ᠪᠠᠯᠵᠢᠨ ᠬᠠᠲᠤᠨ ᠤ ᠳᠤᠮᠤᠭ ᠲᠠᠬᠢ ︽ᠠᠯᠲᠠᠨ ᠡᠮᠡᠭᠡᠯ︾ ︽ᠬᠠᠷ᠎ᠠ  ᠮᠣᠷᠢ︾ ᠲᠡᠦᠬᠡᠨ᠎ᠡ ᠬᠤᠯᠪᠤᠭᠳᠠᠬᠤ ᠎ ᠨᠢ
ᠨᠡᠶᠢᠲᠡᠯᠡᠭᠰᠡᠨ ᠴᠠᠭ᠄
2017/11/8
ᠲᠣᠶᠢᠰᠤᠮ ᠤᠨ ᠭᠠᠯᠰᠠᠩ ︵ᠮᠣᠩᠭᠤᠯ︶         ᠪᠠᠯᠵᠢᠨ ᠬᠠᠲᠤᠨ ᠤ ᠳᠤᠮᠤᠭ ᠲᠠᠬᠢ ︽ᠠᠯᠲᠠᠨ ᠡᠮᠡᠭᠡᠯ︾        ︽ ᠬᠠᠷ᠎ᠠ  ᠮᠣᠷᠢ  ︾  ᠲᠡᠦᠬᠡᠨ᠎ᠡ  ᠬᠤᠯᠪᠤᠭᠳᠠᠬᠤ  ᠎ ᠨᠢ        ︽ᠬᠠᠭᠠᠨ ᠡᠴᠢᠭᠡ ᠶᠢᠨ ᠵᠠᠷᠯᠢᠭ ᠢ ᠳᠠᠪᠠᠭ᠋ᠤ ᠤᠴᠢᠷ ᠦᠭᠡᠢ ᠲᠤᠯᠠ ᠪᠠᠯᠵᠢᠨ ᠬᠠᠲᠤᠨ ᠪᠡᠶ᠎ᠡ ᠪᠠᠨ ᠲᠤᠰᠢᠶᠠᠬᠤᠢ ᠳᠤᠷ ᠡᠯᠴᠢ ᠴᠡᠷᠢᠭ ᠤᠳ ᠲᠡᠭᠦᠨ ᠤ ᠪᠠᠷᠠᠭᠤᠨ ᠬᠥᠬᠦ ᠶᠢ ᠨᠢ ᠣᠭᠲᠤᠯᠵᠤ ᠬᠤᠷᠤᠭᠠᠭᠠᠳ᠂ ᠲᠤᠯᠤᠭᠠᠢ ᠶᠢ ᠨᠢ ᠲᠣᠯᠤᠭᠠᠢ ᠮᠡᠲᠦ ᠭᠠᠵᠠᠷ ᠲᠤ᠂ ᠭᠠᠷ ᠬᠥᠯ ᠢ ᠨᠢ ᠮᠥᠨ ᠲᠡᠭᠦᠨᠴᠢᠯᠡᠨ ᠲᠠᠷᠠᠭᠠᠵᠤ ᠣᠷᠬᠢᠪᠠᠢ᠃︾ ᠲᠣᠯᠤᠭᠠᠢ ᠶᠢ ᠨᠢ ᠣᠷᠬᠢᠭᠰᠠᠨ ᠭᠠᠵᠠᠷ ᠥᠨᠥ ᠬᠦᠷᠲᠡᠯ᠎ᠡ ︽ᠪᠠᠯᠵᠢᠨ ᠲᠣᠯᠤᠭᠠᠢ︾ ᠨᠡᠷ᠎ᠡ ᠲᠠᠢ ᠠᠭᠤᠯᠠ ᠪᠣᠢ᠃ ᠬᠠᠲᠤᠨ ᠤ ᠭᠤᠶᠤᠯ ᠤᠨ ᠶᠤᠳᠠᠷ ᠣᠷᠬᠢᠭᠰᠠᠨ ᠭᠠᠵᠠᠷ        ︽ᠠᠯᠲᠠᠨ ᠶᠣᠳᠠᠷᠲᠤ︾᠂ ᠲᠣᠭᠤᠭ᠎ᠠ ᠶᠢ ᠨᠢ ᠬᠠᠶᠠᠭᠰᠠᠨ ᠭᠠᠵᠠᠷ ︽ᠲᠣᠭᠤᠭᠠᠲᠤ︾᠂ ᠮᠣᠷᠢ ᠶᠢ ᠨᠢ ᠣᠷᠬᠢᠭᠰᠠᠨ ᠭᠤᠣᠯ ᠢ ︽ᠬᠠᠷ᠎ᠠ ᠮᠣᠷᠢᠲᠤ︾᠂ ᠠᠯᠲᠠᠨ ᠡᠮᠡᠭᠡᠯ ᠢ ᠨᠢ ᠲᠠᠯᠪᠢᠭᠰᠠᠨ ᠨᠢ ︽ᠠᠯᠲᠠᠨ ᠡᠮᠡᠭᠡᠯᠲᠦ︾ ᠭᠡᠭᠳᠡᠬᠦ ᠪᠣᠯᠪᠠ ᠭᠡᠬᠦ᠃ ᠪᠠᠯᠵᠢᠨ ᠬᠠᠲᠤᠨ ᠠᠯᠲᠠᠨ ᠡᠮᠡᠭᠡᠯᠲᠦ ᠬᠠᠷ᠎ᠠ ᠮᠣᠷᠢ ᠎ ᠲᠠᠢ ᠪᠠᠶᠢᠭᠰᠠᠨ ᠲᠤᠬᠠᠢ ᠮᠡᠳᠡᠭᠡ ᠤᠤᠯ ᠳᠣᠮᠤᠭ ᠤᠨ ᠪᠤᠰᠤᠳ ᠬᠤᠪᠢᠯᠪᠤᠷᠢ ᠳᠤ ᠤᠯᠠᠮᠵᠢᠯᠠᠭᠳᠠᠭᠰᠠᠨ ᠲᠡᠳᠦᠢ ᠦᠭᠡᠢ    ︽ᠰᠢᠯᠳᠠᠢ ᠵᠠᠩᠭᠢ ᠶᠢᠨ ᠳᠣᠮᠤᠭ︾᠎ ᠲᠤ ᠨᠤᠲᠤᠭ ᠤᠰᠤᠨ ᠤ ᠨᠡᠷ᠎ᠡ ᠪᠣᠯᠤᠨ ᠲᠥᠯᠥᠪᠰᠢᠭᠰᠡᠨ ᠬᠡᠯᠪᠡᠷᠢ ᠪᠠᠷ ᠭᠠᠷᠴᠤ ᠪᠠᠶᠢᠨ᠎ᠠ᠃ ᠲᠣᠪᠴᠢᠯᠠᠨ ᠥᠭᠦᠯᠡᠪᠡᠰᠦ᠄ ᠣᠷᠤᠰ ᠮᠠᠨᠵᠤ ᠶᠢᠨ ᠬᠢᠯᠢ ᠲᠠᠯᠪᠢᠬᠤᠢ ᠴᠢᠮᠡᠭᠡᠨ ᠎ ᠢᠶᠠᠷ ᠪᠠᠷᠭᠤ ᠮᠤᠩᠭᠤᠯ ᠤᠨ ᠨᠤᠲᠤᠭ ᠲᠤ ᠨᠡᠭᠦᠳᠡᠯᠯᠡᠨ ᠰᠠᠭᠤᠵᠤ ᠠᠭᠰᠠᠨ ᠰᠢᠯᠳᠠᠢ ᠵᠠᠩᠭᠢ ᠲᠤᠬᠠᠢ ᠶᠢᠨ ᠦᠶ᠎ᠡ ᠳᠤ ᠬᠤᠷᠢ ᠪᠤᠷᠢᠶᠠᠳ ᠤᠨ ᠲᠡᠷᠢᠭᠦᠨ ᠠᠭᠰᠠᠨ ᠪᠠᠳᠠᠩ ᠲᠤᠷᠠᠬᠢᠨ ︵бадан тураахин︶ ᠬᠡᠮᠡᠬᠦ ᠥᠪᠡᠷ ᠤᠨ ᠣᠶᠢᠷ᠎ᠠ ᠲᠥᠷᠥᠯ ᠳᠡᠭᠡᠨ ᠡᠯᠴᠢ ᠢᠯᠡᠭᠡᠵᠦ ᠦᠭᠡ ᠪᠠᠷᠢᠭᠤᠯᠤᠭᠰᠠᠨ ᠭᠡᠳᠡᠭ᠃ ᠡᠯᠴᠢ ᠨᠢ ︽ᠤᠨᠤᠶ᠎ᠠ ᠭᠡᠪᠡᠯ ᠵᠢᠷᠭᠤᠭᠠᠨ ᠬᠠᠷ᠎ᠠ ᠮᠣᠷᠢ᠂ ᠲᠤᠬᠤᠶ᠎ᠠ ᠭᠡᠪᠡᠯ ᠠᠯᠲᠠᠨ ᠡᠮᠡᠭᠡᠯ ᠢᠶᠠᠨ ᠠᠪᠤᠭᠠᠷᠠᠢ︾ ᠭᠡᠰᠡᠨ ᠦᠭᠡ ᠶᠢ ᠪᠦᠷᠢᠨ ᠪᠦᠲᠦᠨ ᠳᠠᠮᠵᠢᠭᠤᠯᠤᠭᠰᠠᠨ ᠬᠡᠳᠦᠢ ᠴᠦ ᠪᠤᠷᠢᠶᠠᠳ ᠨᠣᠶᠠᠨ ᠰᠢᠯᠳᠠᠢ ᠵᠠᠩᠭᠢ ᠶᠢᠨ ᠬᠡᠯᠡᠭᠰᠡᠨ ᠦᠭᠡ ᠶᠢᠨ ᠤᠳᠬ᠎ᠠ ᠶᠢ ᠣᠯᠵᠤ ᠪᠠᠷᠢᠵᠤ ᠴᠢᠳᠠᠭ᠎ᠠ ᠦᠭᠡᠢ ︽ᠪᠢᠳᠡᠨ ᠳᠤ ᠪᠠᠶᠠᠷᠬᠠᠵᠤ ᠬᠡᠯᠡᠭᠰᠡᠨ ᠦᠭᠡ︾ ᠬᠡᠮᠡᠨ ᠰᠡᠳᠬᠢᠵᠦ ᠬᠠᠶᠢᠬᠤᠷᠤᠮᠵᠢ ᠦᠭᠡᠢ ᠬᠠᠨᠳᠤᠭᠰᠠᠨ ᠭᠡᠳᠡᠭ᠃ ᠤᠤᠯ ᠨᠢ ᠵᠠᠩᠭᠢᠲᠠᠨ ᠤ ︽ᠵᠢᠷᠭᠤᠭᠠᠨ ᠬᠠᠷ᠎ᠠ ᠮᠣᠷᠢ︾᠂ ︽ᠠᠯᠲᠠᠨ ᠡᠮᠡᠭᠡᠯ︾ ᠭᠡᠳᠡᠭ ᠭᠠᠵᠠᠷ ᠢᠶᠠᠷ ᠬᠢᠯᠢ ᠲᠠᠲᠠᠭᠤᠯᠪᠠᠯ ᠠᠬᠠᠨ ᠳᠠᠭᠦᠦ ᠨᠢᠭᠡ ᠵᠠᠬᠢᠷᠭᠠᠨ ᠳᠤ ᠨᠠᠶᠢᠯᠡᠨ ᠣᠷᠤᠬᠤ ᠶᠤᠮ ᠭᠡᠰᠡᠨ ᠡᠭᠦᠳᠡᠨ ᠠᠴᠠ ᠡᠶᠢᠨ ᠬᠡᠯᠡᠭᠦᠯᠦᠭᠰᠡᠨ ᠪᠠᠶᠢᠵᠠᠢ᠃ ᠡᠬᠢᠨ ᠤ ᠳᠣᠮᠤᠭ ᠲᠤ ᠬᠡᠷᠬᠢᠨ ᠶᠠᠮᠠᠷ ᠰᠢᠯᠲᠠᠭᠠᠨ ᠢᠶᠠᠷ ᠳᠡᠭᠡᠷᠡᠬᠢ ᠨᠤᠲᠤᠭ ᠤᠰᠤ ︽ᠠᠯᠲᠠᠨ ᠡᠮᠡᠭᠡᠯ︾᠂ ︽ᠬᠠᠷ᠎ᠠ ᠮᠣᠷᠢ︾ ᠭᠡᠵᠤ ᠨᠡᠷᠡᠯᠡᠬᠦ ᠪᠣᠯᠤᠭᠰᠠᠨ ᠢ ᠥᠭᠦᠯᠡᠭᠰᠡᠨ ᠪᠣᠯ᠂ ᠤᠳᠠᠭᠠᠬᠢ ᠳᠤᠮᠤᠭ ᠤᠤᠯ ᠨᠡᠷ᠎ᠡ ᠲᠠᠢ ᠨᠤᠲᠤᠭ ᠤᠰᠤ ᠬᠠᠮᠢᠭ᠎ᠠ ᠪᠠᠶᠢᠭ᠎ᠠ ᠶᠢ ᠦᠵᠡᠭᠦᠯᠵᠦ ᠪᠠᠶᠢᠨ᠎ᠠ᠃ 1727 ᠣᠨ ᠎ ᠳᠤ ᠳᠡᠭᠡᠷᠡᠬᠢ ᠨᠡᠷ᠎ᠡ ᠭᠠᠵᠠᠷ ᠤᠰᠤᠨ ᠤ ᠨᠡᠷ᠎ᠡ ᠪᠣᠯᠤᠨ ᠨᠢᠭᠡᠨᠲᠡ ᠬᠡᠪᠰᠢᠭᠰᠡᠨ ᠪᠠᠶᠢᠵᠠᠢ᠃ ︽ᠠᠯᠲᠠᠨ ᠡᠮᠡᠭᠡᠯ︾᠂ ︽ᠬᠠᠷ᠎ᠠ ᠮᠣᠷᠢ︾ ᠨᠡᠷᠡᠲᠦ ᠭᠠᠵᠠᠷ 1727 ᠣᠨ ᠠᠴᠠ ᠬᠤᠶᠢᠰᠢ ᠮᠠᠨᠵᠤ ᠶᠢᠨ ᠡᠵᠡᠮᠰᠢᠯ ᠳᠤ ᠣᠷᠤᠭᠰᠠᠨ ᠪᠣᠯᠬᠤ ᠨᠢ ᠨᠢᠭᠡᠨᠲᠡ ᠲᠣᠳᠤᠷᠬᠠᠢ ᠪᠠᠶᠢᠨ᠎ᠠ᠃ ᠭᠡᠬᠦᠯᠡᠷ ᠣᠳᠤ ᠶᠢᠨ ᠥᠪᠥᠷ ᠮᠣᠩᠭᠤᠯ ᠤᠨ ᠬᠥᠯᠥᠨ ᠪᠣᠶᠢᠷ ᠠᠶᠢᠮᠠᠭ ᠤᠨ ᠰᠢᠨ᠎ᠡ ᠪᠠᠷᠭᠤ ᠪᠠᠷᠠᠭᠤᠨ ᠬᠤᠰᠢᠭᠤᠨ ᠤ ᠲᠥᠪ ︽ᠠᠯᠲᠠᠨ ᠡᠮᠡᠭᠡᠯ︾ ᠪᠠᠶᠢᠬᠤ ᠭᠡᠵᠤ ᠪᠣᠳᠤᠵᠤ ᠪᠠᠶᠢᠨ᠎ᠠ᠃ ᠲᠡᠭᠦᠨ ᠠᠴᠠ ᠨᠠᠭᠠᠰᠢ ︽ᠬᠠᠷ᠎ᠠ ᠮᠣᠷᠢᠲᠤ︾ ᠭᠤᠣᠯ ᠪᠣᠢ᠃ ᠡᠨᠡ ᠭᠤᠣᠯ ᠤᠨ ᠰᠠᠪᠠ ᠭᠠᠵᠠᠷ ᠢ ᠲᠡᠦᠬᠡ ᠳᠣᠮᠤᠭ ᠲᠤ ᠪᠠᠯᠵᠢᠨ ᠨᠤᠲᠤᠭ ᠬᠡᠮᠡᠨ ᠨᠡᠷᠡᠶᠢᠳᠦᠭᠰᠡᠭᠡᠷ ᠢᠷᠡᠵᠡᠢ᠃ ᠥᠭᠡᠷ᠎ᠡ ᠬᠤᠪᠢᠯᠪᠤᠷᠢ ᠎ ᠳᠤ ︽ᠬᠠᠷ᠎ᠠ ᠮᠣᠷᠢ᠂ ᠮᠥᠩᠭᠦᠨ ᠡᠮᠡᠭᠡᠯ︾ ᠭᠡᠰᠡᠨ ᠴᠦ ᠪᠠᠶᠢᠳᠠᠭ᠃ ᠡᠭᠦᠨ ᠯᠦᠭᠡ ᠬᠤᠯᠪᠤᠭ᠎ᠠ ᠲᠠᠢ ᠮᠣᠩᠭᠤᠯ ᠳᠤᠮᠤᠭ ᠴᠦ ᠪᠣᠢ᠃ ᠴᠢᠩᠭᠢᠰ ᠬᠠᠭᠠᠨ ᠮᠣᠷᠢ ᠪᠠᠨ ᠦᠭᠦᠭᠦᠯᠵᠦ᠂ ᠡᠮᠡᠭᠡᠯ ᠢᠶᠠᠨ ᠣᠷᠬᠢᠭᠰᠠᠨ ᠤᠴᠢᠷ ᠪᠠᠷᠭᠤ ᠶᠢᠨ ᠨᠠᠭᠠᠳᠤ ᠵᠠᠬ᠎ᠠ ᠨᠤᠲᠤᠭ ᠲᠤ ︽ᠠᠯᠲᠠᠨ ᠡᠮᠡᠭᠡᠯ︾᠂ ︽ᠠᠷᠳᠠᠭ ᠬᠦᠷᠡᠩ︾ ᠬᠡᠮᠡᠬᠦ ᠠᠭᠤᠯᠠ ᠪᠣᠢ ᠭᠡᠵᠤ ᠭᠠᠷᠳᠠᠭ᠃ ᠳᠡᠭᠡᠷ᠎ᠡ ᠥᠭᠦᠯᠡᠵᠦ ᠪᠣᠢ ︽ᠠᠯᠲᠠᠨ ᠡᠮᠡᠭᠡᠯ︾᠂ ︽ᠬᠠᠷ᠎ᠠ ᠮᠣᠷᠢᠲᠤ︾ ᠴᠥᠮ ᠨᠢᠭᠡ ᠨᠤᠲᠤᠭ ᠤᠰᠤᠨ ᠤ ᠨᠡᠷ᠎ᠡ ᠪᠣᠯᠬᠤ ᠨᠢ ᠭᠠᠵᠠᠷ ᠵᠦᠢ ᠶᠢᠨ ᠲᠠᠯ᠎ᠠ ᠠᠴᠠ ᠮᠡᠷᠭᠤᠭᠠᠨ ᠦᠭᠡᠢ ᠪᠠᠶᠢᠨ᠎ᠠ᠃ ᠬᠠᠷᠢᠨ ᠢᠯᠭᠠᠭ᠎ᠠ ᠲᠠᠢ ᠨᠢ ᠴᠢᠩᠭᠢᠰ ᠬᠠᠭᠠᠨ ᠬᠢᠭᠡᠳ ᠪᠠᠯᠵᠢᠨ ᠬᠠᠲᠤᠨ ᠬᠤᠶᠠᠷ ᠲᠠᠢ ᠬᠤᠯᠪᠤᠭᠰᠠᠨ ᠳᠤ ᠣᠷᠤᠰᠢᠨ᠎ᠠ᠃ ᠴᠢᠩᠭᠢᠪᠡᠰᠦ ᠲᠡᠦᠬᠡ ᠰᠡᠬᠦᠵᠦ ᠦᠵᠡᠶ᠎ᠡ ︽᠁ ᠢᠳᠦᠷᠬᠡᠨ ᠬᠠᠯᠢᠭᠤᠳᠠᠷ᠂ ᠴᠠᠭᠤᠷᠬᠠᠨ ᠬᠤᠶᠠᠷ ᠤᠨ ᠬᠠᠮᠲᠤ ᠦᠭᠡ ᠪᠣᠯᠵᠤᠭᠰᠠᠨ ᠠᠷᠭᠠᠯᠵᠢ — ᠬᠤᠬᠢ ᠭᠡᠳᠡᠭ ᠭᠠᠵᠠᠷ ᠬᠦᠷᠴᠦ ᠢᠷᠡᠭᠡᠳ ᠶᠡᠭᠡ ᠪᠠᠷ᠎ᠠ ︵ᠣᠯᠠᠨ ᠬᠥᠮᠥᠨ᠂ ᠮᠠᠯ︶᠎ ᠶᠢ ᠦᠵᠡᠵᠦ ᠢᠳᠦᠷᠬᠡᠨ ᠡᠯᠴᠢ ᠰᠡᠵᠢᠭᠯᠡᠵᠦ ᠪᠤᠴᠠᠨ ᠲᠤᠲᠠᠭᠠᠪᠠ᠃ ᠬᠠᠯᠢᠭᠤᠳᠠᠷ ᠤᠨ ᠮᠣᠷᠢ ᠬᠤᠷᠳᠤᠨ ᠲᠤᠯᠠ ᠳᠠᠷᠤᠢ ᠨᠡᠭᠡᠵᠦ ᠭᠦᠢᠴᠡᠪᠡᠴᠦ ᠪᠠᠷᠢᠵᠤ ᠴᠢᠳᠠᠬᠤ ᠦᠭᠡᠢ ᠡᠮᠦᠨ᠎ᠡ ᠬᠤᠶᠢᠨ᠎ᠠ ᠨᠢ ᠣᠷᠤᠵᠤ ᠶᠠᠪᠤᠬᠤ ᠳᠤ ᠴᠠᠭᠤᠷᠬᠠᠨ ᠤ ᠮᠣᠷᠢ ᠤᠳᠠᠭᠠᠨ ᠲᠤᠯᠠ ᠬᠤᠶᠢᠨ᠎ᠠ ᠠᠴᠠ ᠨᠢ ᠠᠷᠠᠢ ᠰᠤᠮᠤ ᠬᠦᠷᠬᠦ ᠭᠠᠵᠠᠷ ᠢᠷᠡᠵᠦ ᠢᠳᠦᠷᠬᠡᠨ ᠤ ᠠᠯᠲᠠᠨ ᠡᠮᠡᠭᠡᠯᠲᠦ ᠬᠠᠷ᠎ᠠ ᠮᠣᠷᠢᠨ ᠤ ᠭᠤᠶᠠᠨ ᠤ ᠤᠭ ᠢ ᠬᠤᠶᠢᠰᠢ ᠤᠨᠠᠲᠠᠯ᠎ᠠ ᠬᠠᠷᠪᠤᠵᠠᠢ︾ ︵184 ᠳ᠋ᠤᠭᠡᠷ︶ ᠭᠡᠵᠤ ᠪᠣᠢ᠃ ᠡᠶᠢᠮᠦ ᠳᠤ ︽ᠪᠠᠯᠵᠢᠨ ᠬᠠᠲᠤᠨ ᠤ ᠳᠣᠮᠤᠭ︾᠎ ᠤᠨ ︽ᠠᠯᠲᠠᠨ ᠡᠮᠡᠭᠡᠯ᠂ ᠬᠠᠷ᠎ᠠ ᠮᠣᠷᠢ︾᠎ ᠲᠠᠢ ᠬᠤᠯᠪᠤᠭ᠎ᠠ ᠲᠠᠢ ᠤᠤ︖ ᠭᠡᠰᠡᠨ ᠠᠰᠠᠭᠤᠯᠲᠠ ᠭᠠᠷᠴᠤ ᠪᠠᠶᠢᠨ᠎ᠠ᠃ 18 ᠳ᠋ᠤᠭᠠᠷ ᠵᠠᠭᠤᠨ ᠤ ᠦᠶ᠎ᠡ ᠶᠢᠨ ᠪᠤᠷᠢᠶᠠᠳ ᠤᠨ ᠲᠡᠦᠬᠡᠴᠢᠳ ᠮᠡᠳᠡᠭᠡᠯᠡᠵᠦ ᠪᠠᠶᠢᠭ᠎ᠠ ᠪᠠᠷ᠂ ᠪᠠᠯᠵᠢᠨ ᠬᠠᠲᠤᠨ 1613 ᠣᠨ ᠳᠤ ᠴᠠᠭᠠᠵᠠᠯᠠᠭᠤᠯᠤᠭᠰᠠᠨ᠂ ᠢᠳᠦᠷᠬᠡᠨ ᠡᠯᠴᠢ 1203 ᠣᠨ ᠤ ᠣᠷᠴᠢᠮ ᠬᠠᠰᠠᠷ ᠲᠤ ᠴᠠᠪᠴᠢᠭᠤᠯᠤᠭᠰᠠᠨ ᠣᠨ ᠴᠠᠭ ᠤᠨ ᠬᠤᠪᠢ ᠳᠤ 400 ᠵᠢᠯ ᠤᠨ ᠵᠠᠢ ᠲᠠᠢ ᠪᠣᠯᠪᠠᠴᠤ ᠬᠡᠷᠦᠯᠦᠨ ᠮᠥᠷᠡᠨ ᠤ ᠠᠷᠭᠠᠯᠵᠢ ᠬᠤᠬᠢ ︵ᠠᠷᠤᠬᠠᠰᠢᠶᠠᠲᠤ︶᠂ ᠣᠳᠤ ᠶᠢᠨ ᠮᠣᠩᠭᠤᠯ ᠬᠢᠲᠠᠳ ᠤᠨ ᠬᠢᠯᠢ ᠶᠢᠨ ᠪᠣᠭᠤᠮᠲᠠ ᠭᠠᠵᠠᠷ ︵ᠠᠯᠲᠠᠨ ᠡᠮᠡᠭᠡᠯ᠂ ᠲᠡᠮᠡᠭᠡᠨ ᠬᠤᠭᠤᠯᠠᠢ︶ ᠬᠡᠮᠡᠬᠦ ᠭᠠᠵᠠᠷ ᠤᠰᠤ ᠡᠳᠦᠭᠡ ᠬᠠᠶᠠᠭ᠎ᠠ ᠵᠠᠯᠭᠠᠨ ᠪᠠᠶᠢᠭ᠎ᠠ ᠶᠢ ᠠᠩᠬᠠᠷᠪᠠᠰᠤ ᠦᠢᠯᠡ ᠶᠠᠪᠤᠳᠠᠯ ᠤᠨ ᠥᠷᠨᠢᠭᠰᠡᠨ ᠣᠷᠤᠨ ᠵᠠᠢ ᠨᠢᠭᠡ ᠪᠠᠶᠢᠭ᠎ᠠ ᠭᠡᠵᠤ ᠦᠵᠡᠵᠦ ᠪᠣᠯᠤᠨ᠎ᠠ᠃ ᠡᠭᠦᠨ ᠠᠴᠠ ᠣᠯᠤᠭᠰᠠᠨ ᠨᠢ᠄       ⒈ᠲᠡᠦᠬᠡᠨ ᠬᠥᠮᠥᠨ ︽ᠢᠳᠦᠷᠬᠡᠨ ᠡᠯᠴᠢ︾᠎ ᠶᠢᠨ ︽ᠠᠯᠲᠠᠨ ᠡᠮᠡᠭᠡᠯᠲᠦ ᠬᠠᠷ᠎ᠠ ᠮᠣᠷᠢ︾ ᠠᠩᠬᠠᠳᠠᠭᠴᠢ ᠪᠣᠯᠵᠤ ᠪᠠᠶᠢᠨ᠎ᠠ᠃ ᠪᠠᠯᠵᠢᠨ ᠬᠠᠲᠤᠨ ᠤ ︽ᠠᠯᠲᠠᠨ ᠡᠮᠡᠭᠡᠯᠲᠦ ᠬᠠᠷ᠎ᠠ ᠮᠣᠷᠢ︾ ᠬᠤᠶᠠᠳᠠᠭᠴᠢ ᠪᠣᠯᠵᠤ ᠪᠠᠶᠢᠨ᠎ᠠ᠃      ⒉ᠢᠳᠦᠷᠬᠡᠨ ᠡᠯᠴᠢ ᠴᠢᠩᠭᠢᠰ ᠬᠠᠭᠠᠨ ᠤ ᠵᠠᠷᠯᠢᠭ ᠢᠶᠠᠷ ᠠᠯᠠᠭᠳᠠᠭᠰᠠᠨ ᠪᠣᠯ ᠪᠠᠯᠵᠢᠨ ᠬᠠᠲᠤᠨ ᠪᠦᠪᠡᠢ ᠪᠡᠶᠢᠯᠡ ᠬᠠᠭᠠᠨ ᠤ ᠵᠠᠷᠯᠢᠭ ᠢ ᠡᠰᠡ ᠳᠠᠪᠠᠭᠰᠠᠨ ᠪᠢᠯᠡ᠃ ᠳᠡᠭᠡᠷ᠎ᠡ ᠥᠭᠦᠯᠡᠭᠰᠡᠨ ᠬᠤᠪᠢᠯᠪᠤᠷᠢ ᠳᠤ ︽ᠴᠢᠩᠭᠢᠰ ᠬᠠᠭᠠᠨ ᠠᠯᠲᠠᠨ ᠡᠮᠡᠭᠡᠯ ᠢᠶᠠᠨ ᠣᠷᠬᠢᠭᠰᠠᠨ᠂ ᠮᠣᠷᠢ ᠪᠠᠨ ᠦᠬᠦᠭᠦᠯᠦᠭᠰᠡᠨ ᠤᠴᠢᠷ ᠲᠠᠶᠢᠨ ᠨᠡᠷᠡᠯᠡᠭᠰᠡᠨ︾ ᠬᠡᠮᠡᠬᠦ ᠨᠢ ᠪᠠᠰᠠ ᠦᠨ᠎ᠡ ᠲᠠᠢ ᠮᠡᠳᠡᠭᠡᠯᠡᠯ ᠠᠵᠠᠢ᠃ ᠬᠠᠰᠠᠷ ᠤᠨ ᠬᠤᠷᠤᠭᠠᠭᠰᠠᠨ ︽ᠢᠳᠦᠷᠬᠡᠨ ᠵᠠᠭᠠᠷᠢᠨ ᠤ ᠠᠯᠲᠠᠨ ᠡᠮᠡᠭᠡᠯ︾ ᠶᠡᠷᠦ ᠨᠢ ᠢᠳᠦᠷᠬᠡᠨ ᠎ ᠤ ︽ᠬᠠᠷ᠎ᠠ ᠮᠣᠷᠢ︾᠂ ︽ᠠᠯᠲᠠᠨ ᠡᠮᠡᠭᠡᠯ︾᠎ ᠠᠴᠠ ᠡᠭᠦᠳᠦᠨ ᠤᠤᠯ ᠬᠡᠷᠡᠭ ᠶᠠᠪᠤᠳᠠᠯ ᠪᠣᠯᠤᠭᠰᠠᠨ ᠠᠭᠤᠯᠠ᠂ ᠤᠰᠤ ᠶᠢ ᠲᠡᠶᠢᠨ ᠨᠡᠷᠡᠶᠢᠳᠦᠭᠰᠡᠨ ᠪᠣᠯᠵᠤ ᠲᠠᠭᠠᠷᠠᠯ᠎ᠠ ᠃ ᠢᠳᠦᠷᠬᠡᠨ ᠤ ᠮᠣᠷᠢ᠂ ᠡᠮᠡᠭᠡᠯ ᠢ ᠡᠶᠢᠨ ᠣᠩᠭᠤᠯᠠᠨ ᠳᠠᠭᠡᠳᠦᠯᠡᠬᠦ ᠪᠣᠯᠤᠭᠰᠠᠨ ᠨᠢ ᠲᠡᠷᠡ ᠪᠠᠷ ᠶᠡᠭᠡ ᠡᠷᠲᠡᠨ ᠤ ᠰᠤᠷᠪᠤᠯᠵᠢᠲᠤ ᠵᠠᠭᠠᠷᠢᠨ ᠮᠥᠨ ᠪᠠᠶᠢᠭᠰᠠᠨ ᠢ ᠬᠡᠯᠡᠵᠦ ᠪᠠᠶᠢᠨ᠎ᠠ᠃ ᠲᠡᠷᠡ ᠪᠠᠷ ᠰᠡᠵᠢᠭᠯᠡᠨ ᠲᠤᠲᠠᠭᠠᠵᠤ ᠶᠠᠪᠤᠬᠤ ᠳᠠᠭᠠᠨ ᠬᠠᠯᠢᠭᠤᠳᠠᠷ ᠲᠠᠢ ᠣᠭᠲᠤ ᠡᠰᠡ ᠬᠠᠷᠪᠤᠯᠳᠤᠭᠰᠠᠨ ᠢ ᠪᠣᠳᠤᠬᠤᠯ᠎ᠠ ᠠᠭᠰᠠᠭᠰᠠᠨ ᠵᠡᠪᠰᠡᠭ ᠦᠭᠡᠢ ᠪᠠᠶᠢᠭᠰᠠᠨ ᠨᠢ ᠢᠯᠡᠳᠲᠡ ᠪᠦᠭᠡᠳ ᠡᠨᠡ ᠬᠦ ᠳᠦᠷᠢ ᠪᠠᠶᠢᠳᠠᠯ ᠨᠢ ᠢᠳᠦᠷᠬᠡᠨ ᠤ ᠬᠡᠨ ᠪᠣᠯᠬᠤ ᠶᠢ ᠬᠡᠯᠡᠵᠦ ᠪᠠᠶᠢᠬᠤ ᠮᠡᠲᠦ᠃ ᠡᠯᠴᠢ ᠮᠠᠨᠢ ᠣᠶᠤᠨ ᠪᠢᠯᠢᠭ ᠎ ᠤᠨ ᠠᠯᠪᠠ ᠬᠠᠰᠢᠳᠠᠭ᠂ ᠨᠢᠭᠡ ᠶᠣᠰᠤᠨ ᠤ ︽ᠪᠢᠯᠢᠭ ᠪᠠᠭᠠᠲᠤᠷ ᠪᠣᠯ ᠲᠦᠮᠡᠨ ᠢ ᠳᠠᠭᠠᠭᠤᠯᠤᠮᠤᠢ︾ ᠬᠡᠮᠡᠨ ᠰᠡᠳᠬᠢᠭᠴᠢ ︽ᠵᠠᠭᠠᠷᠢᠨ︾ ᠬᠥᠮᠥᠨ ᠪᠠᠶᠢᠵᠠᠢ᠃ ᠯᠤᠪᠰᠠᠩᠳᠠᠩᠽᠠᠩ ᠤᠨ ︽ᠠᠯᠲᠠᠨ ᠲᠣᠪᠴᠢ︾᠎ ᠳᠤ ︽ᠮᠣᠩᠭᠤᠯ ᠤᠨ ᠨᠢᠭᠤᠴᠠ ᠲᠣᠪᠴᠢᠶᠠᠨ︾᠎ ᠤ ᠡᠯ᠎ᠡ ᠦᠢᠯᠡ ᠶᠠᠪᠤᠳᠠᠯ ᠣᠷᠤ ᠲᠠᠰᠤ ᠣᠷᠬᠢᠭᠳᠠᠭᠰᠠᠨ    ︵184 ᠳ᠋ᠤᠭᠡᠷ ᠦᠯᠢᠭᠡᠷ︶᠎ ᠨᠢ 1660 ᠊ᠭᠠᠳ ᠣᠨ ᠤ ᠦᠶ᠎ᠡ ᠠᠴᠠ ᠵᠣᠬᠢᠶᠠᠭᠴᠢ ᠨᠢ ︽ᠬᠠᠷ᠎ᠠ ᠶᠢᠨ ᠵᠦᠭ ᠤᠨ ᠪᠥᠭᠡ ᠵᠠᠭᠠᠷᠢᠨ ᠨᠠᠷ ᠤᠨ ᠲᠠᠯ᠎ᠠ ᠪᠠᠷ︾ ᠰᠤᠷᠪᠤᠯᠵᠢ ᠲᠡᠦᠬᠡᠨ᠎ᠡ ᠲᠡᠮᠳᠡᠭᠯᠡᠨ ᠦᠯᠡᠳᠡᠭᠡᠬᠦ ᠰᠣᠨᠢᠷᠬᠠᠯ ᠦᠭᠡᠢ ᠶᠢᠨ ᠤᠯᠠᠮ ᠠᠴᠠ ᠵᠣᠷᠢᠭᠤᠳᠠ ᠬᠤᠶᠢᠰᠢ ᠲᠠᠯᠪᠢᠭᠰᠠᠨ ᠪᠣᠯᠬᠤ ᠶᠢ ᠭᠡᠷᠡᠴᠢᠯᠡᠵᠦ᠂ ᠪᠠᠰᠠ ᠢᠳᠦᠷᠬᠡᠨ ᠬᠡᠷᠡᠶᠢᠳ ᠤᠨ ᠶᠡᠭᠡ ᠵᠠᠭᠠᠷᠢᠲᠠᠨ ᠪᠠᠶᠢᠭᠰᠠᠨ ᠢ ᠳᠠᠪᠬᠤᠷ ᠨᠣᠲᠠᠯᠠᠵᠤ ᠪᠠᠶᠢᠨ᠎ᠠ᠃      ⒊ᠢᠳᠦᠷᠬᠡᠨ ᠲᠠᠢ ᠬᠤᠯᠪᠤᠭᠳᠠᠬᠤ ᠦᠢᠯᠡ ᠶᠠᠪᠤᠳᠠᠯ ᠪᠥᠭᠡ ᠮᠥᠷᠭᠦᠯ ᠤᠨ ᠳᠠᠭᠤᠳᠠᠯᠭ᠎ᠠ᠂ ᠳᠣᠮᠤᠭ ᠲᠤ ᠤᠯᠠᠮᠵᠢᠯᠠᠭᠳᠠᠨ ᠢᠷᠡᠭᠰᠡᠨ ︽ᠬᠡᠳᠡᠷᠬᠡᠨ︾᠂ ︽хэтэрхэн︾᠂ ︽ᠡᠲᠶ᠋ᠢᠷᠺᠧᠨ︾᠂ ︽ᠰᠡᠳᠡᠷᠬᠡᠨ︾ ᠬᠡᠮᠡᠨ ᠨᠡᠷᠡᠯᠡᠭᠳᠡᠬᠦ ᠲᠡᠷᠡ ᠪᠠᠷ ᠶᠡᠬᠡᠪᠴᠢᠯᠡᠨ ︽ᠢᠳᠤᠭᠠᠨ︾ ᠪᠢᠯᠡ᠃ ᠴᠢᠩᠭᠢᠬᠦᠯᠡᠷ᠂ ᠪᠠᠯᠵᠢᠨ ᠬᠠᠲᠤᠨ ︽ᠳᠠᠯᠠᠨ ᠨᠢᠭᠡᠨ ᠬᠤᠪᠢᠯᠭᠠᠨ ᠡᠷᠳᠡᠮ︾᠎ ᠲᠠᠢ ᠪᠠᠶᠢᠭᠰᠠᠨ᠃ ︽ᠤᠰᠤ᠂ ᠴᠠᠰᠤ︾ ᠪᠣᠯᠤᠨ ᠬᠤᠪᠢᠷᠠᠳᠠᠭ ᠪᠠᠶᠢᠭᠰᠠᠨ ᠪᠣᠯᠬᠤᠷ ᠢᠳᠦᠷᠬᠡᠨ ᠲᠠᠢ ᠲᠡᠩᠴᠡᠬᠦ ᠡᠷᠳᠡᠮ ᠲᠠᠢ ᠪᠠᠶᠢᠨ᠎ᠠ᠃ ᠡᠶᠢᠮᠦ ᠳᠤ ᠬᠤᠶᠠᠷ ᠪᠠᠭᠠᠲᠤᠷ ᠮᠠᠨᠢ ︽ᠠᠵᠢᠯ ᠮᠡᠷᠭᠡᠵᠢᠯ ᠤᠨ ᠴᠢᠭᠯᠡᠯ︾ ᠨᠢᠭᠡ ︽ᠵᠠᠭᠠᠷᠢᠨ︾᠂ ︽ᠢᠳᠤᠭᠠᠨ︾ ᠶᠤᠮ᠃ ᠠᠳᠡ ᠠᠴᠠ ︽ᠢᠳᠦᠷᠬᠡᠨ ᠡᠯᠴᠢ︾ ᠦᠨᠡᠬᠡᠷ ᠵᠠᠭᠠᠷᠢᠨ ᠬᠥᠮᠥᠨ ᠪᠠᠶᠢᠭᠰᠠᠨ ᠢ ︽ᠪᠠᠯᠵᠢᠨ ᠬᠠᠲᠤᠨ ᠤ ᠳᠤᠮᠤᠭ︾᠎ ᠤᠨ ᠪᠠᠯᠵᠢᠨ ᠬᠠᠲᠤᠨ ᠤ ᠳᠦᠷᠢ ᠪᠠᠰᠠ ᠳᠠᠪᠬᠤᠷ ᠪᠠᠲᠤᠯᠠᠵᠤ ᠥᠭᠴᠦ ᠪᠠᠶᠢᠨ᠎ᠠ᠃     ⒋ᠪᠠᠯᠵᠢᠨ ᠬᠠᠲᠤᠨ ᠪᠤᠷᠬᠠᠨ ᠤ ᠱᠠᠰᠢᠨ ᠳᠡᠯᠭᠡᠷᠡᠭᠰᠡᠨ ᠣᠷᠴᠢᠨ ᠳᠤ ᠲᠥᠷᠦᠵᠦ ᠬᠥᠮᠥᠵᠢᠭᠰᠡᠨ ᠮᠣᠩᠭᠤᠯ ᠤᠨ 17 ᠳ᠋ᠤᠭᠠᠷ ᠵᠠᠭᠤᠨ ᠤ ᠦᠶ᠎ᠡ ᠶᠢᠨ ᠬᠠᠭᠠᠳ ᠎ ᠤᠨ ᠠᠯᠲᠠᠨ ᠤᠷᠤᠭ ᠤᠨ ᠲᠥᠯᠥᠭᠡᠯᠡᠭᠴᠢ ᠮᠥᠨ ᠤ ᠬᠤᠪᠢ ᠳᠤ ᠪᠤᠶᠠᠨ ᠨᠣᠮ ᠤᠨ ᠦᠢᠯᠡ ᠶᠢ ᠡᠷᠬᠢᠮᠯᠡᠨ ᠳᠡᠭᠡᠳᠦᠯᠡᠳᠡᠭ ᠢᠶᠠᠷ ᠢᠶᠠᠨ 13 ᠳ᠋ᠤᠭᠠᠷ ᠵᠠᠭᠤᠨ ᠤ ᠦᠶ᠎ᠡ ᠶᠢᠨ ᠬᠠᠷ᠎ᠠ ᠶᠢᠨ ᠵᠦᠭ ᠤᠨ ᠪᠥᠭᠡ ᠮᠥᠷᠭᠦᠯᠲᠡᠨ ᠠᠴᠠ ᠡᠷᠡᠰ ᠢᠯᠭᠠᠭ᠎ᠠ ᠲᠠᠢ ᠶᠤᠮ᠃ ᠬᠠᠷᠢᠨ ᠬᠤᠷᠢ ᠪᠤᠷᠢᠶᠠᠳ ᠨᠠᠷ ︽ᠪᠠᠯᠵᠢᠨ ᠬᠠᠲᠤᠨ ᠤ ᠳᠤᠮᠤᠭ︾ ᠎ ᠲᠠᠭᠠᠨ      ︽ᠨᠢᠭᠤᠴᠠ ᠲᠣᠪᠴᠢᠶᠠᠨ︾᠎ ᠳᠤ ᠪᠢᠴᠢᠭᠡᠰᠦ ᠲᠠᠢ ᠪᠣᠢ᠃ ᠠᠮᠠ ᠪᠠᠷ ᠤᠯᠠᠮᠵᠢᠯᠠᠭᠳᠠᠨ ᠢᠷᠡᠭᠰᠡᠨ ᠭᠠᠵᠠᠷ ᠤᠰᠤᠨ ᠤ ᠨᠡᠷ᠎ᠡ ᠪᠣᠯᠤᠨ ᠳᠤᠮᠤᠭᠰᠢᠭᠰᠠᠨ ᠢᠳᠦᠷᠬᠡᠨ ᠤ ︽ᠠᠯᠲᠠᠨ ᠡᠮᠡᠭᠡᠯ︾᠂ ︽ᠬᠠᠷ᠎ᠠ ᠮᠣᠷᠢ︾᠎ ᠶᠢ ᠰᠢᠭᠢᠳᠬᠡᠭᠡ ᠪᠣᠯᠭᠠᠨ ᠠᠰᠢᠭᠯᠠᠭᠰᠠᠨ ᠨᠢ ᠠᠯᠢᠪᠠ ᠳᠤᠮᠤᠭ ᠤᠷᠢᠳ ᠬᠤᠵᠢᠳ ᠤᠨ ᠪᠡᠯᠡᠨ ᠰᠡᠴᠡᠨ ᠤᠷᠠᠨ ᠰᠠᠶᠢᠬᠠᠨ ᠤ ᠳᠦᠷᠰᠦᠯᠡᠯ ᠢᠶᠠᠷ ᠢᠮᠠᠭᠲᠠ ᠪᠠᠶᠠᠵᠢᠵᠤ ᠪᠠᠶᠢᠳᠠᠭ ᠲᠠᠢ ᠬᠤᠯᠪᠤᠭ᠎ᠠ ᠲᠠᠢ ᠭᠡᠵᠤ ᠦᠵᠡᠮᠡᠷ ᠪᠠᠶᠢᠨ᠎ᠠ᠃ ᠤᠷᠠᠨ ᠰᠠᠶᠢᠬᠠᠨ ᠤ ᠰᠢᠭᠢᠳᠬᠡᠬᠡ ᠣᠨ ᠴᠠᠭ ᠤᠨ ᠤᠷᠲᠤ ᠳᠤ ᠤᠯᠠᠮ ᠤᠯᠠᠮ ᠢᠶᠠᠷ ᠥᠩᠭᠡᠵᠢᠨ ᠪᠣᠯᠪᠠᠰᠤᠷᠠᠵᠤ ᠰᠢᠨ᠎ᠡ ᠰᠢᠨ᠎ᠡ ᠳᠤᠮᠤᠭᠲᠤ ᠪᠠᠭᠠᠲᠤᠷ ᠤᠳ ᠤᠨ ᠴᠢᠮᠡᠭ ᠪᠣᠯᠤᠨ ᠰᠢᠵᠢᠷᠯᠡᠨ ᠪᠠᠶᠢᠬᠤ ᠵᠢᠮ ᠎ ᠲᠠᠢ ᠠᠵᠠᠢ᠃     ⒌ᠲᠡᠦᠬᠡ ᠳᠤᠮᠤᠭ ᠬᠤᠶᠠᠷ ᠲᠤ ᠪᠣᠢ ︽ᠬᠠᠷ᠎ᠠ ᠮᠣᠷᠢ︾᠂ ︽ᠠᠯᠲᠠᠨ ᠡᠮᠡᠭᠡᠯ︾ ᠨᠢᠭᠡᠨ ᠦᠢᠯᠡ ᠶᠠᠪᠤᠳᠠᠯ ᠠᠴᠠ ᠡᠭᠦᠳᠦᠯ ᠲᠠᠢ ᠨᠢᠭᠡ ᠵᠦᠢᠯ ᠪᠥᠭᠡᠳ 13 ᠳ᠋ᠤᠭᠠᠷ ᠵᠠᠭᠤᠨ ᠤ ᠦᠶ᠎ᠡ ᠶᠢᠨ ᠬᠡᠷᠡᠶᠢᠳ ᠤᠯᠤᠰ ᠤᠨ ᠲᠣᠭᠤᠷᠢᠯ ᠬᠠᠨ ︵ᠸᠠᠩ︶ ᠲᠡᠭᠦᠨ ᠤ ᠲᠣᠭᠤᠷᠢᠨ ᠬᠦᠷᠢᠶᠡᠯᠡᠭᠴᠢᠳ            ︵ᠢᠳᠦᠷᠬᠡᠨ᠂ ᠢᠪᠠᠭ᠎ᠠ ᠪᠠᠬᠢ︶ ᠲᠡᠦᠬᠡᠨ ᠦᠢᠯᠡ ᠬᠡᠷᠡᠭ ᠬᠤᠷᠢ ᠪᠤᠷᠢᠶᠠᠳ ᠤᠨ ᠳᠤᠮᠳᠠ ᠳᠤᠷᠠᠳᠤᠭᠰᠠᠨ ᠪᠠᠶᠢᠳᠠᠯ ᠢᠶᠠᠷ ᠤᠯᠠᠮᠵᠢᠯᠠᠭᠳᠠᠨ ᠢᠷᠡᠭᠰᠡᠨ ᠢ‌ᠨᠣᠲᠠᠯᠠᠵᠤ ᠥᠭᠴᠦ ᠪᠠᠶᠢᠨ᠎ᠠ᠃ ᠡᠭᠦᠨ ᠳᠤ᠄ ⑴ᠸᠠᠩ ᠬᠠᠨ ᠤ ᠲᠡᠷᠢᠭᠦᠨ ᠢ ᠬᠤᠷᠢ ᠪᠤᠷᠢᠶᠠᠳ ᠨᠠᠷ ᠡᠳᠦᠭᠡ ᠬᠦᠷᠲᠡᠯ᠎ᠡ ᠲᠠᠬᠢᠳᠠᠭ᠃ ᠢᠩᠭᠢᠭᠰᠡᠨ ᠢᠶᠠᠷ ᠬᠡᠷᠡᠶᠢᠳ ᠬᠠᠨ ᠢ ᠰᠢᠲᠦᠭᠡᠨ ᠪᠣᠯᠭᠠᠭᠰᠠᠨ᠃ ⑵ᠢᠳᠦᠷᠬᠡᠨ ︵ᠡᠲ᠋ᠢᠷᠺᠠᠨ᠂ ᠬᠡᠳᠡᠷᠬᠡᠨ᠂ ᠰᠡᠳᠡᠷᠬᠡᠨ︶ ᠵᠠᠭᠠᠷᠢᠨ ᠤ ᠣᠩᠭᠤ ᠳᠠᠭᠤᠳᠠᠳᠠᠭ᠃ ᠲᠤᠬᠠᠢ ᠶᠢᠨ ᠴᠠᠭ ᠦᠶ᠎ᠡ ᠳᠡᠭᠡᠨ ︵1203 ᠣᠨ︶ ᠶᠡᠭᠡ ᠵᠠᠭᠠᠷᠢᠨ ᠠᠭᠰᠠᠨ ᠲᠡᠭᠦᠨ ᠢ ᠬᠤᠷᠢ ᠪᠤᠷᠢᠶᠠᠳ ᠨᠠᠷ ᠤᠨ ᠪᠥᠭᠡ ᠢᠳᠤᠭᠠᠨ ᠬᠥᠮᠥᠰ ᠤᠷᠢᠨ ᠳᠠᠭᠤᠳᠠᠨ ᠬᠡᠯᠡᠯᠴᠡᠳᠡᠭ᠃ ᠢᠩᠭᠢᠭᠰᠡᠨ ᠢᠶᠠᠷ ᠬᠡᠷᠡᠶᠢᠳ ᠤᠨ ᠪᠥᠭᠡ ᠮᠥᠷᠭᠦᠯ ᠤᠨ ᠵᠠᠩ ᠦᠢᠯᠡ ᠶᠢ ᠵᠦᠢ ᠶᠣᠰᠤ ᠪᠠᠷ ᠬᠠᠳᠠᠭᠠᠯᠠᠵᠤ ᠢᠷᠡᠭᠰᠡᠨ᠃ ⑶ᠸᠠᠩ ᠬᠠᠨ ᠤ ᠲᠤᠬᠠᠢ ︽ᠠᠪᠠᠭᠠᠯᠳᠠᠢ ᠶᠢᠨ ᠳᠤᠮᠤᠭ︾ ᠡᠳᠦᠭᠡ ᠬᠦᠷᠲᠡᠯ᠎ᠡ ᠬᠡᠯᠡᠯᠴᠡᠨ ᠪᠣᠢ᠃ ︵ᠲᠣᠭᠤᠷᠢᠯ ᠬᠠᠨ᠂ ᠢᠳᠦᠷᠬᠡᠨ᠂ ᠢᠪᠠᠭ᠎ᠠ ᠬᠠᠲᠤᠨ᠂ ᠠᠯᠲᠠᠨ ᠡᠮᠡᠭᠡᠯ᠂ ᠬᠠᠷ᠎ᠠ ᠮᠣᠷᠢ᠂ ᠊ᠭ᠊᠂ ᠮ᠊︶ ⑷17 ᠳ᠋ᠤᠭᠠᠷ ᠵᠠᠭᠤᠨ ᠤ ᠦᠶ᠎ᠡ ᠠᠴᠠ ᠵᠣᠬᠢᠶᠠᠭᠳᠠᠭᠰᠠᠨ ︽ᠪᠠᠯᠵᠢᠨ ᠬᠠᠲᠤᠨ ᠤ ᠳᠤᠮᠤᠭ︾᠎ ᠨᠢ 13 ᠳ᠋ᠤᠭᠠᠷ ᠵᠠᠭᠤᠨ ᠤ ᠲᠡᠦᠬᠡᠨ ᠡᠭᠦᠳᠦᠯᠲᠡ ᠲᠠᠢ ᠳᠣᠮᠤᠭ ᠎ ᠠᠴᠠ ᠵᠣᠬᠢᠶᠠᠮᠵᠢ᠂ ᠤᠷᠠᠨ ᠰᠠᠶᠢᠬᠠᠨ ᠤ ᠰᠢᠮ᠎ᠡ ᠠᠪᠴᠤ ᠪᠠᠶᠠᠵᠢᠭᠰᠠᠨ ᠪᠠᠶᠢᠨ᠎ᠠ᠃                                      ︽ᠪᠤᠷᠢᠶᠠᠳ ᠤᠨ ᠢᠵᠠᠭᠤᠷ ᠳᠤᠮᠤᠭ ᠤᠨ ᠲᠣᠪᠴᠢᠶᠠᠨ︾                                       ᠬᠡᠮᠡᠬᠦ ᠨᠣᠮ ᠠᠴᠠ ᠫᠦ᠊ · ᠪᠠᠽᠠᠷᠳᠢᠪᠢ ᠪᠠᠭᠤᠯᠭᠠᠪᠠ                                       2012 ᠣᠨ ᠤ 12 ᠰᠠᠷ᠎ᠠ ᠶᠢᠨ 12᠎ ᠤᠨ ᠡᠳᠦᠷ
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ