ᠪᠠᠷᠭᠤ ᠶᠢᠨ ᠠᠮᠠᠨ ᠠᠶᠠᠯᠭᠤᠨ ᠤ ᠦᠭᠡᠰ ᠤᠨ ᠰᠠᠩ ᠤᠨ ᠪᠦᠷᠢᠯᠳᠦᠬᠦᠨ ᠤ ᠣᠨᠴᠠᠯᠢᠭ
ᠨᠡᠶᠢᠲᠡᠯᠡᠭᠰᠡᠨ ᠴᠠᠭ᠄
2017/11/8
ᠳ᠋ᠣᠺᠲ᠋ᠤᠷ᠂ ᠫᠷᠦᠹᠧᠰᠰᠤᠷ ᠭ᠊ · ᠭᠠᠩᠲᠤᠭᠲᠠᠬᠤ ︵ᠮᠣᠩᠭᠤᠯ︶       ᠪᠠᠷᠭᠤ ᠶᠢᠨ ᠠᠮᠠᠨ ᠠᠶᠠᠯᠭᠤᠨ ᠤ ᠦᠭᠡᠰ ᠤᠨ       ᠰᠠᠩ  ᠎ ᠤᠨ  ᠪᠦᠷᠢᠯᠳᠦᠬᠦᠨ  ᠎ ᠤ  ᠣᠨᠴᠠᠯᠢᠭ       ᠪᠠᠷᠭᠤ ᠶᠢᠨ ᠠᠮᠠᠨ ᠠᠶᠠᠯᠭᠤ ᠶᠢ ᠪᠠᠷᠭᠤ ᠪᠤᠷᠢᠶᠠᠳ ᠤᠨ ᠠᠶᠠᠯᠭᠤᠨ ᠳᠤ ᠪᠠᠭᠲᠠᠭᠠᠵᠤ ᠰᠤᠳᠤᠯᠤᠭᠰᠠᠭᠠᠷ ᠢᠷᠡᠭᠰᠡᠨ ᠰᠤᠳᠤᠯᠭᠠᠨ ᠤ ᠤᠯᠠᠮᠵᠢᠯᠠᠯ ᠲᠠᠢ᠃ ᠡᠨᠡ ᠨᠢ ᠦᠦᠬᠡ ᠲᠡᠦᠬᠡ᠂ ᠤᠭᠰᠠᠭ᠎ᠠ ᠭᠠᠷᠪᠠᠯᠢ᠂ ᠥᠪ ᠤᠯᠠᠮᠵᠢᠯᠠᠯ᠂ ᠡᠰᠡᠪᠡᠯ ᠠᠶᠠᠯᠭᠤᠨ ᠤ ᠳᠠᠭᠤᠳᠠᠯᠭ᠎ᠠ ᠶᠢᠨ ᠬᠡᠪ ᠰᠢᠨᠵᠢ ᠵᠡᠷᠭᠡ ᠣᠯᠠᠨ ᠲᠠᠯ᠎ᠠ ᠶᠢ ᠬᠠᠮᠤᠷᠤᠭᠰᠠᠨ ᠤᠯᠠ ᠰᠠᠭᠤᠷᠢ ᠲᠠᠢ ᠠᠩᠭᠢᠯᠠᠯ ᠭᠡᠳᠡᠭ ᠨᠢ ᠮᠠᠷᠭᠤᠭᠠᠨ ᠦᠭᠡᠢ ᠦᠨᠡᠨ᠃ ᠡᠶᠢᠮᠦ ᠤᠴᠢᠷ ᠠᠴᠠ ᠮᠢᠨᠦ ᠪᠡᠶ᠎ᠡ ᠮᠣᠩᠭᠤᠯ ᠤᠯᠤᠰ ᠲᠤ ᠣᠷᠤᠰᠢᠨ ᠰᠠᠭᠤᠳᠠᠭ ᠳᠣᠷᠤᠨᠠᠳᠤ ᠠᠶᠢᠮᠠᠭ ᠤᠨ ᠭᠤᠷᠪᠠᠨ ᠵᠠᠭᠠᠯ᠂ ᠬᠥᠯᠥᠨ ᠪᠣᠶᠢᠷ᠂ ᠲᠥᠪ ᠠᠶᠢᠮᠠᠭ ᠤᠨ ᠠᠪᠳᠠᠷ᠎ᠠ ᠪᠠᠶᠠᠨ ᠰᠤᠮᠤᠨ ᠤ ︵ᠬᠠᠭᠤᠴᠢᠨ ᠨᠡᠷ᠎ᠡ︶ ᠪᠠᠷᠭᠤ ᠨᠠᠷ ᠎ ᠤᠨ ᠶᠠᠷᠢᠯᠴᠠᠬᠤ ᠦᠭᠡ ᠬᠡᠯᠡᠯᠭᠡ ᠶᠢ ᠪᠠᠶᠢᠴᠠᠭᠠᠨ ᠲᠡᠮᠳᠡᠭᠯᠡᠵᠦ ᠠᠪᠤᠭᠰᠠᠨ ᠢᠶᠠᠨ   ︽ᠪᠤᠷᠢᠶᠠᠳ ᠠᠶᠠᠯᠭᠤᠨ ᠤ ᠲᠣᠯᠢ︾ ᠬᠡᠮᠡᠬᠦ ᠨᠣᠮ ᠳᠤ ᠪᠠᠨ ᠪᠠᠷᠭᠤ ᠠᠮᠠᠨ ᠠᠶᠠᠯᠭᠤᠨ ᠤ ᠥᠪᠡᠷᠮᠢᠴᠡ ᠳᠠᠭᠤᠳᠠᠯᠭ᠎ᠠ ᠲᠠᠢ 1300 ᠣᠷᠴᠢᠮ ᠦᠭᠡ ᠰᠣᠩᠭᠤᠵᠤ ᠣᠷᠤᠭᠤᠯᠤᠭᠰᠠᠨ ᠶᠤᠮ᠃ ᠮᠥᠨ ᠲᠡᠷᠡᠴᠢᠯᠡᠨ ᠪᠠᠷᠭᠤ ᠶᠢᠨ ᠠᠮᠠᠨ ᠠᠶᠠᠯᠭᠤᠨ ᠎ ᠤ ᠦᠭᠡᠰ ᠢ ᠲᠡᠮᠳᠡᠭᠯᠡᠭᠰᠡᠨ ᠰᠢᠨ᠎ᠡ ᠪᠠᠷᠭᠤ᠂ ᠬᠠᠭᠤᠴᠢᠨ ᠪᠠᠷᠭᠤ ᠰᠤᠳᠤᠯᠤᠯ ᠤᠨ ᠦᠭᠡᠰ ᠤᠨ ᠴᠧᠰᠧ ᠶᠢ ︵чэсийг︶ ᠨᠢᠭᠲᠠᠯᠠᠨ ᠥᠪᠡᠷ ᠬᠤᠭᠤᠷᠤᠨᠳᠤ ᠨᠢ ᠰᠠᠶᠢᠲᠤᠷ ᠬᠠᠷᠢᠴᠠᠭᠤᠯᠤᠨ ᠦᠵᠡᠭᠰᠡᠨ ᠪᠢᠯᠡ᠃ ︵ᠨᠣᠮ ᠵᠦᠢ ᠳᠤ ᠦᠵᠡᠨ᠎ᠡ ᠦᠦ︶      ᠪᠠᠷᠭᠤ ᠶᠢᠨ ᠠᠮᠠᠨ ᠠᠶᠠᠯᠭᠤ ᠨᠢ ᠳᠠᠩ ᠢᠶᠠᠷ ᠢᠶᠠᠨ ᠴᠢᠪᠴᠢᠨ ᠪᠠᠷᠭᠤ᠂ ᠰᠣᠯᠤᠨ ᠪᠠᠷᠭᠤ᠂ ᠪᠠᠷᠭᠤ ᠪᠤᠷᠢᠶᠠᠳ ᠭᠡᠳ ᠠᠯᠲᠠᠢ ᠬᠡᠯᠡᠨ ᠤ ᠵᠡᠭᠦᠨ ᠰᠠᠯᠠᠭ᠎ᠠ ᠶᠢ ᠪᠠᠭᠲᠠᠭᠠᠭᠰᠠᠨ ᠮᠣᠩᠭᠤᠯ ᠬᠡᠯᠡᠨ ᠤ ᠥᠪᠡᠷᠮᠢᠴᠡ ᠨᠢᠭᠡᠨ ᠳᠡᠯᠭᠡᠷ ᠪᠠᠶᠠᠨ ᠠᠮᠠᠨ ᠠᠶᠠᠯᠭᠤ ᠮᠥᠨ ᠪᠥᠭᠡᠳ ᠮᠣᠩᠭᠤᠯ ᠬᠡᠯᠡ ᠰᠤᠳᠤᠯᠤᠭᠠᠴᠢᠳ ᠤᠨ ᠰᠣᠨᠢᠷᠬᠠᠯ ᠢ ᠵᠦᠢ ᠶᠣᠰᠤᠭᠠᠷ ᠲᠠᠲᠠᠭᠰᠠᠭᠠᠷ ᠢᠷᠡᠭᠰᠡᠨ ᠪᠢᠯᠡ᠃ ᠡᠷᠳᠡᠮᠲᠡᠳ ᠤᠨ ᠰᠣᠨᠢᠷᠬᠠᠯ ᠢ ᠳᠠᠲᠠᠳᠠᠭ ᠭᠤᠣᠯ ᠰᠢᠯᠳᠠᠭᠠᠨ ᠨᠢ ᠶᠠᠭᠤ ᠪᠣᠢ ᠭᠡᠪᠡᠯ ᠪᠠᠷᠭᠤ ᠠᠮᠠᠨ ᠠᠶᠠᠯᠭᠤᠨ ᠤ ᠦᠭᠡᠰ ᠤᠨ ᠪᠦᠷᠢᠯᠳᠦᠬᠦᠨ ᠤ ᠣᠨᠴᠠᠯᠢᠭ ᠨᠢ ᠶᠤᠮ᠃      ⒈ᠪᠠᠷᠭᠤ ᠠᠮᠠᠨ ᠠᠶᠠᠯᠭᠤᠨ ᠤ ᠦᠭᠡᠰ ᠤᠨ ᠰᠠᠩ ᠤᠨ ᠪᠦᠷᠢᠯᠳᠦᠬᠦᠨ ᠤ ᠣᠨᠴᠠᠯᠢᠭ ᠨᠢ ᠶᠠᠭᠤᠨ ᠤ ᠡᠮᠦᠨ᠎ᠡ ᠡᠷᠲᠡᠨ ᠤ ᠮᠣᠩᠭᠤᠯ ᠬᠡᠯᠡᠨ ᠳᠤ ᠪᠣᠯᠤᠨ ᠳᠤᠮᠳᠠᠳᠤ ᠦᠶ᠎ᠡ ᠶᠢᠨ ᠮᠣᠩᠭᠤᠯ ᠬᠡᠯᠡᠨ ᠳᠤ ᠬᠡᠷᠡᠭᠯᠡᠭᠳᠡᠵᠦ ᠪᠠᠶᠢᠭᠰᠠᠨ ᠦᠯᠡᠮᠵᠢ ᠠᠷᠪᠢᠨ ᠲᠣᠭᠠᠨ ᠤ ᠦᠭᠡᠰ ᠢ ᠥᠨᠥᠳᠦᠷ 21 ᠳ᠋ᠤᠭᠡᠷ ᠵᠠᠭᠤᠨ ᠳᠤ ᠲᠡᠭᠡᠭᠡᠵᠦ ᠤᠯᠠᠮᠵᠢᠯᠠᠵᠤ ᠢᠷᠡᠭᠰᠡᠨ ᠬᠤᠪᠤᠷ ᠨᠠᠨᠳᠢᠨ ᠦᠭᠡᠰ ᠤᠨ ᠰᠠᠩ ᠲᠠᠢ᠃ ᠵᠢᠱᠢᠶ᠎ᠡ ᠨᠢ᠄ ᠠᠩᠭᠠᠯᠠᠬᠤ ︵ангаалах︶ ︵ᠪᠦᠰᠡᠯᠡᠬᠦ᠂ ᠲᠣᠭᠤᠷᠢᠬᠤ︶ ᠂ ᠠᠩᠭᠠᠯᠳᠤᠬᠤ ︵ангаалдах︶ ︵ᠲᠠᠯ᠎ᠠ ᠲᠠᠯ᠎ᠠ ᠠᠴᠠ ᠨᠢ ᠪᠡᠳᠡᠷᠢᠬᠦ ︵ᠡᠷᠢᠬᠦ︶ ᠪᠦᠰᠡᠯᠡᠵᠦ ᠬᠦᠷᠢᠶᠡᠯᠡᠬᠦ︶᠂ ᠪᠠᠳᠠᠭᠠᠨ ︵бадган︶ ︵ᠡᠪᠡᠳᠴᠢᠨ ᠬᠠᠭᠤᠴᠢ︶᠂ ᠪᠤᠭ᠎ᠠ ︵бугаа︶ ︵ᠪᠤᠭᠤᠶᠢᠪᠴᠢ︶᠂ ᠭᠡᠨᠡᠨ ︵гэнэн︶ ︵ᠰᠠᠨᠠᠭᠠᠨ ᠳᠤ ᠦᠭᠡᠢ ᠂ ᠰᠠᠨᠠᠮᠰᠠᠷ ᠦᠭᠡᠢ︶᠂ ᠳᠡᠭᠡᠬᠦ ︵дэхэх︶ ︵ᠳᠠᠪᠢᠷᠠᠬᠤ︶᠂ ᠵᠠᠭᠠᠷᠲᠠᠬᠤ           ︵заардах︶ ︵ᠮᠣᠷᠢ ᠡᠪᠰᠢᠶᠡᠬᠦ︶᠂ ᠨᠠᠮᠬ᠎ᠠ ︵намха︶ ︵ᠶᠣᠳᠤᠷ︶᠂ ᠲᠤᠭᠠᠷ          ︵тугаар︶ ︵ᠰᠠᠶ᠋ᠢ︶᠂ ᠲᠠᠷᠱᠠᠬᠠᠢ ︵таршаахий︶ ︵ᠴᠠᠷᠴᠠᠬᠠᠢ︶᠂ ᠣᠩᠭᠤᠷ      ︵унгар︶ ︵ᠤᠩᠭᠤᠰᠤ︶᠂ ᠦᠭᠡᠭ ︵үхэг︶ ︵ᠱᠦᠭᠡ᠂ ᠱᠦᠭᠦᠢ︶᠂ ᠠᠭᠤᠳᠠᠬᠢ         ︵уудхи︶ ︵ᠠᠭᠤᠰᠬᠢ︶᠂ ᠬᠤᠯᠢᠮᠤᠾᠤ ︵холимохуу︶ ︵ᠬᠤᠯᠮᠠᠰ︶᠂ ᠱᠠᠯᠠᠮ      ︵шалам︶ ︵ᠣᠯᠣᠮ︶᠂ ᠡᠲᠡᠷᠬᠡᠬᠦ ︵этэрхэх︶ ︵ᠪᠠᠷᠳᠠᠮᠨᠠᠬᠤ︶᠂ ᠶᠣᠯᠳᠠᠮ          ︵юлдам︶ ︵ᠢᠯᠳᠠᠮ︶᠂ ᠶᠠᠯᠠᠪᠠᠷᠠᠩ ︵ялбаран︶ ︵ᠶᠠᠩᠭᠤᠴᠢ︶ ᠭᠡᠬᠦ ᠮᠡᠲᠦ᠃ ᠡᠳᠡᠭᠡᠷ ᠨᠢ ᠳᠤᠮᠳᠠᠳᠤ ᠡᠷᠲᠡᠨ ᠤ ᠲᠣᠯᠢ ᠪᠢᠴᠢᠭ᠂ ᠬᠠᠭᠤᠴᠢᠨ ᠲᠣᠬᠢᠶᠠᠨ ᠤ ᠪᠢᠴᠢᠭ᠂ ᠮᠣᠩᠭᠤᠯ ᠎ ᠤᠨ ᠨᠢᠭᠤᠴᠠ ᠲᠣᠪᠴᠢᠶᠠᠨ ᠳᠤ ᠪᠤᠬᠠᠭᠤ ᠪᠤᠷ ᠪᠤᠭ᠎ᠠ ᠶᠢ ᠪᠠᠷ ᠪᠤᠭ᠎ᠠ᠂ ᠮᠣᠩᠭᠤᠯ ᠤᠨ ᠨᠢᠭᠤᠴᠠ ᠲᠣᠪᠴᠢᠶᠠᠨ ᠳᠤ ᠭᠡᠨᠡᠨ᠂ ᠮᠣᠩᠭᠤᠯ ᠤᠨ ᠨᠢᠭᠤᠴᠠ ᠲᠣᠪᠴᠢᠶᠠᠨ ᠎ ᠳᠤ ᠲᠤᠭᠠᠷ ᠭᠡᠬᠦ ᠮᠡᠲᠦ ᠪᠣᠢ᠃ ᠪᠠᠷ᠂ ᠤᠩᠭᠤᠷ᠂ ᠪᠤᠷ᠂ ᠤᠩᠭᠤᠾᠠ᠂ ᠮᠣ᠂ ᠤᠩᠭᠤᠯᠤᠨ᠂ ᠨᠤᠸ᠎ᠠ᠂ ᠾᠤᠩᠭᠤᠰᠤᠨ ᠡᠷᠲᠡᠨ ᠤ ᠬᠡᠯᠪᠡᠷᠢ ᠶᠢ ᠨᠢ ᠰᠡᠷᠭᠦᠭᠡᠪᠡᠯ ᠾᠤᠩᠭᠤᠷᠰᠤᠨ ᠪᠣᠯᠤᠨ᠎ᠠ᠃ ᠡᠳᠡᠭᠡᠷ ᠬᠤᠪᠤᠷ ᠨᠠᠨᠳᠢᠨ ᠦᠭᠡᠰ ᠤᠨ ᠰᠠᠩ ᠢ ᠠᠭᠤᠳᠠᠯᠤᠨ ᠢᠯᠡᠷᠡᠭᠦᠯᠵᠦ ᠰᠤᠳᠤᠯᠭᠠᠨ ᠤ ᠡᠷᠭᠢᠯᠲᠡ ᠳᠤ ᠣᠷᠤᠭᠤᠯᠵᠤ᠂ ᠡᠷᠲᠡ ᠴᠠᠭ ᠎ ᠤᠨ ᠲᠠᠲ᠋ᠠᠷ ᠮᠣᠩᠭᠤᠯ ᠬᠡᠯᠡ ︵ᠶᠢᠰᠦᠨ ᠲᠠᠲ᠋ᠠᠷ ᠨᠠᠷ︶ ᠶᠠᠭᠠᠬᠢᠵᠤ ᠶᠠᠷᠢᠵᠤ ᠬᠡᠯᠡᠵᠦ ᠪᠠᠶᠢᠵᠤ ᠪᠣᠢ ᠭᠡᠳᠡᠭ ᠢ ᠰᠡᠷᠭᠦᠭᠡᠬᠦ ᠪᠠᠷᠢᠮᠲᠠ ᠭᠠᠷᠴᠤ ᠢᠷᠡᠬᠦ ᠤᠴᠢᠷ ᠲᠠᠢ ᠶᠤᠮ ᠃ ᠡᠶᠢᠮᠦ ᠤᠴᠢᠷ ᠠᠴᠠ ᠬᠠᠭᠤᠴᠢᠨ ᠪᠠᠷᠭᠤ᠂ ᠰᠣᠯᠤᠨ᠂ ᠴᠢᠪᠴᠢᠨ᠂ ᠰᠢᠨ᠎ᠡ ᠪᠠᠷᠭᠤ᠂ ᠮᠣᠩᠭᠤᠯ ᠤᠯᠤᠰ ᠤᠨ ᠪᠠᠷᠭᠤ ᠨᠠᠷ᠂ ᠪᠠᠷᠭᠤᠵᠢᠨ᠂ ᠬᠤᠷᠢ ᠪᠤᠷᠢᠶᠠᠳ ᠠᠶᠠᠯᠭᠤ ᠶᠢ ᠭᠦᠢ ᠴᠤᠭᠭᠠᠷ ᠨᠢ ᠡᠪ ᠤᠨ ᠵᠠᠶᠠᠭᠠᠨ ᠳᠤ ᠵᠠᠶᠠᠭᠠᠯᠠᠭᠤᠯᠵᠤ ᠰᠤᠳᠤᠯᠬᠤ ᠨᠢ ᠵᠦᠢᠲᠡᠢ ᠪᠠᠶᠢᠨ᠎ᠠ᠃ ᠡᠪ ᠤᠨ ᠵᠠᠶᠠᠭᠠᠨ ᠳᠤ ᠵᠠᠶᠠᠭᠠᠯᠠᠭᠤᠯᠵᠤ ᠭᠡᠳᠡᠭ ᠤᠨ ᠤᠴᠢᠷ ᠨᠢ ᠮᠣᠩᠭᠤᠯ — ᠬᠢᠲᠠᠳ — ᠣᠷᠤᠰ ᠭᠤᠷᠪᠠᠨ ᠤᠯᠤᠰ ᠤᠨ ᠡᠷᠳᠡᠮᠲᠡᠨ ᠰᠤᠳᠤᠯᠤᠭᠠᠴᠢᠳ ᠬᠦᠴᠦ ᠪᠠᠨ ᠨᠢᠭᠡᠳᠬᠡᠨ᠂ ᠪᠠᠷᠭᠤ ᠪᠤᠷᠢᠶᠠᠳ ᠠᠮᠠᠨ ᠠᠶᠠᠯᠭᠤᠨ ᠤ ᠦᠭᠡᠰ ᠤᠨ ᠰᠠᠩ ᠤᠨ ᠡᠭᠦᠰᠪᠦᠷᠢ ᠪᠦᠷᠢᠯᠳᠦᠬᠦᠨ ᠢ ᠡᠪ ᠡᠶ᠎ᠡ᠂ ᠵᠦᠢ ᠲᠣᠭᠲᠠᠭᠠᠯ ᠢᠶᠠᠷ ᠨᠢ ᠥᠪᠡᠷ ᠲᠤ ᠨᠢ ᠪᠠᠶᠢᠭ᠎ᠠ ᠬᠦᠴᠦᠨ ᠵᠦᠢᠯ ᠢᠶᠠᠷ ᠢᠷᠠᠭᠤᠯᠤᠨ ᠰᠤᠳᠤᠯᠬᠤ ᠰᠠᠨᠠᠭ᠎ᠠ ᠶᠢ ᠳᠡᠪᠰᠢᠭᠦᠯᠵᠦ ᠪᠠᠶᠢᠨ᠎ᠠ᠃       ⒉ᠪᠠᠷᠭᠤ ᠮᠣᠩᠭᠤᠯᠴᠤᠳ ᠪᠡᠯᠴᠢᠭᠡᠷ ᠤᠨ ᠮᠠᠯ ᠮᠠᠯᠯᠠᠭ᠎ᠠ ᠪᠠᠨ ᠡᠷᠭᠢᠯᠡᠨ ᠠᠭᠤᠳᠠᠮ ᠰᠠᠶᠢᠬᠠᠨ ᠲᠠᠯ᠎ᠠ ᠨᠤᠲᠤᠭ ᠲᠤ ᠪᠠᠨ ᠲᠠᠪᠠ ᠪᠠᠷ ᠢᠶᠠᠨ ᠨᠡᠭᠦᠵᠦ ᠪᠤᠶᠠᠨᠲᠤ ᠰᠠᠶᠢᠬᠠᠨ ᠮᠠᠯ ᠰᠦᠷᠦᠭ ᠢᠶᠠᠨ ᠥᠰᠬᠡᠨ ᠦᠷᠡᠵᠢᠭᠦᠯᠵᠦ᠂ ᠰᠢᠮ᠎ᠡ ᠶᠢ ᠨᠢ ᠪᠣᠯᠪᠠᠰᠤᠷᠠᠭᠤᠯᠵᠤ᠂ ᠣᠯᠠᠨ ᠵᠠᠭᠤᠨ ᠮᠢᠩᠭᠠᠨ ᠢ ᠲᠤᠭᠤᠯᠵᠤ ᠢᠷᠡᠬᠦ ᠳᠤ ᠪᠠᠨ ᠮᠣᠩᠭᠤᠯ ᠠᠵᠤ ᠲᠥᠷᠥᠬᠦ ᠤᠬᠠᠭᠠᠨ ᠢ ᠴᠣᠭᠴᠠᠯᠠᠨ ᠪᠥᠷᠢᠯᠳᠦᠭᠦᠯᠵᠦ᠂ ᠪᠠᠷᠭᠤ ᠮᠣᠩᠭᠤᠯ ᠬᠡᠪ ᠶᠣᠰᠤ᠂ ᠵᠠᠩ ᠵᠠᠩᠰᠢᠯ᠂ ᠦᠭᠡ ᠬᠡᠯᠡᠯᠭᠡ ᠶᠢ ᠪᠣᠢ ᠪᠣᠯᠭᠠᠭᠰᠠᠨ ᠲᠡᠷᠡ ᠨᠦᠷᠢ ᠶᠡᠭᠡ ᠬᠦᠴᠦ ᠬᠥᠳᠡᠯᠮᠦᠷᠢ᠂ ᠲᠡᠷᠡ ᠦᠨᠡᠲᠦ ᠰᠠᠶᠢᠬᠠᠨ ᠦᠭᠡ ᠬᠡᠯᠡᠯᠭᠡ ᠶᠢ ᠰᠢᠨᠵᠢᠭᠡᠴᠢᠳ ᠪᠢᠳᠡ ᠰᠢᠨᠵᠢᠯᠡᠭᠡ ᠰᠤᠳᠤᠯᠭᠠᠨ ᠤ ᠡᠷᠭᠢᠯᠲᠡ ᠳᠤ ᠣᠷᠤᠭᠤᠯᠤᠯ ᠦᠭᠡᠢ ᠪᠠᠶᠢᠭᠰᠠᠭᠠᠷ ᠡᠳᠦᠢ ᠬᠥᠷᠦᠯ᠎ᠡ᠃ ᠭᠡᠲᠡᠯ᠎ᠡ ᠪᠠᠷᠭᠤ ᠶᠢᠨ ᠠᠮᠠᠨ ᠠᠶᠠᠯᠭᠤ᠂ ᠪᠡᠯᠴᠢᠭᠡᠷ ᠤᠨ ᠮᠠᠯ ᠮᠠᠯᠯᠠᠭᠠᠨ ᠤ ᠦᠭᠡ ᠬᠡᠯᠡᠯᠭᠡ ᠪᠠᠷ ᠬᠠᠯᠬ᠎ᠠ ᠮᠣᠩᠭᠤᠯ᠂ ᠣᠶᠢᠷᠠᠳ ᠮᠣᠩᠭᠤᠯ᠂ ᠪᠤᠷᠢᠶᠠᠳ ᠮᠣᠩᠭᠤᠯ᠂ ᠥᠪᠥᠷ ᠮᠣᠩᠭᠤᠯ ᠤᠨ ᠣᠯᠠᠨ ᠠᠶᠠᠯᠭᠤᠨ ᠠᠴᠠ ᠬᠠᠪᠢ ᠦᠭᠡᠢ ᠣᠯᠠᠨ ᠦᠭᠡ ᠲᠠᠢ ᠰᠢᠭ ᠨᠠᠳᠠ ᠰᠠᠨᠠᠭᠳᠠᠳᠠᠭ ᠶᠤᠮ᠃ ᠶᠠᠭᠠᠬᠢᠭᠠᠳ ᠲᠡᠷᠡ ᠪᠣᠢ ᠭᠡᠪᠡᠯ ᠪᠠᠷᠭᠤ ᠶᠢᠨ ᠠᠮᠠᠨ ᠠᠶᠠᠯᠭᠤᠨ ᠤ ᠦᠭᠡᠰ ᠤᠨ ᠰᠠᠩ ᠤᠨ ᠪᠦᠷᠢᠯᠳᠦᠬᠦᠨ ᠨᠢ ᠨᠡᠶᠢᠯᠡᠭ ᠨᠢᠭᠲᠠᠷᠠᠯ ᠰᠠᠶᠢᠲᠠᠢ ᠎ ᠶᠢᠨ ᠳᠡᠭᠡᠷ᠎ᠡ ᠪᠠᠷᠭᠤ ᠮᠣᠩᠭᠤᠯᠴᠤᠳ ᠪᠡᠯᠴᠢᠭᠡᠷ ᠤᠨ ᠮᠠᠯ ᠮᠠᠯᠯᠠᠭᠠᠨ ᠤ ᠠᠰᠤᠷᠤ ᠶᠡᠭᠡ ᠲᠤᠷᠰᠢᠯᠭ᠎ᠠ ᠲᠠᠢ ᠠᠷᠠᠳ ᠲᠦᠮᠡᠨ ᠤᠴᠢᠷ ᠠᠴᠠ ᠪᠠᠶᠠᠨ ᠪᠠᠷᠭᠤ ᠶᠢᠨ ᠮᠠᠯ ᠰᠦᠷᠦᠭ ᠭᠡᠵᠤ ᠬᠤᠯᠠ ᠣᠶᠢᠷ᠎ᠠ ᠳ᠋ᠠᠬᠢᠨ ᠳᠤ ᠶᠡᠭᠡ ᠠᠯᠳᠠᠷᠰᠢᠭᠰᠠᠨ ᠪᠢᠯᠡ᠃ ᠮᠠᠯ ᠮᠠᠯᠯᠠᠭᠠᠨ ᠤ ᠦᠭᠡ ᠬᠡᠯᠡᠯᠭᠡ ᠭᠡᠬᠦ ᠳᠤ᠂ ᠨᠡᠶᠢᠲᠡ ᠮᠣᠩᠭᠤᠯᠴᠤᠳ ᠤᠨ ᠲᠦᠭᠡᠮᠡᠯ ᠦᠭᠡ ᠬᠡᠯᠡᠯᠭᠡ ᠳᠡᠭᠡᠷ᠎ᠡ ᠪᠠᠷᠭᠤ ᠠᠮᠠᠨ ᠠᠶᠠᠯᠭᠤᠨ ᠤ ᠦᠪᠡᠷ ᠤᠨ ᠬᠢᠨᠢ ᠦᠭᠡᠰ ᠤᠨ ᠰᠠᠩ ᠤᠨ ᠥᠪᠡᠷᠮᠢᠴᠡ ᠳᠠᠭᠤᠳᠠᠯᠭ᠎ᠠ᠂ ᠤᠳᠬ᠎ᠠ ᠠᠭᠤᠯᠭ᠎ᠠ ᠲᠠᠢ ᠦᠭᠡᠰ ᠮᠠᠰᠢ ᠠᠷᠪᠢᠨ ᠪᠠᠶᠢᠳᠠᠭ ᠶᠤᠮ ᠪᠢᠯᠡ᠃ ᠪᠢ ᠵᠦᠭᠡᠷ ᠠᠮᠠᠨ ᠠᠴᠠ ᠪᠠᠨ ᠵᠢᠱᠢᠶ᠎ᠡ ᠲᠠᠲᠠᠵᠤ ᠬᠡᠯᠡᠬᠦ ᠳᠤ᠂ ᠡᠮᠡᠭᠡᠯ ᠳᠡᠭᠡᠷ᠎ᠡ ᠠᠶᠢᠪᠠᠵᠤ ︵айбийж︶ ᠰᠠᠭᠤᠬᠤ᠂ ᠡᠪᠡᠶᠢᠵᠦ ︵ээбийж︶᠂ ᠪᠡᠭᠡᠪᠡᠶᠢᠵᠦ             ︵бээвийж︶᠂ ᠪᠡᠭᠡᠴᠡᠶᠢᠵᠦ ︵бээчийж︶᠂ ᠪᠡᠭᠽᠡᠶᠢᠵᠦ ︵бэгзийж︶ ᠰᠠᠭᠤᠬᠤ ᠭᠡᠵᠤ ᠪᠣᠢ᠃ ᠮᠠᠯ ᠳᠤ ᠶᠠᠪᠤᠬᠤ ᠳᠤ ᠪᠠᠨ ᠠᠶᠢᠷᠠᠯᠵᠢᠨ ︵айралжан︶ ︵ᠠᠯᠮᠠᠢ︶᠂ ᠠᠨᠠᠭ᠎ᠠ   ︵анага︶ ᠣᠷᠤᠴᠠ ︵урч︶ ︵ᠣᠪᠤᠬᠠᠢ︶ ᠲᠥᠭᠦᠭᠡᠷᠴᠦ ᠣᠳᠤᠷ ᠲᠤ ᠭᠠᠷᠬᠤ᠂ ᠠᠩᠭᠠᠯ ᠪᠣᠶᠢᠭᠠᠨ ᠢᠶᠠᠨ ᠲᠠᠲᠠᠵᠦ ᠨᠡᠭᠦᠬᠦ ᠵᠥᠭᠡᠭᠡᠬᠦ᠂ ᠠᠳᠤᠭᠤ ᠮᠠᠯ ᠳᠤ ᠶᠠᠪᠤᠨ᠎ᠠ ᠭᠡᠬᠦ ᠠᠴᠠ ᠠᠬᠠᠷᠴᠢᠯᠠᠭᠠᠳ    ︵ᠴᠢᠬᠤᠯᠲᠠᠬᠤ︶ ᠭᠠᠷᠬᠤ ᠴᠢᠨᠢ ᠶᠠᠭᠤ ᠪᠣᠢ︖ ᠬᠤᠰᠠ ᠾᠢᠢᠨᠡᠭ ᠬᠤᠶᠠᠷ ︵ᠬᠤᠴᠠ ᠢᠷᠭᠡ ᠬᠤᠶᠠᠷ︶ ᠨᠡᠭᠦᠳᠡᠯ ᠳᠤ ᠲᠦᠦᠷᠢ ︵туурь︶ ︵ᠲᠠᠭᠤᠪᠤᠷᠢ︶ ᠳᠠᠭᠤᠬᠤ᠂ ᠲᠠᠩᠵᠢᠵᠦ ︵тэнжиж︶ ᠶᠠᠳᠠᠭᠠᠳ ᠲᠠᠩᠴᠢᠷᠡᠵᠦ ︵тэнчиржэ︶ ᠪᠠᠶᠢᠨ᠎ᠠ᠃ ᠡᠷ᠎ᠡ ᠬᠥᠮᠥᠨ ᠤ ᠪᠡᠨ᠎ᠡ ︵бэнэ︶ ᠦᠭᠡᠢ᠂ ᠢᠰᠢᠭᠡᠨ ᠲᠡᠭᠡᠨ ᠤ ᠬᠤᠲᠠᠭ᠎ᠠ ᠦᠭᠡᠢ᠂ ᠮᠠᠯ ᠤᠨ ᠣᠭᠰᠢᠯ ᠬᠡᠶᠢᠷᠡᠬᠦ ︵гийрэх︶      ︵ᠲᠠᠩᠲᠠᠬᠤ︶ ᠠᠳᠡ ᠾᠧ ︵эндэхээ︶ ᠵᠡᠭᠦᠨᠰᠢ ᠪᠠᠨ ᠪᠡᠯᠴᠢᠭᠡᠷ ᠬᠦᠯᠭᠡᠨ ︵гүлгэн︶  ︵ᠨᠡᠯᠦᠩᠬᠢ ᠳᠤ ᠪᠠᠨ︶ ᠰᠠᠾᠧ ᠲᠠᠢ ︵сахатий︶ ︵ᠴᠠᠰᠤᠲᠠᠢ︶᠂ ᠮᠡᠩᠭᠢᠨ ᠬᠤᠷᠠᠭ᠎ᠠ᠂ ᠮᠠᠯ ᠳᠤ ᠮᠠᠬᠠᠰᠢᠨ ᠬᠥᠮᠥᠨ ︵ᠮᠠᠬᠠᠷᠠᠤ︶᠂ ᠲᠤᠭᠤᠯ ᠳᠤ ᠪᠠᠨ ᠮᠡᠬᠡᠢ ︵ᠡᠩᠬᠦᠷᠡᠢ︶᠂ ᠮᠤᠬᠠᠯᠠᠢ ᠦᠨᠢᠶ᠎ᠡ     ︵ᠳᠦᠨᠵᠢᠨ︶᠂ ᠳᠡᠯᠭᠡᠷᠢ ︵тэлгэри︶ ᠾᠧᠬᠡᠬᠡ ︵хэхэхэ︶᠂ ᠾᠧᠰᠯᠡᠨ            ︵хэсэлэн︶ ᠮᠠᠯ ︵ᠤᠷᠲᠤ ᠬᠥᠯ ᠢᠶᠠᠨ ᠡᠷᠭᠦᠵᠦ ᠳᠤᠭᠤᠯᠳᠠᠳᠠᠭ︶᠂ ᠲᠥᠬᠦᠷ ︵түхир︶  ︵ᠪᠦᠷᠢᠨ︶ ᠬᠡᠷᠡᠭᠯᠡᠯ ᠲᠠᠢ ᠡᠮᠡᠭᠡᠯ᠂ ᠮᠣᠷᠢ ᠤᠷᠭᠠᠯᠠᠬᠤ ᠳᠤ ᠪᠠᠨ ᠳ᠋ᠤᠶᠢᠭᠤᠨ ︵ᠰᠣᠯᠤᠭᠠᠢ︶᠂ ᠲᠤᠩᠭᠢᠷ ᠰᠠᠭᠠᠨ ᠲᠠᠯ᠎ᠠ᠂ ᠲᠡᠪᠡᠭᠬᠡᠲᠦ ︵тэбэгхт︶ ᠰᠠᠱᠰᠠᠭ ᠲᠠᠢ ︵сашсагтай︶ ᠤᠯᠠᠭᠠᠨ᠂ ᠮᠠᠯ ᠳᠤ ᠪᠠᠨ ᠰᠣᠯᠤᠭᠢ ᠦᠭᠡᠨ ᠤ ︵солоохий үгы︶ ᠬᠥᠮᠥᠨ ᠭᠡᠬᠦ ᠮᠡᠲᠦ᠃ ᠪᠠᠷᠭᠤ ᠠᠮᠠᠨ ᠠᠶᠠᠯᠭᠤᠨ ᠤ ᠮᠠᠯ ᠮᠠᠯᠯᠠᠭᠠᠨ ᠤ ᠦᠭᠡᠰ ᠢ ᠲᠤᠰᠬᠠᠶᠢᠯᠠᠨ ᠬᠥᠲᠦᠯᠪᠦᠷᠢ ᠪᠣᠯᠪᠠᠰᠤᠷᠠᠭᠤᠯᠵᠤ ᠰᠤᠷᠪᠤᠯᠵᠢᠯᠠᠨ ᠰᠤᠳᠤᠯᠬᠤ ᠨᠢ ᠴᠢᠬᠤᠯᠠ ᠪᠠᠶᠢᠨ᠎ᠠ᠃ ᠴᠣᠬᠤᠮ ᠳᠤ ᠪᠠᠨ ᠡᠶᠢᠮᠦ ᠰᠤᠳᠤᠯᠭᠠᠨ ᠤ ᠬᠡᠪᠯᠡᠭᠳᠡᠭᠰᠡᠨ ᠮᠠᠲ᠋ᠧᠷᠢᠶᠠᠯ ᠪᠠᠷᠤᠭ ᠦᠭᠡᠢ ᠪᠠᠶᠢᠨ᠎ᠠ᠃ ᠡᠭᠦᠨ ᠢ ᠰᠤᠳᠤᠯᠬᠤ ᠰᠤᠳᠤᠯᠭᠠᠨ ᠤ ᠲᠠᠯᠠᠪᠤᠷ ᠠᠴᠠ ᠡᠵᠡᠨ ᠢᠶᠠᠨ ᠬᠦᠯᠢᠶᠡᠭᠡᠳ ᠮᠣᠩᠭᠤᠯ ᠤᠯᠤᠰ ᠲᠤ ᠴᠦ ᠲᠡᠷᠡ᠂ ᠬᠢᠲᠠᠳ ᠤᠯᠤᠰ ᠲᠤ ᠴᠦ ᠲᠡᠷᠡ ᠪᠠᠶᠢᠵᠤ ᠯᠡ ᠪᠠᠶᠢᠨ᠎ᠠ᠃ ᠮᠠᠯ ᠳᠤ ᠰᠣᠯᠣᠭᠤᠬᠠᠢ ᠲᠠᠢ ︵солоохйитий︶ ᠨᠢᠳᠦ ᠲᠠᠢ᠂ ᠮᠠᠯ ᠤᠨ ᠲᠥᠷᠥ ᠲᠠᠢ ︵дөртэй ︶ ᠪᠠᠷᠭᠤ ᠶᠢᠨ ᠠᠮᠠᠨ ᠠᠶᠠᠯᠭᠤ ᠰᠤᠳᠤᠯᠤᠭᠠᠴᠢ ᠮᠠᠯ ᠳᠤ ᠴᠦ ᠲᠡᠷᠡ᠂ ᠦᠭᠡᠨ ᠳᠤ ᠴᠦ ᠲᠡᠷᠡ ᠮᠠᠬᠠᠰᠢᠨ ᠵᠠᠯᠠᠭᠤ ᠬᠦᠪᠡᠭᠦᠳ ᠥᠬᠢᠳ ᠢ ᠪᠡᠯᠡᠳᠬᠡᠬᠦ ᠱᠠᠭᠠᠷᠳᠠᠯᠭ᠎ᠠ ᠎ ᠲᠠᠢ ᠪᠣᠯᠵᠤ ᠪᠠᠶᠢᠨ᠎ᠠ᠃       ⒊ᠪᠠᠷᠭᠤ ᠵᠣᠨ ᠤ ᠤᠳᠬ᠎ᠠ ᠰᠣᠶᠤᠯ᠂ ᠬᠡᠪ ᠵᠠᠩᠰᠢᠯ᠂ ᠣᠶᠤᠨ ᠰᠠᠨᠠᠭᠠᠨ ᠤ ᠶᠢᠷᠲᠢᠨᠴᠦ ᠳᠤ ᠪᠥᠭᠡ ᠮᠥᠷᠭᠦᠯ ᠬᠢᠭᠡᠳ ᠪᠤᠷᠬᠠᠨ ᠱᠠᠰᠢᠨ ᠤ ᠤᠬᠠᠭᠠᠨ ᠤ ᠨᠥᠯᠥᠭᠡᠯᠡᠭᠰᠡᠨ ᠨᠥᠯᠥᠭᠡᠯᠡᠯ ᠴᠠᠭᠯᠠᠰᠢ ᠦᠭᠡᠢ ᠶᠡᠭᠡ ᠲᠤᠯᠠ ᠪᠠᠷᠭᠤ ᠶᠢᠨ ᠠᠶᠠᠯᠭᠤᠨ ᠤ ᠦᠭᠡᠰ ᠤᠨ ᠰᠠᠩ ᠤᠨ ᠰᠠᠩ ᠣᠨᠴᠠᠭᠠᠢ ᠪᠠᠶᠢᠷᠢ ᠶᠢ ᠡᠵᠡᠯᠡᠨ᠎ᠡ᠃ ᠪᠠᠷᠭᠤ ᠪᠥᠭᠡ ᠶᠢᠨ ᠦᠭᠡ ᠬᠡᠯᠡᠯᠭᠡ᠂ ᠶᠣᠰᠤ ᠵᠠᠶ᠋ᠢᠭ᠂ ᠬᠡᠪ ᠮᠠᠶ᠋ᠢᠭ ᠨᠢ ᠬᠠᠯᠬ᠎ᠠ᠂ ᠪᠤᠷᠢᠶᠠᠳ᠂ ᠳᠠᠷᠬᠠᠳ᠂ ᠬᠤᠷᠴᠢᠨ᠂ ᠣᠷᠢᠶᠠᠩᠬᠠᠢ ᠪᠥᠭᠡ ᠠᠴᠠ ᠥᠪᠡᠷᠮᠢᠴᠡ ᠪᠠᠶᠢᠳᠠᠭ ᠎ ᠨᠢ ᠡᠮᠦᠰᠬᠡᠯ ᠲᠣᠨᠤᠭ ᠤᠨ ᠨᠡᠷ᠎ᠡ᠂ ᠬᠤᠯᠪᠤᠭ᠎ᠠ ᠬᠤᠷᠰᠢᠶ᠎ᠠ ᠦᠭᠡ᠂ ᠬᠡᠯᠡᠴᠡ ᠬᠡᠯᠡᠯᠭᠡ ᠠᠴᠠ ᠨᠢ ᠦᠵᠡᠬᠦ ᠳᠤ ᠢᠯᠡᠷᠬᠡᠢ᠃ ᠵᠢᠱᠢᠶ᠎ᠡ ᠨᠢ᠄ ᠲᠠᠶᠢᠯᠲᠠᠢ ︵тайлтай︶ ᠪᠥᠭᠡ ︵ᠬᠠᠨ︶᠂ ᠲᠠᠬᠢᠯᠭᠠᠲᠠᠢ ᠪᠥᠭᠡ     ︵ᠨᠣᠶᠠᠨ︶᠂ ᠲᠡᠷᠡᠭ ︵дэргэ︶ ᠪᠥᠭᠡ ︵ᠱᠠᠪᠢ︶᠂ ᠣᠩᠭᠤ ︵ᠣᠩᠭᠤᠳ︶᠂ ᠡᠬᠡ ᠪᠠᠶᠢᠭᠤᠯᠵᠢᠨ ︵ᠠᠷᠬᠠᠯ архаал ᠡᠯᠭᠡᠪᠴᠢᠨ ᠲᠣᠯᠢ︶᠂ ᠶᠡᠭᠡ᠂ ᠳᠤᠮᠳᠠᠳᠤ᠂ ᠪᠠᠭ᠎ᠠ ᠲᠤᠯᠢ᠂ ᠣᠷᠬᠢᠭᠤᠯᠭ᠎ᠠ ︵ᠽᠠᠪᠳᠠᠷ завдар︶᠂ ᠬᠦᠷᠡᠩ ᠤᠯᠠᠭᠠᠨ ᠠᠪᠠᠭᠠᠯᠳᠠᠢ᠂ ᠡᠴᠢᠭᠡ ᠪᠠᠶᠢᠭᠤᠯᠵᠢᠨ    ︵ᠠᠪᠠᠭᠠᠯᠳᠠᠢ ᠶᠢᠨ ᠪᠠᠭ︶᠂ ᠮᠠᠶᠢᠬᠤᠭᠤᠵᠢ ︵майхуужи︶︵ᠣᠷᠭᠤᠢ︶᠂ ᠭᠡᠰᠡ ︵хэсэ︶ ᠳ᠋ᠠᠪᠢᠭᠤᠷ ︵давиур︶᠂ ᠬᠤᠶᠠᠷ ᠬᠤᠷᠪᠢ ︵ᠰᠣᠷᠪᠢ︶ ᠪᠠᠷᠠᠭᠤᠨ ᠬᠤᠷᠪᠢ ᠠᠵᠢᠷᠭᠠᠨ᠂ ᠵᠡᠭᠦᠨ ᠬᠤᠷᠪᠢ ᠭᠡᠭᠦᠦ ᠲᠣᠯᠤᠭᠠᠢ ᠲᠠᠢ ᠪᠠᠶᠢᠳᠠᠭ᠃ ᠪᠠᠷᠠᠭᠤᠨ ᠬᠤᠷᠪᠢ ᠨᠢ ᠵᠡᠭᠦᠨ ᠬᠤᠷᠪᠢ ᠠᠴᠠ ᠪᠠᠨ ᠨᠢᠭᠡ ᠪᠠᠷᠢᠮ ᠥᠨᠳᠦᠷ ᠪᠠᠶᠢᠨ᠎ᠠ᠃ ᠳᠦᠷᠪᠡᠨ ᠬᠤᠨᠢᠨ ᠱᠠᠭᠠᠢ᠂ ᠨᠠᠢᠮᠠᠨ ᠾᠤᠭᠤᠳᠠᠯ ︵хуудал︶᠂ ᠽᠠᠷᠯᠢᠮ ︵зарлим︶ ︵ᠳᠠᠶᠢᠯᠭ᠎ᠠ︶᠂ ᠲᠡᠯᠡᠳᠡ ︵тэлэдэ︶ ᠭᠠᠷᠠᠬ᠎ᠠ ︵ᠡᠴᠢᠭᠡ ᠮᠣᠳᠤᠨ ᠳᠤ ᠠᠪᠠᠷᠢᠬᠤ︶᠂ ᠰᠤᠷᠭᠠᠨᠠᠭ ᠲᠠᠲᠠᠬ᠎ᠠ ︵ᠰᠤᠮᠨᠠᠷ ᠲᠠᠲᠠᠬᠤ︶ ᠲᠧᠯᠡ ᠲᠠᠬᠢᠬ᠎ᠠ ᠪᠥᠭᠡ ᠶᠢᠨ ᠱᠠᠨᠳᠠᠩ ᠭᠡᠬᠦ ᠮᠡᠲᠦ᠃ ︽ᠬᠠᠭᠤᠴᠢᠨ ᠪᠠᠷᠭᠤᠴᠤᠳ ᠤᠨ ᠪᠥᠭᠡ ᠶᠢᠨ ᠱᠠᠰᠢᠨ ᠰᠢᠲᠦᠯᠭᠡ︾ ᠭᠡᠳᠡᠭ ᠪᠠᠶᠠᠷᠳᠠᠯᠠᠢ ᠶᠢᠨ ᠥᠭᠦᠯᠡᠯ ᠠᠴᠠ ︵6:153 — 249︶ ᠡᠰᠢᠯᠡᠪᠡ᠃ ᠲᠦᠮᠡᠨ ᠲᠦᠮᠡᠨ ᠵᠢᠯ ᠤᠨ ᠣᠶᠤᠨ ᠪᠢᠯᠢᠭ ᠤᠨ ᠦᠯᠡᠮᠵᠢ ᠰᠠᠩ ᠤᠨ ᠡᠭᠦᠳᠡ ᠨᠢ ᠪᠥᠭᠡ ᠮᠥᠷᠭᠦᠯ ᠤᠨ ᠦᠭᠡ ᠶᠢᠨ ᠰᠠᠩ ᠳᠤ ᠪᠠᠶᠢᠳᠠᠭ ᠲᠤᠯᠠ ᠪᠠᠷᠭᠤ ᠪᠥᠭᠡ ᠮᠥᠷᠭᠦᠯ ᠤᠨ ᠦᠭᠡᠰ ᠤᠨ ᠰᠠᠩ ᠢ ᠪᠦᠷᠢᠯᠳᠦᠭᠦᠯᠵᠦ ᠴᠣᠭᠴᠠᠯᠠᠭᠠᠵᠤ᠂ ᠰᠤᠳᠤᠯᠤᠨ ᠰᠢᠨᠵᠢᠯᠡᠵᠦ ᠲᠦᠯᠬᠢᠨ ᠣᠷᠤᠵᠤ ᠴᠢᠳᠠᠪᠠᠯ ᠴᠠᠭᠯᠠᠰᠢ ᠦᠭᠡᠢ ᠶᠡᠭᠡ ᠮᠡᠳᠡᠯᠭᠡ ᠎ ᠶᠢᠨ ᠡᠷᠳᠡᠨᠢ ᠶᠢᠨ ᠰᠠᠩ ᠳᠤ ᠨᠡᠪᠲᠡᠷᠡᠯ᠎ᠡ ᠭᠡᠰᠡᠨ ᠦᠭᠡ᠃      ⒋ᠪᠠᠷᠭᠤ ᠠᠮᠠᠨ ᠠᠶᠠᠯᠭᠤᠨ ᠤ ᠦᠭᠡᠰ ᠤᠨ ᠰᠠᠩ ᠤᠨ ᠪᠦᠷᠢᠯᠳᠦᠬᠦᠨ ᠳᠤ ᠠᠯᠲᠠᠢ ᠬᠡᠯᠡᠨ ᠤ ᠨᠡᠶᠢᠲᠡᠯᠢᠭ ᠦᠭᠡᠰ ᠤᠯᠠᠮᠵᠢᠯᠠᠭᠳᠠᠭᠰᠠᠨ ᠠᠴᠠ ᠮᠠᠨᠵᠤ᠂ ᠡᠸᠡᠩᠬᠢ᠂ ᠬᠠᠨᠠᠢ᠂ ᠰᠣᠯᠤᠨ᠂ ᠣᠷᠴᠤᠨ᠂ ᠵᠦᠷᠴᠢᠳ ᠭᠠᠷᠤᠯ ᠤᠨ ᠦᠭᠡ ᠢᠳᠡᠭᠡᠰᠢᠨ ᠲᠣᠭᠲᠠᠨᠢᠵᠤ ᠬᠡᠪᠰᠢᠭᠡᠳ ᠣᠨ ᠤᠳᠠᠭᠠᠨ ᠵᠢᠯ ᠳᠤ ᠤᠯᠠᠷᠢᠨ ᠬᠡᠷᠡᠭᠯᠡᠭᠳᠡᠭᠰᠡᠭᠡᠷ ᠢᠷᠡᠵᠡᠢ᠃ ᠵᠢᠱᠢᠶ᠎ᠡ ᠨᠢ᠄ ᠮᠠᠨᠵᠤ ᠬᠡᠯᠡᠨ ᠠᠴᠠ ᠠᠩᠭᠠᠯ ︵ᠭᠡᠷ ᠪᠦᠯᠢ︶ ︿ᠮᠠ᠊ · ᠠᠩᠭᠠᠯ ᠪᠣᠶᠢᠲ᠋ᠠ ︵ᠠᠯᠪᠠᠨ ᠪᠢᠴᠢᠭ ︿ᠪᠠᠶᠢᠲ᠋ᠠ᠂ ᠭᠠᠯᠢᠳᠠ ︵ᠭᠠᠷ ᠤᠨ ᠳᠠᠷᠤᠭ᠎ᠠ︶ ︿ᠮᠠ᠊ · ᠭᠠᠯᠠᠾᠢᠳᠠ᠂ ᠳᠠᠯᠵᠢ ︵ᠡᠨᠡ ᠴᠢᠮ᠎ᠠ ᠳᠤ ᠶᠠᠮᠠᠷ ᠳᠠᠯᠵᠢ ᠲᠠᠢ ᠶᠤᠮ ᠪᠣᠢ︖︶ ︿ᠮᠠ᠊ · ᠳᠠᠯᠵᠢ᠂ ᠵᠠᠯᠠᠨ᠂ ᠯᠠᠶᠢᠭᠠᠨ ︵ᠵᠠᠯᠬᠠᠭᠤ︶ ︿ᠮᠠ᠊ · ᠯᠠᠶᠢᠬᠤ᠂ ᠮᠤᠬᠠᠨᠳᠠ ︵ᠣᠪᠤᠭ ᠤᠨ ᠠᠬᠠᠯᠠᠭᠴᠢ︶ ︿ᠮᠠ᠊ · ︵ᠮᠣᠬᠤᠨ ᠢ ᠳ᠋ᠠ︶᠂ ᠨᠢᠶᠠᠬᠠᠷᠠᠬᠤ ︵ᠬᠢᠲᠠᠳ ᠢᠶᠠᠷ ᠶᠠᠷᠢᠬᠤ︶᠂ ︿ᠮᠠ᠊ · ᠨᠢᠺᠠᠨ᠄ ᠣᠶᠣᠩᠭᠤ ︵ᠴᠢᠬᠤᠯᠠ︶      ︿ᠮᠠ᠊ · ᠣᠶᠤᠩᠭᠤ᠂ ᠲᠠᠰᠢᠭ᠎ᠠ ︵ᠰᠤᠷᠭᠠᠭᠤᠯᠢ︶ ︿ᠮᠠ᠊ · ᠲᠠᠴᠢᠺᠤ᠂ ᠤᠭᠠᠷᠳᠠ ︵ᠪᠦᠭᠦᠳᠡ ᠶᠢᠨ ᠳᠠᠷᠤᠭ᠎ᠠ︶ ᠮᠠ᠊ ᠦᠭᠡᠷᠢᠳᠠ᠂ ᠦᠭᠮᠧ ︵ᠠᠪᠠᠭ᠎ᠠ ᠪᠡᠷᠭᠡᠨ︶ ᠮᠠ᠊᠂ ᠦᠭᠦᠮᠧ᠂ ᠬᠠᠯᠠ ︵ᠣᠪᠤᠭ︶ ᠮᠠ᠊ ᠬᠠᠯᠠ ᠭᠡᠬᠦ ᠮᠡᠲᠦ ︵8︶ ᠪᠠᠷᠭᠤ ᠶᠢᠨ ᠠᠮᠠᠨ ᠠᠶᠠᠯᠭᠤᠨ ᠤ ᠡᠭᠦᠰᠪᠦᠷᠢ ᠪᠦᠷᠢᠯᠳᠦᠬᠦᠨ ᠢ ᠰᠤᠳᠤᠯᠬᠤ ᠳᠤ ᠪᠠᠨ ᠲᠦᠷᠺ — ᠮᠣᠩᠭᠤᠯ — ᠪᠠᠷᠭᠤ ᠳᠤᠮᠳᠠ ᠶᠢᠨ ᠦᠭᠡᠰ᠂ ᠮᠠᠨᠵᠤ — ᠮᠣᠩᠭᠤᠯ — ᠪᠠᠷᠭᠤ ᠳᠤᠮᠳᠠ ᠶᠢᠨ ᠦᠭᠡᠰ᠂ ᠮᠠᠨᠵᠤ ᠣᠷᠤᠰᠢᠯ ᠦᠭᠡᠰ᠂ ᠶᠠᠺᠤᠲ — ᠪᠤᠷᠢᠶᠠᠳ — ᠪᠠᠷᠭᠤ ᠳᠤᠮᠳᠠ ᠶᠢᠨ ᠦᠭᠡᠰ᠂ ᠪᠠᠷᠭᠤ ᠪᠤᠷᠢᠶᠠᠳ ᠦᠭᠡᠰ᠂ ᠡᠸᠡᠩᠬᠢ ᠭᠠᠷᠪᠠᠯᠢ ᠲᠠᠢ᠂ ᠬᠠᠨᠠᠢ ᠭᠠᠷᠪᠠᠯᠢ ᠲᠠᠢ᠂ ᠰᠣᠯᠤᠨ ᠭᠠᠷᠪᠠᠯᠢ ᠲᠠᠢ᠂ ᠣᠷᠴᠤᠨ ᠭᠠᠷᠪᠠᠯᠢ ᠲᠠᠢ᠂ ᠵᠦᠷᠴᠢᠳ ᠭᠠᠷᠪᠠᠯᠢ ᠲᠠᠢ ᠪᠠᠷᠭᠤ ᠦᠭᠡᠰ ᠭᠡᠬᠦᠴᠢᠯᠡᠨ ᠨᠠᠷᠢᠪᠴᠢᠯᠠᠨ ᠰᠤᠳᠤᠯᠵᠤ ᠪᠦᠷᠢᠳᠬᠡᠬᠦ ᠨᠢ ᠵᠦᠢᠲᠡᠢ ᠪᠠᠶᠢᠨ᠎ᠠ᠃ ᠢᠩᠭᠢᠵᠦ ᠰᠤᠳᠤᠯᠪᠠᠯ ᠵᠥᠪᠬᠡᠨ ᠪᠠᠷᠭᠤ ᠠᠮᠠᠨ ᠠᠶᠠᠯᠭᠤᠨ ᠤ ᠰᠤᠳᠤᠯᠤᠯ ᠳᠤ ᠲᠡᠳᠦᠢ ᠦᠭᠡᠢ ᠨᠡᠶᠢᠲᠡ ᠠᠯᠲᠠᠢ ᠶᠢᠨ ᠬᠡᠯᠡᠨ ᠤ ᠰᠤᠳᠤᠯᠤᠯ ᠳᠤ ᠳᠣᠷᠪᠢᠲᠠᠢ ᠬᠤᠪᠢ ᠨᠡᠮᠡᠷᠢ ᠪᠣᠯᠤᠨ᠎ᠠ᠃       ⒌ᠪᠠᠷᠭᠤ ᠶᠢᠨ ᠠᠮᠠᠨ ᠠᠶᠠᠯᠭᠤ ᠨᠢ ᠬᠢᠲᠠᠳ ᠬᠡᠯᠡ ᠰᠣᠶᠤᠯ᠂ ᠡᠳ᠋ ᠤᠨ ᠵᠠᠰᠠᠭ᠂ ᠤᠯᠤᠰ ᠲᠥᠷᠥ ᠶᠢᠨ ᠬᠦᠷᠢᠶᠡᠯᠡᠯ ᠳᠣᠲᠤᠷ᠎ᠠ ᠪᠠᠶᠢᠭ᠎ᠠ ᠲᠤᠯᠠ ᠬᠤᠣᠰ ᠬᠡᠯᠡ ᠲᠠᠢ ᠪᠠᠶᠢᠬᠤ ᠨᠢ ᠵᠠᠶᠢᠯᠠᠰᠢ ᠦᠭᠡᠢ᠃ ᠬᠤᠯᠢᠮᠠᠭ ᠬᠡᠯᠡ ᠲᠠᠢ ᠪᠣᠯᠴᠢᠬᠠᠬᠤ ᠦᠭᠡᠢ ᠶᠢᠨ ᠲᠥᠯᠥᠭᠡ ᠴᠢᠷᠮᠠᠶᠢᠵᠤ ᠪᠠᠶᠢᠭ᠎ᠠ ᠨᠢ ᠬᠥᠮᠥᠨ ᠪᠦᠷᠢ ᠶᠢᠨ ᠬᠦᠰᠡᠯ ᠡᠷᠡᠮᠡᠯᠵᠡᠯ᠃ ᠬᠢᠲᠠᠳ ᠣᠷᠤᠮᠠᠯ ᠦᠭᠡ ᠶᠢ ᠵᠣᠬᠢᠰᠲᠠᠢ ᠬᠡᠷᠡᠭᠯᠡᠬᠦ ᠬᠡᠷᠡᠭᠯᠡᠭᠡ ᠨᠢᠭᠡᠨᠲᠡ ᠲᠣᠭᠲᠠᠵᠠᠢ᠃ ᠪᠠᠷᠭᠤ ᠶᠢᠨ ᠠᠮᠠᠨ ᠠᠶᠠᠯᠭᠤ ᠨᠡᠶᠢᠲᠡ ᠮᠣᠩᠭᠤᠯ ᠬᠡᠯᠡ ᠠᠶᠠᠯᠭᠤ ᠲᠠᠢ ᠪᠠᠨ ᠬᠦᠢ ᠬᠡᠯᠬᠢᠶ᠎ᠡ ᠪᠠᠷ ᠢᠶᠠᠨ ᠬᠤᠯᠪᠤᠭᠠᠲᠠᠢ ᠲᠤᠯᠠ ᠳᠠᠷᠬᠠᠯᠠᠭ᠎ᠠ ᠰᠠᠶᠢᠲᠠᠢ ᠲᠥᠪ ᠮᠣᠩᠭᠤᠯ ᠬᠡᠯᠡ ᠠᠶᠠᠯᠭᠤ ᠮᠥᠨ᠃ ᠪᠠᠷᠭᠤ ᠶᠢᠨ ᠠᠮᠠᠨ ᠠᠶᠠᠯᠭᠤᠨ ᠤ ᠳᠠᠷᠬᠠᠯᠠᠭ᠎ᠠ ᠶᠢ ᠬᠠᠳᠠᠭᠠᠯᠠᠨ ᠪᠠᠷᠢᠵᠤ ᠪᠠᠶᠢᠭ᠎ᠠ ᠭᠤᠣᠯ ᠬᠦᠴᠦᠨ ᠵᠦᠢᠯ ᠮᠣᠩᠭᠤᠯ ᠪᠢᠴᠢᠭ ᠪᠣᠯᠬᠤ ᠤᠴᠢᠷ ᠠᠴᠠ ᠠᠮᠠᠨ ᠠᠶᠠᠯᠭᠤ ᠪᠠᠨ ᠴᠡᠪᠡᠷ ᠢᠶᠠᠷ ᠎ ᠨᠢ ᠬᠠᠳᠠᠭᠠᠯᠠᠵᠤ ᠪᠠᠶᠢᠭ᠎ᠠ ᠶᠤᠮ᠃ ᠮᠣᠩᠭᠤᠯ ᠪᠢᠴᠢᠭ ᠪᠣᠯ ᠪᠥᠬᠦ ᠮᠣᠩᠭᠤᠯ ᠦᠨᠳᠦᠰᠦᠲᠡᠨ ᠤ ᠪᠢᠴᠢᠭ ᠪᠣᠯᠬᠤ ᠤᠴᠢᠷ ᠠᠴᠠ ᠮᠣᠩᠭᠤᠯ ᠬᠡᠯᠡᠨ ᠤ ᠭᠤᠣᠯ ᠶᠣᠰᠤ ᠎ ᠪᠠᠨ᠂ ᠭᠤᠣᠯᠴᠢ ᠱᠤᠭᠤᠮ ᠢᠶᠠᠨ ᠶᠡᠷᠦ ᠠᠯᠳᠠᠳᠠᠭ ᠦᠭᠡᠢ᠃ ᠣᠯᠠᠨ ᠮᠣᠩᠭᠤᠯᠴᠤᠳ ᠢᠶᠠᠨ ᠢᠮᠠᠭᠳᠠ ᠬᠤᠯᠪᠤᠵᠤ ᠪᠠᠶᠢᠳᠠᠭ᠃ ᠲᠡᠭᠡᠭᠡᠳ ᠪᠠᠷᠭᠤ ᠠᠮᠠᠨ ᠠᠶᠠᠯᠭᠤ ᠎ ᠪᠠᠷ ᠢᠶᠠᠨ ᠳᠠᠭᠤᠳᠠᠬᠤ ᠪᠦᠬᠦᠶᠢᠯᠡ ᠪᠣᠯᠤᠯᠴᠠᠭ᠎ᠠ ᠶᠢ ᠬᠠᠩᠭᠠᠵᠤ ᠥᠭᠳᠡᠭ᠃      ⒍ᠪᠠᠷᠭᠤ ᠶᠢᠨ ᠠᠮᠠᠨ ᠠᠶᠠᠯᠭᠤᠨ ᠤ ᠦᠭᠡᠰ ᠤᠨ ᠰᠠᠩ ᠤᠨ ᠡᠭᠦᠰᠪᠦᠷᠢ ᠪᠦᠷᠢᠯᠳᠦᠬᠦᠨ ᠳᠤ ᠠᠷᠠᠪ᠂ ᠫᠧᠷᠰ᠂ ᠣᠶᠢᠭᠤᠷ᠂ ᠲᠦᠷᠺ᠂ ᠬᠢᠲᠠᠳ᠂ ᠰᠣᠯᠤᠩᠭᠤᠰ᠂ ᠶᠠᠫᠤᠨ᠂ ᠣᠷᠤᠰ᠂ ᠡᠨᠡᠳᠬᠡᠭ᠂ ᠲᠦᠪᠡᠳ᠂ ᠵᠦᠷᠴᠢᠳ᠂ ᠮᠠᠨᠵᠤ᠂ ᠳᠠᠭᠤᠷ᠂ ᠡᠸᠦ᠋ᠷᠦᠫᠡ ᠬᠡᠯᠡᠨ ᠤ ᠦᠭᠡᠰ ᠵᠣᠬᠢᠬᠤ ᠵᠣᠬᠢᠬᠤ ᠬᠡᠮᠵᠢᠶ᠎ᠡ ᠪᠠᠷ ᠨᠡᠪᠲᠡᠷᠡᠨ ᠣᠷᠤᠭᠰᠠᠨ ᠨᠢ ᠡᠳᠡᠭᠡᠷ ᠤᠯᠤᠰ ᠣᠷᠤᠨ ᠲᠠᠢ ᠡᠷᠲᠡᠨ ᠠᠴᠠ ᠨᠠᠭᠠᠰᠢ ᠬᠤᠳᠠᠯᠳᠤᠭ᠎ᠠ ᠠᠷᠠᠯᠵᠢᠶ᠎ᠠ᠂ ᠱᠠᠰᠢᠨ ᠮᠥᠷᠭᠦᠯ᠂ ᠤᠯᠤᠰ ᠲᠥᠷᠥ᠂ ᠡᠳ᠋ ᠤᠨ ᠵᠠᠰᠠᠭ ᠤᠨ ᠬᠠᠷᠢᠯᠴᠠᠭ᠎ᠠ ᠲᠠᠢ ᠪᠠᠶᠢᠭᠰᠠᠨ ᠤ ᠭᠡᠷᠡᠴᠢ ᠪᠣᠯᠤᠨ ᠦᠯᠡᠳᠡᠵᠡᠢ᠃ ᠡᠳᠡᠭᠡᠷ ᠦᠭᠡᠰ ᠢ ᠰᠣᠶᠤᠯ ᠤᠨ ᠬᠦᠷᠢᠶᠡᠨ ᠳᠤ ᠨᠢ ᠴᠠᠭ ᠦᠶ᠎ᠡ ᠲᠠᠢ ᠨᠢ ᠤᠶᠠᠯᠳᠤᠭᠤᠯᠤᠨ ᠰᠤᠳᠤᠯᠵᠤ ᠲᠡᠦᠬᠡᠴᠢᠯᠡᠨ ᠭᠠᠷᠭᠠᠵᠤ ᠢᠷᠡᠪᠡᠯ ᠰᠣᠨᠢᠷᠬᠠᠯᠲᠠᠢ ᠰᠤᠳᠤᠯᠭ᠎ᠠ ᠪᠣᠯᠤᠨ᠎ᠠ᠃      ⒎ᠪᠠᠷᠭᠤ ᠶᠢᠨ ᠠᠮᠠᠨ ᠠᠶᠠᠯᠭᠤᠨ ᠤ ᠦᠭᠡᠰ ᠤᠨ ᠰᠠᠩ ᠤᠨ ᠪᠦᠷᠢᠯᠳᠦᠬᠦᠨ ᠢ ᠪᠠᠷᠭᠤ ᠪᠤᠷᠢᠶᠠᠳ ᠠᠶᠠᠯᠭᠤᠨ ᠤ ᠳᠡᠯᠭᠡᠷ ᠬᠦᠷᠢᠶᠡᠨ ᠳᠤ ᠠᠪᠴᠤ ᠰᠤᠳᠤᠯᠬᠤ ᠶᠠᠪᠤᠳᠠᠯ ᠲᠣᠩ ᠴᠢᠬᠤᠯᠠ ᠪᠠᠶᠢᠨ᠎ᠠ᠃ ᠪᠠᠷᠭᠤ ᠪᠤᠷᠢᠶᠠᠳ ᠠᠶᠠᠯᠭᠤᠨ ᠤ ᠳᠤᠮᠳᠠ ᠶᠢᠨ ᠦᠭᠡᠰ ᠨᠢ ᠭᠡᠬᠦ ᠳᠤ ᠶᠠᠮᠠᠷ ᠶᠠᠮᠠᠷ ᠦᠭᠡᠰ ᠪᠠᠶᠢᠨ᠎ᠠ ᠪᠣᠢ︖ ᠪᠤᠷᠢᠶᠠᠳ ᠤᠨ ᠶᠠᠮᠠᠷ ᠶᠠᠮᠠᠷ ᠠᠮᠠᠨ ᠠᠶᠠᠯᠭᠤᠨ ᠳᠤ ᠶᠠᠭᠠᠬᠢᠵᠤ ᠬᠡᠯᠡᠭᠳᠡᠳᠡᠭ ᠪᠣᠢ︖ ᠢᠷᠡᠯ ᠭᠠᠷᠤᠯ ᠨᠢ ᠶᠠᠮᠠᠷ ᠦᠭᠡ ᠶᠤᠮ︖ ᠪᠠᠷᠭᠤ ᠶᠢᠨ ᠠᠶᠠᠯᠭᠤᠨ ᠳᠤ ᠬᠠᠮᠢᠶᠠᠷᠤᠯ ᠦᠭᠡᠢ ᠪᠤᠷᠢᠶᠠᠳ ᠠᠶᠠᠯᠭᠤᠨ ᠤ ᠦᠭᠡᠰ ᠨᠢ ᠠᠯᠢ ᠪᠣᠢ︖ ᠪᠤᠷᠢᠶᠠᠳ ᠠᠶᠠᠯᠭᠤᠨ ᠳᠤ ᠬᠠᠮᠢᠶᠠᠷᠤᠯ ᠦᠭᠡᠢ ᠪᠠᠷᠭᠤ ᠠᠶᠠᠯᠭᠤᠨ ᠤ ᠦᠭᠡᠰ ᠨᠢ ᠠᠯᠢ ᠪᠣᠢ︖ ᠮᠣᠩᠭᠤᠯ ᠬᠡᠯᠡᠨ ᠳᠤ ᠬᠠᠮᠢᠶᠠᠷᠤᠯ ᠦᠭᠡᠢ ᠪᠠᠷᠭᠤ ᠪᠤᠷᠢᠶᠠᠳ ᠦᠭᠡᠰ ᠨᠢ ᠠᠯᠢ ᠪᠣᠢ︖ ᠬᠠᠷᠢᠴᠠᠩᠭᠤᠢ ᠬᠡᠳᠦᠨ ᠬᠤᠪᠢ ᠡᠵᠡᠯᠡᠵᠦ ᠪᠠᠶᠢᠨ᠎ᠠ︖ ᠮᠣᠩᠭᠤᠯ ᠬᠡᠯᠡᠨ ᠳᠤ ᠬᠠᠮᠢᠶᠠᠷᠤᠯ ᠦᠭᠡᠢ ᠪᠠᠷᠭᠤ ᠪᠤᠷᠢᠶᠠᠳ ᠦᠭᠡᠰ ᠨᠢ ᠠᠯᠢ ᠪᠣᠢ︖ ᠮᠣᠩᠭᠤᠯ ᠬᠡᠯᠡᠨ ᠤ ᠬᠡᠳᠦᠢ ᠦᠶ᠎ᠡ ᠳᠤ ᠬᠠᠮᠢᠶᠠᠷᠬᠤ ᠪᠣᠢ︖ ᠭᠡᠬᠦ ᠮᠡᠳᠦᠴᠢᠯᠡᠨ ᠰᠤᠳᠤᠯᠪᠠᠯ ᠮᠠᠰᠢ ᠰᠣᠨᠢᠷᠬᠠᠯᠲᠠᠢ ᠳ᠋ᠦᠩᠨᠡᠯᠲᠡ ᠭᠠᠷᠤᠨ᠎ᠠ᠃     ⒏ᠪᠠᠷᠭᠤ ᠶᠢᠨ ᠠᠮᠠᠨ ᠠᠶᠠᠯᠭᠤᠨ ᠤ ᠥᠪᠡᠷᠮᠢᠴᠡ ᠥᠪᠡᠷ ᠤᠨ ᠬᠢᠨᠢ ᠦᠭᠡ ᠭᠡᠪᠡᠯ ᠦᠢ ᠲᠦᠮᠡ᠂ ᠦᠯᠢᠭᠡᠷᠯᠡᠪᠡᠯ᠄ ᠠᠨᠳᠠᠭ᠎ᠠ ᠲᠠᠢ ︵ᠴᠢᠬᠤᠯᠠ᠂ ᠡᠷᠬᠢᠮ︶ ᠂ ᠠᠯᠲᠠ ︵ᠬᠡᠦᠬᠡ︶ ᠪᠠᠨᠢᠭᠠᠨ     ︵ᠯᠠᠭᠱᠠᠨ︶᠂ ᠪᠣᠶᠢᠮᠠᠬᠤ ︵ᠡᠯᠪᠡᠭ ᠳᠡᠯᠪᠡᠭ ᠬᠦᠷᠦᠯᠴᠡᠬᠦ︶᠂ ᠭᠠᠳᠠᠢ ︵ᠰᠠᠮᠫᠠᠨ︶᠂ ᠳ᠋ᠠᠩᠰᠢᠬᠤ       ︵ᠪᠠᠯᠪᠠᠭ᠋ᠤ︶᠂ ᠵᠠᠨᠤᠭ᠎ᠠ ᠲᠠᠢ ︵ᠵᠣᠷᠢᠭᠤᠳᠠ︶᠂ ᠵᠠᠨ᠎ᠠ ︵ᠱᠣᠳᠠᠩ ᠭᠡᠵᠢᠭᠡ︶᠂ ᠢᠪᠡᠭᠡᠷᠡᠭ           ︵ᠳᠣᠲᠤᠨᠤᠴᠢᠯᠠᠮᠠᠲᠠᠭᠠᠢ︶᠂ ᠯᠠᠭᠠᠭᠢᠬᠤ ︵ᠯᠥᠪᠬᠢᠬᠦ︶᠂ ᠮᠢᠲ᠋ᠢᠢᠨ ︵ᠵᠦᠭᠡᠷ︶᠂ ᠨᠠᠶᠤ ︵ᠠᠮᠠᠷᠠᠭ ᠨᠥᠬᠦᠷ︶᠂ ᠣᠷᠭᠤᠢ ᠣᠲᠤᠭ ᠦᠭᠡᠢ ︵ᠡᠮᠬᠢ ᠵᠠᠮᠪᠠᠷᠠᠭ᠎ᠠ ᠦᠭᠡᠢ︶᠂ ᠥᠭᠡᠳᠡᠲᠡᠶᠢᠬᠡᠨ             ︵ᠣᠯᠢᠭᠲᠠᠶᠢᠬᠠᠨ︶᠂ ᠾᠠᠯᠪᠠ ︵ᠰᠠᠯᠠᠭ᠎ᠠ︶᠂ ᠾᠠᠮᠠᠯᠳᠤᠬᠤ ︵ᠰᠠᠮᠭᠠᠷᠳᠠᠬᠤ︶᠂ ᠾᠤᠬᠤᠭ ᠲᠥᠭᠡᠷᠭᠡ ᠶᠠᠪᠤᠬᠤ᠂ ᠲᠣᠪᠰᠤᠭ᠎ᠠ ︵ᠪᠣᠯᠵᠤᠭ᠎ᠠ ᠬᠤᠭᠤᠴᠠᠭ᠎ᠠ︶᠂ ᠳᠤᠨᠳᠠᠭᠤᠨ ︵ᠲᠣᠭᠲᠠᠭᠤᠨ᠂ ᠨᠠᠮᠵᠢᠭᠤᠨ︶᠂ ᠲᠦᠬᠦᠷ ︵ᠪᠦᠷᠢᠨ︶᠂ ᠣᠶᠢᠮᠠᠷᠵᠠᠭᠠᠢ ︵ᠲᠡᠨᠡᠭᠳᠡᠭᠦᠦ︶᠂ ᠫᠠᠯᠪᠠᠤ ︵ᠴᠦᠯᠯᠡᠭᠡᠨ ᠤ ᠬᠥᠮᠥᠨ︶᠂ ᠬᠠᠵᠢᠩ ︵ᠬᠠᠵᠠᠷ︶᠂ ᠬᠡᠨᠬᠢᠳ ︵ᠬᠤᠮᠤᠬᠠᠢ︶᠂ ᠨᠣᠣᠷᠠᠢ ᠬᠢᠮᠡᠭ᠂ ᠬᠤᠩᠭᠤ ︵ᠬᠠᠲᠠᠭᠤ ᠴᠢᠬᠢ ᠲᠠᠢ︶ ᠳᠦᠯᠡᠢ ᠬᠥᠮᠥᠨ ᠳᠥᠷᠪᠡ ᠬᠡᠯᠡᠭᠦᠯᠦᠨ᠎ᠡ᠂ ᠬᠤᠩᠭᠤ ᠬᠥᠮᠥᠨ ᠬᠤᠶᠠᠷ ᠬᠡᠯᠡᠭᠦᠯᠦᠨ᠎ᠡ᠂ ᠰᠢᠪᠬᠡ ︵ᠦᠰᠦᠨ ᠤ ᠬᠠᠪᠴᠢᠶᠠᠷᠢ︶᠂ ᠰᠦᠦᠷᠭᠡ ︵ᠴᠣᠣᠵᠢᠨ ᠤ ᠳᠠᠷᠤᠭᠤᠯᠭ᠎ᠠ︶᠂ ᠡᠪᠰᠡᠭᠡ ︵ᠡᠪ︶᠂ ᠡᠭᠡᠨᠢᠬᠦ             ︵ᠲᠡᠭᠡᠨᠡᠭᠡᠯᠵᠡᠬᠦ︶᠂ ᠶᠡᠬᠡᠯᠡᠢ ︵ᠶᠡᠭᠡ ᠡᠬᠡᠨᠡᠷ︶᠂ ᠶᠠᠩᠭᠢᠷ ︵ᠠᠳᠠᠯᠢᠬᠠᠨ︶ ᠭᠡᠬᠦ ᠮᠡᠲᠦ ︵8︶᠃     ᠪᠠᠷᠭᠤ ᠠᠮᠠᠨ ᠠᠶᠠᠯᠭᠤᠨ ᠤ ᠥᠪᠡᠷᠮᠢᠴᠡ ᠦᠭᠡ ᠬᠡᠯᠡᠯᠭᠡ ᠪᠣᠯ ᠮᠣᠩᠭᠤᠯ ᠬᠡᠯᠡᠨ ᠤ ᠪᠦᠲᠦᠴᠡ ᠪᠦᠬᠦᠢ ᠬᠤᠪᠤᠷ ᠨᠠᠨᠳᠢᠨ ᠦᠭᠡ ᠮᠥᠨ ᠤ ᠲᠤᠯᠠ ᠨᠠᠷᠢᠨ ᠨᠡᠷ᠎ᠡ ᠲᠣᠮᠢᠶ᠎ᠠ ᠣᠨᠤᠭᠠᠵᠤ ᠪᠣᠯᠪᠠᠰᠤᠷᠠᠭᠤᠯᠬᠤ ᠳᠤ ᠴᠢᠬᠤᠯᠠ ᠬᠡᠷᠡᠭᠴᠡᠭᠡᠲᠡᠢ ᠶᠤᠮ᠃ ᠮᠥᠨ ᠲᠡᠭᠦᠨᠴᠢᠯᠡᠨ ︽ᠬᠤᠩᠭᠤ᠂ ᠰᠦᠦᠷᠭᠡ᠂ ᠬᠢᠮᠡᠭ᠂ ᠲᠣᠪᠴᠢᠶ᠎ᠠ︾ ᠮᠡᠲᠦ ᠦᠭᠡᠰ ᠢ ᠳᠡᠯᠭᠡᠷ ᠮᠣᠩᠭᠤᠯ ᠤᠳᠬ᠎ᠠ ᠵᠣᠬᠢᠶᠠᠯ ᠤᠨ ᠬᠡᠯᠡᠨ ᠳᠤ ᠣᠷᠤᠭᠤᠯᠵᠤ ᠨᠡᠶᠢᠲᠡ ᠳᠤ ᠬᠡᠪᠰᠢᠭᠦᠯᠬᠦ ᠨᠢ ᠵᠣᠬᠢᠰᠲᠠᠢ ᠮᠡᠲᠦ ᠰᠠᠨᠠᠭᠳᠠᠨ᠎ᠠ᠃     ᠳ᠋ᠦᠩᠨᠡᠵᠦ ᠬᠡᠯᠡᠬᠦ ᠳᠤ᠂ ᠪᠠᠷᠭᠤ ᠠᠮᠠᠨ ᠠᠶᠠᠯᠭᠤᠨ ᠤ ᠦᠭᠡᠰ ᠤᠨ ᠰᠠᠩ ᠤᠨ ᠡᠭᠦᠰᠪᠦᠷᠢ ᠪᠦᠷᠢᠯᠳᠦᠬᠦᠨ ᠨᠢ ᠠᠯᠲᠠᠢ ᠶᠢᠨ ᠬᠡᠯᠡ ᠨᠦᠭᠦᠳ ᠬᠢᠭᠡᠳ ᠮᠣᠩᠭᠤᠯ ᠎ ᠤᠨ ᠣᠯᠠᠨ ᠠᠶᠠᠯᠭᠤᠨ ᠤ ᠰᠢᠮ᠎ᠡ ᠴᠣᠭᠴᠠᠯᠠᠭᠰᠠᠨ ᠪᠠ ᠣᠯᠠᠨ ᠰᠣᠶᠤᠯ ᠬᠤᠷᠠᠯᠳᠤᠵᠤ ᠬᠤᠷᠠᠮᠳᠠᠯᠠᠭᠳᠠᠭᠰᠠᠨ ᠦᠭᠡ ᠶᠢᠨ ᠰᠠᠩ ᠤᠨ ᠦᠯᠡᠮᠵᠢ ᠪᠠᠶᠠᠯᠢᠭ ᠠᠮᠠᠨ ᠠᠶᠠᠯᠭᠤ ᠪᠣᠯᠬᠤ ᠤᠴᠢᠷ ᠣᠷᠤᠨ ᠪᠦᠬᠦᠨ ᠤ ᠮᠣᠩᠭᠤᠯᠴᠢ ᠡᠷᠳᠡᠮᠲᠡᠳ ᠡᠪ ᠤᠨ ᠵᠠᠶᠠᠭ᠎ᠠ ᠵᠠᠶᠠᠭᠠᠯᠠᠭᠤᠯᠵᠤ ᠡᠷᠳᠡᠮ ᠰᠤᠳᠤᠯᠭᠠᠨ ᠤ ᠡᠷᠭᠢᠯᠲᠡᠨ ᠳᠤ ᠣᠷᠤᠭᠤᠯᠵᠤ᠂ ᠨᠣᠮ ᠤᠨ ᠬᠦᠷᠲᠤ ᠪᠣᠯᠭᠠᠨ ᠡᠷᠭᠢᠭᠦᠯᠦᠭᠲᠦᠨ︕                                       ︵ᠦ᠊ · ᠰᠧᠪᠡᠯ ᠺᠢᠷᠢᠯ ᠦᠰᠦᠭ ᠠᠴᠠ ᠪᠠᠭᠤᠯᠭᠠᠪᠠ︶
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ