ᠠᠮᠧᠷᠢᠺᠠ ᠶᠢᠨ ᠬᠡᠦᠭᠡᠳ ᠤᠨ ᠡᠮᠨᠡᠯᠭᠡ ᠶᠢᠨ ᠰᠢᠨᠵᠢᠯᠡᠭᠡᠨ ᠤ ᠨᠡᠶᠢᠭᠡᠮᠯᠢᠭ ᠤᠨ ᠬᠢᠨ ︽ᠨᠢᠭᠡ ᠨᠠᠰᠤ ᠬᠦᠷᠦᠭᠡᠳᠤᠢ ᠬᠡᠦᠭᠡᠳ ᠲᠤ ᠵᠢᠮᠢᠰ ᠤᠨ ᠰᠢᠬᠦᠰᠦ ᠤᠤᠭᠤᠯᠭᠠᠬᠤ ᠦᠭᠡᠢ ᠪᠤᠯ ᠰᠠᠶᠢᠨ︾ ᠭᠡᠵᠤ ᠰᠠᠨᠠᠭᠤᠯᠵᠠᠢ
ᠨᠡᠶᠢᠲᠡᠯᠡᠭᠰᠡᠨ ᠴᠠᠭ᠄
2017/8/9
     ᠠᠮᠧᠷᠢᠺᠠ ᠶᠢᠨ ᠬᠡᠦᠭᠡᠳ ᠤᠨ ᠡᠮᠨᠡᠯᠭᠡ ᠶᠢᠨ ᠰᠢᠨᠵᠢᠯᠡᠭᠡᠨ ᠤ ᠨᠡᠶᠢᠭᠡᠮᠯᠢᠭ ᠤᠨ ᠬᠢᠨ ᠬᠡᠦᠭᠡᠳ ᠲᠤ ᠵᠢᠮᠢᠰ ᠤᠨ ᠰᠢᠬᠦᠰᠦ ᠤᠤᠭᠤᠯᠭᠠᠬᠤ ᠵᠢᠭᠠᠯᠲᠠ ᠶᠢ ᠨᠡᠶᠢᠲᠡᠯᠡᠵᠤ᠂ 1 ᠨᠠᠰᠤ ᠬᠦᠷᠦᠭᠡᠳᠤᠢ ᠬᠡᠦᠭᠡᠳ ᠵᠢᠮᠢᠰ ᠤᠨ ᠰᠢᠬᠦᠰᠦ ᠤᠤᠭᠤᠪᠠᠯ ᠬᠤᠤᠷ ᠨᠢ ᠠᠰᠢᠭ ᠠᠴᠠ ᠪᠠᠨ ᠶᠡᠭᠡ ᠪᠠᠶᠢᠳᠠᠭ ᠪᠤᠯᠬᠤᠷ ᠭᠡᠷ ᠤᠨ ᠠᠬᠠᠮᠠᠳ ᠨᠢ ᠬᠡᠤᠭᠡᠳ ᠲᠡᠭᠡᠨ ᠵᠢᠮᠢᠰ ᠤᠨ ᠰᠢᠬᠦᠰᠦ ᠤᠤᠭᠤᠯᠭᠠᠬᠤ ᠦᠭᠡᠢ ᠪᠠᠶᠢᠪᠠᠯ ᠵᠤᠬᠢᠨ᠎ᠠ ᠭᠡᠵᠤ ᠵᠢᠭᠠᠵᠤ ᠭᠠᠷᠭᠠᠵᠠᠢ᠃ ᠤᠤᠯ ᠨᠢ ᠠᠮᠧᠷᠢᠺᠠ ᠶᠢᠨ ᠬᠡᠦᠭᠡᠳ ᠤᠨ ᠡᠮᠨᠡᠯᠭᠡ ᠶᠢᠨ ᠰᠢᠨᠵᠢᠯᠡᠭᠡᠨ ᠤ ᠨᠡᠶᠢᠭᠡᠮᠯᠢᠭ ᠤᠨ ᠬᠢᠨ ︽6 ᠰᠠᠷ᠎ᠠ ᠬᠦᠷᠦᠭᠡᠳᠤᠢ ᠬᠡᠦᠭᠡᠳ ᠲᠤ ᠵᠢᠮᠢᠰ ᠤᠨ ᠰᠢᠬᠦᠰᠦ ᠪᠢᠳᠡᠭᠡᠢ ᠤᠤᠭᠤᠯᠭᠠᠷᠠᠢ︾ ᠭᠡᠵᠤ ᠰᠠᠨᠠᠭᠤᠯᠤᠭᠰᠠᠭᠠᠷ ᠢᠷᠡᠵᠠᠢ᠃ ᠬᠡᠪᠡᠴᠦ ᠬᠡᠦᠭᠡᠳ ᠵᠢᠮᠢᠰ ᠤᠨ ᠰᠢᠬᠦᠰᠦ ᠤᠤᠭᠤᠪᠠᠯ ᠮᠠᠷᠢᠶᠠᠯᠠᠬᠤ ᠪᠤᠶᠤ ᠰᠢᠳᠤ ᠨᠢ ᠬᠤᠷᠤᠬᠠᠢᠢᠳᠤᠨ᠎ᠠ ᠭᠡᠳᠡᠭ ᠢ ᠶᠠᠪᠤᠬᠤ ᠲᠤᠳᠤᠮ ᠤᠯᠠᠨ ᠭᠡᠷᠡᠴᠢ ᠪᠠᠷᠢᠮᠲᠠ ᠬᠠᠷᠠᠭᠤᠯᠬᠤ ᠪᠤᠯᠤᠭᠰᠠᠨ ᠠᠴᠠ ᠲᠤᠰ ᠵᠤᠬᠢᠶᠠᠨ ᠪᠠᠶᠢᠭᠤᠯᠤᠯᠲᠠ ᠶᠢᠨ  ᠬᠢᠨ ᠵᠢᠮᠢᠰ ᠤᠨ ᠰᠢᠬᠦᠰᠦ ᠴᠡᠭᠡᠷᠯᠡᠬᠦ ᠨᠠᠰᠤ ᠶᠢ 6 ᠰᠠᠷ᠎ᠠ ᠪᠠᠶᠢᠭᠰᠠᠨ ᠠᠴᠠ 1 ᠨᠠᠰᠤ ᠪᠤᠯᠭᠠᠭᠰᠠᠨ ᠠᠵᠢ᠃ ᠲᠤᠰ ᠵᠢᠭᠠᠯᠲᠠ ᠶᠢᠨ ᠬᠠᠮᠳᠤ ᠶᠢᠨ ᠵᠤᠬᠢᠶᠠᠭᠴᠢ᠂ ᠺᠠᠯᠢᠹᠤᠷᠨᠢᠶ᠎ᠠ ᠶᠡᠭᠡ ᠰᠤᠷᠭᠠᠭᠤᠯᠢ ᠶᠢᠨ ᠰᠠᠨ ᠹᠷᠠᠨᠰᠢᠰᠺᠦ  ᠳᠠᠬᠢ ᠬᠤᠪᠢᠶᠠᠷᠢ ᠰᠤᠷᠭᠠᠭᠤᠯᠢ ᠶᠢᠨ ᠬᠡᠦᠭᠡᠳ ᠤᠨ ᠡᠮᠨᠡᠯᠭᠡ ᠶᠢᠨ ᠤᠬᠠᠭᠠᠨ ᠤ ᠫᠷᠤᠹᠧᠰᠰᠤᠷ ᠮᠧᠯᠸᠢᠨ · ᠬᠠᠶᠢᠮᠠᠨ ᠨᠢᠭᠡᠨ ᠢᠯᠡᠷᠭᠡᠶᠢᠯᠡᠯᠲᠡ ᠳᠤ ᠬᠡᠯᠡᠬᠦ ᠳᠡᠭᠡᠨ᠄ ︽ᠭᠡᠷ ᠤᠨ ᠠᠬᠠᠮᠠᠳ ᠪᠤᠯᠤᠭᠰᠠᠳ ᠵᠢᠮᠢᠰ ᠤᠨ ᠰᠢᠬᠦᠰᠦ ᠪᠤᠯ ᠡᠷᠡᠬᠦᠯ ᠮᠡᠨᠳᠤ ᠳᠤ ᠠᠰᠢᠬᠲᠠᠢ ᠤᠮᠳᠠᠭᠠᠨ ᠮᠦᠨ ᠭᠡᠵᠤ ᠪᠤᠳᠤᠳᠠᠭ ᠮᠠᠭᠠᠳ ᠦᠭᠡᠢ᠂ ᠭᠡᠪᠡᠴᠦ ᠵᠢᠮᠢᠰ ᠤᠨ ᠰᠢᠬᠦᠰᠦᠨ ᠳᠤ ᠠᠭᠤᠯᠤᠭᠳᠠᠬᠤ ᠰᠢᠬᠢᠷ ᠪᠤᠯᠤᠨ ᠢᠯᠴᠢ ᠶᠢᠨ ᠬᠡᠮᠵᠢᠶ᠎ᠡ ᠶᠡᠭᠡ ᠪᠠᠶᠢᠳᠠᠭ ᠪᠤᠯᠬᠤᠷ ᠰᠢᠨ᠎ᠡ ᠰᠤᠷᠭᠤᠭ ᠵᠢᠮᠢᠰ ᠢ ᠤᠷᠤᠯᠠᠭᠤᠯᠵᠤ ᠪᠤᠯᠬᠤ ᠦᠭᠡᠢ ᠶᠤᠮ᠂ ᠨᠠᠰᠤ ᠪᠠᠷ ᠶᠡᠭᠡ ᠰᠢᠭ ᠬᠡᠦᠭᠡᠳ ᠪᠤᠯ ᠵᠤᠬᠢᠬᠤ ᠬᠡᠮᠵᠢᠶᠡᠨ ᠤ ᠵᠢᠮᠢᠰ ᠤᠨ ᠰᠢᠬᠦᠰᠦ ᠤᠤᠭᠤᠵᠤ ᠪᠤᠯᠤᠨ᠎ᠠ᠂ ᠬᠡᠪᠡᠴᠦ 1 ᠨᠠᠰᠤ ᠬᠦᠷᠦᠭᠡᠳᠤᠢ ᠬᠡᠦᠭᠡᠳ ᠲᠤ ᠪᠤᠯ ᠶᠠᠭᠠᠬᠢᠭᠰᠠᠨ ᠴᠦ ᠵᠢᠮᠢᠰ ᠤᠨ ᠰᠢᠬᠦᠰᠦ ᠤᠤᠭᠤᠯᠭᠠᠬᠤ ᠴᠢᠬᠤᠯᠠ ᠦᠭᠡᠢ ᠶᠤᠮ︾ ᠭᠡᠵᠠᠢ᠃ ᠡᠨᠡ ᠬᠦ ᠵᠢᠭᠠᠯᠲᠠ ᠶᠢ ᠦᠨᠳᠦᠰᠦᠯᠡᠪᠡᠯ᠂ 1 ᠠᠴᠠ 3 ᠨᠠᠰᠤᠨ ᠤ ᠬᠡᠦᠭᠡᠳ ᠤᠨ ᠡᠳᠤᠷ ᠪᠦᠷᠢ ᠶᠢᠨ ᠤᠤᠭᠤᠬᠤ ᠵᠢᠮᠢᠰ ᠤᠨ ᠰᠢᠬᠦᠰᠦ ᠨᠢ 118 ᠮᠢᠯᠢᠯᠢᠳ᠋ᠷ ᠠᠴᠠ ᠬᠡᠲᠦᠷᠡᠵᠤ ᠪᠤᠯᠬᠤ ᠦᠭᠡᠢ᠂ 4 ᠠᠴᠠ 6 ᠨᠠᠰᠤᠨ ᠤ ᠬᠡᠦᠭᠡᠳ ᠪᠤᠯ ᠡᠳᠤᠷ ᠪᠦᠷᠢ ᠬᠠᠮᠤᠭ ᠤᠨ ᠠᠷᠪᠢᠨ ᠳᠠᠭᠠᠨ 177 ᠮᠢᠯᠢᠯᠢᠳ᠋ᠷ ᠤᠤᠭᠤᠵᠤ᠂ 7 ᠠᠴᠠ 18 ᠨᠠᠰᠤᠨ ᠤ ᠬᠡᠦᠭᠡᠳ ᠡᠳᠤᠷ ᠪᠦᠷᠢ ᠬᠠᠮᠤᠭ ᠤᠨ ᠠᠷᠪᠢᠨ ᠳᠠᠭᠠᠨ 237 ᠮᠢᠯᠢᠯᠢᠳ᠋ᠷ ᠤᠤᠭᠤᠵᠤ ᠪᠤᠯᠤᠨ᠎ᠠ᠃ ᠵᠢᠭᠠᠯᠲᠠ ᠳᠤ᠂ ᠪᠠᠯᠴᠢᠷ ᠬᠡᠦᠭᠡᠳ ᠲᠤ ᠪᠢᠲᠡᠬᠡᠢ ᠯᠤᠩᠬᠤ ᠪᠤᠶᠤ ᠰᠤᠷᠤᠭᠤᠯᠳᠤ ᠴᠤᠮᠤ ᠪᠠᠷ ᠵᠢᠮᠢᠰ ᠤᠨ ᠰᠢᠬᠦᠰᠦ ᠤᠤᠭᠤᠯᠭᠠᠭᠠᠷᠠᠢ᠂ ᠪᠠᠰᠠ ᠤᠨᠳᠠᠬᠤ ᠠᠴᠠ ᠨᠢ ᠡᠮᠦᠨ᠎ᠡ ᠪᠢᠲᠡᠭᠡᠢ ᠵᠢᠮᠢᠰ ᠤᠨ ᠰᠢᠬᠦᠰᠦ ᠤᠤᠭᠤᠯᠭᠠᠭᠠᠷᠠᠢ ᠭᠡᠵᠤ ᠭᠡᠷ ᠤᠨ ᠠᠬᠠᠮᠠᠳ ᠲᠤ ᠰᠠᠨᠠᠭᠤᠯᠤᠭᠰᠠᠨ ᠪᠠᠶᠢᠨ᠎ᠠ᠃ ᠵᠢᠭᠠᠯᠲᠠ ᠳᠤ᠂ ᠬᠡᠦᠭᠡᠳ ᠲᠤ ᠦᠨᠳᠤᠷ ᠲᠤᠯᠠᠭᠠᠨ ᠢᠶᠠᠷ ᠪᠠᠺᠲ᠋ᠧᠷᠢ ᠶᠢ ᠨᠢ ᠤᠰᠠᠳᠬᠠᠭᠰᠠᠨ ᠦᠭᠡᠢ ᠵᠢᠮᠢᠰ ᠤᠨ ᠰᠢᠬᠦᠰᠦᠨ ᠤ ᠪᠦᠲᠦᠭᠡᠭᠳᠡᠬᠦᠨ ᠤᠤᠭᠤᠯᠭᠠᠬᠤ ᠶᠢ ᠴᠢᠩᠭ᠎ᠠ ᠡᠰᠡᠷᠬᠦᠴᠡᠵᠠᠢ᠃ ᠤᠨᠴᠠ ᠲᠤᠭᠲᠠᠭᠠᠭᠰᠠᠨ ᠡᠮ ᠤᠤᠭᠤᠵᠤ ᠪᠠᠶᠢᠭ᠎ᠠ ᠬᠡᠦᠭᠡᠳ ᠦᠵᠦᠮ ᠤᠨ ᠵᠦᠷᠵᠢᠯᠢᠭ ᠤᠨ ᠰᠢᠬᠦᠰᠦ ᠤᠤᠭᠤᠪᠠᠯ ᠡᠮ ᠤᠨ ᠦᠢᠯᠡᠳᠦᠯ ᠢ ᠨᠢ ᠪᠠᠭᠤᠷᠠᠭᠤᠯᠳᠠᠭ ᠪᠤᠯᠬᠤᠷ ᠴᠡᠭᠡᠷᠯᠡᠬᠦ ᠬᠡᠷᠡᠭᠲᠠᠢ᠃ ᠬᠡᠦᠭᠡᠳ ᠲᠤ ᠤᠰᠤ ᠦᠭᠡᠶᠢᠳᠡᠬᠦ ᠪᠤᠶᠤ ᠪᠠᠭᠠᠰᠤ ᠠᠯᠳᠠᠭᠰᠠᠨ ᠦᠶ᠎ᠡ ᠳᠤᠨᠢ ᠵᠢᠮᠢᠰ ᠤᠨ ᠰᠢᠬᠦᠰᠦ ᠤᠤᠭᠤᠯᠭᠠᠬᠤ ᠨᠢ ᠴᠦ ᠵᠤᠬᠢᠰ ᠦᠭᠡᠢ ᠪᠠᠶᠢᠳᠠᠭ᠃ ᠠᠮᠧᠷᠢᠺᠠ ᠶᠢᠨ ᠬᠡᠦᠭᠡᠳ ᠤᠨ ᠡᠮᠨᠡᠯᠭᠡ ᠶᠢᠨ ᠰᠢᠨᠵᠢᠯᠡᠭᠡᠨ ᠤ ᠨᠡᠶᠢᠭᠡᠮᠯᠢᠭ ᠤᠨ ᠬᠢᠨ ᠵᠢᠭᠠᠵᠤ ᠭᠠᠷᠭᠠᠬᠤ ᠳᠠᠭᠠᠨ᠂ ᠵᠢᠮᠢᠰ ᠤᠨ ᠰᠢᠬᠦᠰᠦ ᠨᠢ ᠢᠳᠡᠬᠡᠨ ᠤ ᠰᠢᠷᠭᠡᠭᠯᠢᠭ ᠡᠳ᠋ ᠢᠶᠠᠷ ᠲᠤᠳᠠᠮᠠᠭ ᠤᠴᠢᠷ ᠠᠴᠠ ᠭᠡᠷ ᠤᠨ ᠠᠬᠠᠮᠠᠳ ᠪᠤᠯᠤᠭᠰᠠᠳ ᠬᠡᠦᠭᠡᠳ ᠤᠨ ᠢᠶᠠᠨ ᠰᠢᠨ᠎ᠡ ᠰᠤᠷᠭᠤᠭ ᠵᠢᠮᠢᠰ ᠢᠳᠡᠬᠦ ᠶᠢ ᠨᠡᠩ ᠢᠯᠡᠬᠦᠤ ᠵᠤᠷᠢᠬᠵᠢᠭᠤᠯᠪᠠᠯ ᠵᠤᠬᠢᠨ᠎ᠠ ᠭᠡᠵᠠᠢ᠃  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号