠᠷ᠂ ᠲᠦᠭᠡᠮᠡᠯ ᠵᠢᠮ᠎ᠡ ᠶᠣᠰᠤ ᠶᠢ ᠲᠣᠪᠴᠢ ᠠᠪᠰᠠᠷᠬᠠᠨ ᠢᠯᠡᠳᠬᠡᠵᠦ᠂ ᠭᠦᠨ ᠤᠬᠠᠭᠠᠯᠢᠭ ᠰᠢᠨᠵᠢᠲᠡᠢ ᠪᠠᠶᠢᠳᠠᠭ᠃ ᠮᠣᠩᠭᠤᠯᠴᠤᠳ ᠶᠡᠷᠦ ᠨᠢ ᠤᠴᠢᠷ ᠶᠠᠪᠤᠳᠠᠯ ᠢ ᠠᠵᠢᠭᠯᠠᠬᠤ ᠳᠠᠭᠠᠨ ᠬᠥᠳᠡᠯᠭᠡᠭᠡᠨᠲᠦ ᠪᠠᠶᠢᠳᠠᠯ᠂ ᠬᠤᠪᠢᠷᠠᠯᠲᠠᠲᠤ ᠴᠢᠨᠠᠷ ᠠᠴᠠ ᠡᠭᠦᠰᠴᠦ᠂ ᠪᠠᠶᠢᠭᠠᠯᠢ ᠶᠢᠨ ᠵᠢᠮ᠎ᠡ᠂ ᠨᠡᠶᠢᠭᠡᠮ ᠤᠨ ᠦᠵᠡᠭᠳᠡᠯ ᠢ ᠬᠤᠷᠢᠶᠠᠩᠭᠤᠶᠢᠯᠠᠨ ᠳ᠋ᠦᠩᠨᠡᠵᠦ ︽ᠣᠬᠤᠷ ᠠᠪᠰᠠᠷᠬᠠᠨ ᠭᠦᠨ ᠤᠳᠬ᠎ᠠ ᠲᠠᠢ︾ ᠳᠥᠭᠦᠮ ᠣᠶᠢᠯᠠᠭᠠᠮᠵᠢᠲᠠᠢ ᠵᠦᠢᠷ ᠰᠡᠴᠡᠨ ᠦᠭᠡ ᠶᠢ ᠬᠡᠷᠡᠭᠯᠡᠵᠦ᠂ ᠬᠥᠮᠥᠰ ᠲᠤ ᠤᠴᠢᠷ ᠶᠣᠰᠤ ᠶᠢ ᠠᠮᠢᠳᠤᠯᠢᠭ ᠢᠶᠠᠷ ᠲᠠᠨᠢᠭᠤᠯᠳᠠᠭ ᠪᠣᠯᠬᠤᠷ ᠬᠠᠭᠤᠴᠢᠷᠠᠵᠤ ᠴᠠᠭ ᠠᠴᠠ ᠥᠩᠭᠡᠷᠡᠬᠦ ᠤᠴᠢᠷ ᠦᠭᠡᠢ᠂ ᠲᠦᠭᠡᠮᠡᠯ ᠬᠡᠷᠡᠭᠯᠡᠭᠡᠨ ᠤ ᠠᠴᠢ ᠬᠤᠯᠪᠤᠭᠳᠠᠯ ᠲᠠᠢ ᠪᠠᠶᠢᠳᠠᠭ᠃ ᠡᠶᠢᠮᠦ ᠦᠭᠡᠨ ᠠᠴᠠ ᠡᠰᠢ ᠲᠠᠲᠠᠪᠠᠯ ︽ᠴᠠᠭ ᠴᠠᠭ ᠢᠶᠠᠷ ᠢᠶᠠᠨ ᠪᠠᠶᠢᠳᠠᠭ ᠦᠭᠡᠢ᠂ ᠴᠠᠬᠢᠯᠳᠠᠭ ᠬᠥᠬᠡ ᠪᠠᠷ ᠎ ᠢᠶᠠᠨ ᠪᠠᠶᠢᠳᠠᠭ ᠦᠭᠡᠢ︾᠂ ︽ᠥᠭᠡᠳᠡᠯᠡᠬᠦ ᠠᠶᠢᠯ ᠤᠨ ᠦᠭᠡ ᠨᠢᠭᠡ᠂ ᠥᠰᠬᠦ ᠮᠠᠯ ᠤᠨ ᠵᠢᠰᠦ ᠨᠢᠭᠡ︾᠂ ︽ᠳᠤᠤᠭᠠᠷᠪᠠᠯ ᠳᠠᠭᠤ ᠨᠢᠭᠡᠲᠡᠢ᠂ ᠲᠤᠭᠲᠤᠷᠠᠪᠠᠯ ᠬᠦᠴᠦ ᠨᠢᠭᠡᠲᠡᠢ︾ ᠭᠡᠬᠦᠴᠢᠯᠡᠨ ᠨᠡᠶᠢᠭᠡᠮ ᠤᠨ ᠬᠠᠷᠢᠴᠠᠭ᠎ᠠ᠂ ᠡᠳᠦᠷ ᠲᠤᠲᠤᠮ ᠤᠨ ᠠᠮᠢᠳᠤᠷᠠᠯ ᠪᠣᠯᠤᠨ ᠡᠯ᠎ᠡ ᠵᠦᠢᠯ ᠤᠨ ᠦᠢᠯᠡ ᠬᠡᠷᠡᠭ ᠢ ᠪᠠᠭᠲᠠᠭᠠᠭᠰᠠᠨ ᠲᠦᠭᠡᠮᠡᠯ ᠤᠳᠬ᠎ᠠ ᠰᠠᠨᠠᠭ᠎ᠠ ᠶᠢ ᠴᠥᠭᠡᠨ ᠦᠭᠡ ᠪᠠᠷ ᠲᠣᠪᠴᠢᠯᠠᠨ ᠢᠯᠡᠳᠬᠡᠵᠦ᠂ ᠣᠶᠢᠯᠠᠭᠠᠬᠤ ᠳᠤ ᠠᠮᠠᠷᠬᠠᠨ᠂ ᠠᠰᠢᠭᠯᠠᠵᠤ ᠬᠡᠷᠡᠭᠯᠡᠬᠦ ᠳᠤ ᠳᠥᠭᠦᠮ ᠪᠠᠶᠢᠳᠠᠭ ᠪᠥᠭᠡᠳ ᠢᠯᠠᠩᠭᠤᠶ᠎ᠠ ᠣᠳᠤᠬᠠᠨ ᠤ ᠴᠠᠭ ᠦᠶ᠎ᠡ ᠲᠠᠢ ᠵᠡᠷᠭᠡ ᠪᠠᠷ ᠤᠷᠤᠭᠰᠢᠯᠠᠬᠤ᠂ ᠬᠥᠮᠥᠨ ᠪᠠᠶᠢᠭᠠᠯᠢ ᠶᠢᠨ ᠡᠶ᠎ᠡ ᠵᠣᠬᠢᠴᠠᠯ᠂ ᠬᠥᠮᠥᠨ ᠨᠡᠶᠢᠭᠡᠮ ᠤᠨ ᠡᠶ᠎ᠡ ᠵᠣᠬᠢᠴᠠᠯ᠂ ᠡᠶ᠎ᠡ ᠨᠠᠶᠢᠷᠠᠮᠳᠠᠭᠤ ᠨᠡᠶᠢᠭᠡᠮ ᠢ ᠪᠠᠶᠢᠭᠤᠯᠬᠤ ᠤᠬᠠᠮᠰᠠᠷ ᠮᠣᠩᠭᠤᠯᠴᠤᠳ ᠤᠨ ᠳᠤᠮᠳᠠ ᠠᠯᠢ ᠡᠷᠲᠡ ᠠᠴᠠ ᠪᠦᠷᠢᠯᠳᠦᠭᠰᠡᠨ ᠢ ᠬᠠᠷᠠᠭᠤᠯᠵᠤ ᠪᠠᠶᠢᠨ᠎ᠠ᠃     ︵ᠬᠤᠶᠠᠷ︶ ᠨᠡᠭᠦᠳᠡᠯ ᠰᠣᠶᠤᠯ ᠤᠨ ᠥᠪ ᠠᠭᠤᠰᠴᠤ᠂ ᠢᠯᠡ ᠲᠣᠳᠤ ᠣᠷᠤᠨ ᠨᠤᠲᠤᠭ ᠤᠨ ᠰᠢᠨᠵᠢᠲᠡᠢ ᠪᠠᠶᠢᠳᠠᠭ᠃ ᠶᠡᠷᠦ ᠨᠢ ᠵᠦᠢᠷ ᠰᠡᠴᠡᠨ ᠦᠭᠡ ᠪᠣᠯ ︽ᠪᠠᠶᠢᠭᠠᠯᠢ ᠣᠷᠴᠢᠨ ᠳᠤ ᠡᠭᠦᠰᠴᠦ ᠪᠦᠷᠢᠯᠳᠦᠵᠦ᠂ ᠬᠥᠭᠵᠢᠭᠰᠡᠨ ᠠᠮᠢᠳᠤᠷᠠᠬᠤᠢ ᠶᠢᠨ ᠤᠬᠠᠭᠠᠨ᠂ ᠣᠷᠤᠨ ᠨᠤᠲᠤᠭ ᠤᠨ ᠴᠢᠨᠠᠷ ᠪᠦᠬᠦᠢ ᠮᠡᠳᠡᠯᠭᠡ ᠶᠢᠨ ᠰᠢᠰᠲ᠋ᠧᠮ ︾③ ᠮᠥᠨ᠃ ᠡᠶᠢᠮᠦ ᠠᠴᠠ ᠣᠷᠤᠨ ᠪᠠᠶᠢᠭᠠᠯᠢ ᠶᠢᠨ ᠣᠨᠴᠠᠯᠢᠭ᠂ ᠠᠮᠢᠳᠤᠷᠠᠯ ᠠᠬᠤᠢ ᠶᠢᠨ ᠬᠡᠷᠡᠭᠴᠡᠭᠡ ᠳᠤ ᠨᠡᠶᠢᠴᠡᠭᠰᠡᠨ ︽ᠦᠨᠡᠰᠦ ᠪᠠᠨ ᠪᠢᠲᠡᠭᠡᠢ ᠭᠠᠯ ᠲᠠᠢ ᠬᠠᠶᠠ᠂ ᠦᠬᠡᠷ ᠢᠶᠠᠨ ᠪᠢᠲᠡᠭᠡᠢ ᠡᠵᠡᠨ ᠦᠭᠡᠢ ᠵᠠᠯᠠ︾᠂ ︽ᠬᠤᠵᠢᠷ ᠲᠠᠢ ᠤᠰᠤ ᠪᠠᠷ ᠴᠠᠢ ᠪᠣᠣ ᠴᠢᠨᠠ᠂ ᠬᠤᠳᠠᠯᠴᠢ ᠬᠥᠮᠥᠨ ᠢᠶᠠᠷ ᠭᠡᠷᠡᠴᠢ ᠪᠣᠣ ᠬᠢ︾ ᠬᠡᠮᠡᠨ ᠰᠠᠨᠠᠭᠤᠯᠤᠮᠵᠢ ᠥᠭᠳᠡᠭ ᠪᠥᠭᠡᠳ ᠥᠪᠡᠷᠰᠡᠳ ᠤᠨ ᠠᠵᠤ ᠠᠮᠢᠳᠤᠷᠠᠯ ᠳᠤ ᠬᠤᠯᠪᠤᠭᠳᠠᠬᠤ ᠵᠦᠢᠯᠡᠰ ᠢᠶᠠᠷ ᠳᠦᠷᠰᠦᠯᠡᠨ ︽ᠶᠡᠭᠡ ᠰᠠᠨᠠᠭ᠎ᠠ ᠪᠡᠶ᠎ᠡ ᠳᠤ ᠵᠣᠬᠢᠬᠤ ᠦᠭᠡᠢ ᠂ ᠢᠰᠡᠭᠡᠢ ᠬᠠᠪᠲᠠᠭ᠎ᠠ ᠲᠠᠰᠢᠶᠠᠨ ᠳᠤ ᠵᠣᠬᠢᠬᠤ ᠦᠭᠡᠢ︾᠂ ︽ᠡᠮᠡᠭᠡᠯ ᠲᠠᠢ ᠮᠣᠷᠢ ᠬᠠᠵᠠᠭᠠᠷ ᠲᠠᠢ ᠨᠢ ᠳᠡᠭᠡᠷ᠎ᠡ᠂ ᠡᠷᠬᠡ ᠲᠠᠢ ᠬᠥᠮᠥᠨ ᠬᠢᠵᠠᠭᠠᠷ ᠲᠠᠢ ᠨᠢ ᠳᠡᠭᠡᠷ᠎ᠡ︾ ᠂ ︽ᠦᠷ᠎ᠡ ᠦᠭᠡᠢ ᠬᠥᠮᠥᠨ ᠦᠬᠦᠬᠦ ᠳᠡᠭᠡᠨ᠂ ᠦᠬᠡᠷ ᠦᠭᠡᠢ ᠠᠶᠢᠯ ᠨᠡᠭᠦᠬᠦ ᠳᠡᠭᠡᠨ︾ ᠭᠡᠬᠦᠴᠢᠯᠡᠨ ᠭᠠᠵᠠᠷ ᠣᠷᠤᠨ ᠤ ᠦᠢᠯᠡᠳᠪᠦᠷᠢᠯᠡᠯ ᠤᠨ ᠪᠠᠶᠢᠳᠠᠯ᠂ ᠠᠮᠢᠳᠤᠷᠠᠯ ᠎ ᠤᠨ ᠵᠠᠩ ᠳᠠᠳᠬᠠᠯ᠂ ᠬᠡᠷᠡᠭᠴᠡᠭᠡᠲᠦ ᠮᠡᠳᠡᠯᠭᠡ᠂ ᠶᠣᠰᠤ ᠰᠤᠷᠲᠠᠬᠤᠨ ᠤ ᠪᠠᠷᠢᠮᠵᠢᠶ᠎ᠠ ᠶᠢ ᠠᠮᠠᠨ ᠶᠠᠷᠢᠶᠠᠨ ᠤ ᠬᠡᠯᠡᠯᠭᠡ ᠪᠠᠷ ᠢᠯᠡᠳᠬᠡᠭᠰᠡᠨ ᠪᠣᠯᠬᠤᠷ ᠣᠶᠢᠯᠠᠭᠠᠮᠵᠢᠲᠠᠢ ᠪᠥᠭᠡᠳ ᠠᠮᠢᠳᠤᠯᠢᠭ ᠲᠥᠷᠥᠭᠳᠡᠯ ᠥᠭᠬᠦ ᠶᠢᠨ ᠬᠠᠮᠲᠤᠳᠠ ᠬᠥᠮᠥᠰ ᠤᠨ ᠲᠠᠨᠢᠯᠲᠠ ᠵᠥᠪ᠂ ᠤᠬᠠᠮᠰᠠᠷ ᠥᠨᠳᠦᠷ ᠪᠠᠶᠢᠬᠤ ᠶᠢ ᠴᠢᠬᠤᠯᠠᠴᠢᠯᠠᠵᠠᠢ᠃    ︵ᠭᠤᠷᠪᠠ︶ ᠣᠶᠤᠨᠴᠢ ᠴᠢᠨᠠᠷ ᠢᠶᠠᠷ ᠥᠨᠳᠦᠷ᠂ ᠰᠤᠷᠭᠠᠯ ᠴᠡᠭᠡᠷᠯᠡᠯ ᠤᠨ ᠰᠢᠨᠵᠢᠲᠡᠢ ᠪᠠᠶᠢᠳᠠᠭ᠃ ᠮᠣᠩᠭᠤᠯᠴᠤᠳ ᠤᠨ ᠪᠠᠶᠢᠩᠭᠤ ᠬᠡᠷᠡᠭᠯᠡᠳᠡᠭ ᠵᠦᠢᠷ ᠰᠡᠴᠡᠨ ᠦᠭᠡ ᠨᠢ ᠠᠮᠢᠳᠤᠷᠠᠯ ᠠᠬᠤᠢ ᠶᠢᠨ ᠦᠨᠡᠨ ᠪᠠᠶᠢᠳᠠᠯ᠂ ᠪᠦᠬᠦ ᠲᠠᠯ᠎ᠠ ᠶᠢ ᠲᠤᠰᠬᠠᠵᠤ᠂ ᠬᠥᠮᠥᠰ ᠤᠨ ᠨᠡᠶᠢᠭᠡᠮ ᠤᠨ ᠬᠠᠷᠢᠴᠠᠭ᠎ᠠ᠂ ᠠᠮᠢᠳᠤᠷᠠᠯ ᠳᠤ ᠬᠠᠨᠳᠤᠬᠤ ᠣᠪᠤᠷ ᠪᠣᠯᠤᠨ ᠥᠷᠲᠡᠭ ᠤᠨ ᠦᠵᠡᠯᠲᠡ ᠵᠡᠷᠭᠡ ︽ᠥᠷᠭᠡᠨ ᠠᠭᠤᠯᠭ᠎ᠠ᠂ ᠣᠯᠠᠨ ᠤᠳᠬ᠎ᠠ ᠶᠢ ᠢᠯᠡᠷᠡᠭᠦᠯᠵᠦ︾ ᠬᠡᠷᠡᠭ ᠪᠣᠳᠠᠰ᠂ ᠦᠵᠡᠭᠳᠡᠯ ᠢ ᠨᠣᠲᠠᠯᠠᠬᠤ ᠪᠤᠶᠤ ᠦᠭᠡᠶᠢᠰᠬᠡᠬᠦ᠂ ᠳ᠋ᠦᠩᠨᠡᠵᠦ ᠴᠡᠭᠡᠷᠯᠡᠬᠦ᠂ ᠤᠷᠮᠠᠰᠢᠭᠤᠯᠤᠨ ᠵᠣᠷᠢᠭᠵᠢᠭᠤᠯᠬᠤ᠂ ᠬᠥᠲᠦᠯᠦᠨ ᠵᠢᠯᠣᠭᠤᠳᠬᠤ ᠵᠡᠷᠭᠡ ᠠᠭᠤᠯᠭ᠎ᠠ ᠪᠠᠷ ᠪᠠᠶᠠᠯᠢᠭ᠂ ᠤᠳᠬ᠎ᠠ ᠰᠠᠨᠠᠭ᠎ᠠ ᠭᠦᠨᠵᠡᠭᠡᠢ ᠦᠭᠡ ᠨᠦᠭᠦᠳ ᠪᠡᠯᠡᠨ ᠪᠠᠶᠢᠵᠤ᠂ ᠥᠪᠡᠷᠰᠡᠳ ᠤᠨ ᠣᠷᠴᠢᠨ ᠪᠠᠶᠢᠳᠠᠯ᠂ ᠠᠬᠤᠢ ᠨᠥᠬᠦᠴᠡᠯ ᠳᠡᠭᠡᠨ ᠲᠣᠬᠢᠷᠠᠬᠤ ᠠᠭᠤᠯᠭ᠎ᠠ ᠪᠦᠬᠦᠢ ᠦᠭᠡ ᠶᠢ ᠰᠣᠩᠭᠤᠨ ᠬᠡᠷᠡᠭᠯᠡᠬᠦ ᠳᠤ ᠳᠥᠭᠦᠮ ᠪᠠᠶᠢᠳᠠᠭ᠃ ᠡᠳᠡᠭᠡᠷ ᠵᠦᠢᠷ ᠰᠡᠴᠡᠨ ᠦᠭᠡᠨ ᠠᠴᠠ ᠡᠰᠢ ᠲᠠᠲᠠᠪᠠᠯ᠄ ᠨᠤᠲᠠᠯᠠᠬᠤ ᠦᠭᠡᠶᠢᠰᠬᠡᠬᠦ ᠤᠳᠬ᠎ᠠ ᠲᠠᠢ ︽ᠪᠦᠯᠬᠦᠮᠳᠡᠪᠡᠯ ᠢᠯᠠᠬᠤ ᠶᠢᠨ ᠲᠡᠮᠳᠡᠭ᠂ ᠪᠦᠯᠦᠭᠴᠢᠯᠡᠪᠡᠯ ᠬᠠᠭᠠᠴᠠᠬᠤ ᠶᠢᠨ ᠲᠡᠮᠳᠡᠭ︾᠂ ︽ᠬᠠᠵᠢᠨ ᠬᠥᠮᠥᠨ ᠬᠠᠨᠢ ᠦᠭᠡᠢ᠂ ᠬᠠᠮᠬᠤᠤᠯ ᠡᠪᠡᠰᠦ ᠰᠢᠮ᠎ᠡ ᠦᠭᠡᠢ︾ ᠭᠡᠵᠤ ᠡᠶ᠎ᠡ ᠨᠢᠭᠲᠠᠷᠠᠯ ᠢ ᠡᠷᠬᠢᠮᠯᠡᠨ ᠡᠪᠳᠡᠷᠡᠯ ᠬᠠᠭᠠᠴᠠᠯ ᠢ ᠬᠢᠴᠢᠶᠡᠳᠡᠭ᠂ ᠳ᠋ᠦᠩᠨᠡᠬᠦ ᠪᠤᠶᠤ ᠴᠡᠭᠡᠷᠯᠡᠬᠦ ᠤᠳᠬ᠎ᠠ ᠲᠠᠢ ︽ᠥᠭᠡᠳᠡ ᠦᠭᠡᠢ ᠪᠣᠳᠤᠯ᠂ ᠥᠪᠡᠷ ᠤᠨ ᠪᠡᠶ᠎ᠡ ᠳᠤ ᠬᠤᠣᠷ︾᠂ ︽ᠡᠪᠯᠡᠪᠡᠯ ᠪᠦᠲᠦᠨ᠎ᠡ᠂ ᠬᠤᠪᠯᠠᠪᠠᠯ ᠭᠤᠲᠤᠨ᠎ᠠ︾ ᠭᠡᠵᠤ ᠰᠤᠷᠭᠠᠮᠵᠢᠯᠠᠨ ᠨᠥᠬᠦᠳ ᠵᠠᠭᠤᠷ᠎ᠠ ᠶᠢᠨ ᠬᠠᠷᠢᠴᠠᠭ᠎ᠠ ᠶᠢ ᠵᠣᠬᠢᠴᠠᠭᠤᠯᠤᠨ ᠲᠣᠬᠢᠷᠠᠭᠤᠯᠵᠤ ᠡᠮᠬᠢ ᠳᠢᠭᠯᠢᠮ ᠢ ᠪᠠᠲᠤᠯᠠᠳᠠᠭ᠂ ᠤᠷᠮᠠᠰᠢᠭᠤᠯᠤᠨ ᠵᠣᠷᠢᠭᠵᠢᠭᠤᠯᠬᠤ ᠤᠳᠬ᠎ᠠ ᠲᠠᠢ ︽ᠡᠷ᠎ᠡ ᠥᠰᠴᠦ᠂ ᠢᠰᠡᠭᠡᠢ ᠰᠤᠨᠤᠳᠠᠭ︾᠂ ︽ᠳᠠᠬᠤ ᠶᠢᠨ ᠳᠣᠣᠷ᠎ᠠ ᠡᠷ᠎ᠡ᠂ ᠲᠠᠬᠢ ᠶᠢᠨ ᠳᠣᠣᠷ᠎ᠠ ᠬᠥᠯᠥᠭ︾ ᠬᠡᠮᠡᠨ ᠣᠶᠤᠨ ᠰᠠᠨᠠᠭᠠᠨ ᠤ ᠬᠥᠳᠡᠯᠭᠡᠭᠴᠢ ᠬᠥᠴᠦᠨ ᠢᠶᠠᠷ ᠬᠥᠮᠥᠰ ᠤᠨ ᠨᠤᠭᠤᠷᠠᠯ ᠪᠦᠳᠦᠷᠢᠯ ᠢ ᠢᠯᠠᠭᠤᠯᠬᠤ ᠵᠣᠷᠢᠭ ᠰᠥᠰᠦ ᠶᠢ ᠬᠥᠮᠥᠵᠢᠭᠦᠯᠳᠡᠭ᠂ ᠬᠥᠲᠦᠯᠦᠨ ᠳᠠᠭᠠᠭᠤᠯᠬᠤ ᠤᠳᠬ᠎ᠠ ᠲᠠᠢ ︽ᠠᠵᠢᠯ ᠬᠢᠵᠦ ᠬᠥᠮᠥᠨ ᠪᠣᠯᠳᠠᠭ᠂ ᠠᠷᠤ ᠶᠢ ᠳᠠᠪᠠᠵᠤ ᠬᠥᠯᠥᠭ ᠪᠣᠯᠳᠠᠭ︾᠂ ︽ᠡᠳ᠋ ᠢᠶᠠᠷ ᠪᠡᠶ᠎ᠡ ᠪᠠᠨ ᠴᠢᠮᠡᠬᠦ ᠪᠠᠷ᠂ ᠡᠷᠳᠡᠮ ᠢᠶᠠᠷ ᠪᠡᠶ᠎ᠡ ᠪᠠᠨ ᠴᠢᠮᠡ︾ ᠵᠡᠷᠭᠡ ᠬᠡᠯᠡᠬᠦ ᠳᠤ ᠤᠷᠤᠰᠤᠮ᠎ᠠ᠂ ᠴᠡᠭᠡᠵᠢᠯᠡᠬᠦ ᠳᠤ ᠬᠢᠯᠪᠠᠷ ᠦᠭᠡ ᠪᠠᠷ ᠬᠥᠮᠥᠰ ᠤᠨ ᠦᠢᠯᠡ ᠠᠵᠢᠯᠯᠠᠭ᠎ᠠ ᠳᠤ ᠶᠣᠰᠤ ᠰᠤᠷᠲᠠᠬᠤᠨ ᠤ ᠬᠡᠪ ᠳᠦᠷᠢᠮᠵᠢᠯ ᠪᠣᠯᠤᠨ ᠪᠠᠷᠢᠮᠵᠢᠶ᠎ᠠ ᠶᠢ ᠲᠣᠭᠲᠠᠭᠠᠵᠤ᠂ ᠮᠠᠭᠤ ᠮᠠᠭᠤᠬᠠᠢ ᠶᠢ ᠵᠢᠭᠰᠢᠨ᠂ ᠡᠮᠵᠡᠭ ᠲᠠᠢ ᠵᠦᠢᠯ᠂ ᠵᠣᠬᠢᠰ ᠦᠭᠡᠢ ᠦᠵᠡᠭᠳᠡᠯ ᠢ ᠰᠢᠭᠦᠮᠵᠢᠯᠡᠨ ᠲᠠᠶᠠᠭᠳᠠᠭᠤᠯᠵᠤ᠂ ᠪᠣᠯᠪᠠᠰᠤᠨ ᠵᠠᠩ ᠰᠤᠷᠲᠠᠬᠤᠨ ᠢ ᠡᠷᠬᠢᠮᠯᠡᠨ ᠬᠥᠮᠥᠨ ᠪᠣᠯᠬᠤ ᠶᠢᠨ ᠤᠴᠢᠷ ᠶᠣᠰᠤ ᠶᠢ ᠲᠠᠨᠢᠭᠤᠯᠤᠨ ᠰᠤᠷᠭᠠᠮᠵᠢᠯᠠᠵᠤ᠂ ᠥᠰᠪᠦᠷᠢ ᠪᠠᠭᠠᠴᠤᠳ ᠤᠨ ᠵᠠᠮ ᠠᠴᠠ ᠪᠠᠨ ᠭᠠᠵᠢᠬᠤ ᠶᠢ ᠰᠡᠷᠡᠮᠵᠢᠯᠡᠭᠦᠯᠦᠨ ᠰᠡᠷᠭᠡᠶᠢᠯᠡᠵᠦ᠂ ᠰᠡᠩᠬᠡᠷᠡᠭᠦᠯᠦᠯ ᠤᠨ ᠬᠦᠴᠦᠨ ᠢᠶᠠᠷ ᠴᠢᠩᠭ᠎ᠠ ᠪᠠᠶᠢᠳᠠᠭ᠃     ︵ᠳᠥᠷᠪᠡ︶ ᠨᠡᠶᠢᠭᠡᠮ ᠤᠨ ᠳᠠᠪᠰᠢᠯᠲᠠ᠂ ᠴᠠᠭ ᠡᠷᠡᠨ ᠤ ᠬᠡᠷᠡᠭᠴᠡᠭᠡ ᠲᠠᠢ ᠵᠣᠬᠢᠴᠠᠨ ᠨᠡᠭᠡᠭᠡᠯᠲᠡᠲᠦ ᠰᠢᠨᠵᠢᠲᠡᠢ ᠪᠠᠶᠢᠳᠠᠭ᠃ ︽ᠬᠥᠮᠥᠰ ᠵᠥᠪᠬᠡᠨ ᠪᠠᠶᠢᠭᠠᠯᠢ᠂ ᠣᠷᠴᠢᠨ ᠠᠬᠤᠢ ᠲᠠᠢ ᠵᠣᠬᠢᠴᠠᠬᠤ ᠲᠡᠳᠦᠢ ᠪᠢᠰᠢ᠂ ᠨᠡᠩ ᠴᠢᠬᠤᠯᠠ ᠨᠢ ᠴᠠᠭ ᠦᠶ᠎ᠡ᠂ ᠨᠡᠶᠢᠭᠡᠮ ᠲᠠᠢ ᠵᠣᠬᠢᠴᠠᠬᠤ ᠬᠡᠷᠡᠭᠲᠡᠢ︾④ ᠶᠤᠮ᠃ ᠣᠨᠤᠯ ᠤᠨ ᠡᠭᠦᠳᠡᠨ ᠎ ᠠᠴᠠ ᠥᠪᠡᠷ ᠤᠨ ᠦᠵᠡᠯ ᠤᠬᠠᠮᠰᠠᠷ ᠢᠶᠠᠨ ᠪᠤᠰᠤᠳ ᠤᠨ ᠬᠢ ᠳᠤ ᠬᠢᠯᠪᠠᠷᠬᠠᠨ ᠵᠣᠬᠢᠴᠠᠭᠤᠯᠤᠨ ᠬᠤᠪᠢᠷᠠᠭᠤᠯᠬᠤ ᠶᠢ ᠨᠡᠭᠡᠭᠡᠯᠲᠡᠲᠦ ᠴᠢᠨᠠᠷ ᠲᠠᠢ ᠰᠣᠶᠤᠯ ᠭᠡᠵᠤ᠂ ᠪᠤᠰᠤᠳ ᠤᠨ ᠦᠵᠡᠯ ᠤᠬᠠᠮᠰᠠᠷ ᠢ ᠥᠪᠡᠷ ᠤᠨ ᠬᠢ ᠳᠡᠭᠡᠨ ᠵᠣᠬᠢᠴᠠᠭᠤᠯᠤᠨ ᠬᠤᠪᠢᠷᠠᠭᠤᠯᠬᠤ ᠶᠢ ᠪᠢᠲᠡᠭᠦᠮᠵᠢᠯᠡᠯ ᠤᠨ ᠴᠢᠨᠠᠷᠲᠠᠢ ᠰᠣᠶᠤᠯ ᠭᠡᠳᠡᠭ᠃ ᠬᠠᠷᠢᠴᠠᠩᠭᠤᠢ ᠎ ᠪᠠᠷ ᠬᠡᠯᠡᠪᠡᠯ ︽ᠮᠣᠩᠭᠤᠯ ᠦᠨᠳᠦᠰᠦᠲᠡᠨ ᠤ ᠰᠣᠶᠤᠯ ᠪᠣᠯ ᠨᠡᠭᠡᠭᠡᠯᠲᠡᠲᠦ ᠴᠢᠨᠠᠷᠲᠠᠢ ᠰᠣᠶᠤᠯ ᠮᠥᠨ᠃ ᠁ ᠲᠡᠦᠬᠡᠨ ᠳᠡᠭᠡᠷ᠎ᠡ ᠮᠣᠩᠭᠤᠯ ᠰᠣᠶᠤᠯ ᠨᠢ ᠣᠨᠳᠤᠤ ᠰᠣᠶᠤᠯ ᠳᠤ ᠶᠡᠬᠡᠬᠡᠨ ᠬᠡᠮᠵᠢᠶᠡᠨ ᠳᠡᠭᠡᠷ᠎ᠡ ᠪᠠᠭᠲᠠᠭᠠᠬᠤ ᠣᠪᠤᠷ ᠢ ᠠᠪᠳᠠᠭ︾⑤ ᠪᠠᠶᠢᠭᠰᠠᠨ ᠪᠥᠭᠡᠳ ᠦᠢᠯᠡᠳᠦᠯᠭᠡ ᠶᠢᠨ ᠥᠷᠭᠡᠵᠢᠯ᠂ ᠲᠠᠨᠢᠯᠲᠠ ᠶᠢᠨ ᠭᠦᠨᠵᠡᠭᠡᠶᠢᠷᠡᠯ ᠎ ᠢ ᠳᠠᠭᠠᠯᠳᠤᠨ ᠮᠣᠩᠭᠤᠯᠴᠤᠳ ᠴᠠᠭ ᠡᠷᠡᠨ ᠤ ᠱᠠᠭᠠᠷᠳᠠᠯᠭ᠎ᠠ ᠶᠢ ᠲᠤᠰᠬᠠᠭᠰᠠᠨ ᠰᠢᠨ᠎ᠡ ᠰᠣᠷᠭᠤᠭ ᠠᠭᠤᠯᠭ᠎ᠠ ᠲᠠᠢ ᠵᠦᠢᠷ ᠰᠡᠴᠡᠨ ᠦᠭᠡ ᠵᠣᠬᠢᠶᠠᠬᠤ ᠪᠤᠶᠤ ᠬᠦᠯᠢᠶᠡᠨ ᠠᠪᠴᠤ᠂ ᠠᠭᠤᠯᠭ᠎ᠠ ᠨᠢ ᠤᠯᠠᠮ ᠢᠶᠠᠷ ᠪᠠᠶᠠᠯᠢᠭᠵᠢᠵᠤ ᠪᠠᠶᠢᠳᠠᠭ᠃ ᠵᠢᠱᠢᠶᠡᠯᠡᠪᠡᠯ᠄       ︽ᠡᠷᠳᠡᠮ ᠢ ᠬᠦᠰᠡᠪᠡᠯ ᠪᠢᠴᠢᠭ ᠰᠤᠷ᠂ ᠡᠷᠡᠭᠦᠯ ᠢ ᠬᠦᠰᠡᠪᠡᠯ ᠴᠡᠪᠡᠷ ᠶᠠᠪᠤ︾᠂ ︽ᠨᠠᠮ ᠤᠨ ᠪᠣᠳᠤᠯᠭ᠎ᠠ ᠨᠡᠶᠢᠲᠡ ᠳᠤ᠂ ᠲᠥᠷᠥ ᠶᠢᠨ ᠪᠣᠳᠤᠯᠭ᠎ᠠ ᠲᠦᠮᠡᠨ ᠳᠤ︾ ᠭᠡᠬᠦ ᠵᠡᠷᠭᠡ ᠪᠠᠷ ᠨᠡᠶᠢᠭᠡᠮ ᠤᠨ ᠬᠥᠭᠵᠢᠯᠲᠡ ᠶᠢ ᠳᠠᠭᠠᠯᠳᠤᠨ᠂ ᠴᠠᠭ ᠦᠶ᠎ᠡ ᠲᠠᠢ ᠵᠡᠷᠭᠡ ᠪᠠᠷ ᠤᠷᠤᠭᠰᠢᠯᠠᠳᠠᠭ ᠨᠡᠭᠡᠭᠡᠯᠲᠡᠲᠦ ᠰᠣᠶᠤᠯ ᠤᠨ ᠬᠦᠴᠦᠷᠬᠡᠭ ᠶᠡᠭᠡ ᠠᠮᠢᠯᠠᠯ ᠤᠨ ᠬᠦᠴᠦᠨ ᠢ ᠬᠠᠷᠠᠭᠤᠯᠤᠭᠰᠠᠨ ᠪᠠᠶᠢᠨ᠎ᠠ᠃      ᠭᠤᠷᠪᠠ᠂ ᠮᠣᠩᠭᠤᠯᠴᠤᠳ ᠤᠨ ᠪᠠᠶᠢᠩᠭᠤ ᠬᠡᠷᠡᠭᠯᠡᠳᠡᠭ ᠵᠦᠢᠷ ᠰᠡᠴᠡᠨ ᠦᠭᠡ ᠶᠢᠨ ᠠᠬᠤᠶᠢᠴᠢ ᠠᠴᠢ ᠬᠤᠯᠪᠤᠭᠳᠠᠯ      ᠮᠣᠩᠭᠤᠯᠴᠤᠳ ᠤᠨ ᠪᠠᠶᠢᠩᠭᠤ ᠬᠡᠷᠡᠭᠯᠡᠳᠡᠭ ᠵᠦᠢᠷ ᠰᠡᠴᠡᠨ ᠦᠭᠡ ᠨᠢ ᠪᠣᠳᠠᠲᠠᠢ ᠳᠤ ᠰᠠᠭᠤᠷᠢᠯᠠᠭᠰᠠᠨ ︽ᠠᠵᠤ ᠲᠥᠷᠥᠬᠦ ᠶᠣᠰᠤᠨ ᠤ ᠨᠡᠶᠢᠲᠡᠯᠢᠭ ᠰᠢᠨᠵᠢ︾ ᠪᠣᠯᠤᠨ ᠢᠷᠡᠭᠡᠳᠦᠢ ᠳᠤ ᠬᠠᠨᠳᠤᠬᠤ ᠢᠳᠡᠪᠬᠢᠲᠦ ᠣᠪᠤᠷ ᠢ ᠢᠯᠡᠳᠬᠡᠵᠦ᠂ ︽ᠦᠶ᠎ᠡ ᠶᠢᠨ ᠦᠶ᠎ᠡ ᠳᠡᠭᠡᠨ ᠤᠯᠠᠮᠵᠢᠯᠠᠵᠤ᠂ ᠶᠠᠪᠤᠬᠤ ᠲᠤᠲᠤᠮ ᠪᠠᠶᠠᠯᠢᠭᠵᠢᠨ ᠬᠥᠭᠵᠢᠭᠰᠡᠨ ᠵᠦᠢᠷ ᠰᠡᠴᠡᠨ ᠦᠭᠡ ᠪᠣᠯ ᠮᠣᠩᠭᠤᠯᠴᠤᠳ ᠤᠨ ᠠᠮᠢᠳᠤᠷᠠᠯ ᠤᠨ ᠲᠣᠯᠢ ᠪᠣᠯᠬᠤ ᠪᠠᠷ ᠦᠯᠦ ᠪᠠᠷᠠᠨ ᠠᠮᠢᠳᠤᠷᠠᠬᠤᠢ ᠶᠢᠨ ᠤᠬᠠᠭᠠᠨ ᠤ ᠬᠤᠷᠢᠶᠠᠩᠭᠤᠢ︾⑥ ᠪᠣᠯᠵᠤ᠂ ᠠᠷᠠᠳ ᠤᠨ ᠳᠤᠮᠳᠠ ᠳᠡᠯᠭᠡᠷᠡᠨ ᠲᠦᠭᠡᠮᠡᠯᠵᠢᠵᠦ᠂ ᠬᠥᠮᠥᠰ ᠲᠤ ᠠᠵᠤ ᠠᠮᠢᠳᠤᠷᠠᠯ ᠤᠨ ᠵᠦᠭᠯᠡᠭᠦᠷ᠂ ᠠᠵᠢᠯ ᠦᠢᠯᠡᠰ ᠤᠨ ᠬᠢᠨᠢ ᠵᠢᠯᠣᠭᠤᠳᠤᠯᠭ᠎ᠠ ᠪᠣᠯᠵᠤ᠂ ᠥᠷᠭᠡᠨ ᠳᠡᠯᠭᠡᠷ ᠦᠢᠯᠡᠳᠦᠯ ᠬᠢᠭᠡᠳ ᠭᠦᠨ ᠬᠦᠨᠵᠡᠭᠡᠢ ᠠᠴᠢ ᠬᠤᠯᠪᠤᠭᠳᠠᠯ ᠲᠠᠢ ᠶᠤᠮ᠃       ︵ᠨᠢᠭᠡ︶ ᠮᠡᠳᠡᠯᠭᠡ ᠤᠯᠠᠮᠵᠢᠯᠠᠬᠤ ᠠᠴᠢ ᠬᠤᠯᠪᠤᠭᠳᠠᠯᠲᠠᠢ᠃ ᠮᠣᠩᠭᠤᠯ ᠵᠦᠢᠷ ᠰᠡᠴᠡᠨ ᠦᠭᠡ ᠪᠣᠯ ᠮᠣᠩᠭᠤᠯᠴᠤᠳ ᠤᠨ ᠠᠮᠢᠳᠤᠷᠠᠯ ᠲᠡᠮᠡᠴᠡᠯ ᠤᠨ ᠲᠤᠷᠰᠢᠯᠭ᠎ᠠ ᠶᠢ ᠬᠤᠷᠢᠶᠠᠩᠭᠤᠶᠢᠯᠠᠨ ᠳ᠋ᠦᠩᠨᠡᠭᠰᠡᠨ ᠮᠡᠳᠡᠯᠭᠡ ᠶᠢᠨ ᠰᠠᠩ ᠮᠥᠨ᠃ ︽ᠮᠣᠩᠭᠤᠯ ᠤᠨ ᠭᠦᠨ ᠤᠬᠠᠭᠠᠨ ᠤ ᠦᠵᠡᠯ ᠰᠠᠨᠠᠭ᠎ᠠ ᠤᠷᠲᠤ ᠵᠣᠬᠢᠶᠠᠯ ᠤᠷᠤᠰᠤᠮ᠎ᠠ ᠶᠠᠷᠢᠶ᠎ᠠ ᠪᠠᠷ ᠢᠯᠡᠷᠡᠭᠰᠡᠨ ᠪᠢᠰᠢ᠂ ᠬᠠᠷᠢᠨ ᠣᠬᠤᠷ ᠠᠪᠰᠠᠷᠬᠠᠨ᠂ ᠭᠦᠨ ᠤᠳᠬ᠎ᠠ ᠲᠠᠢ ᠪᠢᠯᠢᠭ ᠰᠤᠷᠭᠠᠯ ᠤᠨ ᠬᠡᠯᠪᠡᠷᠢ ᠪᠠᠷ ᠢᠯᠡᠷᠡᠵᠦ︾⑦ ᠣᠶᠤᠨ ᠪᠢᠯᠢᠭ ᠢ ᠨᠡᠭᠡᠭᠡᠭᠳᠡᠭᠦᠯᠵᠦ᠂ ᠦᠰᠦᠭ ᠪᠢᠴᠢᠭ ᠳᠡᠯᠭᠡᠷᠡᠭᠡᠳᠦᠢ ᠦᠶ᠎ᠡ ᠳᠤ ᠬᠥᠮᠥᠰ ᠲᠤ ᠣᠶᠤᠨ ᠤ ᠰᠢᠮ᠎ᠡ ᠶᠢ ᠬᠦᠷᠲᠡᠭᠡᠵᠦ᠂ ᠮᠡᠳᠡᠯᠭᠡ ᠤᠯᠠᠮᠵᠢᠯᠠᠬᠤ᠂ ᠮᠡᠳᠡᠯᠭᠡ ᠰᠤᠷᠬᠤ ᠲᠣᠯᠢ ᠪᠢᠴᠢᠭ ᠤᠨ ᠦᠢᠯᠡᠳᠦᠯ ᠦᠵᠡᠭᠦᠯᠵᠦ ᠪᠠᠶᠢᠪᠠ᠃ ᠲᠤᠬᠠᠶᠢᠯᠠᠪᠠᠯ᠄ ︽ᠤᠰᠤ ᠮᠡᠳᠡᠬᠦ ᠦᠭᠡᠢ ᠬᠥᠮᠥᠨ ᠴᠤᠪᠤᠭ᠎ᠠ ᠳᠠᠭ᠎ᠠ᠂ ᠨᠤᠲᠤᠭ ᠮᠡᠳᠡᠬᠦ ᠦᠭᠡᠢ ᠬᠥᠮᠥᠨ ᠬᠦᠷᠦᠭᠡᠰᠦ ᠳᠠᠭ᠎ᠠ︾ ᠬᠡᠮᠡᠨ ᠠᠮᠢᠳᠤᠷᠠᠯ ᠤᠨ ᠮᠡᠳᠡᠯᠭᠡ ᠪᠠᠨ ᠤᠯᠠᠮᠵᠢᠯᠠᠳᠠᠭ ᠪᠠᠶᠢᠨ᠎ᠠ᠃ ᠡᠭᠦᠨ ᠢᠶᠠᠷ ᠪᠠᠷᠠᠬᠤ ᠦᠭᠡᠢ ᠨᠡᠶᠢᠭᠡᠮ ᠤᠨ ᠡᠷᠢᠶᠡᠨ ᠪᠠᠷᠠᠭᠠᠨ ᠢ ᠲᠠᠨᠢᠭᠤᠯᠵᠤ᠂ ︽ᠭᠡᠭᠡᠨ ᠤ ᠠᠮᠠ ᠲᠡᠭᠰᠢ᠂ ᠭᠡᠯᠦᠩ ᠤᠨ ᠠᠮᠠ ᠬᠡᠯᠲᠡᠭᠡᠢ︾ ᠭᠡᠵᠤ᠂ ᠠᠮᠢᠳᠤᠷᠠᠯ ᠤᠨ ᠬᠦᠴᠢᠷ ᠪᠡᠷᠬᠡ ᠶᠢ ᠣᠶᠢᠯᠠᠭᠠᠭᠤᠯᠬᠤ ᠡᠭᠦᠳᠡᠨ ᠠᠴᠠ    ︽ᠡᠷ᠎ᠡ ᠬᠥᠮᠥᠨ ᠲᠤᠭ ᠴᠦ ᠪᠠᠷᠢᠳᠠᠭ᠂ ᠲᠤᠭᠤᠯ ᠴᠦ ᠬᠠᠷᠢᠭᠤᠯᠳᠠᠭ︾ ᠭᠡᠬᠦ ᠵᠦᠢᠷ ᠰᠡᠴᠡᠨ ᠦᠭᠡ ᠪᠠᠷ ᠰᠠᠶᠢᠨ ᠮᠠᠭᠤ᠂ ᠰᠠᠶᠢᠬᠠᠨ ᠮᠠᠭᠤᠬᠠᠢ᠂ ᠦᠨᠡᠨ ᠬᠤᠳᠠᠯ ᠢ ᠲᠣᠳᠤᠷᠠᠭᠤᠯᠤᠨ ᠴᠢᠬᠤᠯᠠᠲᠠᠢ ᠬᠥᠮᠥᠵᠢᠯ ᠢ ᠴᠠᠭ ᠲᠤᠬᠠᠢ ᠳᠤᠨᠢ ᠲᠣᠬᠢᠶᠠᠯᠳᠤᠭᠤᠯᠤᠨ ᠬᠡᠷᠡᠭᠯᠡᠵᠦ ᠴᠢᠳᠠᠭᠰᠠᠨ ᠠᠴᠠ ᠵᠣᠬᠢᠬᠤ ᠠᠴᠢ ᠬᠤᠯᠪᠤᠭᠳᠠᠯ ᠳᠡᠭᠡᠷ᠎ᠡ ᠪᠠᠨ ᠪᠣᠳᠠᠲᠤ ᠠᠮᠢᠳᠤᠷᠠᠯ ᠠᠴᠠ ᠵᠠᠶᠢᠳᠠᠭᠤ ᠪᠠᠶᠢᠭ᠎ᠠ ᠬᠢᠴᠢᠶᠡᠯ ᠤᠨ ᠭᠡᠷ ᠲᠤ ᠬᠡᠶᠢᠰᠪᠦᠷᠢ ᠣᠨᠤᠯ ᠢ ᠦᠬᠦᠮᠡᠯ ᠢᠶᠠᠷ ᠴᠡᠭᠡᠵᠢᠯᠡᠭᠦᠯᠦᠭᠰᠡᠨ ᠠᠴᠠ ᠦᠷ᠎ᠡ ᠳ᠋ᠦᠩ ᠨᠢ ᠰᠠᠶᠢᠨ ᠪᠠᠶᠢᠵᠤ᠂ ᠬᠡᠦᠬᠡᠳ ᠪᠠᠭᠠᠴᠤᠳ ᠤᠨ ᠣᠶᠤᠨ ᠢ ᠨᠡᠭᠡᠭᠡᠭᠳᠡᠭᠦᠯᠵᠦ᠂ ᠤᠬᠠᠭᠠᠨ ᠢ ᠲᠡᠯᠡᠵᠦ᠂ ᠰᠡᠳᠬᠢᠴᠡ ᠶᠢᠨ ᠬᠦᠷᠢᠶ᠎ᠡ ᠶᠢ ᠥᠷᠭᠡᠵᠢᠭᠦᠯᠵᠦ᠂ ᠤᠴᠢᠷ ᠶᠣᠰᠤ ᠶᠢ ᠲᠠᠨᠢᠬᠤ ᠪᠠ ᠰᠢᠨᠵᠢᠯᠡᠬᠦ ᠤᠬᠠᠭᠠᠨᠴᠢ ᠶᠢᠷᠲᠢᠨᠴᠦ ᠶᠢᠨ ᠦᠵᠡᠯᠲᠡ᠂ ᠵᠥᠪ ᠣᠨᠤᠪᠴᠢᠲᠡᠢ ᠠᠮᠢᠳᠤᠷᠠᠬᠤᠢ ᠶᠢᠨ ᠦᠵᠡᠯᠲᠡ ᠪᠣᠯᠤᠨ ᠥᠷᠲᠡᠭ ᠤᠨ ᠦᠵᠡᠯᠲᠡ ᠶᠢ ᠪᠣᠢ ᠪᠣᠯᠭᠠᠬᠤ ᠳᠤᠨᠢ ᠲᠤᠰᠠ ᠳᠡᠮᠵᠢᠯᠭᠡ ᠪᠣᠯᠵᠤ ᠠᠴᠢ ᠬᠤᠯᠪᠤᠭᠳᠠᠯ ᠢᠶᠠᠷ ᠥᠨᠳᠦᠷ ᠪᠠᠶᠢᠳᠠᠭ᠃ ᠡᠶᠢᠮᠦᠷᠬᠦᠦ ᠴᠢᠯᠦᠭᠡᠲᠡᠢ ᠬᠥᠮᠥᠵᠢᠯ ᠨᠢ ᠵᠣᠬᠢᠬᠤ ᠤᠳᠬ᠎ᠠ ᠳᠡᠭᠡᠷ᠎ᠡ ᠎ ᠪᠠᠨ ᠠᠯᠪᠠᠳᠠᠯᠭ᠎ᠠ ᠶᠢᠨ ᠴᠢᠨᠠᠷᠲᠠᠢ ᠰᠤᠷᠭᠠᠨ ᠬᠥᠮᠥᠵᠢᠯ ᠠᠴᠠ ᠵᠠᠶᠢᠯᠠᠰᠬᠢᠬᠤ ᠪᠦᠲᠦᠮᠵᠢᠲᠡᠢ ᠠᠷᠭ᠎ᠠ ᠪᠣᠯᠤᠨ᠎ᠠ᠃      ︵ᠬᠤᠶᠠᠷ︶ ᠲᠠᠨᠢᠯᠲᠠ ᠶᠢᠨ ᠠᠴᠢ ᠬᠤᠯᠪᠤᠭᠳᠠᠯᠲᠠᠢ ᠪᠠᠶᠢᠳᠠᠭ᠃ ᠰᠡᠳᠬᠢᠬᠦᠢ ᠶᠢᠨ ᠡᠭᠦᠳᠡᠨ ᠠᠴᠠ ᠲᠠᠨᠢᠯᠲᠠ ᠶᠢ ᠯᠣᠭᠢᠭᠴᠢ ᠴᠢᠨᠠᠷᠲᠠᠢ ᠲᠠᠨᠢᠯᠲᠠ ᠪᠣᠯᠤᠨ ᠲᠤᠷᠰᠢᠯᠭ᠎ᠠ ᠶᠢᠨ ᠴᠢᠨᠠᠷᠲᠠᠢ ᠲᠠᠨᠢᠯᠲᠠ ᠭᠡᠵᠤ ᠬᠤᠶᠠᠷ ᠲᠥᠷᠥᠯ ᠳᠤ ᠬᠤᠪᠢᠶᠠᠳᠠᠭ᠃ ᠯᠣᠬᠢᠭᠴᠢ ᠴᠢᠨᠠᠷᠲᠠᠢ ᠲᠠᠨᠢᠯᠲᠠ ᠪᠣᠯ ᠪᠦᠷᠢᠨ ᠪᠦᠲᠦᠨ ᠴᠢᠨᠠᠷ ᠪᠠ ᠬᠡᠶᠢᠰᠪᠦᠷᠢ ᠴᠢᠨᠠᠷᠲᠠᠢ ᠪᠠᠶᠢᠵᠤ᠂ ᠲᠤᠷᠰᠢᠯᠭ᠎ᠠ ᠶᠢᠨ ᠴᠢᠨᠠᠷᠲᠠᠢ ᠲᠠᠨᠢᠯᠲᠠ ᠪᠣᠯ ᠡᠭᠦᠳᠦᠨ ᠪᠦᠲᠦᠭᠡᠯᠲᠡᠲᠦ ᠴᠢᠨᠠᠷ ᠪᠠ ᠨᠡᠭᠡᠭᠡᠯᠲᠡᠲᠦ ᠴᠢᠨᠠᠷᠲᠠᠢ ᠪᠠᠶᠢᠳᠠᠭ ᠶᠤᠮ᠃ ᠮᠣᠩᠭᠤᠯᠴᠤᠳ ᠎ ᠤᠨ ᠰᠡᠳᠬᠢᠬᠦᠢ ᠶᠢᠨ ᠣᠨᠴᠠᠯᠢᠭ ᠲᠤ ᠡᠨᠡ ᠬᠤᠶᠠᠷ ᠲᠠᠯ᠎ᠠ ᠶᠢ ᠴᠥᠮ ᠪᠠᠭᠲᠠᠭᠠᠵᠤ᠂ ᠰᠡᠷᠡᠯ ᠤᠨ ᠲᠤᠷᠰᠢᠯᠭ᠎ᠠ ᠠᠴᠠ ᠣᠶᠤᠨ ᠤ ᠬᠡᠶᠢᠰᠪᠦᠷᠢᠯᠡᠯ ᠳᠤ ᠬᠦᠷᠦᠭᠰᠡᠨ ᠪᠠᠶᠢᠳᠠᠯ ᠵᠦᠢᠷ ᠰᠡᠴᠡᠨ ᠦᠭᠡᠨ ᠳᠤᠨᠢ ᠲᠣᠳᠤᠷᠬᠠᠢ ᠲᠤᠰᠬᠠᠭᠳᠠᠵᠤ ᠪᠠᠶᠢᠳᠠᠭ᠃ ᠲᠤᠬᠠᠶᠢᠯᠠᠪᠠᠯ᠄ ︽ᠬᠥᠮᠥᠨ ᠤ ᠡᠷᠢᠶᠡᠨ ᠳᠣᠲᠤᠷ᠎ᠠ ᠪᠠᠨ᠂ ᠮᠣᠭᠠᠢ ᠶᠢᠨ ᠡᠷᠢᠶᠡᠨ ᠭᠠᠳᠠᠨ᠎ᠠ ᠪᠠᠨ︾᠂ ︽ᠰᠠᠶᠢᠨ ᠳᠤ ᠰᠠᠳᠤᠨ ᠣᠶᠢᠷ᠎ᠠ᠂ ᠮᠠᠭᠤ ᠳᠤ ᠨᠥᠬᠦᠷ ᠬᠤᠯᠠ︾ ᠭᠡᠬᠦ ᠮᠡᠲᠦ ᠪᠠᠷ ᠨᠢᠳᠦᠨ ᠳᠤ ᠦᠵᠡᠭᠳᠡᠬᠦ ᠳᠦᠷᠰᠦᠯᠡᠯ ᠤᠨ ᠠᠷᠤ ᠳᠤ ᠮᠠᠰᠢ ᠭᠦᠨ ᠳᠠᠯᠳᠠ ᠤᠳᠬ᠎ᠠ ᠰᠠᠨᠠᠭ᠎ᠠ ᠠᠭᠤᠯᠤᠭᠳᠠᠵᠤ᠂ ᠡᠨᠡ ᠶᠠᠮᠠᠷ ᠤᠳᠬ᠎ᠠ ᠰᠠᠨᠠᠭ᠎ᠠ ᠲᠠᠢ ᠪᠣᠢ︖ ᠬᠡᠮᠡᠨ ᠰᠡᠳᠬᠢᠭᠦᠯᠬᠦ ᠶᠢᠨ ᠬᠠᠮᠲᠤᠳᠠ ᠠᠰᠠᠭᠤᠳᠠᠯ ᠳᠤ ᠬᠠᠨᠳᠤᠬᠤ ᠣᠪᠤᠷ᠂ ᠰᠢᠢᠳᠪᠦᠷᠢᠯᠡᠬᠦ ᠠᠷᠭ᠎ᠠ ᠶᠢ ᠪᠣᠳᠤᠯᠬᠢᠯᠠᠭᠤᠯᠵᠤ᠂ ᠬᠥᠮᠥᠰ ᠤᠨ ᠰᠡᠳᠬᠢᠬᠦᠢ ᠶᠢ ᠠᠮᠢᠳᠤᠯᠢᠭᠵᠢᠭᠤᠯᠳᠠᠭ ᠪᠠᠶᠢᠨ᠎ᠠ᠃       ︵ᠭᠤᠷᠪᠠ︶ ᠰᠤᠷᠭᠠᠨ ᠬᠥᠮᠥᠵᠢᠭᠦᠯᠬᠦ ᠠᠴᠢ ᠬᠤᠯᠪᠤᠭᠳᠠᠯᠲᠠᠢ᠃ ︽ᠵᠦᠢᠷ ᠰᠡᠴᠡᠨ ᠦᠭᠡᠨ ᠳᠤ ᠬᠡᠶᠢᠰᠪᠦᠷᠢ ᠰᠠᠨᠠᠭᠠᠨ ᠤ ᠡᠭᠦᠳᠡᠨ ᠠᠴᠠ ᠬᠤᠭᠤᠰᠤᠨ ᠰᠡᠴᠡᠷᠬᠡᠬᠦ ᠴᠢᠭᠯᠡᠯ ᠣᠭᠲᠤ ᠦᠭᠡᠢ᠂ ᠢᠮᠠᠭᠲᠠ ᠠᠮᠢᠳᠤᠷᠠᠯ ᠤᠨ ᠦᠨᠡᠨ ᠢ ᠬᠡᠯᠡᠵᠦ᠂ ᠬᠤᠷᠸ᠎ᠠ ᠶᠢᠨ ᠥᠩᠭᠡ ᠨᠢᠭᠤᠷ ᠢ ᠲᠠᠨᠢᠬᠤ᠂ ᠬᠥᠮᠥᠨ ᠤ ᠠᠵᠤ ᠠᠮᠢᠵᠢᠷᠠᠭᠠᠨ ᠎ ᠤ ᠰᠠᠨᠠᠭ᠎ᠠ ᠰᠡᠬᠡᠭᠡ ᠠᠪᠤᠭᠤᠯᠤᠨ᠂ ᠰᠠᠶᠢᠨ ᠢ ᠳᠠᠭᠠᠵᠤ᠂ ᠮᠠᠭᠤ ᠶᠢ ᠵᠢᠭᠰᠢᠭᠦᠯᠬᠦ ᠰᠤᠷᠭᠠᠯ ᠢᠶᠠᠷ ᠳᠦᠭᠦᠷᠡᠩ︾⑧ ᠪᠠᠶᠢᠵᠤ᠂ ᠪᠠᠶᠢᠭᠠᠯᠢ ᠶᠢ ᠲᠠᠨᠢᠵᠤ᠂ ᠨᠡᠶᠢᠭᠡᠮ ᠢ ᠣᠶᠢᠯᠠᠭᠠᠬᠤ ᠲᠥᠯᠬᠢᠭᠦᠷ ᠪᠣᠯᠵᠤ᠂ ᠬᠥᠮᠥᠰ ᠢ ᠰᠠᠶᠢᠨ ᠰᠠᠶᠢᠬᠠᠨ ᠲᠡᠶᠢᠰᠢ ᠬᠥᠲᠥᠯᠦᠨ ᠳᠠᠭᠠᠭᠤᠯᠵᠤ᠂ ᠠᠵᠤ ᠠᠮᠢᠳᠤᠷᠠᠯ ᠤᠨ ᠬᠢᠨᠢ ᠵᠦᠭᠯᠡᠭᠦᠷ᠂ ᠠᠵᠢᠯ ᠦᠢᠯᠡᠰ ᠎ ᠤᠨ ᠬᠢᠨᠢ ᠵᠢᠯᠣᠭᠤᠳᠤᠯᠭ᠎ᠠ ᠪᠣᠯᠳᠠᠭ ᠪᠠᠶᠢᠨ᠎ᠠ᠃ ᠡᠶᠢᠮᠦ ᠦᠭᠡ ᠠᠴᠠ ᠳᠤᠷᠠᠳᠪᠠᠯ᠄ ︽ᠪᠤᠷᠮ᠎ᠠ ᠪᠠᠷ ᠲᠡᠵᠢᠭᠡᠬᠦ ᠪᠠᠷ᠂ ᠤᠷᠮ᠎ᠠ ᠪᠠᠷ ᠲᠡᠵᠢᠭᠡ︾᠂ ︽ᠪᠤᠯᠢᠬᠠᠶᠢᠯᠠᠵᠤ ᠣᠯᠤᠭᠰᠠᠨ ᠣᠯᠵᠠ ᠠᠴᠠ᠂ ᠪᠤᠷᠬᠠᠨ ᠰᠡᠳᠬᠢᠯ ᠤᠨ ᠭᠠᠷᠤᠵᠠ ᠳᠡᠭᠡᠷ᠎ᠡ︾ ᠭᠡᠬᠦ ᠮᠡᠲᠦ ᠰᠤᠷᠭᠠᠯ ᠴᠡᠭᠡᠷᠯᠡᠯ ᠤᠨ ᠦᠭᠡ ᠪᠠᠷ ᠬᠥᠮᠥᠵᠢᠯ ᠬᠢᠵᠦ᠂ ᠶᠠᠭᠤ ᠶᠢ ᠡᠷᠬᠢᠮᠯᠡᠬᠦ ᠂ ᠶᠠᠭᠤ ᠶᠢ ᠪᠤᠷᠤᠭᠤᠰᠢᠶᠠᠬᠤ ᠲᠤᠬᠠᠢ ᠦᠵᠡᠯᠲᠡ ᠲᠠᠨᠢᠯᠲᠠ ᠶᠢ ᠨᠢ ᠵᠢᠯᠣᠭᠤᠳᠳᠠᠭ ᠪᠢᠯᠡ᠃ ᠮᠥᠨ ᠴᠦ ᠨᠡᠶᠢᠭᠡᠮ ᠤᠨ ᠠᠮᠢᠳᠤᠷᠠᠯ ᠪᠣᠯ ᠪᠤᠳᠤᠯᠢᠶᠠᠨᠲᠠᠢ ᠪᠠᠶᠢᠵᠤ ᠠᠮᠢᠳᠤᠷᠠᠯ ᠤᠨ ᠵᠠᠮ ᠳᠤ ᠬᠦᠴᠢᠷ ᠪᠡᠷᠬᠡᠰᠢᠶᠡᠯ ᠲᠣᠬᠢᠶᠠᠯᠳᠤᠳᠠᠭ ᠲᠤᠯᠠ ︽ᠮᠠᠶᠢᠯᠠᠭᠰᠠᠭᠠᠷ ᠮᠠᠶᠢᠯᠠᠭᠰᠠᠭᠠᠷ ᠮᠠᠯ ᠪᠣᠯᠵᠤ᠂ ᠤᠬᠢᠯᠠᠭᠰᠠᠭᠠᠷ ᠤᠬᠢᠯᠠᠭᠰᠠᠭᠠᠷ ᠬᠥᠮᠥᠨ ᠪᠣᠯᠳᠠᠭ︾ ᠭᠡᠰᠡᠨ ᠶᠣᠰᠤ ᠤᠴᠢᠷ ᠢ ᠰᠠᠨᠠᠭᠤᠯᠵᠤ  ︽ᠡᠷᠬᠡ ᠶᠢ ᠰᠤᠷᠬᠤ ᠪᠠᠷ᠂ ᠪᠡᠷᠬᠡ ᠶᠢ ᠰᠤᠷ︾ ᠭᠡᠵᠤ ᠬᠡᠦᠬᠡᠳ ᠪᠠᠭᠠᠴᠤᠤᠯ ᠤᠨ ᠰᠡᠳᠬᠢᠯ ᠤᠨ ᠳᠠᠭᠠᠭᠠᠴᠠ ᠎ ᠶᠢ ᠪᠣᠯᠪᠠᠰᠤᠷᠠᠭᠤᠯᠵᠤ᠂ ᠲᠡᠰᠪᠦᠷᠢ ᠬᠠᠲᠠᠭᠤᠵᠢᠯ ᠢ ᠬᠥᠮᠥᠵᠢᠭᠦᠯᠳᠡᠭ ᠪᠠᠶᠢᠨ᠎ᠠ᠃       ︵ᠳᠥᠷᠪᠡ︶ ᠠᠷᠭ᠎ᠠ ᠶᠢᠨ ᠤᠬᠠᠭᠠᠨ ᠤ ᠠᠴᠢ ᠬᠤᠯᠪᠤᠭᠳᠠᠯᠲᠠᠢ ᠪᠠᠶᠢᠳᠠᠭ᠃ ᠬᠥᠮᠥᠨ ᠲᠥᠷᠥᠯᠬᠢᠲᠡᠨ ᠠᠴᠠ ᠶᠢᠷᠲᠢᠨᠴᠦ ᠶᠢ ᠲᠠᠨᠢᠬᠤ ᠶᠢᠨ ᠵᠣᠷᠢᠯᠭ᠎ᠠ ᠪᠣᠯ ᠶᠢᠷᠲᠢᠨᠴᠦ ᠶᠢ ᠥᠭᠡᠷᠡᠴᠢᠯᠡᠬᠦ ᠳᠤ ᠪᠠᠶᠢᠳᠠᠭ᠃ ᠨᠡᠭᠦᠳᠡᠯᠴᠢᠨ ᠮᠣᠩᠭᠤᠯᠴᠤᠳ ᠤᠨ ᠠᠵᠤ ᠠᠮᠢᠳᠤᠷᠠᠯ ᠤᠨ ᠱᠠᠭᠠᠷᠳᠠᠯᠭ᠎ᠠ ᠠᠴᠠ ᠪᠦᠷᠢᠯᠳᠦᠭᠰᠡᠨ ᠳᠥᠭᠦᠮ ᠠᠪᠰᠠᠷᠬᠠᠨ ᠨᠢᠭᠡ ᠶᠠᠭᠤᠮ᠎ᠠ ᠪᠠᠷ ᠣᠯᠠᠨ ᠶᠠᠭᠤᠮ᠎ᠠ ᠶᠢ ᠣᠷᠤᠯᠠᠭᠤᠯᠬᠤ ᠵᠠᠩᠰᠢᠯ ᠬᠢᠭᠡᠳ ᠨᠡᠯᠢᠶᠡᠳ ᠲᠦᠪᠡᠭᠲᠡᠢ ᠤᠴᠢᠷ ᠢ ᠳᠥᠭᠦᠮ ᠬᠢᠯᠪᠠᠷᠬᠠᠨ ᠰᠢᠢᠳᠪᠦᠷᠢᠯᠡᠳᠡᠭ ᠴᠢᠳᠠᠪᠤᠷᠢ ᠨᠢ ᠵᠦᠢᠷ ᠰᠡᠴᠡᠨ ᠦᠭᠡᠨ ᠳᠤ ᠲᠤᠰᠬᠠᠭᠳᠠᠵᠤ᠂ ᠲᠣᠪᠴᠢ ᠠᠪᠰᠠᠷᠬᠠᠨ ᠨᠢᠭᠡ ᠠᠭᠤᠯᠭ᠎ᠠ ᠪᠠᠷ ᠣᠯᠠᠨ ᠤᠳᠬ᠎ᠠ ᠶᠢ ᠢᠯᠡᠳᠬᠡᠵᠦ᠂ ᠠᠳᠠᠯᠢ ᠪᠤᠰᠤ ᠪᠠᠶᠢᠳᠠᠯ ᠳᠤ ᠲᠣᠬᠢᠷᠠᠭᠤᠯᠤᠨ ᠬᠡᠷᠡᠭᠯᠡᠵᠦ ᠪᠣᠯᠳᠠᠭ ᠠᠮᠢᠳᠤᠯᠢᠭ ᠴᠢᠨᠠᠷ ᠪᠣᠯᠤᠨ ᠬᠤᠪᠢᠰᠤᠩᠭᠤᠢ ᠴᠢᠨᠠᠷ ᠪᠣᠯᠤᠨ ᠢᠯᠡᠷᠡᠳᠡᠭ᠃ ᠮᠣᠩᠭᠤᠯᠴᠤᠳ ᠠᠵᠤ ᠠᠮᠢᠳᠤᠷᠠᠯ ᠤᠨ ᠶᠠᠪᠤᠴᠠ ᠎ ᠳᠠᠭᠠᠨ ᠠᠳᠠᠯᠢ ᠪᠤᠰᠤ ᠠᠰᠠᠭᠤᠳᠠᠯ ᠢ ᠠᠳᠠᠯᠢ ᠪᠤᠰᠤ ᠠᠷᠭ᠎ᠠ ᠪᠠᠷ ᠰᠢᠢᠳᠪᠦᠷᠢᠯᠡᠬᠦ ᠡᠭᠦᠳᠡᠨ ᠠᠴᠠ ᠲᠣᠬᠢᠶᠠᠯᠳᠤᠭᠰᠠᠨ ᠬᠡᠷᠡᠭ ᠶᠠᠪᠤᠳᠠᠯ ᠢ ᠵᠦᠢ ᠵᠣᠬᠢᠰᠲᠠᠢ ᠰᠢᠢᠳᠪᠦᠷᠢᠯᠡᠳᠡᠭ ᠪᠠᠶᠢᠳᠠᠯ ᠢ ᠢᠯᠡᠳᠬᠡᠭᠰᠡᠨ      ︽ᠣᠷᠤᠭ᠎ᠠ ᠮᠣᠷᠢ ᠶᠢ ᠤᠷᠭ᠎ᠠ ᠪᠠᠷ᠂ ᠠᠭᠤᠷ ᠲᠠᠢ ᠬᠥᠮᠥᠨ ᠢ ᠠᠷᠭ᠎ᠠ ᠪᠠᠷ︾᠂ ︽ᠡᠷᠢᠯ ᠢ ᠰᠤᠷᠠᠭ ᠢᠶᠠᠷ᠂ ᠡᠷᠳᠡᠮ ᠢ ᠬᠢᠴᠢᠶᠡᠯ ᠢᠶᠠᠷ︾ ᠭᠡᠬᠦ ᠠᠷᠭ᠎ᠠ ᠶᠢᠨ ᠤᠬᠠᠭᠠᠨ ᠰᠢᠩᠭᠡᠭᠰᠡᠨ ᠵᠦᠢᠷ ᠰᠡᠴᠡᠨ ᠦᠭᠡ ᠣᠯᠠᠨ ᠪᠠᠶᠢᠳᠠᠭ ᠪᠥᠭᠡᠳ ᠪᠤᠳᠤᠯᠢᠶᠠᠨᠲᠠᠢ ᠵᠥᠷᠢᠴᠡᠯ ᠤᠨ ᠳᠤᠮᠳᠠ ᠭᠤᠣᠯᠳᠠᠯᠭ᠎ᠠ ᠶᠢ ᠠᠳᠬᠤᠵᠤ᠂ ᠠᠵᠢᠯ ᠢᠶᠠᠨ ᠠᠮᠵᠢᠯᠲᠠ ᠲᠠᠢ ᠪᠡᠶᠡᠯᠡᠭᠦᠯᠬᠦ ᠶᠢ ᠢᠯᠡᠳᠬᠡᠭᠰᠡᠨ ︽ᠭᠤᠣᠯ ᠭᠠᠲᠤᠯᠬᠤ ᠳᠤ ᠣᠯᠤᠮ ᠢ ᠡᠷᠢ᠂ ᠭᠤᠣᠯᠴᠢ ᠶᠠᠷᠢᠬᠤ ᠳᠤ ᠶᠣᠰᠤ ᠶᠢ ᠪᠠᠷᠢ︾᠂ ︽ᠶᠠᠷ᠎ᠠ ᠲᠠᠢ ᠮᠣᠳᠤᠨ ᠤ ᠶᠠᠷ᠎ᠠ ᠳᠡᠭᠡᠷ᠎ᠡ ᠨᠢ ᠴᠣᠬᠢ᠂ ᠶᠠᠷᠳᠠᠭ ᠨᠣᠬᠠᠢ ᠶᠢᠨ ᠰᠢᠯᠢᠨ ᠳᠡᠭᠡᠷ᠎ᠡ ᠨᠢ ᠴᠣᠬᠢ︾ ᠭᠡᠬᠦ ᠵᠡᠷᠭᠡ ᠦᠭᠡ ᠶᠢ ᠪᠦᠲᠦᠭᠡᠯᠴᠢ ᠪᠠᠷ ᠰᠣᠩᠭᠤᠨ ᠬᠡᠷᠡᠭᠯᠡᠵᠦ᠂ ᠠᠰᠠᠭᠤᠳᠠᠯ ᠢ ᠵᠥᠪ ᠲᠠᠨᠢᠵᠤ᠂ ᠵᠦᠢᠲᠡᠢ ᠰᠢᠢᠳᠪᠦᠷᠢᠯᠡᠬᠦ ᠳᠤ ᠦᠨᠳᠦᠰᠦᠨ ᠴᠢᠭᠯᠡᠯ ᠬᠢᠭᠡᠳ ᠵᠠᠷᠴᠢᠮ ᠢ ᠬᠠᠩᠭᠠᠵᠤ ᠪᠠᠶᠢᠳᠠᠭ ᠶᠤᠮ᠃ ᠶᠡᠷᠦ ᠨᠢ ᠵᠦᠢᠷ ᠰᠡᠴᠡᠨ ᠦᠭᠡᠨ ᠳᠤ ︽ᠣᠷᠴᠢᠯᠠᠩ ᠤᠨ ᠲᠤᠬᠠᠢ ᠭᠦᠨ ᠤᠬᠠᠭᠠᠨ ᠤ ᠣᠨᠤᠯ ᠪᠣᠳᠤᠷᠤᠤᠯ ᠠᠴᠠ ᠡᠳᠦᠷ ᠲᠤᠲᠤᠮ ᠤᠨ ᠠᠵᠢᠯ ᠶᠠᠪᠤᠳᠠᠯ ᠬᠦᠷᠲᠡᠯᠡᠬᠢ ᠵᠦᠢᠯᠡᠰ ᠴᠥᠮ ᠢᠶᠠᠷ ᠪᠠᠭᠲᠠᠵᠤ︾ ⑨ᠭᠦᠨ ᠤᠬᠠᠭᠠᠨ ᠤ ᠤᠳᠬ᠎ᠠ ᠰᠠᠨᠠᠭ᠎ᠠ ᠬᠡᠳᠦᠢ ᠭᠦᠨ ᠠᠭᠤᠯᠤᠭᠳᠠᠬᠤ ᠳᠤᠲᠤᠮ ᠬᠡᠷᠡᠭᠯᠡᠭᠳᠡᠬᠦ ᠬᠡᠪᠴᠢᠶ᠎ᠡ ᠲᠡᠳᠦᠢ ᠥᠷᠭᠡᠨ᠂ ᠤᠯᠠᠮᠵᠢᠯᠠᠭᠳᠠᠬᠤ ᠬᠤᠭᠤᠴᠠᠭ᠎ᠠ ᠨᠢ ᠳᠡᠳᠦᠢ ᠤᠷᠲᠤ ᠪᠠᠶᠢᠵᠤ᠂ ᠠᠴᠢ ᠬᠤᠯᠪᠤᠭᠳᠠᠯ ᠨᠢ ᠴᠦ ᠨᠡᠩ ᠶᠡᠭᠡ ᠪᠠᠶᠢᠳᠠᠭ ᠶᠤᠮ᠃      ᠶᠡᠷᠦᠩᠬᠡᠶᠢᠯᠡᠭᠡᠳ ᠬᠡᠯᠡᠪᠡᠯ᠂ ᠮᠣᠩᠭᠤᠯᠴᠤᠳ ᠤᠨ ᠪᠠᠶᠢᠩᠭᠤ ᠬᠡᠷᠡᠭᠯᠡᠳᠡᠭ ᠵᠦᠢᠷ ᠰᠡᠴᠡᠨ ᠦᠭᠡ ᠨᠢ ᠪᠣᠳᠠᠲᠤ ᠠᠮᠢᠳᠤᠷᠠᠯ ᠤᠨ ᠲᠤᠷᠰᠢᠯᠭ᠎ᠠ ᠰᠤᠷᠭᠠᠮᠵᠢ᠂ ᠨᠡᠶᠢᠭᠡᠮ ᠲᠡᠦᠬᠡ ᠶᠢᠨ ᠦᠵᠡᠯᠲᠡ ᠲᠠᠨᠢᠯᠲᠠ᠂ ᠶᠣᠰᠤ ᠰᠤᠷᠲᠠᠬᠤᠨ ᠤ ᠬᠡᠪ ᠪᠠᠷᠢᠮᠵᠢᠶ᠎ᠠ ᠶᠢ ᠲᠣᠪᠴᠢ ᠲᠣᠳᠤᠷᠠᠭᠤᠨ᠂ ᠳᠥᠭᠦᠮ ᠠᠪᠰᠠᠷᠬᠠᠨ᠂ ᠤᠷᠠᠨ ᠳᠦᠷᠰᠦᠯᠢᠭ ᠎ ᠢᠶᠠᠷ ᠢᠯᠡᠳᠬᠡᠵᠦ᠂ ᠪᠠᠶᠢᠭᠠᠯᠢ ᠶᠢᠨ ᠵᠢᠮ᠎ᠡ᠂ ᠨᠡᠶᠢᠭᠡᠮ ᠤᠨ ᠦᠵᠡᠭᠳᠡᠯ ᠢ ᠬᠤᠷᠢᠶᠠᠩᠭᠤᠶᠢᠯᠠᠨ ᠲᠤᠰᠬᠠᠭᠰᠠᠨ ᠤ ᠬᠤᠪᠢ ᠳᠤ ᠣᠶᠤᠨᠴᠢ ᠴᠢᠨᠠᠷ ᠢᠶᠠᠷ ᠥᠨᠳᠦᠷ ᠪᠠᠶᠢᠵᠤ ᠂           ︽ᠮᠣᠩᠭᠤᠯᠴᠤᠳ ᠤᠨ ᠠᠮᠢᠳᠤᠷᠠᠯ ᠤᠨ ᠪᠦᠷᠢᠨ ᠲᠣᠯᠢ᠂ ᠲᠠᠨᠢᠯᠲᠠ ᠰᠡᠳᠬᠢᠬᠦᠢ ᠶᠢᠨ ᠣᠬᠢ ᠰᠢᠮ᠎ᠡ᠂ ᠠᠮᠠᠨ ᠶᠠᠷᠢᠶᠠᠨ ᠤ ᠭᠦᠨ ᠤᠬᠠᠭᠠᠨ ᠪᠣᠯᠵᠤ︾⑩ ᠶᠢᠷᠲᠢᠨᠴᠦ ᠶᠢᠨ ᠦᠵᠡᠯᠲᠡ ᠪᠠ ᠠᠷᠭ᠎ᠠ ᠶᠢᠨ ᠣᠨᠤᠯ ᠤᠨ ᠠᠴᠢ ᠬᠤᠯᠪᠤᠭᠲᠠᠯ ᠲᠠᠢ ᠶᠤᠮ᠃ ᠡᠶᠢᠮᠦ ᠠᠴᠠ ᠬᠤᠶᠢᠰᠢᠳᠠ ᠲᠡᠭᠦᠨ ᠤ ᠭᠦᠨ ᠤᠬᠠᠭᠠᠯᠢᠭ ᠴᠢᠨᠠᠷ ᠢ ᠰᠢᠨᠵᠢᠯᠡᠨ ᠰᠤᠳᠤᠯᠬᠤ ᠶᠠᠪᠤᠳᠠᠯ ᠪᠣᠯ ︽ᠳᠠᠪᠰᠢᠭᠰᠠᠨ ᠰᠣᠶᠤᠯ ᠤᠨ ᠤᠷᠤᠭᠰᠢᠯᠠᠬᠤ ᠴᠢᠭᠯᠡᠯ ᠢ ᠲᠥᠯᠥᠭᠡᠯᠡᠵᠦ︾ ᠦᠨᠳᠦᠰᠦᠨ ᠤ ᠰᠣᠶᠤᠯ ᠤᠨ ᠳᠠᠪᠠᠭᠤᠯᠢᠭ ᠢᠶᠠᠨ ᠪᠠᠳᠠᠷᠠᠭᠤᠯᠵᠤ᠂ ᠰᠣᠶᠤᠯ ᠤᠨ ᠲᠣᠮᠤ ᠣᠷᠤᠨ ᠢ ᠪᠦᠲᠦᠭᠡᠨ ᠪᠠᠶᠢᠭᠤᠯᠬᠤ ᠳᠤ ᠮᠠᠰᠢ ᠴᠢᠬᠤᠯᠠ ᠦᠢᠯᠡᠳᠦᠯ ᠲᠠᠢ ᠶᠤᠮ᠃ ᠵᠡᠭᠦᠯᠲᠡ᠄⒈①② ᠫᠠ᠊ · ᠬᠤᠷᠯᠸ᠎ᠠ ︵ᠮᠣᠩᠭᠤᠯ ᠤᠯᠤᠰ︶ ︽ᠮᠣᠩᠭᠤᠯ ᠠᠮᠠᠨ ᠵᠣᠬᠢᠶᠠᠯ ᠳᠠᠬᠢ ᠠᠷᠠᠳ ᠤᠨ ᠭᠦᠨ ᠤᠬᠠᠭᠠᠨ ᠤ ᠰᠡᠳᠬᠢᠯᠭᠡ︾ ︵ᠦᠨᠳᠦᠰᠦᠲᠡᠨ ᠤ ᠬᠡᠪᠯᠡᠯ ᠤᠨ ᠬᠤᠷᠢᠶ᠎ᠠ︶ 2002 ᠣᠨ 3 , 4 ᠳ᠋ᠤᠭᠡᠷ ᠨᠢᠭᠤᠷ⒉④⑩ ᠲ᠊ · ᠡᠷᠳᠡᠨᠢᠲᠤᠭᠲᠠᠬᠤ ︽ᠭᠦᠨ ᠤᠬᠠᠭᠠᠨ︾ ︵ᠥᠪᠥᠷ ᠮᠣᠩᠭᠤᠯ ᠤᠨ ᠬᠡᠪᠯᠡᠯ ᠤᠨ ᠬᠤᠷᠢᠶ᠎ᠠ︶ 2003 ᠣᠨ 26 , 404 ᠳ᠋ᠤᠭᠡᠷ ᠨᠢᠭᠤᠷ⒊⑦ ᠬᠡ᠊ · ᠮᠥᠩᠭᠡ ︽ᠮᠣᠩᠭᠤᠯ ᠤᠨ ᠭᠦᠨ ᠤᠬᠠᠭᠠᠨ ᠤ ᠲᠡᠦᠬᠡ︾ ︵ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ︶ 1996 ᠣᠨ 209 ᠳ᠋ᠤᠭᠡᠷ ᠨᠢᠭᠤᠷ⒋③⑧⑨ ︽ᠳᠤᠮᠳᠠᠳᠤ ᠤᠯᠤᠰ ᠤᠨ ᠮᠣᠩᠭᠤᠯ ᠤᠨ ᠰᠤᠳᠤᠯᠤᠯ︾ 2006 ᠣᠨ 3 ᠳ᠋ᠤᠭᠠᠷ ᠬᠤᠭᠤᠴᠠᠭ᠎ᠠ 63 , 38 , 33 ᠳ᠋ᠤᠭᠠᠷ ᠨᠢᠭᠤᠷ⒌⑤⑥ ᠣᠶᠤᠨᠪᠠᠲᠤ᠂ ᠭᠡᠭᠡᠨᠭᠤᠸ᠎ᠠ ︽ᠮᠣᠩᠭᠤᠯ ᠦᠨᠳᠦᠰᠦᠲᠡᠨ ᠤ ᠤᠯᠠᠮᠵᠢᠯᠠᠯᠲᠤ ᠰᠣᠶᠤᠯ ᠤᠨ ᠣᠨᠤᠯ︾ ︵ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ︶ 2003 ᠣᠨ 306 , 426 ᠳ᠋ᠤᠭᠠᠷ ᠨᠢᠭᠤᠷ
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ