ᠨᠢᠭᠡ᠂ ᠲᠠᠯᠠᠩ ᠤᠨ ᠥᠷᠪᠢᠰᠤᠯ ᠪᠤᠯ ᠹᠢᠽᠢᠺ ᠭᠢᠮᠢ ᠪᠠ ᠠᠮᠢᠳᠤ ᠪᠤᠳᠠᠰ ᠤᠨ ᠰᠤᠳᠤᠯᠤᠯ ᠤᠨ ᠥᠢᠯᠠᠳᠤᠯ ᠠᠴᠠ | ᠡᠬᠦᠰᠳᠡᠭ ᠰᠥᠨ ᠤ ᠪᠤᠯᠴᠢᠷᠬᠠᠢ ᠶᠢᠨ ᠥᠷᠪᠢᠰᠤᠯ ᠭᠡᠮ ᠪᠤᠯᠬᠤ ᠪᠥᠭᠡᠳ ᠮᠢᠬᠠᠨ ᠥᠭᠡᠷ ᠪᠤᠶᠤ ᠬᠥᠯᠤᠰᠢᠨ ᠥᠭᠡᠷ ᠢ | ᠪᠤᠳᠤᠪᠠᠯ ᠥᠨᠢᠶᠠᠨ ᠤ ᠭᠡᠮᠨᠠᠬᠦ ᠭᠡᠮᠵᠢᠶ᠎ᠠ ᠨᠢ ᠨᠠᠯᠢᠶᠠᠳ ᠥᠨᠳᠤᠷ ᠪᠠᠶᠢᠳᠠᠭ᠃ ᠭᠡᠮᠨᠡᠭᠰᠠᠨ ᠶᠠᠪᠤᠴᠨ ᠶᠢ ᠥᠨᠳᠤᠰᠤᠯᠠᠨ | ᠪᠠᠰᠨ ᠲᠥᠷᠭᠡᠨ ᠴᠢᠨᠠᠷᠳᠠᠢ ᠪᠤᠶᠤ ᠤᠳᠠᠭᠠᠨ ᠴᠢᠨᠠᠷᠳᠠᠢ ᠲᠠᠯᠠᠩ ᠤᠨ ᠥᠷᠪᠢᠰᠤᠯ ᠭᠡᠵᠤ ᠬᠤᠪᠢᠶᠠᠳᠠᠭ᠃ ᠲᠤᠰ ᠭᠡᠮ ᠢ | ᠤᠷᠢᠳᠴᠢᠯᠠᠨ ᠰᠠᠷᠭᠡᠶᠢᠯᠠᠵᠤ ᠲᠠᠯᠠᠩ ᠤᠨ ᠥᠷᠪᠢᠰᠤᠯ ᠪᠤᠯᠬᠤ ᠶᠢ ᠠᠩᠬᠠᠷᠤᠨ᠎ᠠ᠃ 1. ᠰᠠᠭᠠᠬᠤ ᠠᠴᠠ ᠡᠮᠤᠨ᠎ᠠ᠂ | ᠥᠨᠢᠶᠠᠨ ᠤ ᠲᠠᠯᠠᠩ ᠢ ᠪᠥᠯᠢᠶᠠᠨ ᠤᠰᠤ ᠪᠠᠷ ᠴᠠᠪᠠᠷᠯᠠᠨ ᠤᠭᠢᠶᠠᠵᠤ ᠠᠷᠴᠢᠬᠤ ᠪᠥᠭᠡᠳ ᠬᠠᠯᠠᠭᠤᠨ ᠤᠰᠤᠨ ᠤ | ᠱᠠᠪᠰᠢᠯᠭ᠎ᠠ ᠭᠢᠵᠤ ᠢᠯᠢᠨ᠎ᠠ᠃ 2. ᠥᠭᠡᠷ ᠤᠨ ᠬᠠᠰᠢᠶ᠎ᠠ᠂ ᠭᠡᠪᠳᠠᠷᠢ ᠶᠢ ᠴᠠᠪᠠᠷ ᠪᠠᠶᠢᠯᠭᠠᠵᠤ᠂ ᠲᠤᠭᠳᠠᠭᠰᠠᠨ | ᠬᠤᠭᠤᠴᠠᠭ᠎ᠠ ᠲᠠᠢ ᠪᠠᠷ ᠠᠷᠢᠭᠤᠳᠬᠠᠨ ᠪᠠᠺᠲ᠋ᠧᠷᠢ ᠶᠢ ᠤᠰᠠᠳᠬᠠᠬᠤ ᠭᠡᠷᠡᠭᠳᠠᠢ᠃ 3. ᠰᠠᠭᠠᠯᠢᠴᠢᠨ ᠤ ᠭᠠᠷ᠂ | ᠰᠦ ᠰᠠᠭᠠᠬᠤ ᠮᠠᠰᠢᠨ ᠵᠠᠷᠭᠡ ᠶᠢ ᠡᠷᠭᠡᠪᠰᠢ ᠴᠠᠪᠠᠷᠯᠠᠨ ᠠᠷᠢᠭᠤᠳᠬᠠᠵᠤ᠂ ᠰᠦ ᠰᠠᠭᠠᠬᠤ ᠬᠥᠴᠤ ᠶᠢ ᠵᠢᠭᠳᠡ | ᠪᠠᠶᠢᠯᠭᠠᠨ᠎ᠠ᠃ 4. ᠵᠤᠭᠢᠰᠳᠠᠢ ᠥᠶ᠎ᠠ ᠳᠤ ᠥᠨᠢᠶᠠᠨ ᠤ ᠰᠠᠭᠠᠯᠢ ᠶᠢ ᠵᠤᠭᠰᠤᠭᠠᠵᠤ᠂ ᠰᠠᠭᠠᠯᠢ ᠵᠤᠭᠰᠤᠭᠰᠠᠨ ᠤ | ᠲᠠᠷᠠᠭ᠎ᠠ ᠲᠠᠯᠠᠩ ᠤᠨ ᠲᠠᠯᠠᠬᠦ ᠪᠠ ᠠᠪᠴᠢᠬᠤ ᠪᠠᠶᠢᠳᠠᠯ ᠢ ᠠᠩᠬᠠᠷᠤᠨ᠎ᠠ᠃ 5. ᠰᠠᠭᠠᠯᠢ ᠵᠤᠭᠰᠤᠭᠰᠠᠨ ᠤ | ᠰᠠᠬᠦᠯᠴᠢ ᠶᠢᠨ ᠬᠤᠭᠤᠴᠠᠭ᠎ᠠ ᠪᠠ ᠲᠤᠭᠤᠯᠯᠠᠬᠤ ᠠᠴᠠ ᠡᠮᠤᠨ᠎ᠠ᠂ ᠤᠨᠴᠠᠭᠠᠶᠢᠯᠠᠨ ᠲᠠᠯᠠᠩ ᠨᠢ ᠢᠯᠠᠷᠭᠡᠢ ᠲᠤᠮᠤᠷᠠᠬᠤ | ᠥᠶ᠎ᠠ ᠳᠤ ᠰᠢᠬᠦᠰᠦᠯᠢᠭ ᠪᠤᠷᠳᠤᠭ᠎ᠠ ᠪᠠ ᠨᠠᠷᠢᠯᠢᠭ ᠪᠤᠷᠳᠤᠭ᠎ᠠ ᠶᠢᠨ ᠲᠠᠵᠢᠭᠡᠬᠦ ᠭᠡᠮᠵᠢᠶ᠎ᠠ ᠶᠢ ᠪᠠᠭᠠᠰᠬᠠᠨ᠎ᠠ᠃ 6. | ᠵᠠᠷᠢᠮ ᠬᠠᠯᠳᠠᠪᠤᠷᠢᠳᠤ ᠭᠡᠮ ᠭᠢᠵᠢᠭ᠂ ᠬᠤᠳᠤᠭᠤᠳᠤ ᠭᠡᠳᠠᠰᠤᠨ ᠤ ᠭᠡᠮ ᠭᠢᠭᠡᠳ ᠮᠠᠰᠢᠨ ᠢᠶᠠᠷ ᠰᠠᠭᠠᠬᠤ ᠵᠠᠷᠭᠡ | ᠶᠠᠪᠤᠴᠨ ᠳᠤ ᠲᠠᠯᠠᠩ ᠤᠨ ᠥᠷᠪᠢᠰᠤᠯ ᠡᠬᠦᠰᠬᠦ ᠶᠢ ᠴᠢᠩᠭ᠎ᠠ ᠰᠠᠷᠭᠡᠶᠢᠯᠠᠬᠦ ᠭᠡᠷᠡᠭᠳᠠᠢ᠃ ᠡᠮᠨᠠᠨ ᠵᠠᠰᠠᠬᠤ ᠲᠠᠯ᠎ᠠ ᠪᠠᠷ | ᠡᠪᠠᠳᠴᠢᠨ ᠡᠬᠦᠰᠭᠡᠭᠴᠢ ᠶᠢ ᠠᠷᠢᠯᠭᠠᠵᠤ᠂ ᠭᠡᠮ ᠭᠢᠵᠢᠭ ᠡᠬᠦᠰᠴᠤ ᠲᠠᠯᠭᠡᠷᠠᠬᠦ ᠶᠢ ᠬᠤᠷᠢᠭᠯᠠᠨ᠂ ᠥᠷᠪᠢᠰᠤᠯ ᠤᠨ | ᠶᠠᠪᠤᠴᠨ ᠶᠢ ᠭᠢᠵᠠᠭᠠᠷᠯᠠᠵᠤ᠂ ᠪᠥᠬᠦ ᠪᠠᠶ᠎ᠠ ᠪᠢᠯᠳᠠᠷ ᠤᠨ ᠪᠠᠶᠢᠳᠠᠯ ᠢ ᠰᠠᠶᠢᠵᠢᠷᠠᠭᠤᠯᠬᠤ ᠭᠡᠷᠡᠭᠳᠠᠢ᠃ ︵1︶ | ᠲᠠᠯᠠᠩ ᠤᠨ ᠲᠠᠷᠢᠯᠭ᠎ᠠ ᠭᠢᠬᠦ ᠠᠷᠭ᠎ᠠ᠄ ᠭᠡᠮᠨᠡᠭᠰᠠᠨ ᠲᠠᠯᠠᠩ ᠤᠨ ᠰᠦ ᠶᠢ ᠰᠠᠭᠠᠭᠰᠠᠨ ᠤ ᠲᠠᠷᠠᠭ᠎ᠠ 50 — 100 | ᠮᠢᠯᠯᠢᠯᠢᠳ᠋ᠷ ᠤᠨ ᠹᠢᠽᠢᠤᠯᠤᠭᠢ ᠶᠢᠨ ᠲᠠᠪᠤᠰᠤᠳᠠᠢ ᠤᠰᠤ ᠪᠤᠶᠤ 0.25% ᠶᠢᠨ ᠲᠠᠪᠤᠰᠤᠨ ᠬᠥᠴᠢᠯ ᠤᠨ | ᠫᠷᠤᠺᠠᠶ᠋ᠢᠨ ᠢ ᠴᠢᠩ ᠯᠢᠶᠠᠨ ᠮᠸᠢ ᠰᠤ᠋ ᠲᠠᠢ ᠲᠤᠰᠪᠤᠷᠢ 200 ᠲᠥᠮᠠᠨ ᠨᠢᠭᠡᠴᠢ ᠪᠠᠷ ᠬᠤᠯᠢᠵᠤ ᠲᠠᠮᠵᠢᠭᠤᠯᠤᠭᠴᠢ | ᠴᠤᠷᠭᠤ ᠳᠤᠨᠢ ᠲᠠᠷᠢᠨ᠎ᠠ᠃ ᠬᠥᠬᠦᠨᠴᠢᠷ ᠭᠢᠭᠡᠳ ᠰᠥᠨ ᠤ ᠲᠠᠮᠵᠢᠭᠤᠯᠤᠭᠴᠢ ᠴᠤᠷᠭᠤ ᠶᠢ ᠨᠠᠷᠢᠨ ᠭᠢᠨᠠᠮᠠᠭᠠᠢ | ᠠᠷᠢᠭᠤᠳᠬᠠᠪᠠᠯ ᠵᠤᠭᠢᠨ᠎ᠠ᠃ ᠡᠳᠤᠷ ᠲᠤ 1 ᠤᠳᠠᠭ᠎ᠠ ᠲᠠᠷᠢᠯᠭ᠎ᠠ ᠲᠠᠷᠢᠭᠰᠠᠨ ᠤ ᠲᠠᠷᠠᠭ᠎ᠠ ᠲᠠᠯᠠᠩ ᠢ ᠬᠥᠡᠭᠭᠡᠭᠡᠨ | ᠢᠯᠢᠵᠤ ᠡᠮ ᠢ ᠨᠢ ᠲᠠᠷᠬᠠᠭᠠᠬᠤ ᠭᠡᠷᠡᠭᠳᠠᠢ᠃ ︵2︶ ᠲᠠᠯᠠᠩ ᠤᠨ ᠤᠭ ᠤᠨ ᠭᠡᠰᠡᠭ ᠢ ᠪᠢᠳᠠᠬᠦᠮᠵᠢᠯᠠᠨ ᠡᠮᠴᠢᠯᠠᠬᠦ | ᠠᠷᠭ᠎ᠠ᠄ ᠪᠢᠳᠠᠬᠦᠮᠵᠢᠯᠠᠬᠦ ᠵᠠᠬᠦᠤ ᠶᠢ ᠲᠠᠯᠠᠩ ᠤᠨ ᠭᠡᠰᠡᠭ ᠭᠢᠭᠡᠳ ᠭᠡᠪᠠᠯᠢ ᠶᠢᠨ ᠬᠠᠨ᠎ᠠ ᠶᠢᠨ ᠬᠤᠭᠤᠷᠤᠨᠳᠤ 8 — | 10 ᠰᠠᠨᠲ᠋ᠢᠮᠧᠳ᠋ᠷ ᠬᠥᠨ ᠬᠠᠳᠬᠤᠨ᠎ᠠ᠃ ᠲᠠᠭᠡᠭᠡᠳ ᠴᠢᠩ ᠯᠢᠶᠠᠨ ᠮᠸᠢ ᠰᠤ᠋ ᠶᠢ ᠲᠤᠰᠪᠤᠷᠢ 200 ᠲᠥᠮᠠᠨ ᠨᠢᠭᠡᠴᠢ᠂ | 0.25% — 0.5% ᠶᠢᠨ ᠲᠠᠪᠤᠰᠤᠨ ᠬᠥᠴᠢᠯ ᠤᠨ ᠫᠷᠤᠺᠠᠶ᠋ᠢᠨ ᠢ 150 — 200 ᠮᠢᠯᠯᠢᠯᠢᠳ᠋ᠷ ᠢᠶᠠᠷ | ᠡᠳᠤᠷ ᠠᠯᠤᠰᠯᠠᠭᠠᠳ ᠨᠢᠭᠡ ᠤᠳᠠᠭ᠎ᠠ ᠲᠠᠷᠢᠨ᠎ᠠ᠃ ︵3︶ ᠪᠠᠶ᠎ᠠ ᠶᠢᠨ ᠬᠠᠯᠠᠭᠤᠨ ᠲᠠᠭᠡᠭᠰᠢᠯᠠᠬᠦ ᠥᠶ᠎ᠠ ᠳᠤ᠂ | ᠪᠤᠯᠴᠢᠩ ᠳᠤᠨᠢ ᠴᠢᠩ ᠯᠢᠶᠠᠨ ᠮᠸᠢ ᠰᠤ᠋ ᠪᠤᠶᠤ ᠺᠠᠨᠠᠮᠢᠰᠤ᠂ ᠰᠢᠨᠠᠮᠢᠰᠤ ᠵᠠᠷᠭᠡ ᠶᠢ ᠲᠠᠷᠢᠨ᠎ᠠ᠃ ︵4︶ | ᠪᠠᠯᠴᠢᠷ ᠤᠨ ᠲᠠᠷᠢᠯᠭ᠎ᠠ ᠲᠠᠷᠢᠬᠤ ᠠᠷᠭ᠎ᠠ᠄ ᠲᠤᠤᠷᠠᠭᠢ ᠨᠠᠶᠢᠷᠠᠯᠭᠠᠳᠤ ᠵᠤᠷ ᠢᠶᠠᠷ ᠬᠤᠰᠭᠢᠨᠠᠭ ᠤᠨ ᠲᠠᠭᠡᠳᠤ | ᠬᠤᠨᠭ᠍ᠬᠤᠷ ᠤᠨ ᠪᠠᠯᠴᠢᠷ ᠲᠤ ᠲᠠᠷᠢᠨ᠎ᠠ᠂ ᠡᠳᠤᠷ ᠲᠤ 1 ᠤᠳᠠᠭ᠎ᠠ ᠲᠠᠷᠢᠨ᠎ᠠ᠃ ᠴᠢᠩ ᠮᠸᠢ ᠰᠤ᠋ ᠶᠢ 320 ᠲᠥᠮᠠᠨ | ᠨᠢᠭᠡᠴᠢ᠂ ᠯᠢᠶᠠᠨ ᠮᠸᠢ ᠰᠤ᠋ ᠶᠢ 200 ᠲᠥᠮᠠᠨ ᠨᠢᠭᠡᠴᠢ ︵ᠪᠤᠶᠤ ᠴᠢᠩ ᠳ᠋ᠠ ᠮᠸᠢ ᠰᠤ᠋ ᠶᠢ 80 ᠲᠥᠮᠠᠨ ᠨᠢᠭᠡᠴᠢ︶ | ᠂ 10 ᠮᠢᠯᠯᠢᠯᠢᠳ᠋ᠷ 2% ᠤᠨ ᠫᠷᠤᠺᠠᠶ᠋ᠢᠨ ᠢ 40 — 60 ᠮᠢᠯᠯᠢᠯᠢᠳ᠋ᠷ ᠤᠨ ᠲᠠᠷᠢᠯᠭ᠎ᠠ ᠶᠢᠨ ᠤᠰᠤᠨ ᠳᠤ | ᠬᠤᠯᠢᠵᠤ ᠨᠢᠭᠡ ᠤᠳᠠᠭ᠎ᠠ ᠳᠤ ᠲᠠᠷᠢᠨ᠎ᠠ᠃ ︵5︶ ᠡᠪᠠᠰᠤᠨ ᠡᠮ᠂ ᠭᠤᠸ᠋ᠨ ᠶᠢᠨ ᠬᠠᠳᠠᠭᠠᠮᠠᠯ ᠤᠨ ᠰᠢᠪᠡᠭᠡ | ᠲᠥᠷᠤᠬᠦᠤ ᠶᠢᠨ ᠱᠥᠯᠤ ᠪᠤᠶᠤ ᠥᠷᠪᠢᠰᠤᠯ ᠠᠷᠢᠯᠭᠠᠬᠤ ᠡᠮ ᠢ ᠪᠠᠭ᠎ᠠ ᠰᠠᠭ᠎ᠠ ᠬᠤᠯᠢᠨ ᠥᠭᠴᠤ ᠪᠤᠯᠤᠨ᠎ᠠ᠃ | ᠬᠤᠶᠠᠷ᠂ ᠲᠠᠯᠠᠩ ᠤᠨ ᠤᠰᠤᠨ ᠬᠠᠪᠤᠳᠠᠷ᠄ ᠡᠨ᠋ᠨ ᠭᠡᠮ ᠭᠤᠤᠯᠳᠠᠭᠤ ᠤᠯᠠᠩᠭᠢ ᠥᠨᠢᠶᠠᠨ ᠤ ᠰᠠᠪᠠᠨ ᠳᠠᠬᠢ ᠴᠢᠰᠤ ᠨᠢ | ᠶᠡᠭᠡ ᠭᠡᠮᠵᠢᠶ᠎ᠠ ᠪᠠᠷ ᠲᠠᠯᠠᠩ ᠳᠤᠨᠢ ᠬᠤᠷᠠᠬᠤ ᠪᠤᠶᠤ ᠡᠭᠢᠨ ᠤ ᠬᠤᠭᠤᠴᠠᠭᠠᠨ ︵ᠤᠨᠴᠠᠭᠠᠶᠢᠯᠠᠨ ᠥᠨᠳᠤᠷ | ᠭᠠᠷᠤᠯᠳᠠ ᠲᠠᠢ ᠰᠠᠭᠠᠯᠢ ᠶᠢᠨ ᠥᠨᠢᠶ᠎ᠠ︶ ᠳᠤ ᠲᠠᠯᠠᠩ ᠤᠨ ᠨᠠᠮᠵᠢᠭᠤᠨ ᠰᠤᠳᠠᠯ ᠤᠨ ᠲᠠᠷᠤᠯᠳᠠ ᠠᠴᠠ ᠪᠤᠯᠵᠤ ᠭᠡᠮᠨᠠᠨ | ᠡᠬᠦᠰᠳᠡᠭ ᠪᠠᠶᠢᠨ᠎ᠠ᠃ ᠡᠬᠦᠨ ᠳᠤ ᠲᠠᠯᠠᠩ ᠤᠨ ᠠᠷᠠᠰᠤ ᠴᠢᠩᠭᠠᠷᠠᠵᠤ ᠤᠯᠠᠶᠢᠨ᠎ᠠ᠃ ᠲᠠᠷᠤᠵᠤ ᠥᠵᠠᠬᠦ ᠳᠤ ᠡᠪᠠᠳᠬᠦ | ᠥᠭᠡᠢ ᠪᠥᠭᠡᠳ ᠬᠤᠷᠤᠭᠤᠨ ᠤ ᠤᠷᠤ ᠯᠨ ᠥᠯᠠᠳᠠᠨᠠ᠃ ᠵᠠᠷᠢᠮ ᠨᠢ ᠲᠠᠮᠠᠢ ᠤᠳᠠᠯ ᠥᠭᠡᠢ ᠥᠪᠠᠰᠤᠪᠠᠨ | ᠡᠳᠠᠭᠡᠷᠠᠴᠢᠭᠡᠳᠡᠭ᠂ ᠴᠥᠭᠡᠨ ᠭᠡᠳᠤ ᠨᠢ ᠪᠠᠰᠨ ᠰᠢᠷ᠎ᠠ ᠤᠰᠤᠨ ᠤ ᠴᠢᠨᠠᠷᠳᠠᠢ ᠲᠠᠯᠠᠩ ᠤᠨ ᠥᠷᠪᠢᠰᠤᠯ ᠪᠤᠯᠬᠤ ᠪᠤᠶᠤ | ᠲᠠᠯᠠᠩ ᠤᠨ ᠠᠷᠠᠰᠤ ᠨᠢ ᠥᠬᠦᠴᠢᠭᠡᠳᠡᠭ᠃ ᠲᠠᠭᠡᠭᠡᠳ ᠰᠦ ᠱᠥᠬᠦᠷᠠᠬᠦᠯᠬᠦ ᠭᠡᠮᠵᠢᠶ᠎ᠠ ᠨᠢ ᠪᠠᠭᠠᠰᠤᠨ᠎ᠠ᠃ | ᠰᠠᠷᠭᠡᠶᠢᠯᠠᠨ ᠵᠠᠰᠠᠬᠤ᠄ ᠲᠤᠭᠤᠯᠯᠠᠬᠤ ᠠᠴᠠ ᠨᠢᠭᠡ ᠰᠠᠷ᠎ᠠ ᠶᠢᠨ ᠡᠮᠤᠨ᠎ᠠ᠂ ᠠᠯᠢ ᠴᠢᠳᠠᠬᠤ ᠪᠠᠷ ᠪᠠᠭ᠎ᠠ ᠰᠠᠭ᠎ᠠ ᠨᠠᠷᠢᠯᠢᠭ | ᠪᠤᠷᠳᠤᠭ᠎ᠠ ᠥᠭᠴᠤ᠂ ᠵᠤᠭᠢᠰᠳᠠᠢ ᠬᠥᠳᠠᠯᠭᠡᠭᠡᠨ ᠭᠢᠯᠭᠡᠬᠦ ᠭᠡᠷᠡᠭᠳᠠᠢ᠃ ᠤᠰᠤᠨ ᠬᠠᠪᠤᠳᠠᠷ ᠨᠢ ᠪᠠᠭ᠎ᠠ ᠪᠠᠶᠢᠬᠤ ᠥᠶᠠᠰ | ᠬᠠᠯᠠᠭᠤᠨ ᠤᠰᠤᠨ ᠱᠠᠪᠰᠢᠯᠭ᠎ᠠ ᠶᠢ ᠡᠳᠤᠷ ᠲᠤ ᠭᠡᠳᠤ ᠤᠳᠠᠭ᠎ᠠ ᠭᠢᠵᠤ ᠪᠤᠯᠤᠨ᠎ᠠ᠃ ᠥᠨᠳᠤᠷ ᠭᠠᠷᠤᠯᠳᠠ ᠲᠠᠢ | ᠰᠠᠭᠠᠯᠢ ᠶᠢᠨ ᠥᠨᠢᠶᠠᠨ ᠳᠤ ᠡᠳᠤᠷ ᠪᠥᠷᠢ ᠶᠢᠨ ᠰᠠᠭᠠᠬᠤ ᠤᠳᠠᠭ᠎ᠠ ᠶᠢ ᠨᠠᠮᠡᠭᠳᠠᠬᠦᠯᠵᠤ᠂ ᠬᠥᠨᠳᠤᠷᠠᠬᠦ ᠥᠶᠠᠰ ᠡᠮ | ᠥᠭᠴᠤ ᠡᠮᠨᠠᠵᠤ ᠪᠤᠯᠤᠨ᠎ᠠ᠃ ᠵᠢᠱᠢᠶᠠᠯᠠᠪᠠᠯ ᠲᠠᠪᠤᠰᠤᠨ ᠤ ᠲᠥᠷᠤᠯ ᠤᠨ ᠲᠤᠭᠤᠯᠤᠭᠤᠯᠬᠤ ᠡᠮ᠂ ᠰᠢᠭᠡᠰᠤ | ᠰᠠᠶᠢᠵᠢᠷᠠᠭᠤᠯᠬᠤ ᠡᠮ ᠪᠤᠯᠤᠨ ᠵᠢᠷᠤᠭᠡ ᠲᠠᠮᠢᠷᠵᠢᠭᠤᠯᠬᠤ ᠡᠮ ᠵᠠᠷᠭᠡ ᠶᠢ ᠭᠡᠷᠡᠭᠯᠠᠵᠤ ᠪᠤᠯᠤᠨ᠎ᠠ᠃ |