ᠰᠢᠨ᠎ᠡ ᠪᠠᠷᠭᠤ ᠪᠠᠷᠠᠭᠤᠨ ᠬᠤᠰᠢᠭᠤᠨ ᠤ ᠪᠠᠷᠭᠤᠴᠤᠤᠨ ᠤᠨ ᠲᠡᠤᠬᠡᠨ ᠲᠤᠶᠢᠮᠤ ᠶᠢᠨ ᠵᠠᠯᠭᠠᠮᠵᠢ
ᠨᠡᠶᠢᠲᠡᠯᠡᠭᠰᠡᠨ ᠴᠠᠭ᠄
2017/9/11
        ᠪᠠᠷᠭᠤ ᠶᠢᠨ ᠨᠡᠷᠡᠲᠦ ᠪᠢᠴᠢᠭᠲᠡᠨ᠂ ᠡᠬᠡ ᠣᠷᠤᠨᠴᠢ ᠳᠣᠷᠵᠢᠵᠠᠪ ᠤᠨ ᠬᠦᠪᠡᠷᠢ        ᠳᠠᠯᠠᠩᠭᠤᠳ ᠣᠪᠤᠭ ᠤᠨ ᠭᠦᠪᠡᠷᠢ ᠪᠣᠯ ᠰᠢᠨ᠎ᠡ ᠪᠠᠷᠭᠤ ᠪᠠᠷᠠᠭᠤᠨ ᠭᠠᠷᠤᠨ ᠬᠥᠪᠡᠭᠡᠲᠦ ᠬᠥᠬᠡ ᠬᠤᠰᠢᠭᠤᠨ  ᠤ ᠬᠥᠮᠥᠨ᠂ ᠲᠥᠷᠥ ᠭᠡᠷᠡᠯᠲᠦ ᠶᠢᠨ ᠠᠷᠪᠠᠨ ᠨᠢᠭᠡᠳᠦᠭᠡᠷ ︵1831︶ ᠣᠨ ᠳᠤ ᠲᠥᠷᠥᠵᠦ᠂ ᠪᠠᠳᠠᠷᠠᠭᠤᠯᠲᠤ ᠲᠥᠷᠥ ᠶᠢᠨ ᠠᠷᠪᠠᠨ ᠵᠢᠷᠭᠤᠳᠤᠭᠠᠷ ︵1890︶ ᠣᠨ ᠳᠤ ᠨᠠᠰᠤᠨ ᠥᠭᠡᠳᠡ ᠪᠣᠯᠪᠠ᠃       ᠬᠦᠪᠡᠷᠢ ᠪᠣᠯ ᠮᠣᠩᠭᠤᠯ᠂ ᠮᠠᠨᠵᠤ᠂ ᠬᠢᠲᠠᠳ᠂ ᠲᠦᠪᠡᠳ ᠪᠢᠴᠢᠭ ᠰᠣᠶᠤᠯ ᠲᠠᠢ᠂ ᠥᠨᠳᠦᠷ ᠪᠣᠯᠪᠠᠰᠤᠷᠠᠯ  ᠲᠠᠢ᠂ ᠵᠢᠷᠤᠬᠠᠢ ᠶᠢᠨ ᠤᠬᠠᠭᠠᠨ᠂ ᠠᠨᠠᠭᠠᠬᠤ ᠤᠨᠠᠭᠠᠨ᠂ ᠲᠡᠦᠬᠡ ᠶᠢᠨ ᠲᠤᠬᠠᠢ ᠨᠣᠮ ᠪᠢᠴᠢᠭ ᠣᠯᠠᠨ ᠲᠤᠭᠤᠷᠪᠢᠵᠤ᠂ ᠡᠷᠲᠡᠨ ᠤ ᠨᠣᠮ ᠪᠢᠴᠢᠭ ᠢ ᠮᠠᠨᠵᠤ ᠬᠡᠯᠡᠨ ᠳᠤ ᠣᠷᠴᠢᠭᠤᠯᠵᠤ ᠪᠠᠶᠢᠭᠰᠠᠨ ᠨᠡᠷᠡᠲᠦ ᠪᠢᠴᠢᠭᠲᠡᠨ ᠶᠤᠮ᠃ ᠲᠡᠷᠡ 35 ᠨᠠᠰᠤᠨ ᠠᠴᠠ ᠰᠤᠮᠤᠨ ᠵᠠᠩᠭᠢ ᠪᠣᠯᠵᠤ᠂ 45 ᠨᠠᠰᠤᠨ ᠠᠴᠠ ᠪᠠᠨ ᠨᠠᠰᠤᠨ ᠡᠴᠦᠰ ᠪᠣᠯᠲᠠᠯ᠎ᠠ ᠵᠡᠭᠦᠨ ᠭᠠᠷᠤᠨ ᠪᠦᠭᠦᠳᠡ ᠶᠢᠨ ᠳᠠᠷᠤᠭ᠎ᠠ ᠪᠠᠶᠢᠵᠤ᠂ ᠲᠥᠷᠥ ᠬᠥᠷᠥᠨ ᠤ ᠲᠥᠯᠥᠭᠡ ᠰᠡᠳᠬᠢᠯ ᠢ ᠴᠢᠯᠡᠭᠡᠨ ᠵᠢᠳᠬᠦᠵᠦ ᠶᠠᠪᠤᠭᠰᠠᠨ ᠭᠠᠪᠢᠶᠠᠲᠤ ᠲᠦᠰᠢᠮᠡᠯ ᠶᠤᠮ᠃      ᠲᠡᠭᠦᠨ ᠤ ᠵᠣᠬᠢᠶᠠᠯ ᠪᠦᠲᠦᠭᠡᠯ ᠤᠨ ᠬᠡᠰᠡᠭ ᠣᠯᠳᠠᠪᠤᠷᠢ ᠶᠢ 1989 ᠣᠨ ᠳᠤ ᠬᠤᠸᠠᠰᠠᠢ ᠳᠤᠭᠠᠷᠵᠠᠪ᠂ ᠴᠣᠴᠣᠯᠢᠭ ᠳᠠᠮᠳᠢᠨᠵᠠᠪ᠂ ᠭᠠᠯᠵᠤᠳ ᠪᠠᠳᠮᠠᠸᠠᠩᠴᠢᠨ ᠨᠠᠷ ᠡᠮᠬᠢᠳᠬᠡᠨ᠂ ᠵᠠᠷᠢᠮ ᠮᠠᠨᠵᠤ ᠪᠠᠷ ᠪᠢᠴᠢᠭᠰᠡᠨ ᠵᠦᠢᠯ ᠢ ᠨᠢ ᠣᠷᠴᠢᠭᠤᠯᠵᠤ᠂ ᠵᠠᠷᠢᠮ ᠵᠦᠢᠯ ᠳᠤᠨᠢ ᠲᠠᠶᠢᠯᠪᠤᠷᠢᠯᠠᠯᠲᠠ ᠬᠢᠵᠦ ︽ᠣᠯᠠᠨ ᠮᠣᠩᠭᠤᠯᠴᠤᠳ ᠤᠨ ᠤᠭ ᠡᠬᠢ ᠶᠢ ᠲᠠᠮᠳᠡᠭᠯᠡᠭᠰᠡᠨ ᠪᠢᠴᠢᠭ ᠣᠷᠤᠰᠢᠪᠠ︾ ᠬᠡᠮᠡᠬᠦ ᠨᠡᠷ᠎ᠡ ᠪᠠᠷ ᠬᠡᠪᠯᠡᠭᠦᠯᠵᠡᠢ᠃ 2011 ᠣᠨ ᠳᠤ ᠭᠦᠪᠡᠷᠢ ᠶᠢᠨ ᠨᠠᠰᠤ ᠨᠥᠭᠴᠢᠭᠰᠡᠨ ᠤ 120 ᠵᠢᠯ ᠤᠨ ᠣᠢ ᠶᠢ ᠳᠤᠷᠠᠰᠬᠠᠨ ᠲᠤᠰ ᠨᠣᠮ ᠢ ᠬᠤᠶᠠᠳᠠᠬᠢ ᠤᠳᠠᠭ᠎ᠠ ᠬᠡᠪᠯᠡᠭᠦᠯᠪᠡ᠃      ᠡᠨᠡᠬᠦ ᠨᠣᠮ ᠳᠤ ᠬᠦᠪᠡᠷᠢ ᠶᠢᠨ ᠵᠣᠬᠢᠶᠠᠭᠰᠠᠨ ᠪᠠ ᠡᠮᠬᠢᠳᠬᠡᠭᠰᠡᠨ ︽ᠣᠯᠠᠨ ᠮᠣᠩᠭᠤᠯᠴᠤᠳ ᠤᠨ ᠤᠭ ᠡᠬᠢ  ᠶᠢ ᠲᠡᠮᠳᠡᠭᠯᠡᠭᠰᠡᠨ ᠪᠢᠴᠢᠭ︾᠂ ︽ᠬᠥᠯᠥᠨ ᠪᠣᠶᠢᠷ ᠤᠨ ᠭᠤᠷᠪᠠᠨ ᠠᠶᠢᠮᠠᠭ ᠤᠨ ᠤᠭ ᠡᠬᠢᠨ ᠤ ᠪᠢᠴᠢᠭ︾᠂ ︽ᠬᠠᠷ᠎ᠠ ᠮᠥᠷᠡᠨ ᠳᠤ ᠵᠠᠷᠤᠯᠭ᠎ᠠ ᠪᠠᠷ ᠣᠳᠤᠭᠰᠠᠨ ᠶᠠᠪᠤᠳᠠᠯ ᠢ ᠲᠡᠮᠳᠡᠭᠯᠡᠭᠰᠡᠨ ᠪᠢᠴᠢᠭ︾᠂      ︽ᠭᠤᠷᠪᠠᠨ ᠰᠤᠷᠲᠠᠬᠤᠨ ᠢ ᠰᠢᠭᠦᠮᠵᠢᠯᠡᠭᠰᠡᠨ ᠦᠭᠡ︾᠂ ︽ᠠᠷᠪᠠᠨ ᠬᠤᠶᠠᠷ ᠪᠢᠯᠢᠭ ᠡᠭᠡᠰᠢᠭ︾᠂ ︽ᠳᠦᠭᠦᠷᠢᠭ ᠲᠣᠭᠤᠷᠢᠮ  ᠤᠨ ᠵᠡᠭᠦᠳᠦᠨ︾᠂ ︽ᠬᠠᠯᠬ᠎ᠠ ᠪᠠᠷᠭᠤ ᠶᠢᠨ ᠨᠤᠲᠤᠭ ᠬᠢᠴᠡ ᠶᠢᠨ ᠤᠴᠢᠷ︾᠂ ︽ᠲᠤᠰᠢᠶᠠᠯ ᠵᠠᠯᠭᠠᠮᠵᠢᠯᠠᠭᠰᠠᠨ ᠠᠮᠪᠠᠳ︾ ᠵᠡᠷᠭᠡ ᠬᠤᠷᠢ ᠰᠢᠬᠠᠮ ᠪᠦᠲᠦᠭᠡᠯ ᠢ ᠣᠷᠤᠭᠤᠯᠪᠠ᠃ ᠡᠭᠦᠨ ᠠᠴᠠ ᠭᠠᠳᠠᠨ᠎ᠠ    ︽ᠪᠠᠷᠭᠤ ᠶᠢᠨ ᠬᠠᠯᠠ ᠣᠪᠤᠭ︾᠂ ︽ᠥᠯᠵᠡᠢ ᠡᠩᠬᠡᠵᠢᠭᠦᠯᠦᠭᠴᠢ ᠰᠦᠮ᠎ᠡ︾᠂ ︽ᠬᠦᠷᠢᠶ᠎ᠡ ᠠᠮᠪᠠᠨ ᠤ ᠵᠠᠪᠬᠠᠢ ᠶᠠᠪᠤᠳᠠᠯ︾᠂ ︽ᠨᠠᠭᠠᠨᠳᠠᠢ ᠶᠢᠨ ᠨᠠᠷᠠᠰᠤ︾᠂ ︽ᠬᠢᠲᠠᠳ ᠤᠨ ᠭᠠᠶᠢᠬᠠᠮᠰᠢᠭᠲᠤ ᠭᠤᠷᠪᠠᠨ ᠣᠷᠤᠨ︾ ᠵᠡᠷᠭᠡ ᠨᠣᠮ ᠤᠳ ᠨᠢ ᠣᠳᠣ ᠪᠣᠯᠲᠠᠯ᠎ᠠ ᠣᠯᠳᠠᠭᠠᠳᠤᠢ ᠪᠠᠶᠢᠭᠰᠠᠭᠠᠷ ᠪᠠᠶᠢᠨ᠎ᠠ᠃      ᠭᠦᠪᠡᠷᠢ ᠪᠣᠯᠤᠨ ᠭᠦᠪᠡᠷᠢ ᠶᠢᠨ ᠵᠣᠬᠢᠶᠠᠯ ᠪᠦᠲᠦᠭᠡᠯ ᠢ ︽ᠪᠠᠷᠭᠤ ᠶᠢᠨ ᠲᠡᠦᠬᠡᠨ ᠢᠷᠡᠯᠲᠡ︾᠂      ︽ᠡᠷᠲᠡᠨ ᠤ ᠪᠠᠷᠭᠤ ᠶᠠᠰᠤᠲᠠᠨ︾᠂ ︽ᠪᠠᠷᠭᠤ ᠳᠣᠮᠤᠭ︾᠂ ︽ᠪᠦᠭᠦᠳᠡ ᠨᠠᠶᠢᠷᠠᠮᠳᠠᠬᠤ ᠮᠣᠩᠭᠤᠯ ᠠᠷᠠᠳ ᠤᠯᠤᠰ  ᠤᠨ ᠲᠡᠦᠬᠡ︾᠂ ︽ᠮᠣᠩᠭᠤᠯ ᠪᠦᠷᠢᠨ ᠵᠢᠷᠤᠬᠠᠢ ᠶᠢᠨ ᠬᠤᠷᠢᠶᠠᠩᠭᠤᠢ︾᠂ ︽ᠮᠥᠸᠧᠾᠧ ᠰᠢᠶᠠᠨ ᠤ ᠣᠶᠢᠯᠠᠯᠭ᠎ᠠ︾ ᠂ ︽ᠬᠥᠯᠥᠨ ᠪᠣᠶᠢᠷ ᠤᠨ ᠲᠡᠦᠬᠡᠲᠦ ᠬᠥᠮᠥᠰ ᠤᠨ ᠨᠠᠮᠲᠠᠷ︾ ᠵᠡᠷᠭᠡ ᠨᠣᠮ ᠳᠤ ᠴᠢᠬᠤᠯᠠᠴᠢᠯᠠᠨ ᠡᠰᠢᠯᠡᠵᠦ᠂ ᠣᠨᠴᠠᠯᠠᠨ ᠳᠤᠷᠠᠳᠤᠭᠰᠠᠨ ᠪᠠᠶᠢᠳᠠᠭ᠃ 1934 ᠣᠨ ᠳᠤ ᠵᠣᠬᠢᠶᠠᠭᠳᠠᠭᠰᠠᠨ ︽ᠬᠠᠷᠠᠮᠦ᠋ᠷᠡᠨ ᠤ ᠲᠡᠮᠳᠡᠭᠯᠡᠯ ᠤᠨ ᠨᠣᠣᠷᠠᠭ︾ ᠲᠤ ︽᠁ ᠭᠦᠪᠡᠷᠢ ᠪᠣᠯᠪᠠᠰᠤ ᠬᠥᠯᠥᠨ ᠪᠣᠶᠢᠷ ᠤᠨ ᠪᠦᠭᠦᠳᠡ ᠶᠢᠨ ᠳᠠᠷᠤᠭ᠎ᠠ ᠠᠵᠤᠭᠤ᠃ ᠲᠡᠷᠡ ᠤᠳᠬ᠎ᠠ ᠤᠶᠠᠩᠭ᠎ᠠ ᠳᠤᠷ ᠨᠡᠪᠲᠡᠷᠡᠵᠦ᠂ ᠬᠥᠮᠥᠨ ᠪᠦᠬᠦᠨ ᠳᠤᠷ ᠱᠠᠭᠰᠢᠭᠳᠠᠵᠤᠬᠤᠢ᠃ ᠲᠡᠭᠦᠨ ᠳᠤ ᠡᠷᠬᠢᠮᠯᠡᠭᠳᠡᠭᠰᠡᠨ  ᠢᠶᠠᠷ ᠨᠢᠭᠡᠨ ᠦᠶ᠎ᠡ ᠶᠢᠨ ᠬᠡᠪ ᠰᠤᠷᠲᠠᠯ ᠶᠡᠬᠡᠳᠡ ᠬᠤᠪᠢᠷᠠᠵᠤᠬᠤᠢ︾ ᠭᠡᠵᠤ ᠪᠢᠰᠢᠷᠡᠨ ᠮᠠᠭᠲᠠᠭᠰᠠᠨ ᠪᠠᠶᠢᠳᠠᠭ᠃ ᠬᠦᠪᠡᠷᠢ ᠪᠢᠴᠢᠭ ᠨᠣᠮ ᠳᠤ ᠭᠦᠨ ᠨᠡᠪᠲᠡᠷᠡᠭᠰᠡᠨ ᠢᠶᠠᠷ ᠪᠠᠷᠠᠬᠤ ᠦᠭᠡᠢ ᠲᠥᠷᠥ ᠶᠢᠨ ᠶᠣᠰᠤ ᠶᠢ ᠵᠢᠷᠤᠮᠯᠠᠵᠤ᠂ ᠶᠠᠳᠠᠭᠰᠠᠨ ᠢ ᠲᠡᠳᠬᠦᠵᠦ᠂ ᠮᠣᠬᠤᠭᠰᠠᠨ ᠢ ᠲᠤᠰᠠᠯᠠᠵᠤ᠂ ᠠᠷᠠᠳ ᠣᠯᠠᠨ ᠤ ᠳᠤᠮᠳᠠ ︽ᠪᠤᠷᠬᠠᠨ ᠨᠣᠶᠠᠨ︾᠂ ︽ᠮᠡᠷᠭᠡᠨ ᠭᠦ᠊ ᠤᠭᠤᠷᠳᠠ︾ ᠬᠡᠮᠡᠨ ᠠᠯᠳᠠᠷᠰᠢᠵᠤ ᠦᠨᠡᠬᠡᠷ ᠬᠥᠮᠥᠨ ᠪᠦᠬᠦᠨ ᠳᠤᠷ ᠱᠠᠭᠰᠢᠭᠳᠠᠵᠤ ᠪᠠᠶᠢᠵᠠᠢ᠃ ᠠᠷᠪᠠᠨ ᠶᠢᠰᠦᠳᠦᠭᠡᠷ ᠵᠠᠭᠤᠨ ᠤ ᠰᠡᠭᠦᠯᠴᠢ ᠶᠢᠨ ᠦᠶ᠎ᠡ ᠪᠠᠷ ᠮᠠᠨ ᠤ ᠤᠯᠤᠰ ᠤᠨ ᠵᠡᠭᠦᠨ ᠬᠤᠶᠢᠲᠤ ᠣᠷᠤᠨ ᠢᠶᠠᠷ ᠲᠦᠷᠢᠨ ᠢᠷᠡᠵᠦ ᠬᠤᠮᠠᠭ ᠠᠯᠲᠠ ᠶᠡᠭᠡ ᠪᠠᠷ ᠬᠤᠯᠠᠭᠠᠶᠢᠯᠠᠵᠤ ᠪᠠᠶᠢᠭᠰᠠᠨ ᠣᠷᠤᠰᠴᠤᠳ ᠢ ᠬᠥᠭᠡᠭᠡᠨ ᠶᠠᠪᠤᠭᠤᠯᠬᠤ  ᠶᠢᠨ ᠲᠤᠯᠠᠳᠠ ᠬᠠᠷᠠᠮᠦ᠋ᠷᠡᠨ ᠤ ᠵᠠᠩᠵᠤᠨ ᠶᠠᠮᠤᠨ ᠠᠴᠠ ᠪᠠᠳᠠᠷᠠᠭᠤᠯᠲᠤ ᠲᠥᠷᠥ ᠶᠢᠨ ᠠᠷᠪᠠᠨ ᠨᠢᠭᠡᠳᠦᠭᠡᠷ ︵1885︶ ᠣᠨ ᠤ ᠳᠣᠯᠤᠭᠠᠨ ᠰᠠᠷ᠎ᠠ ᠳᠤ ᠳᠠᠯᠠᠩᠭᠤᠳ ᠬᠦᠪᠡᠷᠢ ᠶᠢ ᠲᠣᠮᠢᠯᠠᠪᠠ᠃     ᠭᠦᠪᠡᠷᠢ ᠪᠦᠬᠦᠯᠢ ᠵᠢᠯ ᠭᠠᠷᠤᠢ ᠶᠢᠨ ᠬᠤᠭᠤᠴᠠᠭᠠᠨ ᠳᠤ ᠬᠠᠷᠠᠮᠦ᠋ᠷᠡᠨ ᠤ ᠮᠦᠸᠧᠾᠧ᠂ ᠵᠠᠷᠠᠯᠠᠩ ᠵᠡᠷᠭᠡ ᠭᠠᠵᠠᠷ  ᠢᠶᠠᠷ ᠣᠷᠤᠵᠤ ᠢᠷᠡᠭᠰᠡᠨ ᠲᠦᠮᠡ ᠭᠠᠷᠤᠢ ᠣᠷᠤᠰᠴᠤᠳ ᠢ ᠬᠥᠭᠡᠭᠡᠨ ᠶᠠᠪᠤᠭᠤᠯᠵᠤ᠂ ᠣᠷᠤᠰ ᠲᠠᠢ ᠰᠦᠯᠪᠡᠭᠡᠯᠡᠵᠦ ᠡᠬᠡ ᠤᠯᠤᠰ ᠤᠨ ᠢᠶᠠᠨ ᠡᠬᠢ ᠪᠠᠶᠠᠯᠢᠭ ᠢ ᠬᠤᠯᠠᠭᠠᠶᠢᠯᠠᠭᠰᠠᠳ ᠢ ᠬᠠᠤᠯᠢ ᠶᠤᠰᠤ ᠪᠠᠷ ᠴᠢᠩᠭ᠎ᠠ ᠰᠢᠢᠳᠬᠡᠵᠦ᠂ ᠣᠯᠠᠨ  ᠳᠤ ᠴᠡᠭᠡᠷᠯᠡᠯ ᠦᠵᠡᠭᠦᠯᠵᠦ᠂ ᠲᠥᠷᠥ ᠬᠦᠷᠦᠨ ᠤ ᠲᠤᠰᠢᠶᠠᠭᠰᠠᠨ ᠡᠭᠦᠷᠭᠡ ᠶᠢ ᠨᠡᠷ᠎ᠡ ᠲᠥᠷᠥ ᠲᠠᠢ ᠪᠡᠶᠡᠯᠡᠭᠦᠯᠵᠦ ᠭᠠᠪᠢᠶ᠎ᠠ ᠪᠠᠶᠢᠭᠤᠯᠪᠠ᠃ ᠡᠭᠦᠨ ᠤ ᠤᠯᠠᠮ ᠠᠴᠠ ᠪᠠᠳᠠᠷᠠᠭᠤᠯᠲᠤ ᠲᠥᠷᠤ ᠶᠢᠨ ᠠᠷᠪᠠᠨ ᠳᠥᠷᠪᠡᠳᠦᠭᠡᠷ ︵1888︶ ᠣᠨ ᠳᠤ ᠬᠠᠭᠠᠨ ᠳᠤ ᠪᠠᠷᠠᠳᠠᠵᠤ ᠬᠠᠰ ᠤᠨ ᠬᠤᠨᠳᠠᠭ᠎ᠠ᠂ ᠭᠠᠤᠯᠢᠨ ᠳᠠᠩᠬᠤ ᠪᠠᠷ ᠱᠠᠩᠨᠠᠭᠤᠯᠵᠤ ᠮᠡᠶᠢᠷᠡᠨ ᠵᠠᠩᠭᠢ ᠳᠤ ᠨᠡᠷ᠎ᠡ ᠪᠠᠨ ᠲᠡᠮᠳᠡᠭᠯᠡᠭᠦᠯᠦᠭᠰᠡᠨ ᠶᠤᠮ᠃     ᠲᠡᠭᠦᠨ ᠤ ᠭᠠᠪᠢᠶ᠎ᠠ ᠵᠢᠳᠬᠦᠯ ᠢ ᠬᠤᠵᠢᠮ ᠤᠨ ᠡᠷᠳᠡᠮᠲᠡᠳ ᠠᠴᠠ ︽ᠭᠦᠪᠡᠷᠢ ᠪᠣᠯ ᠪᠠᠷᠭᠤᠴᠤᠳ ᠤᠨ ᠲᠡᠦᠬᠡ᠂ ᠴᠢᠨᠠᠭᠰᠢᠯᠠᠭᠠᠳ ᠮᠣᠩᠭᠤᠯ ᠦᠨᠳᠦᠰᠦᠲᠡᠨ ᠤ ᠲᠡᠦᠬᠡᠨ ᠳᠤ ᠴᠢᠬᠤᠯᠠ ᠬᠤᠪᠢ ᠨᠡᠮᠡᠷᠢ ᠣᠷᠤᠭᠤᠯᠤᠭᠰᠠᠨ ᠨᠡᠷᠡᠲᠦ ᠪᠢᠴᠢᠭᠲᠡᠨ ᠮᠥᠨ᠃ ᠠᠷᠠᠳ ᠲᠦᠮᠡᠨ ᠤ ᠬᠠᠶᠢᠷ᠎ᠠ ᠬᠦᠨᠳᠦᠳᠬᠡᠯ ᠢ ᠣᠯᠤᠭᠰᠠᠨ ᠵᠠᠰᠠᠭ ᠲᠥᠷᠥ ᠶᠢᠨ ᠭᠠᠪᠢᠶᠠᠲᠤ ᠲᠦᠰᠢᠮᠡᠯ ᠮᠥᠨ᠃ ᠮᠥᠨ ᠴᠦ ᠡᠬᠡ ᠣᠷᠤᠨ ᠤ ᠬᠢᠯᠢ ᠬᠢᠵᠠᠭᠠᠷ᠂ ᠡᠬᠢ ᠪᠠᠶᠠᠯᠢᠭ ᠢ ᠬᠠᠮᠠᠭᠠᠯᠠᠭᠰᠠᠨ ᠦᠨᠳᠦᠰᠦᠲᠡᠨ  ᠤ ᠪᠠᠭᠠᠲᠤᠷ ᠮᠥᠨ︾ ᠭᠡᠵᠡᠢ᠃     ᠭᠦᠪᠡᠷᠢ ᠶᠢᠨ ᠡᠷᠳᠡᠮ ᠴᠢᠳᠠᠪᠤᠷᠢ᠂ ᠠᠪᠢᠶᠠᠰ ᠪᠢᠯᠢᠭ᠂ ᠭᠠᠪᠢᠶ᠎ᠠ ᠵᠢᠳᠬᠦᠯ ᠢ ᠦᠶ᠎ᠡ ᠶᠢᠨ ᠦᠶ᠎ᠡ ᠳᠤ ᠠᠷᠠᠳ ᠲᠦᠮᠡᠨ ᠨᠢ ᠳᠤᠷᠠᠰᠤᠨ ᠮᠥᠷᠦᠭᠡᠳᠴᠦ ᠪᠠᠶᠢᠭᠰᠠᠨ ᠤ ᠤᠯᠠᠮ ᠢᠶᠠᠷ ᠡᠨᠡᠬᠦ ᠨᠡᠷᠡᠲᠦ ᠪᠢᠴᠢᠭᠲᠡᠨ᠂ ᠡᠬᠡ ᠣᠷᠤᠨᠴᠢ ᠠᠭᠤᠤ ᠬᠥᠮᠥᠨ ᠢ 2010 ᠣᠨ ᠳᠤ ᠲᠡᠭᠦᠨ ᠤ ᠲᠥᠷᠥᠭᠰᠡᠨ ᠨᠤᠲᠤᠭ ᠰᠢᠨ᠎ᠡ ᠪᠠᠷᠭᠤ ᠪᠠᠷᠠᠭᠤᠨ ᠬᠤᠰᠢᠭᠤᠨ ᠳᠤ ᠪᠠᠷᠢᠮᠠᠯ ᠪᠣᠰᠬᠠᠨ ᠳᠤᠷᠠᠰᠬᠠᠵᠠᠢ᠃    ᠠᠷᠠᠳ ᠤᠨ ᠢᠷᠠᠭᠤ ᠨᠠᠶᠢᠷᠠᠭᠴᠢ ᠢᠳᠡᠮ ᠤᠨ ᠸᠴᠢᠷᠪᠠᠲᠤ    ᠠᠯᠭᠤᠢ ᠣᠪᠤᠭ ᠤᠨ ᠢᠳᠡᠮ ᠤᠨ ᠬᠦᠯᠦᠭᠡ᠂ ᠡᠷᠦᠭᠡ ᠠᠮᠠ ᠶᠢᠨ ᠨᠡᠷ᠎ᠡ ᠸᠴᠢᠷᠪᠠᠲᠦ ᠲᠥᠷᠥ ᠭᠡᠷᠡᠯᠲᠦ ᠶᠢᠨ ᠬᠤᠷᠢᠨ ᠲᠠᠪᠤᠳᠤᠭᠠᠷ ᠣᠨ ︵1845︶ ᠳᠤ ᠲᠥᠷᠥᠵᠦ᠂ 1939 ᠣᠨ ᠳᠤ ᠨᠠᠰᠤ ᠪᠠᠷᠠᠪᠠ᠃ ᠰᠢᠨ᠎ᠡ ᠪᠠᠷᠭᠤ ᠪᠠᠷᠠᠭᠤᠨ ᠭᠠᠷᠤᠨ ᠰᠢᠯᠤᠭᠤᠨ ᠤᠯᠠᠭᠠᠨ ᠬᠤᠰᠢᠭᠤᠨ ᠤ ᠬᠥᠮᠥᠨ᠃ ᠮᠣᠩᠭᠤᠯ᠂ ᠮᠠᠨᠵᠤ᠂ ᠲᠦᠪᠡᠳ ᠪᠢᠴᠢᠭ ᠲᠠᠢ᠂ ᠣᠷᠣᠰ᠂ ᠬᠢᠲᠠᠳ ᠬᠡᠯᠡ ᠦᠰᠦᠭ ᠲᠠᠢ᠂ ᠡᠷᠳᠡᠮ ᠰᠣᠶᠤᠯ ᠢᠶᠠᠷ ᠥᠨᠳᠦᠷ᠂ ᠠᠷᠠᠳ ᠤᠨ ᠢᠷᠠᠭᠤ ᠨᠠᠶᠢᠷᠠᠭᠴᠢ᠂ ᠬᠠᠤᠯᠢᠴᠢ᠂ ᠵᠠᠷᠭᠤᠴᠢ ᠬᠥᠮᠥᠨ ᠪᠠᠶᠢᠭᠰᠠᠨ ᠤᠴᠢᠷ ᠵᠣᠨ ᠣᠯᠠᠨ ᠳᠠᠭᠠᠨ ᠬᠦᠨᠳᠦᠯᠡᠭᠳᠡᠵᠦ ︽ᠭᠦ᠋ ᠬᠠᠹᠠᠨ︾ ᠪᠤᠶᠤ ︽ᠬᠦᠯᠦᠭᠡ ᠬᠠᠹᠠᠨ︾ ᠬᠡᠮᠡᠨ ᠨᠡᠷ᠎ᠡ ᠠᠯᠳᠠᠷᠰᠢᠪᠠ᠃    ᠭᠦᠯᠦᠭᠡ ᠬᠠᠹᠠᠨ ᠪᠣᠯ ᠮᠠᠨ ᠤ ᠰᠢᠨ᠎ᠡ ᠪᠠᠷᠭᠤᠴᠤᠳ ᠤᠨ ᠲᠡᠦᠬᠡᠨ ᠳᠤ ᠢᠷᠠᠭᠤ ᠨᠠᠶᠢᠷᠠᠭ ᠢᠶᠠᠷ ᠬᠤᠮᠰᠠᠳᠠᠵᠤ ᠹᠸᠤᠳᠠᠯ ᠴᠠᠭ ᠦᠶ᠎ᠡ ᠳᠤ ᠠᠷᠠᠳ ᠲᠦᠮᠡᠨ ᠢᠶᠠᠨ ᠢᠷᠠᠭᠤ ᠨᠠᠶᠢᠷᠠᠭ ᠢᠶᠠᠷ ᠰᠣᠶᠤᠨ ᠭᠡᠭᠡᠷᠡᠭᠦᠯᠵᠦ ᠶᠠᠪᠤᠭᠰᠠᠨ ᠬᠤᠪᠤᠷᠬᠠᠨ ᠢᠷᠠᠭᠤ ᠨᠠᠶᠢᠷᠠᠭᠴᠢ ᠶᠢᠨ ᠨᠢᠭᠡ ᠶᠤᠮ᠃   ᠲᠡᠷᠡ ᠪᠣᠯ ᠦᠨᠦᠳᠦᠷ ᠤᠨ ᠪᠢᠳᠡᠨ ᠳᠤ ᠮᠡᠳᠡᠭᠳᠡᠵᠦ ᠪᠠᠶᠢᠭ᠎ᠠ ᠣᠷᠴᠢᠨ ᠦᠶ᠎ᠡ ᠶᠢᠨ ᠲᠡᠦᠬᠡᠨ ᠳᠠᠬᠢ ᠬᠠᠮᠤᠭ ᠴᠠᠭᠠᠳᠤ ᠵᠠᠬ᠎ᠠ ᠶᠢᠨ ᠠᠷᠠᠳ ᠤᠨ ᠢᠷᠠᠭᠤ ᠨᠠᠶᠢᠷᠠᠭᠴᠢ ᠪᠠᠶᠢᠭ᠎ᠠ ᠶᠤᠮ᠃ ᠲᠡᠭᠦᠨ ᠤ ᠵᠣᠬᠢᠶᠠᠯ ᠪᠦᠲᠦᠭᠡᠯ ᠤᠨ ᠣᠯᠳᠠᠪᠤᠷᠢ ᠠᠴᠠ ᠦᠵᠡᠬᠦ ᠳᠤ ᠮᠠᠨᠵᠤ᠂ ᠮᠣᠩᠭᠤᠯ ᠢᠶᠠᠷ ᠪᠢᠴᠢᠭᠰᠡᠨ ᠵᠦᠢᠯ ᠬᠠᠷᠠᠭᠳᠠᠬᠤ ᠪᠣᠯᠪᠠᠴᠤ ᠣᠯᠠᠩᠬᠢ ᠨᠢ ᠠᠷᠠᠳ ᠤᠨ ᠠᠮᠠᠨ ᠶᠠᠷᠢᠶ᠎ᠠ ᠪᠠᠷ ᠤᠯᠠᠮᠵᠢᠯᠠᠭᠳᠠᠵᠤ ᠢᠷᠡᠭᠰᠡᠨ ᠪᠥᠭᠡᠳ ᠵᠣᠬᠢᠶᠠᠯ ᠪᠦᠲᠦᠭᠡᠯ ᠤᠨ ᠬᠢᠨᠢ ᠲᠠᠷᠬᠠᠴᠠ ᠮᠠᠰᠢ ᠥᠷᠭᠡᠨ ᠪᠠᠶᠢᠵᠤ ᠤᠯᠤᠰ ᠤᠨ ᠳᠤᠲᠤᠭᠠᠳᠤ ᠭᠠᠳᠠᠭᠠᠳᠤ ᠶᠢᠨ ᠡᠷᠳᠡᠮᠲᠡᠳ ᠤᠨ ᠰᠣᠨᠢᠷᠬᠠᠯ ᠢ ᠲᠠᠲᠠᠭᠰᠠᠨ ᠪᠠᠶᠢᠳᠠᠭ᠃ ᠡᠨᠡ ᠲᠠᠯ᠎ᠠ ᠪᠠᠷ ᠦᠨ᠎ᠡ ᠴᠡᠨ᠎ᠡ ᠲᠠᠢ ᠵᠢᠳᠬᠦᠯ ᠦᠵᠡᠭᠦᠯᠦᠭᠰᠡᠨ ᠰ᠊ · ᠮᠢᠰᠢᠭᠳᠦᠷᠵᠢ᠂ ᠷ᠊ · ᠮᠠᠵᠢᠭᠰᠦ᠋ᠷᠦᠩ᠂ ᠼ᠊ · ᠨᠣᠷᠵᠢᠨ᠂ ᠴ᠊ · ᠮᠥᠩᠭᠡᠰᠦ᠋ᠷᠦᠩ᠂ ᠮᠥᠨ ᠮᠣᠩᠭᠤᠯ ᠤᠯᠤᠰ ᠤᠨ ᠵᠣ᠊ · ᠲᠡᠮᠦᠷᠴᠡᠷᠡᠩ᠂ ᠲ᠊ · ᠰᠧᠨᠳᠡᠷ᠂ ᠵ᠊ · ᠥᠯᠵᠠᠢ ᠨᠠᠷ ᠢ ᠲᠡᠮᠳᠡᠭᠯᠡᠬᠦ ᠶᠣᠰᠤᠲᠠᠢ᠃   ᠤᠤᠯ ᠤᠨ ᠰᠢᠨ᠎ᠡ ᠪᠠᠷᠭᠤ ᠪᠠᠷᠠᠭᠤᠨ ᠬᠤᠰᠢᠭᠤᠨ ᠤ ᠬᠤᠰᠢᠭᠤᠨ ᠳᠠᠷᠤᠭ᠎ᠠ ᠠᠭᠰᠠᠨ ᠰᠠᠨᠳᠠᠭ ᠤᠨ ᠮᠢᠰᠢᠭᠳᠦᠷᠵᠢ ᠭᠤᠸᠠᠢ᠂ ᠠᠳᠤᠭᠤᠨᠴᠢᠯᠠᠭᠤ ᠰᠤᠮᠤᠨ ᠤ ᠷᠡᠪᠳᠠᠨ ᠪᠠᠷᠢᠭᠠᠴᠢ ᠶᠢᠨ ᠮᠠᠵᠢᠭᠰᠦ᠋ᠷᠦᠩ ᠨᠠᠷ ᠤᠨ ᠴᠤᠭᠯᠠᠭᠤᠯᠤᠭᠰᠠᠨ ᠬᠦᠯᠦᠭᠡ ᠬᠠᠹᠠᠨ ᠤ ᠢᠷᠠᠭᠤ ᠨᠠᠶᠢᠷᠠᠭ ︽ᠪᠣᠭᠳᠠ ᠶᠢᠨ ᠬᠦᠷᠢᠶᠡᠨ ᠤ ᠮᠠᠭᠳᠠᠭᠠᠯ︾᠂ ᠭᠠᠨᠵᠤᠤᠷ ᠰᠦᠮ᠎ᠡ ᠶᠢᠨ ᠮᠠᠭᠲᠠᠭᠠᠯ︾᠂ ︽ᠨᠥᠬᠦᠷ ᠶᠠᠭᠤ ᠪᠠᠨ ᠮᠥᠷᠥᠭᠡᠳᠦᠭᠰᠡᠨ ᠢᠨᠦ︾᠂ ︽ᠨᠣᠮᠲᠤ ᠶᠢᠨ ᠰᠠᠯᠠᠢ ᠶᠢ ᠮᠠᠭᠲᠠᠭᠰᠠᠨ ᠠᠨᠤ︾᠂ ︽ᠰᠤᠷᠭᠠᠯ ᠰᠢᠯᠦᠭ︾᠂ ︽ᠡᠴᠢᠭᠡ ᠡᠬᠡ ᠳᠡᠭᠡᠨ ᠪᠠᠷᠢᠭᠰᠠᠨ ᠰᠢᠯᠦᠭ︾᠂   ︽ᠬᠦᠦ ᠪᠠᠨ ᠰᠤᠷᠭᠠᠭᠰᠠᠨ ᠪᠠᠳᠠᠭ︾᠂ ︽ᠮᠠᠨᠢ ᠶᠢᠨ ᠵᠢᠷᠭᠤᠭᠠᠨ ᠦᠰᠦᠭ ᠤᠨ ᠮᠠᠭᠲᠠᠭᠠᠯ︾᠂ ︽ᠡᠷᠬᠡ ᠭᠡᠭᠡᠷ︾ ᠵᠡᠷᠭᠡ ᠠᠷᠪᠠᠭᠠᠳ ᠪᠦᠲᠦᠭᠡᠯ ᠤᠳ ᠪᠠᠶᠢᠳᠠᠭ᠃ ᠮᠣᠩᠭᠤᠯ ᠤᠯᠤᠰ ᠤᠨ ᠵᠣ᠊ · ᠲᠡᠮᠦᠷᠴᠡᠷᠡᠩ 1969 ᠣᠨ ᠳᠤ ᠳᠣᠷᠤᠨᠠᠳᠤ ᠠᠶᠢᠮᠠᠭ ᠤᠨ ᠪᠠᠷᠭᠤᠴᠤᠳ ᠠᠴᠠ ᠬᠦᠯᠦᠭᠡ ᠬᠠᠹᠠᠨ ᠤ ᠤᠷᠠᠨ ᠪᠦᠲᠦᠭᠡᠯ ︽ᠠᠪᠤᠷᠠᠯ ᠤᠨ ᠬᠤᠷᠢᠶᠠᠩᠭᠤᠢ︾᠂ ︽ᠬᠡᠲᠡ ᠶᠢᠨ ᠢᠷᠦᠭᠡᠯ︾᠂ ︽ᠴᠡᠭᠡ ᠪᠠᠷᠢᠬᠤ ᠢᠷᠦᠭᠡᠯ︾᠂ ︽ᠰᠤᠮᠤᠨ ᠤ ᠢᠷᠦᠭᠡᠯ︾᠂ ︽ᠪᠣᠭᠳᠠ ᠳᠤ ᠮᠠᠨᠳᠤᠯ ᠡᠷᠭᠦᠭᠰᠡᠨ ᠢᠷᠦᠭᠡᠯ︾᠂ ︽ᠶᠢᠰᠦᠨ ᠵᠸᠦ ᠶᠢᠨ ᠰᠢᠯᠦᠭ︾᠂ ︽ᠬᠢᠩᠭᠠᠨ ᠠᠭᠤᠯᠠ ᠶᠢ ᠥᠩᠭᠡᠷᠡᠭᠦᠢ ᠳᠤᠷ︾᠂ ︽ᠴᠢᠴᠢᠬᠠᠷ ᠬᠤᠲᠠ ᠶᠢᠨ ᠮᠠᠭᠲᠠᠭᠠᠯ︾ ᠵᠡᠷᠭᠡ ᠶᠢᠨ ᠠᠷᠪᠠᠭᠠᠳ ᠪᠦᠲᠦᠭᠡᠯ ᠴᠤᠭᠯᠠᠭᠤᠯᠤᠨ ᠡᠮᠬᠢᠳᠬᠡᠵᠦ ᠰᠤᠳᠤᠯᠭ᠎ᠠ ᠬᠢᠭᠰᠡᠨ ᠪᠠᠶᠢᠨ᠎ᠠ᠃ ᠮᠥᠨ ᠰᠣᠶᠤᠯ ᠤᠨ ᠵᠢᠳᠬᠦᠯᠲᠡᠨ ᠲ᠊ · ᠰᠧᠨᠳᠡᠷ ᠳᠡᠭᠡᠷ᠎ᠡ ᠵᠠᠭᠤᠨ ᠤ ᠨᠠᠶᠠᠭᠠᠳ ᠣᠨ ᠳᠤ ᠳᠣᠷᠤᠨᠠᠳᠤ ᠪᠠᠷ ᠰᠤᠷᠪᠤᠯᠵᠢᠯᠠᠵᠤ ᠶᠠᠪᠤᠬᠤ  ᠳᠠᠭᠠᠨ ᠬᠦᠯᠦᠭᠡ ᠬᠠᠹᠠᠨ ᠤ ᠵᠣᠬᠢᠶᠠᠭᠰᠠᠨ ︽ᠵᠠᠰᠠᠨ ᠵᠠᠯᠠᠨ ᠰᠠᠭᠤᠭᠠᠷᠠᠢ︾ ᠭᠡᠳᠡᠭ ᠳᠠᠭᠤᠤ ᠶᠢ ᠣᠯᠵᠤ ︽ᠪᠠᠷᠭᠤ ᠠᠷᠠᠳ ᠤᠨ ᠳᠠᠭᠤᠤ︾ ᠶᠢᠨ ᠡᠮᠬᠢᠳᠬᠡᠯ ᠳᠡᠭᠡᠨ ᠣᠷᠤᠭᠤᠯᠤᠭᠰᠠᠨ ᠪᠠᠶᠢᠨ᠎ᠠ᠃ ᠲᠡᠦᠬᠡᠴᠢ ᠵ᠊ · ᠥᠯᠵᠡᠢ ᠬᠦᠯᠦᠭᠡ ᠬᠠᠹᠠᠨ ᠤ ᠲᠤᠬᠠᠢ ᠳᠤᠷᠠᠰᠤᠮᠵᠢ ᠪᠢᠴᠢᠵᠦ    ︽ᠪᠠᠷᠭᠤ ᠶᠢᠨ ᠲᠡᠦᠬᠡᠨ ᠳᠠᠬᠢ ᠨᠡᠷᠡᠲᠦ ᠬᠥᠮᠥᠰ︾ ᠭᠡᠳᠡᠭ ᠨᠣᠮ  ᠳᠠᠭᠠᠨ ᠲᠡᠮᠲᠡᠭᠯᠡᠵᠡᠢ᠃   ᠭᠦᠯᠦᠭᠡ ᠬᠠᠹᠠᠨ ᠤ ᠵᠣᠬᠢᠶᠠᠯ ᠪᠦᠲᠦᠭᠡᠯ ᠤᠨ ᠣᠯᠳᠠᠪᠤᠷᠢ ᠠᠴᠠ ᠠᠵᠢᠭᠯᠠᠬᠤ ᠳᠤ ᠢᠷᠦᠭᠡᠯ ᠮᠠᠭᠲᠠᠭᠠᠯ ᠢᠶᠠᠷ ᠭᠤᠣᠯᠯᠠᠵᠤ᠂ ᠲᠤᠬᠠᠢ ᠶᠢᠨ ᠦᠶ᠎ᠡ ᠶᠢᠨ ᠠᠷᠠᠳ ᠤᠨ ᠢᠷᠠᠭᠤ ᠨᠠᠶᠢᠷᠠᠭ ᠤᠨ ᠬᠡᠪ ᠨᠠᠮᠪᠠ ᠶᠢ ᠬᠠᠷᠠᠭᠤᠯᠤᠭᠰᠠᠨ ᠪᠠᠶᠢᠳᠠᠭ᠃   ᠲᠡᠷᠡ ︽ᠬᠢᠩᠭᠠᠨ ᠠᠭᠤᠯᠠ ᠶᠢ ᠥᠩᠭᠡᠷᠡᠭᠦᠢ ᠳᠤᠷ︾ ᠬᠡᠮᠡᠬᠦ ᠮᠠᠭᠲᠠᠭᠠᠯ ᠳᠠᠭᠠᠨ᠄   ︽ᠠᠭᠤᠯᠠ ᠶᠢᠨ ᠣᠢ ᠢᠭᠴᠤ ᠦᠳᠬᠡᠨ   ᠤᠷᠭᠤᠭ᠎ᠠ ᠮᠣᠳᠤ ᠵᠠᠢ ᠵᠠᠪᠰᠠᠷ ᠦᠭᠡᠢ   ᠶᠠᠭᠠᠷᠠᠨ ᠲᠡᠪᠡᠳᠡᠨ ᠥᠩᠭᠡᠷᠡᠭᠦᠶ᠎ᠡ ᠬᠡᠮᠡᠪᠡᠴᠦ   ᠶᠠᠪᠤᠬᠤ ᠵᠦᠭ ᠨᠡᠩ ᠴᠦ ᠣᠯᠳᠠᠬᠤ ᠦᠭᠡᠢ ᠁︾ ᠭᠡᠵᠤ ᠪᠠᠶᠢᠭᠠᠯᠢ ᠠᠬᠤᠢ ᠶᠢ ᠨᠢᠳᠦ ᠪᠠᠷ ᠦᠵᠡᠭᠰᠡᠨ  ᠢᠶᠠᠨ ᠮᠠᠭᠲᠠᠨ ᠤᠶᠠᠩᠭᠠᠯᠠᠭᠰᠠᠨ ᠪᠠᠶᠢᠬᠤ ᠳᠤ ᠨᠥᠭᠦᠭᠡ ᠨᠢᠭᠡ ︽ᠤᠲᠠᠢ ᠠᠭᠤᠯᠠ ᠶᠢᠨ ᠮᠠᠭᠲᠠᠭᠠᠯ︾ ᠳᠠᠭᠠᠨ᠄   ︽ᠬᠥᠯᠥᠨ ᠳᠠᠯᠠᠢ ᠶᠢᠨ ᠬᠦᠪᠡᠭᠡᠨ ᠠᠴᠠ    ᠬᠦᠢᠲᠡᠨ ᠡᠷᠡᠨ ᠳᠤ ᠭᠠᠷᠴᠤ     ᠁    ᠠᠷᠪᠠᠨ ᠰᠠᠷ᠎ᠠ ᠶᠢᠨ ᠦᠶ᠎ᠡ ᠪᠠᠷ    ᠠᠶᠠᠯᠠᠨ ᠵᠠᠮᠨᠠᠵᠤ ᠶᠠᠪᠤᠬᠤ ᠳᠠᠭᠠᠨ     ᠁    ᠪᠡᠭᠡᠵᠢᠩ᠂ ᠵᠠᠩ ᠵᠢᠶᠠ ᠺᠸᠦ ᠲᠡᠷᠢᠭᠦᠨ    ᠪᠢᠰᠢᠭᠦᠢ ᠬᠤᠲᠠ ᠶᠢ ᠳᠠᠭᠠᠷᠢᠵᠤ    ᠁︾ ᠭᠡᠵᠤ ᠬᠥᠯᠥᠨ ᠪᠣᠶᠢᠷ ᠠᠴᠠ ᠬᠡᠳᠦᠢ ᠳᠤ ᠭᠠᠷᠤᠭᠰᠠᠨ᠂ ᠵᠠᠮ ᠵᠠᠭᠤᠷ᠎ᠠ ᠣᠯᠠᠨ ᠬᠤᠲᠠ ᠪᠠᠯᠭᠠᠰᠤ  ᠪᠠᠷ ᠳᠠᠭᠠᠷᠢᠵᠤ ᠥᠩᠭᠡᠷᠡᠭᠰᠡᠨ ᠵᠡᠷᠭᠡ ᠪᠠᠨ ᠲᠣᠳᠤᠷᠬᠠᠢ ᠳᠤᠷᠠᠳᠤᠭᠰᠠᠨ ᠪᠠᠶᠢᠳᠠᠭ᠃ ᠮᠥᠨ      ︽ᠪᠣᠭᠳᠠ ᠶᠢᠨ ᠬᠦᠷᠢᠶᠡᠨ ᠤ ᠮᠠᠭᠲᠠᠭᠠᠯ︾ ᠬᠡᠮᠡᠬᠦ ᠰᠢᠯᠦᠭ ᠲᠡᠭᠡᠨ᠄    ︽ᠬᠥᠭᠰᠢᠨ ᠶᠡᠭᠡ ᠬᠦᠷᠢᠶᠡᠨ ᠳᠤ    ᠬᠦᠷᠴᠦ ᠵᠣᠷᠢᠭᠯᠠᠵᠤ ᠮᠥᠷᠭᠦᠯ᠎ᠡ    ᠬᠦᠨᠳᠦᠲᠦ ᠪᠣᠭᠳᠠ ᠶᠢᠨ ᠣᠷᠣᠨ ᠳᠤ    ᠬᠦᠰᠡᠯ ᠰᠡᠳᠬᠢᠯ ᠬᠠᠩᠭᠠᠪᠠ᠃   ᠲᠦᠷᠭᠡᠨ ᠲᠤᠤᠯᠠ ᠶᠢᠨ ᠬᠦᠪᠡᠭᠡᠨ ᠳᠤ   ᠲᠦᠭᠡᠭᠡᠵᠦ ᠪᠠᠷᠢᠭᠰᠡᠨ ᠣᠷᠳᠤᠨ ᠲᠠᠢ   ᠲᠦᠭᠡᠮᠡᠯ ᠪᠦᠭᠦᠨ ᠢ ᠠᠪᠤᠷᠠᠭᠴᠢ  ᠲᠦᠮᠡᠨ ᠤ ᠢᠲᠡᠭᠡᠯᠲᠦ ᠪᠣᠭᠳᠠ ᠮᠢᠨᠢ ᠁︾ ᠭᠡᠵᠤ ᠵᠣᠷᠢᠭᠰᠠᠨ ᠵᠣᠷᠢᠯᠲᠠ ᠪᠠᠨ ᠲᠣᠳᠤᠷᠬᠠᠢ ᠳᠤᠷᠠᠳᠴᠤ᠂ ᠲᠤᠤᠯᠠ ᠶᠢᠨ ᠭᠤᠣᠯ ᠤᠨ ᠳᠡᠨᠵᠢᠨ ᠳᠠᠬᠢ ᠠᠷᠤ ᠪᠣᠭᠳᠠ ᠶᠢᠨ ᠬᠦᠷᠢᠶ᠎ᠡ ᠶᠢ ᠵᠢᠷᠤᠭᠯᠠᠨ ᠮᠠᠭᠳᠠᠭᠰᠠᠨ ᠪᠠᠶᠢᠳᠠᠭ᠃ ᠲᠡᠭᠡᠷᠡᠬᠢ ᠮᠠᠭᠲᠠᠭᠠᠯ ᠢᠷᠠᠭᠤ ᠨᠠᠶᠢᠷᠠᠭ ᠤᠳ ᠠᠴᠠ ᠭᠦᠯᠦᠭᠡ ᠬᠠᠹᠠᠨ ᠵᠡᠭᠦᠨᠰᠢ ᠬᠢᠩᠭᠠᠨ ᠳᠠᠪᠠᠭ᠎ᠠ ᠶᠢ ᠳᠠᠪᠠᠵᠤ᠂ ᠡᠮᠦᠨᠡᠰᠢ ᠪᠡᠭᠡᠵᠢᠩ᠂ ᠤᠲᠠᠢ᠂ ᠪᠠᠷᠠᠭᠤᠨᠰᠢ ᠠᠷᠤ ᠮᠣᠩᠭᠤᠯ ᠤᠨ ᠳ᠋ᠠ ᠬᠦᠷᠢᠶ᠎ᠡ ᠬᠦᠷᠴᠦ᠂ ᠲᠡᠷᠡ ᠦᠶ᠎ᠡ ᠳᠡᠭᠡᠨ ᠦᠨᠡᠬᠡᠷ ᠬᠤᠯᠠ ᠶᠠᠪᠤᠵᠤ᠂ ᠶᠡᠭᠡ ᠶᠢ ᠦᠵᠡᠭᠰᠡᠨ ᠡᠷᠳᠡᠮ ᠨᠣᠮ ᠲᠠᠢ ᠠᠷᠠᠳ ᠤᠨ ᠢᠷᠠᠭᠤ ᠨᠠᠶᠢᠷᠠᠭᠴᠢ ᠬᠥᠮᠥᠨ ᠪᠠᠶᠢᠭᠰᠠᠨ ᠭᠡᠳᠡᠭ ᠢ ᠡᠭᠦᠨ ᠠᠴᠠ ᠠᠩᠵᠠᠭᠠᠷᠠᠵᠤ ᠪᠣᠯᠤᠨ᠎ᠠ᠃   ᠲᠡᠭᠦᠨ ᠤ ᠪᠦᠲᠦᠭᠡᠯ ᠠᠴᠠ ︽ᠭᠠᠯ ᠤᠨ ᠢᠷᠦᠭᠡᠯ︾᠂ ︽ᠶᠢᠰᠦ ᠶᠢᠰᠦ ᠶᠢ ᠥᠩᠭᠡᠷᠡᠭᠦᠯᠬᠦ ᠢᠷᠦᠭᠡᠯ︾᠂ ︽ᠮᠣᠷᠢᠨ ᠤ ᠴᠣᠯᠠ︾᠂ ︽ᠵᠠᠬᠢᠳᠠᠯ ᠤᠨ ᠲᠥᠷᠥᠯ ᠵᠦᠢᠯ︾᠂ ︽ᠤᠰᠤ᠂ ᠤᠷᠭᠤᠮᠠᠯ᠂ ᠬᠥᠮᠥᠨ ᠠᠮᠢᠲᠠᠨ᠂ ᠡᠳ᠋ᠯᠡᠯ ᠬᠡᠷᠡᠭᠰᠡᠯ ᠤᠨ ᠵᠦᠢᠯᠡᠰ ᠤᠨ ᠨᠡᠷᠡᠰ ᠤᠨ ᠲᠠᠶᠢᠯᠪᠤᠷᠢ ᠪᠢᠴᠢᠭ︾᠂ ︽ᠵᠠᠭᠤᠨ ᠣᠨᠢᠰᠤᠭ᠎ᠠ︾ ᠵᠡᠷᠭᠡ ᠶᠢᠨ ᠵᠣᠬᠢᠶᠠᠯ ᠪᠠ ᠨᠠᠶᠢᠷᠠᠭᠤᠯᠤᠨ ᠡᠮᠬᠢᠳᠬᠡᠭᠰᠡᠨ ᠵᠦᠢᠯ ᠤᠳ ᠢ ᠨᠢ ᠣᠳᠤ ᠪᠣᠯᠲᠠᠯ᠎ᠠ ᠡᠰᠡ ᠣᠯᠪᠠ᠃   ᠭᠦᠯᠦᠭᠡ ᠬᠠᠹᠠᠨ ᠤ ᠵᠣᠬᠢᠶᠠᠯ ᠪᠦᠲᠦᠭᠡᠯ ᠨᠢ ᠲᠤᠬᠠᠢ ᠶᠢᠨ ᠦᠶ᠎ᠡ ᠶᠢᠨ ᠲᠥᠷᠥ ᠱᠠᠰᠢᠨ᠂ ᠨᠡᠶᠢᠭᠡᠮ᠂ ᠬᠥᠮᠥᠨ ᠠᠷᠠᠳ᠂ ᠪᠠᠶᠢᠭᠠᠯᠢ ᠠᠬᠤᠢ ᠶᠢ ᠰᠤᠳᠤᠯᠬᠤ ᠳᠤ ᠴᠢᠬᠤᠯᠠ ᠰᠦᠪᠡᠭᠴᠢ ᠬᠠᠩᠭᠠᠬᠤ ᠬᠤᠪᠤᠷ ᠨᠠᠨᠳᠢᠨ ᠲᠡᠦᠬᠡᠨ ᠮᠠᠲ᠋ᠧᠷᠢᠶᠠᠯ ᠪᠣᠯᠬᠤ ᠪᠠᠷ ᠪᠠᠷᠠᠬᠤ ᠦᠭᠡᠢ ᠨᠡᠩ ᠴᠦ ᠪᠠᠷᠭᠤᠴᠤᠳ ᠤᠨ 19 ᠳ᠋ᠤᠭᠡᠷ ᠵᠠᠭᠤᠨ ᠤ ᠰᠡᠭᠦᠯᠴᠢ᠂ ᠬᠤᠷᠢᠳᠤᠭᠠᠷ ᠵᠠᠭᠤᠨ ᠤ ᠡᠬᠢᠨ ᠤ ᠦᠶ᠎ᠡ ᠶᠢᠨ ᠠᠷᠠᠳ ᠤᠨ ᠤᠷᠠᠨ ᠪᠦᠲᠦᠭᠡᠯ ᠤᠨ ᠰᠤᠳᠤᠯᠭᠠᠨ ᠳᠤ ᠲᠣᠮᠤᠬᠠᠨ ᠪᠠᠶᠢᠷᠢ ᠰᠠᠭᠤᠷᠢ ᠶᠢ ᠡᠵᠡᠯᠡᠬᠦ ᠨᠢ ᠯᠠᠪᠲᠠᠢ ᠶᠤᠮ᠃    ᠵᠣᠭᠰᠤᠯᠲᠠ ᠪᠠᠲᠤ ᠵᠣᠷᠢᠭ ᠬᠠᠲᠠᠭᠤ ᠵᠠᠮᠢᠶᠠᠨ ᠤ ᠭᠤᠩᠭᠤᠷ ᠤᠭᠤᠷᠳᠠ   ᠠᠯᠭᠤᠢ ᠣᠪᠤᠭ ᠤᠨ ᠭᠤᠩᠭᠤᠷᠵᠠᠪ᠂ ᠰᠢᠯᠦᠭᠤᠨ ᠰᠢᠷ᠎ᠠ ᠬᠤᠰᠢᠭᠤᠨ ᠤ ᠬᠤᠶᠠᠳᠤᠭᠠᠷ ᠰᠤᠮᠤᠨ ᠤ ᠬᠥᠮᠥᠨ᠃ ᠪᠠᠳᠠᠷᠠᠭᠤᠯᠲᠤ ᠲᠥᠷᠥ ᠶᠢᠨ ᠬᠤᠷᠢᠨ ᠲᠠᠪᠤᠳᠤᠭᠠᠷ ︵1899︶ ᠣᠨ ᠳᠤ ᠲᠥᠷᠥᠪᠡ᠃ ᠲᠡᠷᠡ 1943 ᠣᠨ  ᠠᠴᠠ 1946 ᠣᠨ ᠳᠤ ᠰᠢᠨ᠎ᠡ ᠪᠠᠷᠭᠤ ᠪᠠᠷᠠᠭᠤᠨ ᠭᠠᠷᠤᠨ ᠬᠤᠰᠢᠭᠤᠨ ᠤ ᠬᠤᠰᠢᠭᠤᠨ ᠳᠠᠷᠤᠭ᠎ᠠ ᠪᠠᠶᠢᠪᠠ᠃ ᠠᠷᠠᠳ ᠣᠯᠠᠨ ᠤ ᠳᠤᠮᠳᠠ ᠭᠤᠩᠭᠤᠷ ᠤᠭᠤᠷᠳᠠ ᠬᠡᠮᠡᠨ ᠠᠯᠳᠠᠷᠰᠢᠪᠠ᠃ ᠭᠤᠩᠭᠤᠷᠵᠠᠪ ᠪᠠᠷ ᠰᠢᠨ᠎ᠡ ᠪᠠᠷᠭᠤ ᠪᠠᠷᠠᠭᠤᠨ ᠭᠠᠷᠤᠨ ᠲᠡᠦᠬᠡᠨ ᠳᠠᠬᠢ ᠡᠬᠡ ᠣᠷᠤᠨ᠂ ᠠᠷᠠᠳ ᠲᠦᠮᠡᠨ ᠤ ᠲᠥᠯᠥᠭᠡ ᠵᠢᠳᠬᠦᠵᠦ ᠶᠠᠪᠤᠭᠰᠠᠨ ᠠᠯᠳᠠᠷᠲᠤ ᠬᠥᠮᠥᠰ ᠤᠨ ᠨᠢᠭᠡ ᠶᠤᠮ᠃   1945 ᠣᠨ ᠤ 8 ᠰᠠᠷ᠎ᠠ ᠳᠤ ᠶᠠᠫᠤᠨ ᠪᠠᠭᠤᠨ ᠥᠭᠪᠡ᠃ ᠲᠤᠬᠠᠢ ᠶᠢᠨ ᠦᠶ᠎ᠡ ᠳᠤ ᠰᠢᠨ᠎ᠡ ᠪᠠᠷᠭᠤ ᠪᠠᠷᠠᠭᠤᠨ ᠭᠠᠷᠤᠨ ᠬᠤᠰᠢᠭᠤ ᠨᠢ ᠶᠠᠫᠤᠨ ᠤ ᠲᠠᠯᠬᠢᠭᠳᠠᠯ ᠠᠴᠠ ᠠᠩᠬᠢᠵᠢᠷᠠᠭᠰᠠᠨ ᠪᠣᠯᠪᠠᠴᠤ᠂ ᠭᠠᠳᠠᠭᠠᠳᠤ ᠶᠢᠨ ᠲᠦᠷᠢᠮᠡᠬᠡᠶᠢᠯᠡᠭᠴᠢᠳ ᠲᠤ ᠡᠵᠡᠯᠡᠭᠳᠡᠵᠦ ᠪᠠᠶᠢᠭᠰᠠᠨ ᠪᠣᠯᠬᠤᠷ ᠴᠣᠬᠤᠮ ᠭᠤᠮᠢᠨᠳᠠᠩ ᠢ ᠳᠠᠭᠠᠳᠠᠭ ᠶᠤᠮ ᠤᠤ︖ ᠡᠪ ᠬᠠᠮᠲᠤ ᠨᠠᠮ ᠢ ᠳᠠᠭᠠᠳᠠᠭ ᠶᠤᠮ ᠤᠤ︖ ᠡᠰᠡᠪᠡᠯ ᠬᠠᠭᠤᠷᠮᠠᠭ ᠮᠠᠨᠵᠤ ᠤᠯᠤᠰ ᠢ ᠳᠠᠭᠠᠳᠠᠭ ᠶᠤᠮ ᠤᠤ︖ ᠭᠡᠰᠡᠨ ᠶᠠᠩᠵᠤ ᠪᠦᠷᠢ ᠶᠢᠨ ᠶᠠᠷᠢᠶ᠎ᠠ ᠴᠤᠤᠷᠬᠠᠯ ᠳᠡᠯᠭᠡᠷᠡᠵᠦ᠂ ᠬᠥᠮᠥᠰ ᠤᠨ ᠰᠡᠳᠬᠢᠯ ᠰᠠᠨᠠᠭ᠎ᠠ ᠲᠣᠭᠲᠠᠪᠤᠷᠢ ᠦᠭᠡᠢ ᠡᠷᠢᠨ ᠪᠣᠯᠵᠤ ᠪᠠᠶᠢᠪᠠ᠃ ᠶᠠᠭ ᠡᠨᠡ ᠦᠶ᠎ᠡ ᠳᠤ ᠰᠢᠨ᠎ᠡ ᠪᠠᠷᠭᠤ ᠵᠡᠭᠦᠨ ᠭᠠᠷᠤᠨ ᠬᠤᠰᠢᠭᠤᠨ ᠤ ᠬᠡᠰᠡᠭ ᠵᠣᠨ ᠬᠠᠯᠬ᠎ᠠ ᠮᠣᠩᠭᠤᠯ ᠳᠤ ᠨᠡᠭᠦᠨ ᠣᠷᠣᠪᠠ᠃ ᠪᠠᠷᠠᠭᠤᠨ ᠭᠠᠷᠤᠨ ᠬᠤᠰᠢᠭᠤᠨ ᠤ ᠠᠶᠢᠯ ᠵᠣᠨ ᠢ ᠨᠡᠭᠦᠯᠭᠡᠬᠦ ᠪᠠᠷ ᠵᠠᠷᠢᠮ ᠬᠥᠮᠥᠰ ᠥᠳᠦᠭᠡᠯᠭᠡ ᠬᠢᠵᠦ ᠬᠥᠯ ᠦᠢᠮᠡᠭᠡᠨ ᠪᠣᠯᠵᠤ ᠪᠠᠶᠢᠪᠠ᠃   ᠭᠤᠩᠭᠤᠷᠵᠠᠪ ᠡᠨᠡ ᠬᠦᠨᠳᠦ ᠬᠡᠴᠡᠭᠦᠦ ᠬᠦᠴᠢᠷ ᠪᠡᠷᠬᠡᠰᠢᠶᠡᠯ ᠲᠠᠢ ᠴᠠᠭ ᠡᠷᠢᠨ ᠳᠤ ᠡᠬᠡ ᠣᠷᠤᠨ ᠠᠴᠠ ᠪᠠᠨ ᠰᠠᠯᠵᠤ ᠪᠣᠯᠬᠤ ᠦᠭᠡᠢ ᠭᠡᠰᠡᠨ ᠪᠠᠲᠤ ᠵᠣᠭᠰᠤᠯᠲᠠ ᠲᠠᠢ ᠪᠠᠶᠢᠵᠤ᠂ ᠤᠤᠯ ᠤᠨ ᠪᠠᠷᠠᠭᠤᠨ ᠭᠠᠷᠤᠨ ᠤᠭᠤᠷᠳᠠ ᠪᠠᠶᠢᠭᠰᠠᠨ ᠱᠠᠨᠵᠢᠮᠢᠲᠤᠪ᠂ ᠬᠤᠰᠢᠭᠤ ᠶᠠᠮᠤᠨ ᠤ ᠪᠢᠴᠢᠭᠡᠴᠢ ᠰᠧᠶ᠋ᠢ᠂ ᠮᠠᠭᠰᠤᠷ ᠵᠠᠩᠭᠢ᠂ ᠶᠣᠨᠳᠤᠨ ᠰᠢᠷᠡᠭᠡᠲᠦ ᠵᠡᠷᠭᠡ ᠨᠡᠷ᠎ᠡ ᠬᠦᠨᠲᠦᠲᠦ ᠬᠥᠮᠥᠰ ᠲᠠᠢ ᠠᠭᠤᠯᠵᠠᠨ ︽ᠣᠯᠠᠨ ᠤ ᠰᠡᠳᠬᠢᠯ ᠢ ᠲᠣᠭᠲᠠᠪᠤᠷᠢᠵᠢᠭᠤᠯᠤᠨ᠂ ᠬᠥᠯ ᠦᠢᠮᠡᠭᠡᠨ ᠭᠠᠷᠭᠠᠬᠤ ᠶᠢ ᠬᠤᠷᠢᠭᠯᠠᠵᠤ᠂ ᠲᠠᠬᠢᠯᠭ᠎ᠠ ᠰᠢᠲᠦᠯᠭᠡ ᠲᠠᠢ ᠰᠦᠮ᠎ᠡ ᠬᠡᠶᠢᠳ᠂ ᠣᠪᠤᠭ᠎ᠠ ᠠᠭᠤᠯᠠ ᠣᠩᠭᠤᠨ ᠪᠣᠩᠬᠤᠨ  ᠢᠶᠠᠨ ᠣᠷᠬᠢᠵᠤ ᠨᠤᠲᠤᠭ ᠣᠷᠤᠨ ᠠᠴᠠ ᠪᠠᠨ ᠰᠠᠯᠵᠤ ᠬᠠᠷᠢ ᠭᠠᠵᠠᠷ ᠢᠶᠠᠷ ᠴᠠᠭᠠᠴᠢᠯᠠᠵᠤ ᠪᠣᠯᠬᠤ ᠦᠭᠡᠢ︾ ᠭᠡᠵᠤ ᠴᠢᠬᠤᠯᠠᠴᠢᠯᠠᠨ ᠳᠤᠷᠠᠳᠴᠤ᠂ ᠲᠡᠳᠡᠨ ᠢᠶᠠᠷ ᠳᠠᠮᠵᠢᠭᠤᠯᠤᠨ ᠠᠷᠠᠳ ᠣᠯᠠᠨ ᠤ ᠰᠠᠨᠠᠭ᠎ᠠ ᠰᠡᠳᠬᠢᠯ ᠢ ᠲᠣᠭᠲᠠᠭᠤᠨ ᠪᠣᠯᠭᠠᠵᠤ᠂ ᠪᠠᠷᠠᠭᠤᠨ ᠭᠠᠷᠤᠨ ᠬᠤᠰᠢᠭᠤ ᠠᠴᠠ ᠭᠠᠭᠴᠠ ᠴᠦ ᠠᠶᠢᠯ ᠢ ᠮᠣᠩᠭᠤᠯ ᠤᠯᠤᠰ ᠲᠤ ᠨᠡᠭᠦᠯᠭᠡᠭᠰᠡᠨ ᠦᠭᠡᠢ ᠪᠢᠯᠡ᠃ ᠲᠡᠷᠡ ᠪᠠᠰᠠ ᠥᠳᠦᠭᠡᠯᠭᠡ ᠬᠢᠵᠦ ᠴᠤᠤᠷᠬᠠᠯ ᠲᠠᠷᠬᠠᠭᠠᠵᠤ ᠪᠠᠶᠢᠭᠰᠠᠨ ᠵᠠᠷᠢᠮ ᠬᠡᠷᠡᠭᠲᠡᠨ ᠤ ᠲᠦᠷᠦᠭᠦᠦ ᠶᠢ ᠶᠠᠯᠠᠯᠠᠨ ᠰᠢᠢᠳᠬᠡᠪᠡ᠃  ᠢᠩᠭᠢᠭᠰᠡᠨ ᠢᠶᠠᠷ ᠳᠠᠶᠢᠨ ᠤ ᠳᠠᠷᠠᠭᠠᠬᠢ ᠬᠥᠯ ᠦᠢᠮᠡᠭᠡᠨ ᠳᠠᠷᠤᠭᠳᠠᠵᠤ ᠨᠡᠶᠢᠭᠡᠮ ᠲᠣᠭᠲᠠᠭᠤᠨ ᠪᠣᠯᠵᠤ᠂ ᠠᠷᠠᠳ ᠲᠦᠮᠡᠨ ᠡᠩᠬᠡ ᠲᠠᠶᠢᠪᠤᠩ ᠠᠵᠤ ᠲᠥᠷᠥᠬᠦ ᠪᠣᠯᠪᠠ᠃  ᠲᠤᠬᠠᠢ ᠶᠢᠨ ᠦᠶ᠎ᠡ ᠳᠤ ᠮᠣᠩᠭᠤᠯ ᠤᠨ ᠴᠡᠷᠢᠭ ᠤᠨ ᠲᠠᠯ᠎ᠠ ᠠᠴᠠ ᠶᠠᠫᠤᠨ ᠤ ᠲᠠᠩᠨᠠᠭᠤᠯ᠂ ᠬᠠᠭᠤᠷᠮᠠᠭ ᠮᠠᠨᠵᠤ ᠶᠢᠨ ᠴᠡᠷᠢᠭ ᠴᠠᠭᠳᠠᠭ᠎ᠠ ᠶᠢ ᠪᠦᠬᠦᠨ ᠢ ᠪᠠᠷᠢᠪᠴᠢᠯᠠᠬᠤ ᠪᠠᠷ ᠱᠠᠭᠠᠷᠳᠠᠪᠠ᠃ ᠡᠭᠦᠨ ᠳᠤ ᠭᠤᠩᠭᠤᠷᠵᠠᠪ ᠮᠣᠩᠭᠤᠯ ᠤᠨ ᠴᠡᠷᠢᠭ ᠤᠨ ᠲᠦᠯᠦᠭᠡᠯᠡᠭᠴᠢ ᠳᠠᠸᠠᠵᠠᠪ ᠲᠠᠢ ᠠᠭᠤᠯᠵᠠᠵᠤ᠂ ︽ᠶᠠᠫᠤᠨ ᠤ ᠲᠠᠩᠨᠠᠭᠤᠯ ᠢ ᠪᠠᠷᠢᠪᠴᠢᠯᠠᠬᠤ ᠨᠢ ᠵᠥᠪ᠂ ᠬᠠᠷᠢᠨ ᠬᠠᠭᠤᠷᠮᠠᠭ ᠮᠠᠨᠵᠤ ᠤᠯᠤᠰ ᠤᠨ ᠴᠡᠷᠢᠭ ᠴᠠᠭᠳᠠᠭ᠎ᠠ ᠨᠢ ᠠᠯᠪᠠᠨ ᠵᠢᠷᠤᠮ ᠢᠶᠠᠷ ᠴᠡᠷᠢᠭ ᠲᠤ ᠲᠠᠲᠠᠭᠳᠠᠵᠤ ᠠᠯᠪᠠ ᠭᠦᠢᠴᠡᠳᠬᠡᠵᠦ ᠪᠠᠶᠢᠭᠰᠠᠨ ᠪᠣᠯᠬᠤᠷ ᠶᠠᠫᠤᠨ ᠤ ᠲᠠᠩᠨᠠᠭᠤᠯ ᠲᠠᠢ ᠰᠢᠨᠵᠢ ᠴᠢᠨᠡᠷ ᠨᠢ ᠠᠳᠠᠯᠢ ᠦᠭᠡᠢ ᠶᠤᠮ᠂ ᠬᠡᠷᠪᠡ ᠴᠡᠷᠢᠭ ᠴᠠᠭᠳᠠᠭ᠎ᠠ ᠪᠦᠬᠦᠨ ᠢ ᠪᠠᠷᠢᠪᠴᠢᠯᠠᠬᠤ ᠳᠤ ᠬᠦᠷᠪᠡᠯ᠂ ᠮᠠᠨᠵᠤ ᠶᠢᠨ ᠠᠯᠪᠠ ᠬᠠᠭᠠᠵᠤ ᠪᠠᠶᠢᠭ᠎ᠠ ᠠᠯᠪᠠᠨ ᠲᠤᠰᠢᠶᠠᠯᠲᠠᠨ ᠪᠣᠯᠬᠤ ᠮᠢᠨᠦ ᠪᠡᠶ᠎ᠡ ᠠᠴᠠ ᠲᠡᠷᠢᠭᠦᠯᠡᠨ ᠪᠠᠷᠢᠪᠴᠢᠯᠠᠬᠤ ᠬᠡᠷᠡᠭᠲᠡᠢ ᠪᠠᠶᠢᠨ᠎ᠠ︾ ᠭᠡᠰᠡᠨ ᠳᠤ ᠮᠣᠩᠭᠤᠯ ᠤᠨ ᠲᠦᠯᠦᠭᠡᠯᠡᠭᠴᠢ ᠠᠴᠠ ᠡᠨᠡ ᠰᠠᠨᠠᠯ ᠢ ᠵᠥᠪ ᠬᠡᠮᠡᠨ ᠵᠥᠪᠰᠢᠶᠡᠷᠡᠵᠦ ᠬᠠᠭᠤᠷᠮᠠᠭ ᠮᠠᠨᠵᠤ ᠶᠢᠨ ᠴᠡᠷᠢᠭ ᠴᠠᠭᠳᠠᠭ᠎ᠠ ᠪᠠᠶᠢᠭᠰᠠᠨ ᠣᠯᠠᠨ ᠬᠥᠮᠥᠨ ᠢ ᠪᠠᠷᠢᠪᠴᠢᠯᠠᠭᠰᠠᠨ ᠦᠭᠡᠢ ᠦᠯᠡᠳᠡᠭᠡᠪᠡ᠃ ᠡᠨᠡ ᠤᠳᠠᠭ᠎ᠠ ᠭᠤᠩᠭᠤᠷᠵᠠᠪ ᠣᠯᠠᠨ ᠬᠥᠮᠥᠨ ᠢ ᠠᠶᠤᠯ ᠠᠴᠠ ᠠᠪᠤᠷᠠᠭᠰᠠᠨ ᠶᠤᠮ᠃  ᠲᠤᠰ ᠣᠨ ᠤ ᠨᠠᠢᠮᠠᠨ ᠰᠠᠷ᠎ᠠ ᠳᠤ ᠶᠠᠫᠤᠨ ᠤ ᠲᠠᠩᠨᠠᠭᠤᠯ ᠨ᠊ · ᠵᠣᠩᠳᠤᠢ᠂ ᠨ᠊ · ᠦᠷᠭᠡᠨᠵᠠᠪ᠂ ᠬᠠᠮᠠᠷ ᠳ᠋ᠠᠰᠢ᠂ ᠴᠢᠯᠠᠭᠤᠨ᠂ ᠪᠢᠯᠢᠭᠲᠦ ᠶᠢᠨ ᠨᠢᠮ᠎ᠡ ᠵᠡᠷᠭᠡ ᠶᠢᠨ ᠬᠤᠷᠢ ᠭᠠᠷᠤᠢ ᠲᠠᠩᠨᠠᠭᠤᠯ ᠢ ᠪᠠᠷᠢᠪᠴᠢᠯᠠᠪᠠ᠃ ᠲᠡᠭᠦᠨ ᠠᠴᠠ ᠨᠢᠭᠡ ᠭᠡᠰᠡᠭ ᠨᠢ ᠡᠷᠬᠢᠵᠦ ᠢᠷᠡᠭᠰᠡᠨ ᠠᠴᠠ ᠨ᠊ · ᠦᠷᠭᠡᠨᠵᠠᠪ ᠭᠤᠸᠠᠢ ᠠᠮᠢᠳᠦ ᠰᠡᠷᠡᠭᠦᠨ ᠪᠠᠶᠢᠭᠰᠠᠭᠠᠷ᠃
 
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号