ᠵᠠᠯᠠᠭᠤ ᠡᠮᠡᠭᠲᠡᠶᠢᠴᠦᠳ ᠪᠠᠮᠪᠠᠢ ᠪᠤᠯᠴᠢᠷᠬᠠᠢ ᠶᠢᠨ ᠦᠮᠡᠨ ᠳᠤ ᠠᠮᠠᠷᠬᠠᠨ ᠨᠡᠷᠪᠡᠭᠲᠡᠲᠡᠭ ᠪᠤᠯᠵᠤ ᠪᠠᠶᠢᠨ᠎ᠠ | ᠤᠶᠢᠷ᠎ᠠ ᠶᠢᠨ ᠵᠢᠯ ᠤᠳ ᠲᠤ ᠪᠠᠮᠪᠠᠢ ᠪᠤᠯᠴᠢᠷᠬᠠᠢ ᠶᠢᠨ ᠦᠮᠡᠨ ᠡᠬᠦᠰᠬᠦ ᠨᠤᠷᠮ᠎ᠠ ᠵᠠᠯᠭᠠᠭ᠎ᠠ ᠪᠠᠷ | ᠲᠡᠭᠡᠭᠰᠢᠯᠡᠭᠡᠳ᠂ᠨᠡᠮᠡᠭᠲᠡᠯ ᠨᠢ ᠬᠠᠮᠤᠭ ᠤᠨ ᠳᠦᠷᠭᠡᠨ ᠪᠤᠯᠤᠬᠰᠠᠨ ᠬᠠᠪᠤᠲᠠᠷ ᠡᠪᠡᠳᠴᠢᠨ ᠪᠤᠯᠤᠬᠰᠠᠨ ᠪᠠᠶᠢᠨ᠎ᠠ᠃ | ᠳᠤᠭ᠎ᠠ ᠪᠠᠷᠢᠮᠲᠠ ᠡᠴᠠᠦᠵᠡᠪᠡᠯ᠂ ᠪᠠᠮᠪᠠᠢ ᠪᠤᠯᠴᠢᠷᠬᠠᠢ ᠶᠢᠨ ᠡᠪᠡᠳᠴᠢᠨ ᠤᠯᠤᠬᠰᠠᠨ ᠡᠮᠡᠭᠲᠡᠶᠢᠴᠦᠳ ᠤᠨ ᠲᠤᠭ᠎ᠠ | ᠨᠢ ᠪᠠᠷᠤᠭ ᠡᠷᠡᠭᠲᠡᠢ ᠡᠪᠡᠳᠴᠢᠲᠠᠨᠣ ᠲᠤᠭᠠᠨ ᠠᠴᠠ 3 ᠳᠠᠬᠢᠨ ᠢᠯᠡᠬᠦᠦ ᠪᠠᠶᠢᠨ᠎ᠠ᠂ ᠡᠬᠦᠨ ᠳᠤ ᠵᠠᠯᠠᠭᠤ ᠡᠮᠡᠭᠲᠡᠢ | ︵20 — 40 ᠨᠠᠰᠦ︶ ᠡᠪᠡᠳᠴᠢᠲᠠᠨ ᠣᠲ᠋ᠤᠭᠠ ᠨᠢ ᠡᠮᠡᠭᠲᠡᠢ ᠡᠪᠡᠳᠴᠢᠲᠠᠨ ᠤ 35% ᠶᠢ ᠡᠵᠡᠯᠡᠵᠦ᠂ | ᠬᠠᠷᠢᠴᠠᠯ ᠨᠢ ᠨᠡᠯᠢᠶᠡᠳ ᠶᠡᠭᠡ ᠪᠠᠶᠢᠨ᠎ᠠ᠃ ᠰᠤᠳᠤᠯᠭᠠᠨ ᠠᠴᠠ ᠦᠵᠡᠪᠡᠯ᠂ ᠪᠠᠮᠪᠠᠢ ᠪᠤᠯᠴᠢᠷᠬᠠᠢ ᠶᠢᠨ ᠦᠮᠡᠨ ᠤᠯᠬᠤ | ᠨᠢ ᠰᠠᠴᠤᠷᠠᠭ᠂ ᠤᠲᠤᠮᠯᠠᠯ᠂ ᠢᠤᠳ᠋ᠰᠢᠩᠭᠡᠭᠡᠬᠦ ᠬᠡᠮᠵᠢᠶ᠎ᠠ᠂ ᠡᠮ᠎ᠡ ᠬᠤᠷᠮᠤᠨ ᠵᠡᠷᠭᠡ ᠲᠠᠢ ᠬᠤᠯᠪᠤᠭ᠎ᠠ ᠲᠠᠢ ᠪᠠᠶᠢᠨ᠎ᠠ᠃ | ᠡᠮ᠎ᠡ ᠬᠤᠷᠮᠤᠨ ᠬᠢᠭᠡᠳ ᠪᠠᠮᠪᠠᠢ ᠪᠤᠯᠴᠢᠷᠬᠠᠢᠶᠢᠨ ᠬᠠᠷᠢᠴᠠᠭ᠎ᠠ ᠨᠢ ᠵᠠᠯᠠᠭᠤ ᠡᠮᠡᠭᠲᠡᠶᠢᠴᠦᠳ ᠪᠠᠮᠪᠠᠢ ᠪᠤᠯᠴᠢᠷᠬᠠᠢ ᠶᠢᠨ | ᠦᠮᠡᠨ ᠳᠤ ᠤᠯᠠᠨ ᠨᠡᠷᠪᠡᠭᠲᠡᠵᠦ ᠪᠠᠶᠢᠭ᠎ᠠ ᠶᠢᠨ ᠨᠢᠭᠡᠰᠢᠯᠲᠠᠭᠠᠨ ᠪᠠᠶᠢᠵᠤ ᠮᠠᠲᠠᠨ᠎ᠠ᠃ ᠡᠮᠡᠭᠲᠡᠶᠢᠴᠦᠳ ᠤᠨ ᠪᠡᠶ᠎ᠡ | ᠳᠠᠬᠢ ᠡᠮ᠎ᠡ ᠬᠤᠷᠮᠤᠨ ᠨᠢ ᠡᠷᠡᠭᠲᠡᠶᠢᠴᠦᠳ ᠠᠴᠠ ᠠᠷᠪᠢᠨ ᠪᠠᠶᠢᠲᠠᠭᠮᠦ᠋ᠷᠲᠡᠭᠡᠨ ᠡᠷᠡᠭᠲᠡᠶᠢᠴᠦᠳ ᠲᠤ ᠪᠠᠶᠢᠲᠠᠭ ᠦᠭᠡᠢ | ᠵᠢᠷᠮᠦᠰᠦᠯᠡᠬᠦ ᠬᠤᠷᠮᠤᠨ ᠪᠠᠶᠢᠲᠠᠭ ᠤᠨ ᠲᠡᠭᠡᠷ᠎ᠡ ᠡᠮᠡᠭᠲᠡᠢ ᠬᠦᠮᠦᠨ ᠳᠤ ᠯᠠ ᠪᠠᠶᠢᠲᠠᠭ ᠰᠠᠷ᠎ᠠ ᠶᠢᠨ ᠭᠬᠢᠷ ᠤᠨ | ᠬᠤᠭᠤᠴᠠᠭ᠎ᠠ᠂ ᠵᠢᠷᠮᠦᠰᠦᠯᠡᠬᠦ ᠬᠤᠭᠤᠴᠠᠭ᠎ᠠ᠂ ᠬᠦᠬᠦᠬᠦᠯᠬᠦ ᠬᠤᠭᠤᠴᠠᠭ᠎ᠠ ᠳᠤ ᠡᠮ᠎ᠡ ᠬᠤᠷᠮᠤᠨ ᠢᠯᠡᠬᠦᠦ | ᠢᠯᠭᠠᠷᠠᠭᠤᠯᠲᠠᠭ᠂ ᠡᠨᠡ ᠪᠦᠬᠦᠨ ᠨᠢ ᠡᠮᠡᠭᠲᠡᠢ ᠬᠦᠮᠦᠨ ᠤ ᠪᠠᠮᠪᠠᠢ ᠪᠤᠯᠴᠢᠷᠬᠠᠢ ᠶᠢᠨ ᠦᠮᠡᠨ ᠳᠤ | ᠨᠡᠷᠪᠡᠭᠲᠡᠬᠦᠲ᠋ᠦ᠋ᠭᠰᠢᠬᠦᠷᠢ ᠶᠢ ᠨᠡᠮᠡᠭᠲᠡᠬᠦᠯᠦᠭᠰᠡᠨ ᠪᠠᠶᠢᠨ᠎ᠠ᠃ 20 — 40 ᠨᠠᠰᠦᠨ ᠤ ᠡᠮᠡᠭᠲᠡᠶᠢᠴᠦᠳ ᠪᠤᠯ ᠠᠮᠢ | ᠨᠠᠰᠦᠨ ᠤ ᠢᠲᠡᠷᠡᠬᠦᠨ ᠦᠶ᠎ᠡ ᠳᠤ᠂ ᠪᠠᠰᠠ ᠴᠦ ᠬᠡᠦᠭᠡᠳᠲ᠋ᠡᠢ ᠪᠤᠯᠬᠤ ᠨᠠᠰᠦᠨ ᠳᠤ ᠪᠠᠶᠢᠭ᠎ᠠ ᠪᠤᠯᠬᠤᠷ ᠪᠡᠶ᠎ᠡ | ᠴᠤᠭᠴᠠᠰ ᠤᠨ ᠲᠤᠲᠤᠷᠠᠬᠢ ᠬᠤᠷᠮᠤᠨ ᠤ ᠬᠡᠮᠵᠢᠶ᠎ᠡ ᠨᠢ ᠴᠦ ᠨᠠᠰᠦᠨ ᠳᠤᠷᠰᠢᠶᠢᠨ ᠬᠠᠮᠤᠭ ᠤᠨ ᠠᠷᠪᠢᠨ ᠦᠶ᠎ᠡ | ᠳᠡᠭᠡᠨ ᠪᠠᠶᠢᠲᠠᠭ᠃ ᠵᠠᠷᠢᠮ ᠵᠠᠯᠠᠭᠤ ᠡᠮᠡᠭᠲᠡᠶᠢᠴᠦᠳ ᠭᠤᠶᠤᠯᠠᠬᠤ ᠳᠠᠭᠠᠨ ᠡᠮ᠎ᠡ ᠬᠤᠷᠮᠤᠨ ᠳᠡᠢᠡᠳ᠋ ᠢ ᠬᠡᠷᠡᠭᠯᠡᠵᠦ᠂ | ᠵᠢᠷᠮᠦᠰᠦᠯᠡᠬᠦ ᠶᠢ ᠬᠤᠷᠢᠭᠯᠠᠬᠤ ᠤᠤᠭᠤᠲᠠᠭ ᠡᠮ ᠢ ᠬᠡᠷᠡᠭᠯᠡᠨ᠂ ᠡᠮ᠎ᠡ ᠬᠤᠷᠮᠤᠨ ᠢ ᠲᠤᠷ᠎ᠠ ᠲᠠᠪᠠ ᠪᠠᠷ ᠵᠶ᠋ᠡᠨᠬᠡᠷᠡᠭᠯᠡᠲᠡᠭ᠂ | ᠡᠳᠡᠭᠡᠷ ᠦᠢᠯᠡ ᠠᠵᠢᠯᠯᠠᠭ᠎ᠠ ᠨᠢ ᠠᠮᠠᠷᠬᠠᠨ ᠢᠶᠠᠷ ᠪᠠᠮᠪᠠᠢ ᠪᠤᠯᠴᠢᠷᠬᠠᠢ ᠶᠢᠨ ᠦᠮᠡᠨ ᠡᠬᠦᠰᠭᠡᠲᠡᠭ᠃ ᠤᠶᠢᠷ᠎ᠠ ᠶᠢᠨ ᠵᠢᠯ | ᠳᠤ ᠬᠦᠬᠦᠨ ᠪᠤᠯᠴᠢᠷᠬᠠᠢ ᠶᠢᠨ ᠦᠮᠡᠨ᠂ ᠰᠠᠪᠠ ᠶᠢᠨ ᠬᠦᠵᠦᠬᠦᠨ ᠤ ᠦᠮᠡᠨ ᠡᠬᠦᠰᠬᠦ ᠳᠤᠭᠠᠨᠡᠮᠡᠭᠲᠡᠭᠰᠡᠨ ᠢᠶᠠᠷ᠂ | ᠡᠮᠡᠭᠲᠡᠢ ᠬᠦᠮᠦᠨ ᠤ ᠪᠡᠶ᠎ᠡ ᠶᠢᠨ ᠲᠤᠲᠤᠷᠠᠬᠢ ᠬᠤᠷᠮᠤᠨ ᠵᠠᠮᠪᠠᠷᠠᠭ᠎ᠠ ᠦᠭᠡᠢ ᠪᠤᠯᠬᠤ ᠶᠠᠪᠤᠲᠠᠯ ᠪᠤᠢ ᠪᠤᠯᠵᠤᠪᠠᠶᠢᠨᠠ᠂ | ᠡᠨᠡ ᠨᠢ ᠪᠠᠰᠠ ᠪᠠᠮᠪᠠᠢ ᠪᠤᠯᠴᠢᠷᠬᠠᠢ ᠶᠢᠨ ᠦᠮᠡᠨ ᠢ ᠠᠮᠠᠷᠬᠠᠨ ᠡᠬᠦᠰᠭᠡᠲᠡᠭ᠃ ᠡᠮᠴᠢᠯᠡᠭᠡᠨ ᠤ ᠪᠠᠶᠢᠲᠠᠯ | ᠡᠴᠠᠦᠵᠡᠪᠡᠯ᠂ ᠬᠦᠬᠦᠨ ᠪᠤᠯᠴᠢᠷᠬᠠᠢ ᠶᠢᠨ ᠦᠮᠡᠨ ᠤᠯᠵᠤ ᠦᠩᠭᠡᠷᠡᠭᠰᠡᠨ ᠪᠠ ᠰᠠᠪᠠ ᠶᠢᠨ ᠬᠦᠵᠦᠬᠦᠨ ᠤ | ᠦᠮᠡᠨ ᠤᠯᠵᠤᠦᠩᠭᠡᠷᠡᠭᠰᠡᠨ ᠬᠦᠮᠦᠨ ᠪᠠᠮᠪᠠᠢ ᠪᠤᠯᠴᠢᠷᠬᠠᠢ ᠶᠢᠨ ᠦᠮᠡᠨ ᠤᠯᠤᠬᠰᠠᠨ ᠵᠢᠱᠢᠶ᠎ᠠ ᠴᠦᠭᠡᠨ ᠪᠤᠰᠦ ᠪᠤᠢ᠃ | ᠤᠶᠤᠨ ᠰᠠᠨᠠᠭᠠᠨ ᠤ ᠲᠠᠷᠤᠯᠲᠠ ᠶᠡᠭᠡ᠂ ᠤᠷᠮ᠎ᠠ ᠰᠡᠳᠬᠢᠯᠭᠡ ᠲᠤᠭᠲᠠᠭᠤᠨ ᠪᠤᠰᠦ ᠪᠠᠶᠢᠬᠤ ᠪᠤᠯ ᠪᠠᠰᠠ ᠴᠦ | ᠡᠮᠡᠭᠲᠡᠶᠢᠴᠦᠳ ᠤᠨ ᠪᠠᠮᠪᠠᠢ ᠪᠤᠯᠴᠢᠷᠬᠠᠢ ᠶᠢᠨ ᠦᠮᠡᠨ ᠤᠯᠲᠠᠭ ᠤᠨ ᠨᠢᠭᠡ ᠰᠢᠯᠲᠠᠭᠠᠨ ᠮᠥᠨ᠃ ᠤᠲᠤ ᠦᠶ᠎ᠡ | ᠶᠢᠨ ᠡᠮᠡᠭᠲᠡᠶᠢᠴᠦᠳ ᠤᠨ ᠤᠯᠠᠩᠬᠢ ᠨᠢ ᠠᠵᠢᠯ ᠦᠢᠯᠡᠰ ᠪᠠ ᠭᠡᠷ ᠪᠦᠯᠢ ᠪᠠᠨ ᠵᠡᠷᠭᠡᠪᠡᠷ ᠬᠠᠷᠠᠭᠠᠯᠵᠠᠲᠠᠭ | ᠪᠤᠯᠬᠤᠷ ᠲᠠᠷᠤᠯᠲᠠᠲ᠋ᠤᠯᠭᠠᠷᠠᠭᠰᠠᠨ ᠦᠶ᠎ᠡ ᠳᠤ ᠤᠷᠮ᠎ᠠ ᠰᠡᠳᠬᠢᠯᠭᠡ ᠶᠢᠨ ᠳᠤᠯᠬᠢᠰᠤᠯ ᠶᠡᠭᠡ ᠪᠠᠶᠢᠲᠠᠭ᠃ ᠴᠠᠭ ᠨᠠᠮᠠᠵᠤ | ᠠᠵᠢᠯᠯᠠᠬᠤ᠂ ᠰᠦᠨᠢ ᠤᠷᠤᠢᠪᠤᠯᠲᠠᠯᠠ ᠠᠵᠢᠯᠯᠠᠬᠤ ᠨᠢ ᠲᠤᠲᠤᠭᠠᠳᠦ ᠱᠦᠬᠦᠷᠠᠯ ᠤᠨ ᠰᠢᠰᠲ᠋ᠧᠮ ᠢ ᠠᠮᠠᠷᠬᠠᠨ ᠢᠶᠠᠷ | ᠵᠠᠮᠪᠠᠷᠠᠭ᠎ᠠ ᠦᠭᠡᠢ ᠪᠤᠯᠭᠠᠬᠤ ᠪᠦᠬᠡᠳᠤᠶᠤᠨ ᠰᠠᠨᠠᠭᠠᠨ ᠤ ᠲᠠᠷᠤᠯᠲᠠ ᠶᠢ ᠨᠠᠮᠲᠠᠭᠤᠯᠬᠤ ᠳᠤ ᠬᠦᠴᠢᠷᠲᠡᠢ | ᠪᠤᠯᠭᠠᠵᠤ᠂ ᠪᠠᠮᠪᠠᠢ ᠪᠤᠯᠴᠢᠷᠬᠠᠢ ᠶᠢᠨ ᠴᠢᠲᠠᠮᠵᠢ ᠪᠤᠯᠤᠨ ᠰᠢᠨ᠎ᠡ ᠬᠠᠭᠤᠴᠢᠨ ᠤ ᠰᠤᠯᠢᠬᠲᠠᠯ ᠢ ᠴᠦ ᠨᠦᠯᠦᠭᠡᠯᠡᠲᠡᠭ᠂ | ᠡᠨᠡ ᠪᠤᠯ ᠪᠠᠰᠠ ᠪᠠᠮᠪᠠᠢ ᠪᠤᠯᠴᠢᠷᠬᠠᠢ ᠶᠢᠨ ᠦᠮᠡᠨ ᠡᠪᠡᠳᠴᠢᠨᠡᠬᠦᠰᠭᠡᠬᠦ ᠬᠦᠴᠦᠨ ᠵᠦᠢᠯ ᠪᠤᠯᠤᠨ᠎ᠠ᠃ ᠡᠬᠦᠨ | ᠠᠴᠠ ᠭᠠᠲᠠᠨ᠎ᠠ᠂ ᠠᠨᠠᠭᠠᠬᠤ ᠤᠬᠠᠭᠠᠨ ᠤ ᠬᠦᠭᠵᠢᠯᠲᠠ ᠶᠢᠨ ᠲᠠᠭᠠᠦ ᠳᠤ ᠪᠠᠶᠢᠴᠠᠭᠠᠬᠤ ᠮᠡᠷᠭᠡᠵᠢᠯ ᠴᠦ | ᠬᠦᠭᠵᠢᠵᠦ᠂ ᠬᠦᠮᠦᠰ ᠤᠨ ᠪᠡᠶ᠎ᠡ ᠶᠢᠨ ᠪᠠᠶᠢᠴᠠᠭᠠᠯᠲᠠ ᠬᠢᠯᠭᠡᠬᠦ ᠤᠬᠠᠮᠰᠠᠷ ᠨᠡᠮᠡᠭᠲᠡᠵᠦ ᠪᠠᠶᠢᠨ᠎ᠠ᠃ ᠬᠦᠮᠦᠨ ᠤ ᠪᠡᠶ᠎ᠡ | ᠳᠠᠬᠢ ᠵᠢᠵᠢᠭᠬᠡᠨ ᠪᠠᠮᠪᠠᠢ ᠪᠤᠯᠴᠢᠷᠬᠠᠢ ᠶᠢᠨ ᠪᠤᠯᠲᠤᠷᠤᠤ ᠶᠢ ᠴᠦ ᠦᠨᠳᠦᠷ ᠢᠯᠭᠠᠮᠵᠢᠲᠤ ᠪᠠᠶᠢᠴᠠᠭᠠᠬᠤ ᠮᠠᠰᠢᠨ ᠢᠶᠠᠷ | ᠢᠯᠭᠠᠨ ᠲᠠᠨᠢᠵᠤᠪᠤᠯᠲᠠᠭ᠃ ᠡᠨᠡ ᠨᠢ ᠪᠠᠰᠠ ᠴᠦ ᠤᠶᠢᠷ᠎ᠠ ᠶᠢᠨ ᠵᠢᠯ ᠳᠤ ᠪᠠᠮᠪᠠᠢ ᠪᠤᠯᠴᠢᠷᠬᠠᠢ ᠶᠢᠨ ᠵᠢᠵᠢᠭ ᠦᠮᠡᠨ ᠤ | ᠡᠬᠦᠰᠬᠦ ᠲᠤᠭ᠎ᠠ ᠳᠦᠷᠭᠡᠨᠨᠡᠮᠡᠭᠲᠡᠭᠰᠡᠨ ᠤ ᠨᠢᠭᠡ ᠰᠢᠯᠲᠠᠭᠠᠨ ᠮᠥᠨ᠃ ᠭᠡᠬᠦ ᠳᠡᠭᠡᠨ᠂ ᠪᠠᠮᠪᠠᠢ ᠪᠤᠯᠴᠢᠷᠬᠠᠢ ᠶᠢᠨ ᠦᠮᠡᠨ | ᠪᠤᠯ ᠠᠯᠭᠤᠷ ᠠᠬᠠᠲᠠᠬᠤ ᠦᠮᠡᠨ ᠮᠥᠨ ᠭᠡᠲᠡᠭ ᠢ ᠤᠯᠠᠨ ᠢᠶᠠᠷ ᠵᠶ᠋ᠡᠨᠮᠠᠲᠠᠵᠤ ᠠᠪᠬᠤ ᠴᠢᠬᠤᠯᠠᠲᠠᠢ᠃ ᠡᠷᠲᠡ | ᠤᠨᠤᠰᠢᠯᠠᠵᠤ ᠡᠷᠲᠡ ᠵᠠᠰᠠᠪᠠᠯ ᠤᠯᠠᠩᠬᠢ ᠡᠪᠡᠳᠴᠢᠲᠠᠨ ᠴᠦᠮ ᠢᠯᠡᠷᠢᠰᠢᠵᠤ ᠪᠤᠯᠤᠨ᠎ᠠ᠂ ᠡᠶᠢᠮᠦ ᠡᠪᠡᠳᠴᠢᠨ | ᠤᠯᠤᠬᠰᠠᠨ ᠢ ᠮᠡᠲᠡᠭᠰᠡᠭᠡᠷ ᠠᠶᠤᠵᠤ ᠬᠡᠯᠮᠡᠭᠲᠡᠬᠦ ᠬᠡᠷᠡᠭ ᠠᠯᠠᠭ᠎ᠠ᠃ |