ᠰᠢᠨ᠎ᠡ ᠪᠠᠷᠭᠤ ᠪᠠᠷᠠᠭᠤᠨ ᠬᠤᠰᠢᠭᠤᠨ ᠤ ᠪᠠᠷᠭᠤᠴᠤᠤᠨ ᠤᠨ ᠲᠡᠤᠬᠡᠨ ᠲᠤᠶᠢᠮᠤ ᠶᠢᠨ ᠵᠠᠯᠭᠠᠮᠵᠢ
ᠨᠡᠶᠢᠲᠡᠯᠡᠭᠰᠡᠨ ᠴᠠᠭ᠄
2017/9/4
ᠫᠦ᠊ · ᠪᠠᠽᠠᠷᠳᠢᠪᠢ         ᠰᠢᠨ᠎ᠡ ᠪᠠᠷᠭᠤ ᠪᠠᠷᠠᠭᠤᠨ ᠬᠤᠰᠢᠭᠤᠨ ᠤ ᠪᠠᠷᠭᠤᠴᠤᠳ ᠤᠨ ᠲᠡᠦᠬᠡᠨ ᠲᠣᠶᠢᠮᠤ                                                 ︵1734 — 1945︶         ︵ᠳᠡᠭᠡᠷ᠎ᠡ ᠬᠤᠭᠤᠴᠠᠭᠠᠨ ᠤ ᠦᠷᠭᠦᠯᠵᠢᠯᠡᠯ︶         ᠵᠢᠷᠭᠤᠭ᠎ᠠ᠂ ᠰᠤᠷᠭᠠᠨ ᠬᠥᠮᠥᠵᠢᠯ        ᠰᠢᠨ᠎ᠡ ᠪᠠᠷᠭᠤ ᠪᠠᠷᠠᠭᠤᠨ ᠭᠠᠷ ᠲᠤ ᠨᠠᠶᠢᠷᠠᠯᠲᠤ ᠲᠥᠪ ᠤᠨ ᠠᠷᠪᠠᠨ ᠬᠤᠶᠠᠳᠤᠭᠠᠷ ᠣᠨ ᠠᠴᠠ 19 ᠳ᠋ᠤᠭᠡᠷ ᠵᠠᠭᠤᠨ ᠤ ᠰᠡᠭᠦᠯᠴᠢ ᠪᠣᠯᠲᠠᠯ᠎ᠠ ᠰᠤᠷᠭᠠᠭᠤᠯᠢ ᠪᠠᠶᠢᠭᠤᠯᠤᠭᠰᠠᠨ ᠶᠠᠪᠤᠳᠠᠯ ᠣᠭᠲᠤ ᠦᠭᠡᠢ᠃ ᠬᠠᠷᠢᠨ ᠡᠷᠲᠡᠨ ᠠᠴᠠ ᠤᠯᠠᠮᠵᠢᠯᠠᠵᠤ ᠢᠷᠡᠭᠰᠡᠨ ᠭᠡᠷ ᠤᠨ ᠪᠣᠯᠪᠠᠰᠤᠷᠠᠯ ᠳᠠᠭᠠᠨ ᠰᠠᠭᠤᠷᠢᠯᠠᠨ ᠭᠡᠷ ᠤᠨ ᠪᠣᠯᠪᠠᠰᠤᠷᠠᠯ ᠲᠠᠢ ᠬᠥᠮᠥᠰ ᠢ ᠪᠠᠭᠰᠢ ᠵᠠᠯᠠᠵᠤ ᠦᠷ᠎ᠡ ᠬᠡᠦᠬᠡᠳ ᠲᠡᠭᠡᠨ ᠪᠢᠴᠢᠭ ᠰᠣᠶᠤᠯ ᠵᠢᠭᠠᠳᠠᠭ ᠪᠠᠶᠢᠪᠠ᠃ ᠡᠭᠦᠨ ᠢ ︽ᠭᠡᠷ ᠤᠨ ᠪᠠᠭᠰᠢ︾ ᠵᠠᠯᠠᠵᠤ ᠦᠰᠦᠭ ᠪᠢᠴᠢᠭ ᠰᠤᠷᠴᠤ ᠪᠠᠶᠢᠭᠰᠠᠨ ᠴᠠᠭ ᠦᠶ᠎ᠡ ᠭᠡᠵᠤ ᠭᠡᠯᠡᠵᠦ ᠪᠣᠯᠤᠨ᠎ᠠ᠃       ᠲᠡᠷᠡ ᠦᠶ᠎ᠡ ᠳᠤ ᠪᠠᠷᠭᠤᠴᠤᠳ ᠬᠦᠪᠡᠭᠦᠨ ᠢᠶᠠᠨ ᠳᠣᠯᠤᠭᠠᠨ ᠨᠠᠰᠤ ᠬᠦᠷᠪᠡᠰᠦ ᠦᠰᠦᠭ ᠪᠢᠴᠢᠭ ᠵᠢᠭᠠᠵᠤ ᠰᠤᠷᠭᠠᠳᠠᠭ ᠬᠠᠭᠤᠴᠢᠨ ᠤ ᠤᠯᠠᠮᠵᠢᠯᠠᠯᠲᠤ ᠵᠠᠩᠰᠢᠯ ᠲᠠᠢ ᠪᠠᠶᠢᠪᠠ᠃ ᠲᠡᠭᠦᠨ ᠤ ᠲᠤᠬᠠᠢ ᠪᠠᠷᠭᠤ ᠶᠢᠨ ᠨᠡᠷᠡᠲᠦ ᠪᠢᠴᠢᠭᠲᠡᠨ ᠳᠠᠯᠠᠩᠭᠤᠳ ᠭᠦᠪᠡᠷᠢ ᠶᠢᠨ ᠪᠠᠭ᠎ᠠ ᠶᠢᠨ ᠳᠤᠷᠠᠰᠤᠮᠵᠢ ᠠᠴᠠ ᠬᠠᠷᠠᠬᠤ ᠳᠤ ︽᠁ ᠲᠡᠭᠦᠨ ᠤ 7 ᠨᠠᠰᠤᠲᠠᠢ ᠳᠤ ᠨᠤᠲᠤᠭ ᠤᠨ ᠡᠷᠳᠡᠮᠲᠡᠨ ᠭᠡᠷᠡᠨᠢᠪᠠᠲᠤ ᠶᠢ ᠵᠠᠯᠠᠵᠤ ᠮᠠᠨᠵᠤ᠂ ᠮᠣᠩᠭᠤᠯ ᠦᠰᠦᠭ᠂ 16 ᠨᠠᠰᠤᠨ ᠳᠤᠨᠢ ︿ᠪᠤᠷᠬᠠᠨ ᠰᠢᠷᠡᠭᠡᠲᠦ﹀ ᠵᠢᠪᠽᠤᠭᠤᠮᠪᠤ ᠪᠠᠷ ᠲᠥᠪᠡᠳ ᠦᠰᠦᠭ᠂ 20 ᠨᠠᠰᠤ ᠳᠤᠨᠢ ᠪᠡᠭᠡᠵᠢᠩ ᠬᠤᠲᠠ ᠶᠢᠨ ᠯᠢ ᠲᠠᠩ ᠰᠢᠶᠡᠨᠱᠧᠩ ᠢᠶᠠᠷ ᠬᠢᠲᠠᠳ ᠦᠰᠦᠭ ᠪᠢᠴᠢᠭ ᠵᠢᠭᠠᠯᠭᠠᠪᠠ᠃︾ ᠭᠡᠵᠤ ᠲᠡᠮᠳᠡᠭᠯᠡᠭᠰᠡᠨ ᠪᠠᠶᠢᠪᠠ᠃ ᠡᠶᠢᠮᠦᠷᠬᠦᠦ ᠣᠯᠠᠨ ᠦᠨᠳᠦᠰᠦᠲᠡᠨ ᠤ ᠦᠰᠦᠭ ᠪᠢᠴᠢᠭ ᠵᠢᠭᠠᠯᠭᠠᠳᠠᠭ ᠨᠢ ᠬᠤᠪᠤᠷᠬᠠᠨ ᠪᠣᠯᠪᠠᠴᠤ ᠣᠯᠠᠩᠬᠢ ᠬᠡᠦᠬᠡᠳ ᠲᠤ 7 ᠨᠠᠰᠤ ᠬᠦᠷᠦᠮᠡᠭᠴᠡ ᠪᠠᠭᠰᠢ ᠵᠠᠯᠠᠵᠤ ᠮᠠᠨᠵᠤ᠂ ᠮᠣᠩᠭᠤᠯ ᠦᠰᠦᠭ ᠪᠢᠴᠢᠭ ᠵᠢᠭᠠᠯᠭᠠᠳᠠᠭ ᠪᠠᠶᠢᠵᠠᠢ᠃ ᠨᠡᠩ ᠴᠦ ᠮᠠᠨᠵᠤ ᠦᠰᠦᠭ ᠨᠢ ᠲᠥᠷᠥ ᠶᠢᠨ ᠦᠰᠦᠭ ᠪᠢᠴᠢᠭ ᠪᠣᠯᠬᠤᠷ ᠠᠯᠢᠪᠠ ᠠᠯᠪᠠᠨ ᠪᠢᠴᠢᠭ᠂ ᠲᠤᠭ᠎ᠠ ᠪᠠᠷᠢᠮᠲᠠ ᠲᠡᠦᠬᠡᠨ ᠲᠡᠮᠳᠡᠭᠯᠡᠯ᠂ ᠤᠷᠠᠨ ᠵᠣᠬᠢᠶᠠᠯ ᠢ ᠴᠦ ᠪᠦᠷ ᠮᠠᠨᠵᠤ ᠪᠠᠷ ᠪᠢᠴᠢᠳᠡᠭ ᠪᠠᠶᠢᠭᠰᠠᠨ ᠶᠤᠮ᠃ ᠡᠶᠢᠮᠦ  ᠠᠴᠠ ᠮᠠᠨᠵᠤ ᠦᠰᠦᠭ ᠪᠢᠴᠢᠭ ᠰᠤᠷᠬᠤ ᠨᠢ ᠴᠠᠭ ᠲᠥᠷᠤ ᠶᠢᠨ ᠱᠠᠭᠠᠷᠳᠠᠯᠭ᠎ᠠ ᠠᠴᠠ ᠪᠣᠯᠵᠤ ᠪᠠᠶᠢᠪᠠ᠃        ᠲᠡᠷᠡ ᠡᠷᠢᠨ ᠳᠤ ᠪᠠᠷᠭᠤᠴᠤᠳ ᠦᠰᠦᠭ ᠪᠢᠴᠢᠭ ᠰᠤᠷᠬᠤ ᠶᠢ ︽ᠨᠠᠷ᠎ᠠ ᠪᠠᠨ ᠭᠠᠷᠭᠠᠬᠤ ᠲᠠᠢ ᠪᠣᠯᠭᠠᠬᠤ︾  ᠪᠠᠷ ᠦᠨᠳᠦᠰᠦᠨ ᠱᠠᠭᠠᠷᠳᠠᠯᠭ᠎ᠠ ᠪᠣᠯᠭᠠᠵᠤ ᠪᠠᠶᠢᠪᠠ᠃ ᠵᠠᠷᠢᠮ ᠬᠥᠮᠥᠨ ᠡᠭᠦᠨ ᠢ ᠭᠠᠭᠴᠠ ᠦᠰᠦᠭ ᠥᠪᠡᠷ ᠤᠨ ᠨᠡᠷ᠎ᠡ  ᠪᠠᠨ ᠭᠠᠷᠭᠠᠬᠤ ᠲᠠᠢ ᠪᠣᠯᠭᠠᠬᠤ ᠪᠠᠷ ᠣᠶᠢᠯᠠᠭᠠᠳᠠᠭ ᠪᠠᠶᠢᠵᠠᠢ᠃ ᠡᠨᠡ ᠣᠶᠢᠯᠠᠭᠠᠯᠲᠠ ᠨᠢ ᠰᠣᠶᠤᠯ ᠤᠨ ᠬᠢᠷᠢ ᠲᠦᠪᠰᠢᠨ ᠠᠴᠠ ᠰᠢᠯᠲᠠᠭᠠᠯᠠᠭᠰᠠᠨ ᠪᠠᠶᠢᠵᠤ ᠮᠡᠳᠡᠨ᠎ᠡ᠃ ᠡᠭᠦᠨ ᠳᠤ ᠡᠷᠳᠡᠮᠲᠡᠨ ᠪ᠊ · ᠷᠢᠨᠴᠢᠨ ︽᠁ ᠪᠢᠴᠢᠭ ᠰᠤᠷᠬᠤ ᠶᠢ ᠨᠡᠷ᠎ᠡ ᠪᠠᠨ ᠭᠠᠷᠭᠠᠬᠤ ᠲᠠᠢ ᠪᠣᠯᠭᠠᠨ᠎ᠠ ᠭᠡᠳᠡᠭ ᠪᠣᠯ ᠪᠢᠴᠢᠭ ᠰᠣᠶᠤᠯ ᠲᠠᠢ ᠪᠣᠯᠭᠠᠨ᠎ᠠ ᠭᠡᠰᠡᠨ ᠦᠭᠡ︾ ᠬᠡᠮᠡᠨ ᠲᠣᠳᠤᠷᠬᠠᠢ ᠲᠠᠶᠢᠯᠪᠤᠷᠢᠯᠠᠭᠰᠠᠨ ᠪᠠᠶᠢᠳᠠᠭ᠃ ᠦᠨᠡᠨ ᠢ ᠬᠡᠯᠡᠪᠡᠯ ︽ᠨᠡᠷ᠎ᠡ ᠪᠠᠨ ᠭᠠᠷᠭᠠᠬᠤ ᠲᠠᠢ ᠪᠣᠯᠭᠠᠨ᠎ᠠ︾ ᠭᠡᠳᠡᠭ ᠨᠢ ᠦᠰᠦᠭ ᠲᠠᠨᠢᠵᠤ᠂ ᠪᠢᠴᠢᠵᠦ ᠴᠢᠳᠠᠬᠤ ᠲᠠᠢ ᠪᠣᠯᠭᠠᠨ᠎ᠠ ᠭᠡᠰᠡᠨ ᠦᠭᠡ ᠪᠠᠶᠢᠵᠤ ᠴᠦ ᠪᠣᠯᠤᠨ᠎ᠠ᠃       19 ᠳ᠋ᠤᠭᠡᠷ ᠵᠠᠭᠤᠨ ᠤ ᠰᠡᠭᠦᠯᠴᠢ ᠬᠤᠷᠢᠳᠤᠭᠠᠷ ᠵᠠᠭᠤᠨ ᠤ ᠡᠬᠢ ᠪᠠᠷ ᠰᠢᠨ᠎ᠡ ᠪᠠᠷᠭᠤ ᠪᠠᠷᠠᠭᠤᠨ ᠭᠠᠷ ᠲᠤ ᠭᠠᠷ ᠤᠨ ᠶᠠᠮᠤᠨ ᠢ ᠳᠠᠭᠠᠵᠤ ᠨᠡᠭᠦᠳᠡᠭ ᠨᠡᠭᠦᠳᠡᠯ ᠰᠤᠷᠭᠠᠭᠤᠯᠢ ᠪᠠᠶᠢᠭᠰᠠᠨ ᠭᠡᠳᠡᠭ ᠪᠣᠯᠪᠠᠴᠤ ᠲᠡᠷᠡ ᠨᠢ ᠨᠣᠶᠠᠳ᠂ ᠪᠠᠶᠠᠳ ᠤᠨ ᠬᠡᠦᠬᠡᠳ ᠢᠶᠠᠷ ᠭᠤᠣᠯᠯᠠᠳᠠᠭ ᠪᠣᠯᠬᠤᠷ ᠬᠡᠦᠬᠡᠳ ᠤᠨ ᠲᠤᠭ᠎ᠠ ᠪᠠᠷ ᠴᠦ ᠴᠥᠭᠡᠨ ᠪᠠᠶᠢᠵᠤ᠂ ᠪᠦᠭᠦᠳᠡ  ᠶᠢᠨ ᠳᠠᠷᠤᠭ᠎ᠠ ᠰᠣᠯᠢᠭᠳᠠᠪᠠᠯ ᠤᠤᠯ ᠰᠤᠷᠭᠠᠭᠤᠯᠢ ᠨᠢ ᠤᠰᠠᠳᠴᠤ᠂ ᠰᠢᠨ᠎ᠡ ᠪᠠᠷ ᠭᠠᠷᠤᠭᠰᠠᠨ ᠪᠦᠭᠦᠳᠡ ᠶᠢᠨ ᠳᠠᠷᠤᠭ᠎ᠠ ᠨᠢ ᠳᠠᠬᠢᠨ ᠰᠢᠨ᠎ᠡ ᠰᠤᠷᠭᠠᠭᠤᠯᠢ ᠪᠠᠶᠢᠭᠤᠯᠵᠤ ᠪᠠᠶᠢᠭᠰᠠᠨ ᠶᠠᠪᠤᠳᠠᠯ ᠨᠢᠭᠡ ᠪᠢᠰᠢ ᠪᠠᠶᠢᠵᠠᠢ᠃ ᠵᠢᠱᠢᠶᠡᠯᠡᠬᠦ  ᠳᠤ᠂ ᠪᠠᠷᠠᠭᠤᠨ ᠭᠠᠷᠤᠨ ᠬᠥᠪᠡᠭᠡᠲᠦ ᠤᠯᠠᠭᠠᠨ ᠬᠤᠰᠢᠭᠤᠨ ᠤ ᠵᠠᠮᠰᠦ᠋ᠷᠦᠩᠳᠣᠷᠵᠢ ᠪᠦᠭᠦᠳᠡ ᠶᠢᠨ ᠳᠠᠷᠤᠭ᠎ᠠ ᠪᠠᠶᠢᠬᠤ  ᠳᠠᠭᠠᠨ ᠨᠡᠭᠦᠳᠡᠯ ᠰᠤᠷᠭᠠᠭᠤᠯᠢ ᠲᠠᠢ ᠪᠠᠶᠢᠭᠰᠠᠨ ᠢᠶᠠᠷ ᠪᠠᠷᠠᠬᠤ ᠦᠭᠡᠢ ᠰᠠᠭᠤᠷᠢᠰᠢᠯ ᠰᠤᠷᠭᠠᠭᠤᠯᠢ ᠪᠠᠶᠢᠭᠤᠯᠬᠤ ᠭᠡᠵᠤ ᠣᠳᠤ ᠶᠢᠨ ᠬᠡᠷᠦᠯᠦᠨ ᠰᠤᠮᠤᠨ ᠤ ᠲᠥᠪ ᠰᠠᠶᠢᠬᠠᠨᠲᠠᠯ᠎ᠠ ᠳᠤ ᠬᠡᠳᠦᠨ ᠲᠠᠰᠤᠯᠭ᠎ᠠ ᠪᠠᠶᠢᠰᠢᠩ ᠪᠠᠷᠢᠵᠤ ᠰᠤᠷᠭᠠᠭᠤᠯᠢ ᠡᠷᠬᠢᠯᠡᠵᠦ ᠪᠠᠶᠢᠪᠠ᠃ ᠵᠠᠮᠰᠦ᠋ᠷᠦᠩᠳᠣᠷᠵᠢ ᠲᠤᠰᠢᠶᠠᠯ ᠠᠴᠠ ᠪᠠᠭᠤᠭᠰᠠᠨ ᠤ ᠳᠠᠷᠠᠭ᠎ᠠ ᠡᠨᠡ ᠰᠤᠷᠭᠠᠭᠤᠯᠢ ᠴᠦ ᠣᠷᠤ ᠮᠥᠷ ᠦᠭᠡᠢ ᠪᠣᠯᠪᠠ᠃ ᠳᠠᠷᠠᠭ᠎ᠠ ᠨᠢ ᠰᠢᠯᠤᠭᠤᠨ ᠰᠢᠷ᠎ᠠ ᠬᠤᠰᠢᠭᠤᠨ ᠤ ᠴᠢᠪᠰᠡᠩᠭᠡ ᠪᠦᠭᠦᠳᠡ ᠶᠢᠨ ᠳᠠᠷᠤᠭ᠎ᠠ ᠪᠣᠯᠵᠤ ᠳᠠᠬᠢᠨ ᠰᠢᠨ᠎ᠡ ᠪᠠᠷ ᠨᠡᠭᠦᠳᠡᠯ ᠰᠤᠷᠭᠠᠭᠤᠯᠢ ᠪᠠᠶᠢᠭᠤᠯᠪᠠ᠃ ᠡᠨᠡ ᠮᠡᠲᠦ ᠪᠠᠷ ᠠᠯᠢ ᠬᠤᠰᠢᠭᠤᠨ ᠤ ᠬᠥᠮᠥᠨ ᠪᠦᠭᠦᠳᠡ ᠶᠢᠨ ᠳᠠᠷᠤᠭ᠎ᠠ ᠪᠣᠯᠪᠠᠯ ᠲᠡᠨᠳᠡ ᠨᠡᠭᠦᠳᠡᠯ ᠰᠤᠷᠭᠠᠭᠤᠯᠢ ᠳᠠᠬᠢᠨ ᠪᠠᠶᠢᠭᠤᠯᠤᠭᠳᠠᠵᠤ ᠪᠠᠶᠢᠵᠠᠢ᠃    1926 ᠣᠨ ᠳᠤ ᠪᠦᠭᠦᠳᠡ ᠶᠢᠨ ᠳᠠᠷᠤᠭ᠎ᠠ ᠴᠢᠪᠰᠡᠩᠭᠡ ᠵᠡᠭᠦᠨ ᠰᠢᠷ᠎ᠠ ᠨᠤᠭᠤ ᠳᠤ ᠭᠤᠷᠪᠠᠨ ᠲᠠᠰᠤᠯᠭ᠎ᠠ ᠬᠥᠬᠡ ᠲᠣᠭᠤᠰᠬᠠᠨ ᠪᠠᠶᠢᠰᠢᠩ ᠪᠠᠷᠢᠵᠤ᠂ ᠭᠤᠴᠢᠭᠠᠳ ᠰᠤᠷᠤᠭᠴᠢ ᠲᠠᠢ᠂ ᠮᠠᠨᠵᠤ᠂ ᠮᠣᠩᠭᠤᠯ᠂ ᠬᠢᠲᠠᠳ ᠪᠢᠴᠢᠭ ᠵᠢᠭᠠᠳᠠᠭ ᠠᠩᠬᠠᠨ ᠤ ᠰᠠᠭᠤᠷᠢᠰᠢᠯ ᠰᠤᠷᠭᠠᠭᠤᠯᠢ ᠶᠢ ᠪᠠᠶᠢᠭᠤᠯᠪᠠ᠃ ᠡᠨᠡ ᠰᠤᠷᠭᠠᠭᠤᠯᠢ ᠶᠢ ᠳᠡᠮᠡᠢ ᠤᠳᠠᠯ ᠦᠭᠡᠢ ᠪᠠᠷᠠᠭᠤᠨ ᠰᠦᠮ᠎ᠡ ᠳᠤ ᠰᠢᠯᠵᠢᠭᠦᠯᠵᠦ᠂ 1931 ᠣᠨ ᠳᠤ ᠬᠢᠲᠠᠳ ᠴᠡᠷᠢᠭ ᠤᠨ ᠰᠠᠭᠤᠷᠢᠨ ᠪᠠᠶᠢᠭᠰᠠᠨ ᠤᠯᠠᠭᠠᠨ ᠪᠠᠶᠢᠰᠢᠩ ᠳᠤ ᠨᠡᠭᠦᠯᠭᠡᠪᠡ᠃ ᠲᠤᠰ ᠰᠤᠷᠭᠠᠭᠤᠯᠢ 1934 ᠣᠨ ᠳᠤ᠂ ᠪᠠᠷᠠᠭᠤᠨ ᠭᠠᠷᠤᠨ ᠬᠤᠰᠢᠭᠤᠨ ᠤ ᠬᠤᠰᠢᠭᠤ ᠶᠠᠮᠤᠨ ᠪᠠᠶᠢᠭᠤᠯᠤᠭᠳᠠᠬᠤ  ᠳᠤ ᠠᠯᠳᠠᠭᠮᠡᠭᠡᠯ ᠳᠤ ᠰᠢᠯᠵᠢᠭᠦᠯᠦᠨ ᠠᠪᠴᠢᠷᠡᠵᠤ ︽ᠪᠠᠷᠠᠭᠤᠨ ᠭᠠᠷᠤᠨ ᠰᠤᠷᠭᠠᠭᠤᠯᠢ︾ ᠭᠡᠵᠤ ᠨᠡᠷᠡᠶᠢᠳᠪᠡ᠃ ᠡᠨᠡ ᠰᠤᠷᠭᠠᠭᠤᠯᠢ ᠨᠢ 3 ᠪᠠᠭᠰᠢ᠂ 32 ᠰᠤᠷᠤᠭᠴᠢ ᠲᠠᠢ᠂ ᠮᠣᠩᠭᠤᠯ᠂ ᠮᠠᠨᠵᠤ ᠪᠢᠴᠢᠭ ᠵᠢᠭᠠᠳᠠᠭ ᠰᠤᠷᠭᠠᠭᠤᠯᠢ ᠪᠠᠶᠢᠵᠤ ᠂ 1937 ᠣᠨ ᠳᠤ ᠶᠠᠫᠤᠨ ᠬᠡᠯᠡ ᠪᠣᠯᠤᠨ ᠲᠣᠭᠠᠨ ᠤ ᠬᠢᠴᠢᠶᠡᠯ ᠢ ᠨᠡᠮᠡᠪᠡ᠃    1938 ᠣᠨ ᠳᠤ ︽ᠪᠠᠷᠠᠭᠤᠨ ᠭᠠᠷᠤᠨ ᠰᠤᠷᠭᠠᠭᠤᠯᠢ︾ ᠶᠢ ︽ᠤᠯᠤᠰ ᠠᠷᠠᠳ ᠤᠨ ᠰᠤᠷᠭᠠᠭᠤᠯᠢ︾ ᠭᠡᠵᠤ ᠨᠡᠷᠡᠶᠢᠳᠬᠦ ᠪᠣᠯᠪᠠ᠃    1938 ᠣᠨ ᠠᠴᠠ 1941 ᠣᠨ ᠬᠦᠷᠲᠡᠯ᠎ᠡ ︽ᠤᠯᠤᠰ ᠠᠷᠠᠳ ᠤᠨ ᠰᠤᠷᠭᠠᠭᠤᠯᠢ︾ ᠨᠢ ᠳᠥᠷᠪᠡᠨ ᠵᠢᠯ  ᠤᠨ ᠳᠦᠷᠢᠮᠲᠦ ᠲᠣᠭᠲᠠᠮ ᠵᠡᠷᠭᠡ ᠶᠢᠨ ᠪᠠᠭ᠎ᠠ ᠰᠤᠷᠭᠠᠭᠤᠯᠢ ᠪᠠᠶᠢᠵᠤ᠂ 1942 ᠣᠨ ᠳᠤ ᠰᠤᠷᠤᠭᠴᠢ ᠶᠢᠨ ᠲᠤᠭ᠎ᠠ ᠨᠡᠮᠡᠭᠳᠡᠭᠰᠡᠨ ᠠᠴᠠ ᠵᠢᠷᠭᠤᠭᠠᠨ ᠵᠢᠯ ᠤᠨ ᠳᠦᠷᠢᠮᠲᠦ ᠪᠦᠷᠢᠨ ᠪᠠᠭ᠎ᠠ ᠰᠤᠷᠭᠠᠭᠤᠯᠢ ᠪᠣᠯᠭᠠᠨ ᠥᠭᠡᠷᠡᠴᠢᠯᠡᠵᠡᠢ᠃   1945 ᠣᠨ ᠤ 8 ᠳ᠋ᠤᠭᠠᠷ ᠰᠠᠷ᠎ᠠ ᠳᠤ ᠪᠣᠯᠤᠭᠰᠠᠨ ᠴᠢᠯᠦᠭᠡᠯᠡᠬᠦ ᠳᠠᠶᠢᠨ ᠠᠴᠠ ᠪᠣᠯᠵᠤ ᠰᠤᠷᠭᠠᠭᠤᠯᠢ ᠨᠢ ᠨᠢᠭᠡ ᠬᠤᠭᠤᠴᠠᠭ᠎ᠠ ᠬᠢᠴᠢᠶᠡᠯ ᠵᠣᠭᠰᠤᠭᠰᠠᠨ ᠪᠣᠯᠪᠠᠴᠤ ᠲᠤᠰ ᠵᠢᠯ ᠤᠨ 12 ᠰᠠᠷ᠎ᠠ ᠠᠴᠠ ᠡᠬᠢᠯᠡᠨ ᠰᠤᠷᠭᠠᠭᠤᠯᠢ ᠪᠠᠨ ᠳᠠᠬᠢᠨ ᠰᠡᠷᠭᠦᠭᠡᠪᠡ᠃ ᠡᠭᠦᠨ ᠳᠤ ᠲᠤᠰ ᠰᠤᠷᠭᠠᠭᠤᠯᠢ ᠨᠢ ᠨᠠᠶᠠᠭᠠᠳ ᠰᠤᠷᠤᠭᠴᠢ ᠲᠠᠢ᠂ ᠠᠷᠪᠠᠭᠠᠳ ᠪᠠᠭᠰᠢ ᠲᠠᠢ 3 ᠠᠩᠭᠢ ᠬᠤᠪᠢᠶᠠᠵᠤ᠂ ᠮᠣᠩᠭᠤᠯ ᠬᠡᠯᠡ ᠪᠢᠴᠢᠭ ᠪᠣᠯᠤᠨ ᠲᠤᠭ᠎ᠠ ᠪᠣᠳᠤᠯᠭ᠎ᠠ ᠶᠢᠨ ᠬᠢᠴᠢᠶᠡᠯ ᠵᠢᠭᠠᠬᠤ ᠪᠣᠯᠤᠭᠰᠠᠨ ᠶᠤᠮ   ᠳᠣᠯᠤᠭ᠎ᠠ᠂ ᠮᠠᠯ ᠠᠵᠤ ᠠᠬᠤᠢ   ᠪᠠᠷᠭᠤᠴᠤᠳ ᠠᠯᠢ ᠡᠷᠲᠡᠨ ᠠᠴᠠ ᠪᠠᠨ ᠮᠠᠯ ᠠᠵᠤ ᠠᠬᠤᠢ ᠶᠢ ᠡᠷᠬᠢᠯᠡᠵᠦ ᠢᠷᠡᠭᠰᠡᠨ ᠲᠡᠦᠬᠡ ᠲᠠᠢ᠃ ᠲᠡᠷᠡ ᠲᠤᠰᠤᠮ ᠢᠶᠠᠨ ᠨᠡᠷ᠎ᠡ ᠴᠤᠤᠲᠠᠢ ᠨᠡᠭᠦᠳᠡᠭ ᠠᠶᠢᠮᠠᠭ ᠶᠠᠰᠤᠲᠠᠨ ᠤ ᠨᠢᠭᠡ ᠶᠤᠮ᠃ ᠴᠢᠩ ᠤᠯᠤᠰ ᠪᠣᠯᠤᠨ ᠣᠷᠤᠰ ᠬᠤᠶᠠᠷ ᠤᠯᠤᠰ ᠤᠨ ᠬᠤᠭᠤᠷᠤᠨᠳᠤ ᠬᠢᠯᠢ ᠶᠢᠨ ᠱᠤᠭᠤᠮ ᠲᠠᠯᠪᠢᠭᠳᠠᠬᠤ ᠠᠴᠠ ᠡᠮᠦᠨ᠎ᠡ ᠬᠥᠯᠥᠨ ᠪᠣᠶᠢᠷ᠂ ᠪᠠᠶᠢᠭᠠᠯ ᠨᠠᠭᠤᠷ᠂ ᠬᠢᠩᠭᠠᠨ ᠳᠠᠪᠠᠭ᠎ᠠ᠂ ᠠᠯᠲᠠᠢ ᠶᠢᠨ ᠨᠢᠷᠤᠭᠤ ᠪᠠᠷ ᠬᠢᠯᠢ ᠦᠭᠡᠢ ᠨᠡᠭᠦᠳᠡᠯᠯᠡᠳᠡᠭ ᠪᠠᠶᠢᠪᠠ᠃  ᠪᠠᠷᠭᠤᠴᠤᠳ ᠨᠡᠭᠦᠬᠦ ᠠᠴᠠ ᠪᠠᠨ ᠡᠮᠦᠨ᠎ᠡ ᠨᠡᠭᠦᠵᠦ ᠣᠴᠢᠬᠤ ᠨᠤᠲᠤᠭ ᠢᠶᠠᠨ ᠦᠵᠡᠳᠡᠭ ᠵᠠᠩᠰᠢᠯ ᠲᠠᠢ  ᠂ ᠡᠨᠡ ᠲᠠᠯ᠎ᠠ ᠪᠠᠷ ᠣᠳᠤ ᠴᠦ ᠭᠡᠰᠡᠨ ᠮᠡᠳᠡᠬᠦ ᠬᠥᠮᠥᠨ ᠨᠡᠯᠢᠶᠡᠳ ᠪᠣᠢ᠃ ᠭᠠᠭᠴᠠ ᠬᠤᠶᠠᠷ ᠢᠶᠠᠷ ᠢᠶᠠᠨ ᠠᠶᠢᠯ ᠡᠷᠦᠭᠡ ᠨᠡᠬᠦᠭᠦ ᠳᠤ ᠡᠷᠦᠬᠡ ᠶᠢᠨ ᠲᠣᠯᠤᠭᠠᠶᠢᠯᠠᠭᠴᠢ ᠪᠠᠭᠤᠬᠤ ᠭᠠᠵᠠᠷ ᠢᠶᠠᠨ ᠦᠵᠡᠵᠦ ᠲᠠᠮᠳᠡᠭ ᠲᠠᠯᠪᠢᠵᠤ᠂ ᠵᠣᠨ ᠣᠯᠠᠨ  ᠢᠶᠠᠷ ᠢᠶᠠᠨ ᠨᠡᠭᠦᠬᠦ ᠳᠤ ᠠᠯᠢ ᠯᠡ ᠰᠠᠶᠢᠨ ᠨᠤᠲᠤᠭᠴᠢ ᠪᠠᠨ ᠰᠣᠩᠭᠤᠨ ᠨᠤᠲᠤᠭ ᠦᠵᠡᠭᠦᠯᠳᠡᠭ ᠪᠠᠶᠢᠵᠠᠢ᠃ ᠨᠤᠲᠤᠭ ᠦᠵᠡᠳᠡᠭ ᠬᠥᠮᠥᠰ ᠨᠢ ᠡᠪᠡᠰᠦ ᠤᠷᠭᠤᠮᠠᠯ᠂ ᠤᠰᠤ ᠤᠮᠳᠠ᠂ ᠭᠠᠵᠠᠷ ᠣᠷᠤᠨ ᠤ ᠪᠠᠶᠢᠷᠢᠯᠠᠯ᠂ ᠪᠠᠶᠢᠭᠠᠯᠢ ᠴᠠᠭ ᠠᠭᠤᠷ᠂ ᠴᠠᠰᠤ ᠪᠣᠷᠤᠭᠠᠨ ᠤ ᠪᠠᠭᠤᠯᠲᠠ ᠵᠡᠷᠭᠡ ᠶᠢ ᠨᠠᠷᠢᠨ ᠰᠢᠨᠵᠢᠬᠦ ᠠᠴᠠ ᠭᠠᠳᠠᠨ᠎ᠠ ᠠᠯᠢ ᠨᠢᠭᠡ ᠲᠥᠷᠥᠯ ᠤᠨ ᠮᠠᠯ  ᠢ ᠶᠠᠮᠠᠷ ᠨᠤᠲᠤᠭ ᠲᠤᠨᠢ ᠲᠣᠬᠢᠷᠠᠬᠤ ᠶᠢ ᠴᠦ ᠰᠢᠨᠵᠢᠨ ᠦᠵᠡᠳᠡᠭ᠃   ᠨᠤᠲᠤᠭ ᠦᠵᠡᠵᠦ ᠪᠠᠶᠢᠭᠰᠠᠨ ᠲᠤᠬᠠᠢ ᠨᠢᠭᠡᠨ ᠲᠡᠦᠬᠡᠨ ᠪᠠᠷᠢᠮᠲᠠ ᠳᠤ ᠰᠢᠨ᠎ᠡ ᠪᠠᠷᠭᠤᠴᠤᠳ ᠬᠥᠯᠥᠨ ᠪᠣᠶᠢᠷ ᠲᠤ ᠨᠡᠭᠦᠵᠦ ᠢᠷᠡᠬᠦ ᠦᠶ᠎ᠡ ᠳᠡᠭᠡᠨ ᠳᠠᠯᠠᠩᠭᠤᠳ ᠣᠪᠤᠭ ᠤᠨ ᠬᠠᠯᠲᠠᠷ ᠤᠨ ᠳᠠᠮᠳᠢᠨ ᠲᠡᠷᠢᠭᠦᠲᠡᠢ 6 ᠬᠥᠮᠥᠨ ᠢ ᠶᠠᠪᠤᠭᠤᠯᠵᠤ ᠨᠤᠲᠤᠭ ᠦᠵᠡᠭᠦᠯᠪᠡ᠃ ᠲᠡᠳᠡ ᠬᠥᠯᠥᠨ ᠪᠣᠶᠢᠷ ᠤᠨ ᠭᠠᠵᠠᠷ ᠢ ᠰᠢᠨᠵᠢᠨ ᠦᠵᠡᠭᠡᠳ᠄   ︽ᠬᠡᠪᠲᠡᠭᠡ ᠲᠡᠮᠡᠭᠡ ᠰᠢᠭ ᠠᠭᠤᠯᠠ ᠲᠠᠢ \ ᠬᠡᠷᠡᠭᠡ ᠲᠠᠢ ᠮᠣᠷᠢ ᠰᠢᠭ᠋ ᠤᠰᠤ ᠲᠠᠢ \ ᠠᠭᠤᠯᠠ ᠪᠦᠬᠦᠨ ᠨᠢ ᠭᠠᠳᠠᠭᠰᠢ ᠬᠠᠷᠠᠵᠤ \ ᠤᠰᠤ ᠪᠦᠬᠦᠨ ᠨᠢ ᠳᠤᠲᠤᠭᠰᠢ ᠤᠷᠤᠰᠤᠭᠰᠠᠨ \ ᠠᠭᠤᠯᠠᠨ ᠳᠠᠭᠠᠨ ᠠᠩ ᠲᠠᠢ \ ᠤᠰᠤᠨ  ᠳᠠᠭᠠᠨ ᠵᠢᠷᠠᠭᠠᠬᠠᠢ ᠲᠠᠢ \ ᠦᠩ ᠰᠢᠮᠡᠯᠢᠭ \ ᠥᠨᠢᠷ ᠪᠠᠶᠠᠨ ᠣᠷᠤᠨ ᠪᠠᠶᠢᠨ᠎ᠠ ᠁︾ ᠭᠡᠵᠤ ᠬᠡᠯᠡᠵᠦ ᠣᠴᠢᠭᠰᠠᠨ ᠪᠠᠶᠢᠳᠠᠭ᠃   ᠰᠢᠨ᠎ᠡ ᠪᠠᠷᠭᠤᠴᠤᠳ ᠨᠡᠭᠦᠳᠡᠭ ᠦᠭᠡᠢ ᠠᠶᠢᠯ ᠢ ︽ᠠᠵᠢᠯ ᠦᠭᠡᠢ︾᠂ ︽ᠮᠠᠯ ᠮᠡᠳᠡᠬᠦ ᠦᠭᠡᠢ︾ ᠬᠡᠮᠡᠨ ᠳᠤᠭᠤᠬᠢᠯᠠᠵᠤ ᠵᠢᠭᠰᠢᠵᠦ᠂ ᠨᠢᠭᠡ ᠪᠠᠭᠤᠴᠠᠨ ᠳᠤ ᠣᠯᠠᠨ ᠬᠤᠨᠤᠳᠠᠭ ᠦᠭᠡᠢ ᠪᠠᠶᠢᠩᠭᠤ ᠨᠡᠭᠦᠳᠡᠭ ᠵᠠᠩᠰᠢᠯ ᠲᠠᠢ᠃ ᠬᠠᠯᠬᠠᠴᠤᠳ ︽ᠪᠠᠷᠭᠤ ᠶᠢᠨ ᠮᠠᠯ᠂ ᠲᠦᠢᠮᠡᠷ ᠬᠤᠶᠠᠷ ᠡᠭᠡᠭᠡ ᠠᠳᠠᠯᠢᠬᠠᠨ ᠁︾ ᠭᠡᠬᠦ ᠪᠤᠶᠤ       ︽ᠣᠷᠣᠢ ᠪᠠᠭᠤᠭᠰᠠᠨ ᠠᠶᠢᠯ ᠵᠣᠨ ᠡᠷᠲᠡ ᠪᠣᠰᠬᠤ ᠳᠤ ᠠᠯᠠᠭ᠎ᠠ︾ ᠬᠡᠮᠡᠨ ᠭᠠᠶᠢᠬᠠᠳᠠᠭ ᠨᠢ ᠦᠨᠡᠨ ᠪᠢᠯᠡ᠃   ᠪᠠᠷᠭᠤᠴᠤᠳ ᠨᠡᠭᠦᠳᠡᠭ ᠳᠠᠪᠠᠭᠤᠯᠢᠭ ᠢᠶᠠᠷ ᠢᠶᠠᠨ ᠠᠯᠢ ᠯᠡ ᠰᠠᠶᠢᠨ ᠨᠤᠲᠤᠭ ᠢ ᠰᠣᠩᠭᠤᠨ ᠠᠰᠢᠭᠯᠠᠵᠤ ᠴᠢᠳᠠᠳᠠᠭ ᠪᠥᠭᠡᠳ ᠭᠠᠩ᠂ ᠵᠤᠳ ᠠᠴᠠ ᠴᠦ ᠵᠠᠶᠢᠯᠠᠵᠤ ᠴᠢᠳᠠᠳᠠᠭ᠃ ᠲᠡᠶᠢᠮᠦ ᠠᠴᠠ ᠮᠠᠯ ᠰᠦᠷᠦᠭ ᠨᠢ ᠴᠦ ᠥᠨᠢᠷ ᠥᠰᠳᠡᠭ ᠪᠥᠭᠡᠳ ᠮᠠᠯ ᠰᠦᠷᠦᠭ ᠶᠡᠭᠡ ᠲᠠᠢ ᠪᠣᠯᠬᠤᠷ ᠲᠡᠦᠬᠡᠨ᠎ᠡ ︽ᠪᠠᠶᠠᠨ ᠪᠠᠷᠭᠤ︾ ᠬᠡᠮᠡᠨ ᠠᠯᠳᠠᠷᠰᠢᠪᠠ᠃   ⒈ ᠮᠠᠯ ᠤᠨ ᠠᠷᠠᠴᠢᠯᠠᠯᠭ᠎ᠠ ᠮᠠᠯᠯᠠᠭ᠎ᠠ   ᠪᠠᠷᠭᠤᠴᠤᠳ ᠤᠨ ᠮᠠᠯ ᠠᠵᠤ ᠠᠬᠤᠢ ᠪᠣᠯ ᠨᠡᠭᠦᠳᠡᠯ ᠮᠠᠯ ᠠᠵᠤ ᠠᠬᠤᠢ ᠶᠤᠮ᠃ ᠰᠢᠨ᠎ᠡ ᠪᠠᠷᠭᠤᠴᠤᠳ ᠠᠳᠤᠭᠤ᠂ ᠦᠬᠡᠷ᠂ ᠲᠡᠮᠡᠭᠡ ᠶᠢ ︽ᠪᠣᠳᠠ ᠮᠠᠯ︾᠂ ᠬᠤᠨᠢ᠂ ᠢᠮᠠᠭ᠎ᠠ ᠶᠢ ︽ᠪᠣᠭ ᠮᠠᠯ︾᠂ ᠠᠳᠤᠭᠤ᠂ ᠦᠬᠡᠷ᠂ ᠬᠤᠨᠢ ᠶᠢ ︽ᠬᠠᠯᠠᠭᠤᠨ ᠬᠤᠰᠢᠭᠤᠲᠤ ᠮᠠᠯ︾᠂ ᠲᠡᠮᠡᠭᠡ᠂ ᠢᠮᠠᠭ᠎ᠠ ᠶᠢ ︽ᠬᠦᠢᠲᠡᠨ ᠬᠤᠰᠢᠭᠤᠲᠤ ᠮᠠᠯ︾ ᠭᠡᠵᠤ ᠠᠩᠭᠢᠯᠠᠳᠠᠭ ᠴᠦ ᠣᠯᠠᠩᠬᠢ ᠳᠠᠭᠠᠨ ᠲᠠᠪᠤᠨ ᠲᠥᠷᠥᠯ ᠤᠨ ᠮᠠᠯ ᠢ ︽ᠲᠠᠪᠤᠨ ᠬᠤᠰᠢᠭᠤ ᠮᠠᠯ︾ ᠬᠡᠮᠡᠨ ᠨᠡᠷᠡᠯᠡᠳᠡᠭ᠃   ᠲᠠᠪᠤᠨ ᠬᠤᠰᠢᠭᠤ ᠮᠠᠯ ᠢ ᠠᠷᠠᠴᠢᠯᠠᠨ ᠮᠠᠯᠯᠠᠳᠠᠭ ᠬᠥᠮᠥᠰ ᠢ ᠮᠠᠯ ᠤᠨ ᠲᠥᠷᠥᠯ ᠢᠶᠠᠷ ᠨᠢ ᠠᠳᠤᠭᠤᠴᠢᠨ᠂ ᠦᠬᠡᠷᠴᠢᠨ᠂ ᠲᠡᠮᠡᠭᠡᠴᠢᠨ᠂ ᠬᠤᠨᠢᠴᠢᠨ ︵ᠢᠮᠠᠭ᠎ᠠ ᠪᠠᠭᠲᠠᠨ᠎ᠠ︶ ᠭᠡᠬᠦ ᠠᠴᠠ ᠭᠠᠳᠠᠨ᠎ᠠ ᠨᠤᠲᠤᠭᠴᠢᠨ᠂ ᠮᠠᠨᠠᠭᠠᠴᠢᠨ᠂ ᠰᠠᠭᠠᠯᠢᠴᠢᠨ᠂ ᠬᠤᠷᠠᠭᠠᠴᠢᠨ᠂ ᠬᠤᠴᠠᠴᠢᠨ ᠭᠡᠳ ᠣᠯᠠᠨ ᠵᠦᠢᠯ ᠤᠨ ᠲᠤᠰᠬᠠᠢ ᠠᠵᠢᠯ ᠤᠨ ᠲᠥᠷᠥᠯ ᠢᠶᠠᠷ ᠴᠦ ᠨᠡᠷᠡᠯᠡᠳᠡᠭ᠃  ᠲᠠᠪᠤᠨ ᠬᠤᠰᠢᠭᠤ ᠮᠠᠯ ᠢ ᠠᠷᠠᠴᠢᠯᠠᠨ ᠮᠠᠯᠯᠠᠬᠤ ᠳᠤ ᠮᠠᠰᠢ ᠨᠠᠷᠢᠨ ᠨᠥᠷᠢ ᠶᠡᠭᠡ ᠬᠥᠳᠡᠯᠮᠦᠷᠢ ᠣᠷᠤᠳᠠᠭ᠃ ᠶᠠᠭᠤᠨ  ᠤ ᠡᠮᠦᠨ᠎ᠡ ᠠᠶᠢᠯ ᠡᠷᠦᠬᠡ ᠪᠣᠯᠭᠠᠨ ᠮᠠᠯ ᠳᠠᠭᠠᠨ ᠲᠤᠰ ᠲᠤᠰ ᠤᠨ ᠢᠮ ᠲᠠᠮᠠᠭ᠎ᠠ ᠬᠢᠳᠡᠭ᠃ ᠡᠭᠦᠨ ᠳᠤ ᠪᠣᠳᠠ ᠮᠠᠯ  ᠳᠤ ᠲᠠᠮᠠᠭ᠎ᠠ ᠳᠠᠷᠤᠵᠤ ︵ᠢᠮ ᠬᠢᠬᠦ ᠨᠢ ᠴᠥᠭᠡᠨ︶ ᠪᠣᠭ ᠮᠠᠯ ᠢ ᠢᠮᠨᠡᠵᠦ   ︵ᠲᠠᠮᠠᠭ᠎ᠠ ᠳᠠᠷᠤᠬᠤ ᠨᠢ ᠴᠥᠭᠡᠨ︶ ᠲᠡᠮᠳᠡᠭ ᠬᠢᠳᠡᠭ᠃ ᠮᠥᠨ ᠮᠠᠯ ᠤᠨ ᠡᠭᠦᠯᠲᠡᠷ᠂ ᠦᠷᠡᠵᠢᠯᠲᠡ ᠪᠣᠶᠢᠵᠢᠯᠲᠡ ᠶᠢ ᠪᠠᠶᠢᠩᠭᠤ ᠠᠩᠬᠠᠷᠴᠤ᠂ ᠭᠡᠭᠡᠯᠲᠦᠭᠴᠢ ᠮᠠᠯ ᠤᠨ ᠬᠠᠷᠢᠴᠠᠯ ᠢᠶᠠᠷ ᠬᠡᠭᠡᠯᠳᠦᠭᠦᠯᠦᠭᠴᠢ ᠮᠠᠯ ᠢ ᠰᠣᠩᠭᠤᠨ ᠲᠠᠯᠪᠢᠬᠤ ᠳᠠᠭᠠᠨ ᠠᠯᠢ ᠯᠡ ᠥᠩᠭᠡ ᠵᠢᠯᠭ᠎ᠠ ᠲᠠᠢ᠂ ᠪᠡᠶ᠎ᠡ ᠪᠢᠯᠳᠠᠷ ᠲᠠᠢ᠂ ᠡᠷ᠎ᠡ ᠰᠠᠶᠢᠨᠲᠠᠢ᠂ ᠲᠥᠯ ᠰᠠᠶᠢᠨᠲᠠᠢ᠂ ᠠᠰᠢᠭ ᠰᠢᠮ᠎ᠡ ᠰᠠᠶᠢᠨᠲᠠᠢ ᠶᠢ ᠨᠢ ᠰᠣᠩᠭᠤᠨ ᠰᠦ ᠪᠠᠷ ᠮᠢᠯᠢᠶᠠᠵᠤ᠂ ︽ᠲᠦᠮᠡᠨ ᠰᠦᠷᠦᠭ ᠤᠨ ᠲᠦᠷᠦᠭᠦᠦ᠂ ᠮᠢᠩᠭᠠᠨ ᠰᠦᠷᠦᠭ ᠤᠨ ᠮᠠᠩᠯᠠᠢ ᠪᠣᠯᠵᠤ ᠮᠢᠩᠭ᠎ᠠ ᠲᠦᠮᠡ ᠪᠠᠷ ᠦᠷᠡᠵᠢᠨ ᠥᠰᠬᠦ ᠪᠣᠯᠲᠤᠭᠠᠢ︾ ᠬᠡᠮᠡᠨ ᠢᠷᠦᠭᠡᠵᠦ᠂ ᠠᠵᠢᠷᠭ᠎ᠠ᠂ ᠪᠤᠬ᠎ᠠ᠂ ᠪᠤᠤᠷ᠎ᠠ᠂ ᠬᠤᠴᠠ᠂ ᠲᠡᠭᠡ ᠶᠢ ᠰᠢᠯᠢᠨ ᠲᠠᠯᠪᠢᠳᠠᠭ ᠵᠠᠩᠰᠢᠯ ᠲᠠᠢ᠃ ᠡᠭᠦᠨ ᠤ ᠵᠡᠷᠭᠡᠴᠡᠭᠡ ᠲᠠᠪᠤᠨ ᠬᠤᠰᠢᠭᠤ ᠮᠠᠯ ᠢ ᠠᠭᠲᠠᠯᠠᠨ ᠵᠠᠰᠠᠬᠤ ᠳᠠᠭᠠᠨ᠂ ᠠᠳᠤᠭᠤ  ᠶᠢ ᠬᠠᠪᠤᠷ ᠤᠷᠢ ᠣᠷᠤᠭᠰᠠᠨ ᠳᠠᠷᠤᠢ ᠴᠠᠭᠠᠨ ᠰᠠᠷ᠎ᠠ ᠶᠢᠨ ᠰᠢᠨᠡᠳ ᠢᠶᠠᠷ ᠬᠢᠵᠠᠯᠠᠩ ᠳᠤᠨᠢ᠂ ᠦᠬᠡᠷ ᠢ ᠪᠢᠯᠢᠭ ᠤᠨ ᠳᠥᠷᠪᠡᠨ ᠰᠠᠷ᠎ᠠ ᠶᠢᠨ ᠠᠷᠪᠠᠳ ᠢᠶᠠᠷ ᠪᠢᠷᠠᠭᠤᠨ ᠳᠤᠨᠢ᠂ ᠲᠡᠮᠡᠭᠡ ᠶᠢ ᠪᠢᠯᠢᠭ ᠤᠨ 10 ᠰᠠᠷ᠎ᠠ ᠶᠢᠨ ᠠᠷᠪᠠᠳ ᠢᠶᠠᠷ ᠲᠠᠶᠢᠯᠤᠭ ᠲᠤᠨᠢ᠂ ᠬᠤᠨᠢ ᠢᠮᠠᠭ᠎ᠠ ᠶᠢ ᠲᠥᠯ ᠲᠣᠰᠴᠤ ᠳᠠᠭᠤᠰᠤᠮᠠᠭᠴᠠ ᠬᠥᠩᠭᠡᠯᠡᠳᠡᠭ᠃ ᠪᠣᠭ ᠮᠠᠯ ᠳᠤ ᠡᠪᠤᠯ ᠤᠨ ᠠᠭᠤᠷ ᠢᠶᠠᠷ ᠬᠤᠴᠠ ᠲᠡᠭᠡ ᠲᠠᠯᠪᠢᠵᠤ ᠬᠠᠩᠰᠢ ᠨᠡᠭᠡᠭᠡᠬᠦ ᠦᠶ᠎ᠡ ᠪᠠᠷ ᠲᠥᠯ ᠲᠣᠰᠳᠠᠭ᠃  ᠪᠠᠷᠭᠤᠴᠤᠳ ᠮᠠᠯ ᠢ ᠤᠯᠠᠷᠢᠯ ᠳᠤᠨᠢ ᠵᠣᠬᠢᠴᠠᠭᠤᠯᠵᠤ ᠵᠤᠨ ᠰᠡᠷᠢᠭᠦᠨ ᠭᠠᠵᠠᠷ ᠵᠤᠰᠠᠵᠤ᠂ ᠮᠠᠯ ᠳᠠᠭᠠᠨ ᠦᠨᠳᠦᠰᠦᠨ ᠲᠠᠷᠭᠤ ᠠᠪᠤᠭᠤᠯᠵᠤ᠂ ᠨᠠᠮᠤᠷ ᠰᠡᠷᠮᠡᠭᠦᠨ ᠳᠤ ᠭᠠᠷᠴᠤ ᠮᠠᠯ ᠳᠠᠭᠠᠨ ᠲᠣᠰᠤᠨ ᠲᠠᠷᠭᠤ ᠠᠪᠴᠤ᠂ ᠡᠪᠤᠯ ᠳᠡᠭᠡᠨ ᠴᠠᠰᠤ ᠨᠢᠮᠭᠡᠨ ᠥᠩ ᠰᠢᠮᠡᠲᠡᠢ᠂ ᠪᠠᠭᠤᠴᠠ ᠬᠤᠵᠢᠷ ᠲᠠᠢ ᠳᠤᠯᠠᠭᠠᠨ ᠭᠠᠵᠠᠷ ᠰᠣᠩᠭᠤᠨ ᠮᠠᠯ ᠤᠨ ᠲᠠᠷᠭᠤ ᠬᠦᠴᠤ ᠶᠢ ᠬᠠᠮᠠᠭᠠᠯᠠᠵᠤ᠂ ᠬᠠᠪᠤᠷ ᠪᠤᠭ ᠰᠠᠶᠢᠨᠲᠠᠢ᠂ ᠤᠰᠤ ᠬᠤᠵᠢᠷ ᠣᠶᠢᠷ᠎ᠠ ᠭᠠᠵᠠᠷ ᠬᠠᠪᠤᠷᠵᠢᠵᠤ ᠲᠥᠯ ᠲᠣᠰᠴᠤ᠂ ᠮᠠᠯ ᠰᠦᠷᠦᠭ ᠢᠶᠠᠨ ᠥᠨᠢᠷ ᠥᠰᠬᠡᠳᠡᠭ᠃  ᠲᠡᠭᠡᠬᠦ ᠳᠡᠭᠡᠨ ᠠᠳᠤᠭᠤ ᠶᠢ ᠪᠤᠰᠤᠳ ᠮᠠᠯ ᠠᠴᠠ ᠵᠠᠶᠢᠳᠠᠭᠤ᠂ ᠰᠢᠯᠢ ᠵᠣ ᠭᠠᠵᠠᠷ ᠲᠤ᠂ ᠲᠡᠮᠡᠭᠡ ᠶᠢ ᠭᠤᠪᠢ ᠬᠤᠭᠤᠯᠠᠢ᠂ ᠳᠡᠷᠡᠰᠤ ᠲᠡᠩᠨᠡᠭᠦᠯ ᠲᠠᠢ ᠭᠠᠵᠠᠷ ᠢᠶᠠᠷ ᠭᠤᠣᠯ ᠪᠣᠯᠭᠠᠨ ᠣᠲᠤᠷᠯᠠᠳᠠᠭ᠃ ᠲᠠᠪᠤᠨ ᠲᠥᠷᠥᠯ ᠤᠨ ᠮᠠᠯ ᠳᠤ ᠣᠨᠴᠠᠭᠠᠶᠢᠯᠠᠨ ᠠᠳᠤᠭᠤᠨ ᠳᠤ ᠮᠠᠨᠠᠭᠠᠴᠢᠨ ᠲᠠᠰᠤᠷᠠᠳᠠᠭ ᠦᠭᠡᠢ ᠨᠢ ᠬᠤᠯᠠᠭᠠᠢ ᠬᠤᠳᠠᠯ᠂ ᠴᠢᠨ᠋ᠸ᠎ᠠ ᠨᠣᠬᠠᠢ ᠠᠴᠠ ᠰᠡᠷᠭᠡᠶᠢᠯᠡᠳᠡᠭ ᠴᠦ ︽ᠬᠤᠣᠷ ᠲᠠᠢ ᠰᠢᠭᠤᠷᠭᠠᠨ ᠳᠤ ᠳᠣᠣᠷ᠎ᠠ ᠨᠢ᠂ ᠬᠤᠷᠤᠬᠠᠢ ᠲᠠᠢ ᠰᠠᠯᠬᠢᠨ ᠳᠤ ᠳᠡᠭᠡᠲᠡᠢ ᠨᠢ︾ ᠶᠠᠪᠤᠬᠤ ᠨᠢ ᠮᠠᠯᠴᠢᠨ ᠬᠥᠮᠥᠨ ᠤ ᠶᠡᠷᠦᠳᠡ ᠶᠢᠨ ᠵᠢᠮ᠎ᠠ ᠠᠵᠠᠢ᠃ ᠠᠳᠤᠭᠤ ᠶᠢ ᠤᠨᠠᠭᠠᠨ ᠳᠤᠨᠢ ᠤᠶᠠᠵᠤ ᠲᠠᠭᠠᠨ ᠳᠤᠨᠢ ᠪᠤᠶᠤ ᠬᠢᠵᠠᠯᠠᠩ ᠳᠤᠨᠢ ᠰᠤᠷᠭᠠᠵᠤ᠂ ᠭᠤᠣᠯᠳᠠᠭᠤ ᠤᠨᠤᠯᠭᠠᠨ  ᠳᠤ ᠬᠡᠷᠡᠭᠯᠡᠨ᠎ᠡ᠃ ᠲᠠᠪᠤᠨ ᠲᠥᠷᠥᠯ ᠤᠨ ᠮᠠᠯ ᠢ ᠠᠷᠠᠴᠢᠯᠠᠨ ᠮᠠᠯᠯᠠᠬᠤ᠂ ᠬᠠᠷᠢᠭᠤᠯᠬᠤ᠂ ᠮᠠᠨᠠᠬᠤ᠂ ᠡᠳᠦᠷ ᠲᠤᠲᠤᠮ  ᠤᠨ ᠬᠤᠯᠠ ᠣᠶᠢᠷ᠎ᠠ ᠶᠢᠨ ᠠᠵᠢᠯ ᠳᠤ ᠳᠤᠲᠠᠭᠳᠠᠵᠤ ᠪᠣᠯᠤᠰᠢ ᠦᠭᠡᠢ ᠤᠨᠤᠯᠭ᠎ᠠ ᠪᠣᠯᠵᠤ᠂ ᠨᠡᠩ ᠴᠦ ᠮᠣᠷᠢ ᠨᠢ ᠴᠡᠷᠢᠭ ᠳᠠᠶᠢᠨ᠂ ᠤᠯᠠᠭ᠎ᠠ ᠥᠷᠲᠡᠭᠡ᠂ ᠨᠠᠶᠢᠷ ᠨᠠᠭᠠᠳᠤᠮ᠂ ᠢᠨᠵᠢ ᠪᠡᠯᠡᠭ ᠲᠤ ᠥᠭᠬᠦ ᠵᠡᠷᠭᠡ ᠶᠢᠨ ᠥᠷᠭᠡᠨ ᠬᠡᠷᠡᠭᠴᠡᠭᠡ ᠲᠠᠢ ᠪᠣᠯᠬᠤᠷ ᠬᠡᠳᠦᠢ ᠶᠠᠳᠠᠭᠤ ᠠᠶᠢᠯ ᠴᠦ ᠪᠣᠯᠤᠭ ᠬᠥᠯ ᠬᠦᠰᠡᠷᠳᠡᠭᠦᠯᠬᠦ ᠦᠭᠡᠢ ᠭᠡᠵᠤ ᠭᠠᠭᠴᠠ ᠬᠤᠶᠠᠷ ᠴᠦ ᠭᠡᠰᠡᠨ ᠤᠨᠤᠯᠭ᠎ᠠ ᠲᠠᠢ ᠪᠠᠶᠢᠬᠤ ᠶᠢ ᠬᠢᠴᠢᠶᠡᠳᠡᠭ᠃ ᠦᠬᠡᠷ ᠢ ᠰᠢᠳᠦᠯᠡᠩ ᠪᠠᠶᠢᠬᠤ ᠳᠤᠨᠢ ᠰᠤᠷᠭᠠᠵᠤ᠂ ᠭᠤᠣᠯᠳᠠᠭᠤ ᠬᠥᠯᠯᠡᠭᠡᠨ ᠳᠤ ᠵᠠᠷᠤᠳᠠᠭ᠃ ᠮᠠᠨ ᠤ ᠪᠠᠷᠭᠤᠴᠤᠳ ᠨᠡᠷᠡᠲᠡᠢ ᠨᠡᠭᠦᠳᠡᠭ ᠵᠣᠨ ᠲᠤᠯᠠ ᠨᠢᠭᠡ ᠠᠶᠢᠯ ᠳᠦᠴᠢ ᠲᠠᠪᠢᠨ ᠲᠡᠷᠭᠡ ᠲᠠᠢ ᠪᠤᠶᠤ ᠶᠡᠭᠡ ᠪᠠᠶᠠᠨ ᠠᠶᠢᠯ ᠨᠢ ᠲᠡᠭᠦᠨ  ᠠᠴᠠ ᠣᠯᠠᠨ ᠲᠡᠷᠭᠡ ᠲᠠᠢ ᠪᠠᠶᠢᠵᠤ᠂ ᠥᠨᠥ ᠬᠥᠯᠵᠤ ᠨᠡᠭᠦᠭᠰᠡᠨ ᠱᠠᠷ ᠢᠶᠠᠨ ᠮᠠᠷᠭᠠᠰᠢ ᠨᠢ ᠨᠡᠭᠦᠬᠦ ᠳᠡᠭᠡᠨ ᠰᠣᠯᠢᠵᠤ ᠰᠡᠯᠭᠦᠳᠡᠭ ᠲᠤᠯᠠ ᠨᠤᠭᠤᠯᠠᠭ᠎ᠠ ᠱᠠᠷ ᠲᠠᠢ ᠠᠶᠢᠯ ᠴᠦ ᠣᠯᠠᠨ ᠪᠠᠶᠢᠵᠠᠢ᠃ ᠱᠠᠷ ᠢ ᠭᠤᠣᠯᠳᠠᠭᠤ ᠠᠶᠠᠨ ᠵᠢᠩ᠂ ᠨᠡᠭᠦᠵᠦ ᠰᠠᠭᠤᠬᠤ᠂ ᠠᠷᠭᠠᠯ ᠤᠰᠤᠨ ᠳᠤ ᠦᠷᠭᠦᠯᠵᠢ ᠬᠡᠷᠡᠭᠯᠡᠳᠡᠭ᠃   ᠲᠡᠮᠡᠭᠡ ᠶᠢ ᠰᠤᠷᠭᠠᠨ ᠳᠤᠨᠢ ︵ᠪᠦᠬᠦᠯᠢ 3 ᠨᠠᠰᠤᠨ ᠳᠤᠨᠢ︶ ᠰᠤᠷᠭᠠᠳᠠᠭ᠃ ᠤᠨᠤᠯᠭ᠎ᠠ ᠪᠣᠯᠤᠨ ᠬᠥᠯᠯᠡᠭᠡᠨ ᠳᠤ ᠪᠦᠷ ᠬᠡᠷᠡᠭᠯᠡᠨ᠎ᠡ᠃ ᠨᠡᠩ ᠬᠤᠯᠠ ᠶᠢᠨ ᠠᠶᠠᠨ ᠳᠤ ᠭᠤᠣᠯᠴᠢᠯᠠᠨ ᠬᠡᠷᠡᠭᠯᠡᠳᠡᠭ᠃   ⒉ ᠮᠠᠯ ᠤᠨ ᠠᠰᠢᠭ ᠰᠢᠮ᠎ᠡ   ᠠᠳᠤᠭᠤᠨ ᠤ ᠬᠢᠯᠭᠠᠰᠤ ᠪᠠᠷ ᠮᠣᠩᠭᠤᠯ ᠭᠡᠷ ᠤᠨ ᠪᠦᠰᠡᠯᠡᠭᠦᠷ᠂ ᠣᠭᠤᠰᠤᠷ᠂ ᠵᠢᠭᠡᠭ᠂ ᠮᠤᠬᠤᠯᠠᠭ᠂ ᠡᠷᠬᠢᠨᠡᠭ  ᠤᠨ ᠪᠦᠷᠢᠶᠡᠰᠦᠨ ᠤ ᠵᠢᠭᠡᠭ᠂ ᠬᠡᠷᠡᠭᠡ᠂ ᠤᠨᠢ᠂ ᠬᠠᠨᠠᠨ ᠤ ᠬᠦᠯᠢᠭ ᠵᠡᠷᠭᠡ ᠶᠢᠨ ᠳᠡᠭᠡᠰᠦᠨ ᠡᠳ᠋ᠯᠡᠯ ᠬᠢᠳᠡᠭ᠃ ᠮᠢᠬ᠎ᠠ  ᠨᠢ ᠬᠠᠯᠠᠭᠤᠨ ᠴᠢᠨᠠᠷ ᠲᠠᠢ ᠤᠴᠢᠷ ᠠᠴᠠ ᠭᠤᠣᠯᠳᠠᠭᠤ ᠡᠪᠤᠯ ᠤᠨ ᠢᠳᠡᠯᠭᠡᠨ ᠳᠤ ᠬᠡᠷᠡᠭᠯᠡᠨ᠎ᠡ᠃ ᠠᠳᠤᠭᠤᠨ ᠤ ᠰᠦ  ᠪᠠᠷ ᠴᠡᠭᠡ ᠬᠢᠵᠦ ᠤᠤᠭᠤᠳᠠᠭ᠂ ᠠᠳᠤᠭᠤᠨ ᠤ ᠠᠷᠠᠰᠤ ᠪᠠᠷ ᠰᠤᠷ ᠬᠢᠵᠦ ᠬᠠᠰᠢᠶ᠎ᠠ ᠬᠤᠷᠢᠶᠠᠨ ᠤ ᠬᠦᠯᠢᠭ ᠬᠢᠳᠡᠭ᠃   ᠦᠬᠡᠷ ᠤᠨ ᠮᠢᠬ᠎ᠠ ᠶᠢ ᠢᠳᠡᠯᠭᠡᠨ ᠳᠤ ᠬᠡᠷᠡᠭᠯᠡᠵᠦ᠂ ᠡᠪᠦᠯ ᠪᠤᠶᠤ ᠬᠠᠪᠤᠷ ᠲᠠᠭᠠᠨ ᠬᠠᠲᠠᠭᠠᠵᠤ᠂ ᠵᠤᠨ ᠢᠳᠡᠳᠡᠭ᠃ ᠬᠠᠲᠠᠭᠠᠭᠰᠠᠨ ᠮᠢᠬ᠎ᠠ ᠨᠢ ᠵᠤᠨ ᠤ ᠡᠷᠡᠨ ᠳᠤ ᠦᠦᠵᠦ ᠢᠯᠵᠠᠷᠠᠳᠠᠭ ᠦᠭᠡᠢ ᠰᠠᠶᠢᠨ ᠲᠠᠯ᠎ᠠ ᠲᠠᠢ ᠪᠠᠶᠢᠳᠠᠭ᠃ ᠰᠦ  ᠪᠠᠷ ᠨᠢ ᠲᠠᠷᠠᠭ᠂ ᠠᠶᠢᠷᠠᠭ᠂ ᠠᠭᠠᠷᠴᠠ᠂ ᠠᠭᠠᠷᠤᠤᠯ᠂ ᠥᠷᠥᠮ᠎ᠡ᠂ ᠬᠤᠰᠤᠮ᠂ ᠡᠭᠡᠵᠡᠭᠡᠢ᠂ ᠰᠢᠷ᠎ᠠ ᠲᠣᠰᠤ᠂ ᠴᠥᠴᠥᠭᠡᠢ ᠵᠡᠷᠭᠡ ᠶᠢᠨ ᠢᠳᠡᠭᠡᠨ ᠢ ᠪᠣᠯᠪᠠᠰᠤᠷᠠᠭᠤᠯᠬᠤ ᠠᠴᠠ ᠭᠠᠳᠠᠨ᠎ᠠ ᠰᠠᠭᠠᠯᠢ ᠶᠢᠨ ᠠᠷᠢᠬᠢ ᠨᠡᠷᠡᠵᠦ ᠪᠠᠶᠢᠪᠠ᠃ ᠦᠬᠡᠷ ᠤᠨ ᠠᠷᠠᠰᠤ ᠪᠠᠷ ᠰᠤᠷ᠂ ᠦᠳᠡᠭᠡᠷᠢ᠂ ᠬᠥᠮ ᠬᠢᠳᠡᠭ᠃ ᠦᠭᠡᠷ ᠤᠨ ᠰᠢᠷᠪᠤᠰᠤ ᠪᠠᠷ ᠤᠲᠠᠰᠤ ᠬᠢᠵᠦ ᠭᠤᠲᠤᠯ᠂ ᠬᠥᠲᠥᠰᠦᠨ ᠬᠤᠪᠴᠠᠰᠤ ᠣᠶᠤᠬᠤ ᠳᠤ ᠬᠡᠷᠡᠭᠯᠡᠳᠡᠭ᠃   ᠲᠡᠮᠡᠭᠡᠨ ᠤ ᠰᠦ᠂ ᠮᠢᠬ᠎ᠠ ᠶᠢ ᠶᠡᠷᠦᠩᠬᠡᠢ ᠳᠡᠭᠡᠨ ᠠᠳᠤᠭᠤ ᠦᠬᠡᠷ ᠤᠨ ᠲᠠᠢ ᠠᠳᠠᠯᠢ ᠪᠠᠷ ᠬᠡᠷᠡᠭᠯᠡᠳᠡᠭ᠂ ᠲᠡᠮᠡᠭᠡᠨ  ᠤ ᠨᠣᠣᠰᠤ ᠵᠥᠭᠡᠯᠡᠨ᠂ ᠮᠠᠯ ᠳᠤ ᠬᠠᠯᠠ ᠦᠭᠡᠢ ᠪᠣᠯᠬᠤᠷ ᠡᠮ᠎ᠡ ᠨᠣᠣᠰᠤ ᠪᠠᠷ ᠨᠢ ᠦᠬᠡᠷ ᠤᠨ ᠡᠪᠡᠷᠳᠡᠢ᠂ ᠤᠨᠠᠭᠠᠨ  ᠤ ᠨᠣᠭᠲᠤ᠂ ᠲᠤᠭᠤᠯ ᠤᠨ ᠬᠦᠵᠦᠭᠦᠪᠴᠢ᠂ ᠡᠮᠡᠭᠡᠯ ᠤᠨ ᠴᠠᠯᠮ᠎ᠠ ᠵᠡᠷᠭᠡ ᠶᠢ ᠬᠢᠵᠦ᠂ ᠮᠥᠨ ᠦᠬᠡᠷ ᠤᠨ ᠰᠢᠷᠪᠤᠰᠦ  ᠲᠠᠢ ᠬᠤᠯᠢᠵᠤ ᠲᠡᠮᠡᠭᠡᠨ ᠤ ᠡᠷ᠎ᠡ ᠨᠣᠣᠰᠤ ᠪᠠᠷ ᠤᠲᠠᠰᠤ ᠬᠢᠬᠦ ᠪᠤᠶᠤ ᠳᠠᠩ ᠢᠶᠠᠷ ᠨᠢ ᠤᠲᠠᠰᠤ ᠬᠢᠨ᠎ᠡ᠃ ᠲᠡᠮᠡᠭᠡᠨ ᠤ ᠨᠤᠤᠰᠤᠨ ᠤᠲᠠᠰᠤ ᠪᠦᠬᠦᠶᠢᠯᠡ ᠢᠰᠡᠭᠡᠢ ᠳᠡᠭᠡᠰᠦᠨ ᠤ ᠵᠦᠢᠯ ᠢ ᠣᠶᠤᠬᠤ ᠳᠤ ᠬᠡᠷᠡᠭᠯᠡᠬᠦ ᠲᠤᠯᠠ ᠬᠡᠷᠡᠭᠴᠡᠭᠡ ᠪᠠᠷ ᠮᠠᠰᠢ ᠶᠡᠭᠡ ᠪᠠᠶᠢᠳᠠᠭ᠃  ᠬᠤᠨᠢ ᠢᠮᠠᠭᠠᠨ ᠤ ᠰᠦ ᠪᠠᠷ ᠴᠠᠭᠠᠨ ᠢᠳᠡᠭᠡ ᠬᠢᠵᠦ᠂ ᠠᠷᠠᠰᠤ ᠪᠠᠷ ᠨᠢ ᠬᠤᠪᠴᠠᠰᠤ ᠬᠤᠨᠠᠷ᠂ ᠬᠥᠨᠵᠢᠯᠡ ᠳᠡᠪᠢᠰᠭᠡᠷ ᠬᠢᠳᠡᠭ᠃ ᠬᠤᠨᠢᠨ ᠤ ᠮᠢᠬ᠎ᠠ ᠶᠢ ᠢᠳᠡᠯᠭᠡᠨ ᠳᠤ ᠥᠷᠭᠡᠨ ᠢᠶᠠᠷ ᠬᠡᠷᠡᠭᠯᠡᠳᠡᠭ᠃ ᠬᠤᠨᠢᠨ ᠤ ᠨᠣᠣᠰᠤ ᠪᠠᠷ ᠢᠰᠡᠭᠡᠢ ᠬᠢᠵᠦ᠂ ᠭᠡᠷ᠂ ᠡᠷᠬᠢᠨᠡᠭ᠂ ᠮᠤᠬᠤᠯᠠᠭ ᠪᠦᠷᠢᠬᠦ ᠳᠤ ᠬᠡᠷᠡᠭᠯᠡᠬᠦ ᠠᠴᠠ ᠭᠠᠳᠠᠨ᠎ᠠ ᠮᠠᠯ ᠤᠨ ᠬᠠᠰᠢᠶᠠᠨ ᠳᠤ ᠨᠥᠮᠥᠷᠭᠡᠬᠦ ᠬᠤᠷᠢᠶ᠎ᠠ ᠬᠢᠳᠡᠭ ᠪᠠᠶᠢᠵᠠᠢ᠃  ᠮᠥᠨ ᠲᠠᠪᠤᠨ ᠲᠥᠷᠥᠯ ᠤᠨ ᠮᠠᠯ ᠢ ᠠᠮᠢᠳᠤ ᠪᠠᠷ ᠨᠢ ᠬᠤᠳᠠᠯᠳᠤᠨ ᠵᠣᠭᠤᠰ ᠮᠥᠩᠭᠦ ᠪᠣᠯᠭᠠᠬᠤ ᠪᠤᠶᠤ ᠡᠳ᠋ ᠪᠣᠳᠠᠰ  ᠢᠶᠠᠷ ᠰᠣᠯᠢᠬᠤ ᠶᠠᠪᠤᠳᠠᠯ ᠴᠦ ᠨᠡᠩ ᠣᠯᠠᠨ ᠪᠠᠶᠢᠵᠤ ᠲᠡᠭᠦᠪᠡᠷ ᠢᠶᠠᠨ ᠠᠮᠢᠳᠤᠷᠠᠯ ᠤᠨ ᠬᠡᠷᠡᠭᠴᠡᠭᠡ ᠪᠠᠨ ᠬᠠᠩᠭᠠᠵᠤ ᠪᠠᠶᠢᠵᠠᠢ᠃ ᠲᠡᠭᠡᠬᠦ ᠳᠡᠭᠡᠨ ᠲᠥᠯ ᠮᠠᠯ ᠢ ᠮᠠᠯ ᠤᠨ ᠲᠣᠭᠠᠨ ᠳᠤ ᠣᠷᠤᠭᠤᠯᠵᠤ ᠲᠣᠭᠠᠯᠠᠳᠠᠭ ᠦᠭᠡᠢ ᠮᠥᠷᠲᠡᠭᠡᠨ ᠠᠷᠠᠯᠵᠢᠶ᠎ᠠ ᠬᠤᠳᠠᠯᠳᠤᠭᠠᠨ ᠳᠤ ᠴᠦ ᠣᠷᠤᠭᠤᠯᠳᠠᠭ ᠦᠭᠡᠢ ᠪᠦᠷ ᠯᠡ ᠨᠠᠰᠤ ᠭᠦᠢᠴᠡᠭᠰᠡᠨ ᠱᠠᠷ᠂ ᠮᠣᠷᠢ᠂ ᠠᠳᠠ᠂ ᠢᠷᠬᠡ᠂ ᠰᠡᠷᠬᠡ ᠶᠢ ᠬᠤᠳᠠᠯᠳᠤᠭᠠᠨ ᠳᠤ ᠶᠠᠪᠤᠭᠤᠯᠳᠠᠭ ᠪᠠᠶᠢᠪᠠ᠃ ᠬᠤᠳᠠᠯᠳᠤᠬᠤ ᠮᠠᠯ ᠢᠶᠠᠨ ᠰᠣᠩᠭᠤᠨ ᠵᠢᠯ ᠪᠦᠷᠢ  ᠶᠢᠨ ᠨᠠᠢᠮᠠᠨ ᠰᠠᠷ᠎ᠠ ᠶᠢᠨ ᠭᠠᠨᠵᠤᠤᠷ ᠴᠤᠭᠯᠠᠭᠠᠨ ᠢᠶᠠᠷ ᠠᠪᠠᠴᠢᠵᠤ ᠠᠷᠠᠯᠵᠢᠶᠠᠯᠠᠳᠠᠭ ᠪᠠᠶᠢᠵᠠᠢ᠃  ᠡᠪᠤᠯ ᠤᠨ ᠢᠳᠡᠯᠭᠡᠨ ᠤ ᠠᠷᠠᠰᠤ ᠶᠢ ᠮᠠᠨᠵᠤᠤᠷ᠂ ᠬᠠᠶᠢᠯᠠᠷ ᠣᠷᠤᠵᠤ ᠬᠤᠳᠠᠯᠳᠤᠳᠠᠭ ᠪᠥᠭᠡᠳ ᠪᠤᠰᠤᠳ ᠡᠷᠡᠨ ᠤ ᠮᠠᠯ ᠤᠨ ᠠᠷᠠᠰᠤ ︵ᠬᠤᠷᠠᠭ᠎ᠠ᠂ ᠢᠰᠢᠭᠡᠨ ᠤ ᠠᠷᠠᠰᠤ︶ ᠶᠢ ᠭᠦᠢᠯᠭᠡᠭᠦᠷᠴᠢᠨ᠂ ᠮᠠᠶᠢᠮᠠᠶᠢᠴᠢᠨ ᠳᠤ ᠬᠤᠳᠠᠯᠳᠤᠨ ᠵᠢᠵᠢᠭ ᠰᠠᠵᠢᠭ ᠠᠮᠢᠳᠤᠷᠠᠯ ᠤᠨ ᠬᠡᠷᠡᠭᠰᠡᠯ ᠢᠶᠠᠷ ᠰᠣᠯᠢᠳᠠᠭ ᠪᠠᠶᠢᠪᠠ᠃  ⒊ ᠮᠠᠯ ᠤᠨ ᠲᠤᠭ᠎ᠠ ᠲᠣᠯᠤᠭᠠᠢ  ᠮᠠᠨ ᠤ ᠰᠢᠨ᠎ᠡ ᠪᠠᠷᠭᠤᠴᠤᠳ ᠢ ᠬᠥᠯᠥᠨ ᠪᠣᠶᠢᠷ ᠲᠤ ᠨᠡᠭᠦᠵᠦ ᠢᠷᠡᠬᠦ ᠳᠤ ᠶᠡᠭᠡ ᠯᠡ ᠶᠠᠳᠠᠭᠤᠷᠠᠵᠤ᠂ ᠬᠠᠮᠤᠭ ᠣᠯᠠᠨ ᠮᠠᠯ ᠲᠠᠢ ᠠᠶᠢᠯ ᠨᠢ ᠲᠠᠪᠤᠨ ᠵᠠᠭᠤᠨ ᠲᠣᠯᠤᠭᠠᠢ ᠠᠴᠠ ᠳᠠᠪᠠᠭ᠎ᠠ ᠦᠭᠡᠢ ᠭᠡᠳᠡᠭ ᠪᠣᠯᠪᠠᠴᠤ ᠡᠮᠦᠨ᠎ᠡ ᠢᠷᠡᠭᠰᠡᠨ ᠰᠣᠯᠣᠨ ᠪᠠᠷᠭᠤ ᠶᠢ ᠪᠣᠳᠤᠪᠠᠯ ᠬᠥᠷᠥᠩᠭᠡ ᠮᠠᠯ ᠢᠶᠠᠷ ᠰᠠᠶᠢᠨ ᠭᠡᠭᠳᠡᠵᠦ᠂ ᠵᠥᠪᠬᠡᠨ ᠨᠡᠭᠦᠵᠦ ᠢᠷᠡᠭᠰᠡᠨ ᠠᠶᠢᠯ ᠪᠣᠯᠭᠠᠨ  ᠳᠤ ︽ᠠᠷᠪᠠᠨ ᠯᠠᠩ ᠮᠥᠩᠭᠦ︾ ᠣᠯᠭᠤᠭᠰᠠᠨ ᠠᠴᠠ ᠪᠤᠰᠤ ᠬᠠᠭᠠᠨ ᠤ ᠰᠠᠩ ᠠᠴᠠ ᠮᠠᠯ ᠬᠤᠪᠢᠶᠠᠵᠤ ᠥᠭᠭᠦᠭᠡ ᠦᠭᠡᠢ᠃  ᠠᠷᠪᠠᠨ ᠨᠠᠢᠮᠠᠳᠤᠭᠠᠷ ᠵᠠᠭᠤᠨ ᠤ ᠰᠡᠭᠦᠯᠴᠢ᠂ ᠠᠷᠪᠠᠨ ᠶᠢᠰᠦᠳᠦᠭᠡᠷ ᠵᠠᠭᠤᠨ ᠤ ᠡᠬᠢ ᠪᠣᠯᠬᠤ ᠳᠤ ᠪᠠᠷᠠᠭᠤᠨ ᠭᠠᠷ  ᠤᠨ ᠳᠥᠷᠪᠡᠨ ᠬᠤᠰᠢᠭᠤᠨ ᠤ ᠮᠠᠯ ᠰᠦᠷᠦᠭ ᠥᠰᠴᠤ᠂ ᠨᠤᠲᠤᠭ ᠲᠡᠯᠡᠵᠦ ᠪᠠᠶᠢᠭᠰᠠᠨ ᠠᠴᠠ ᠦᠵᠡᠬᠦ ᠳᠤ ᠬᠥᠯᠥᠨ ᠪᠣᠶᠢᠷ ᠲᠤ ᠨᠡᠭᠦᠵᠦ ᠢᠷᠡᠬᠦ ᠶᠢ ᠪᠣᠳᠤᠪᠠᠯ ᠬᠥᠮᠥᠨ ᠮᠠᠯ ᠨᠢ ᠥᠰᠴᠦ ᠥᠨᠢᠷ ᠥᠳᠬᠡᠨ ᠪᠣᠯᠤᠭᠰᠠᠨ ᠪᠠᠶᠢᠵᠠᠢ᠃ ᠲᠤᠬᠠᠶᠢᠯᠠᠪᠠᠯ 19 ᠳ᠋ᠤᠭᠡᠷ ᠵᠠᠭᠤᠨ ᠤ ᠳᠤᠮᠳᠠᠴᠢ ᠪᠠᠷ ᠰᠢᠨ᠎ᠡ ᠪᠠᠷᠭᠤ ᠪᠠᠷᠠᠭᠤᠨ ᠭᠠᠷ ᠤᠨ ᠰᠢᠯᠤᠭᠤᠨ ᠰᠢᠷ᠎ᠠ ᠬᠤᠰᠢᠭᠤᠨ ᠤ ᠲᠡᠷᠢᠭᠦᠨ ᠰᠤᠮᠤᠨ ᠤ ᠦᠵᠦᠨ ᠣᠪᠤᠭ ᠲᠠᠢ ᠭᠤᠮᠪᠤ ᠶᠢᠨ ᠵᠠᠯᠰᠠᠷᠠᠢ᠂ ᠮᠥᠨ ᠰᠤᠮᠤᠨ ᠤ ᠱᠠᠷᠠᠶᠢᠳ ᠣᠪᠤᠭ ᠤᠨ ᠵᠠᠩᠵᠠ ᠭᠡᠵᠤ ᠲᠤᠰ ᠪᠦᠷᠢ ᠪᠤᠮᠠᠨ ᠬᠤᠨᠢ ᠲᠠᠢ ᠠᠶᠢᠯ ᠪᠠᠶᠢᠪᠠ᠃ 1917 ᠣᠨ ᠤ ︽ᠮᠣᠭᠠᠢ ᠵᠢᠯ  ᠤᠨ ᠳᠥᠷᠪᠡᠯᠭᠡᠨ︾ ᠳᠤ ᠨᠡᠭᠦᠭᠰᠡᠨ ᠵᠣᠨ ᠳᠤ ᠰᠢᠯᠤᠭᠤᠨ ᠰᠢᠷ᠎ᠠ ᠬᠤᠰᠢᠭᠤᠨ ᠤ ︽ᠪᠤᠮᠠᠨ ᠬᠤᠨᠢ ᠲᠠᠢ ᠪᠤᠩᠬᠤ ᠰᠠᠩᠵᠠ︾ ᠪᠤᠶᠤ ︽ᠣᠯᠣᠬᠤ ᠰᠠᠩᠵᠠ︾ ᠭᠡᠳᠡᠭ ᠪᠠᠶᠠᠨ ᠪᠠᠶᠢᠭᠰᠠᠨ ᠢ ︽ᠠᠪᠳᠠᠷᠠᠪᠠᠶᠠᠨ ᠤ ᠪᠠᠷᠭᠤ ᠨᠤᠭᠤᠳ︾ ᠭᠡᠬᠦ ᠨᠣᠮ ᠳᠤ ᠲᠡᠮᠳᠡᠭᠯᠡᠵᠦ ᠪᠠᠶᠢᠳᠠᠭ᠃  ᠡᠭᠦᠨ ᠠᠴᠠ ᠭᠠᠳᠠᠨ᠎ᠠ ᠲᠦᠮᠡᠨ ᠬᠤᠨᠢ ᠲᠠᠢ᠂ ᠬᠡᠳᠦᠨ ᠮᠢᠩᠭᠠᠨ ᠦᠬᠡᠷ ᠲᠠᠢ᠂ ᠠᠳᠤᠭᠤ ᠲᠠᠢ ᠠᠶᠢᠯ ᠡᠷᠦᠬᠡ ᠲᠣᠩ ᠣᠯᠠᠨ ᠪᠠᠶᠢᠵᠠᠢ᠃ ᠬᠠᠷᠠᠮᠰᠠᠯᠲᠠᠢ ᠨᠢ ᠬᠥᠯᠥᠨ ᠪᠣᠶᠢᠷ ᠲᠤ ᠨᠡᠭᠦᠵᠦ ᠢᠷᠡᠭᠰᠡᠨ ᠠᠴᠠ ᠳᠤᠮᠳᠠᠳᠤ ᠢᠷᠭᠡᠨ ᠤᠯᠤᠰ ᠪᠣᠯᠲᠠᠯ᠎ᠠ ᠮᠠᠯ ᠤᠨ ᠲᠤᠭ᠎ᠠ ᠲᠣᠯᠤᠭᠠᠢ ᠶᠢᠨ ᠪᠠᠷᠢᠮᠲᠠ ᠬᠠᠷᠠᠬᠠᠨ ᠣᠯᠳᠠᠭ᠎ᠠ ᠦᠭᠡᠢ ᠪᠠᠶᠢᠭᠰᠠᠭᠠᠷ᠃ ᠪᠠᠳᠠᠷᠠᠭᠤᠯᠲᠤ ᠲᠥᠷᠥ ᠶᠢᠨ ᠭᠤᠴᠢᠨ ᠬᠤᠶᠠᠳᠤᠭᠠᠷ ︵1906︶ ᠣᠨ ᠳᠤ ᠬᠥᠯᠥᠨ ᠪᠣᠶᠢᠷ ᠤᠨ ᠮᠡᠶᠢᠷᠡᠨ ᠵᠠᠩᠭᠢ ᠰᠣᠳᠨᠠᠮᠰᠦ᠋ᠷᠦᠩ ᠭᠠᠳᠠᠭᠠᠳᠤ ᠮᠣᠩᠭᠤᠯ ᠤᠨ ᠲᠥᠷᠥ ᠶᠢ ᠵᠠᠰᠠᠬᠤ ᠶᠠᠪᠤᠳᠠᠯ ᠤᠨ ᠶᠠᠮᠤᠨ ᠤ ᠵᠠᠷᠯᠢᠭ ᠢᠶᠠᠷ ᠲᠤᠰ ᠣᠷᠤᠨ ᠤ ᠵᠠᠩ ᠳᠠᠳᠬᠠᠯ ᠬᠢᠭᠡᠳ ᠡᠯ᠎ᠡ ᠵᠦᠢᠯ ᠤᠨ ᠭᠠᠷᠤᠯᠲᠠ ᠶᠢ ᠨᠢᠭᠲᠠᠯᠠᠨ ᠪᠠᠶᠢᠴᠠᠭᠠᠵᠤ ᠳᠡᠭᠡᠭᠰᠢ ᠮᠡᠳᠡᠭᠦᠯᠦᠭᠰᠡᠨ ᠡᠪᠬᠡᠮᠡᠯ ᠳᠤ ᠰᠢᠨ᠎ᠡ ᠪᠠᠷᠭᠤ ᠪᠠᠷᠠᠭᠤᠨ ᠭᠠᠷᠤᠨ ᠳᠥᠷᠪᠡᠨ ᠬᠤᠰᠢᠭᠤ 514351 ᠲᠣᠯᠤᠭᠠᠢ ᠮᠠᠯ  ᠲᠠᠢ ᠪᠠᠶᠢᠵᠤ᠂ ᠡᠭᠦᠨ ᠳᠤ ᠪᠣᠳᠠ 76994᠂ ᠪᠣᠭ 437357 ᠲᠣᠯᠤᠭᠠᠢ᠂ ᠬᠥᠯᠥᠨ ᠪᠣᠶᠢᠷ ᠤᠨ ᠠᠷᠪᠠᠨ ᠳᠣᠯᠤᠭᠠᠨ ᠬᠤᠰᠢᠭᠤᠨ ᠤ ᠳᠣᠲᠤᠷ᠎ᠠ ᠪᠠᠨ ᠬᠤᠶᠠᠳᠤᠭᠠᠷ ᠲᠤ ᠣᠷᠤᠵᠤ ᠪᠠᠶᠢᠪᠠ᠃   1925 ᠣᠨ ᠳᠤ ᠬᠥᠯᠥᠨ ᠪᠣᠶᠢᠷ ᠣᠷᠣᠨ ᠤ ᠮᠠᠯᠵᠢᠬᠤ ᠳᠥᠷᠪᠡᠨ ᠬᠤᠰᠢᠭᠤᠨ ᠤ ᠮᠠᠯ ᠤᠨ ᠲᠤᠭ᠎ᠠ 1817000 ᠲᠣᠯᠤᠭᠠᠢ ᠳᠤ ᠬᠦᠷᠪᠡ᠃ ᠲᠤᠬᠠᠢ ᠶᠢᠨ ᠦᠶ᠎ᠡ ᠶᠢᠨ ᠬᠥᠯᠥᠨ ᠪᠣᠶᠢᠷ ᠤᠨ ᠮᠡᠶᠢᠷᠡᠨ ᠵᠠᠩᠭᠢ ᠶᠢᠨ ᠶᠠᠮᠤᠨ ᠤ ᠪᠦᠷᠢᠳᠬᠡᠯ ᠳᠤ ᠮᠠᠯᠴᠢᠨ ᠬᠥᠮᠥᠨ ᠪᠦᠷᠢ ᠳᠤ ᠲᠡᠭᠰᠢᠳᠬᠡᠬᠡᠳ 49 ᠬᠤᠨᠢ᠂ 5 ᠦᠬᠡᠷ᠂ 6 ᠮᠣᠷᠢ ᠨᠣᠭᠳᠠᠵᠤ ᠪᠠᠶᠢᠪᠠ᠃ ᠡᠭᠦᠪᠡᠷ ᠪᠣᠳᠤᠬᠤ ᠳᠤ ᠮᠠᠯᠵᠢᠬᠤ ᠳᠥᠷᠪᠡᠨ ᠬᠤᠰᠢᠭᠤ ᠳᠤᠲᠤᠷ᠎ᠠ ᠰᠢᠨ᠎ᠡ ᠪᠠᠷᠭᠤ ᠬᠤᠶᠠᠷ ᠭᠠᠷᠤᠨ ᠮᠠᠯ ᠤᠨ ᠲᠤᠭ᠎ᠠ ᠤᠤᠯ ᠠᠴᠠ ᠪᠠᠨ ᠣᠯᠠᠨ ᠪᠠᠶᠢᠳᠠᠭ ᠲᠤᠯᠠ ᠰᠢᠨ᠎ᠡ ᠪᠠᠷᠭᠤ ᠪᠠᠷᠠᠭᠤᠨ ᠭᠠᠷᠤᠨ ᠮᠠᠯᠴᠢᠳ  ᠲᠤ ᠲᠡᠭᠰᠢᠳᠬᠡᠭᠰᠡᠨ ᠮᠠᠯ ᠤᠨ ᠲᠤᠭ᠎ᠠ ᠡᠭᠦᠨ ᠠᠴᠠ ᠥᠨᠳᠥᠷ ᠪᠠᠶᠢᠬᠤ ᠨᠢ ᠮᠡᠳᠡᠭᠡᠵᠢ᠃  1934 ᠣᠨ ᠳᠤ ᠮᠠᠯᠵᠢᠬᠤ ᠳᠥᠷᠪᠡᠨ ᠬᠤᠰᠢᠭᠤᠨ ᠤ ᠮᠠᠯ ᠤᠨ ᠲᠤᠭ᠎ᠠ 93.8 ᠲᠦᠮᠡ ᠪᠣᠯᠵᠤ᠂ 1925 ᠣᠨ ᠤ ᠡᠬᠢ ᠠᠴᠠ 88 ᠲᠦᠮᠡᠨ ᠮᠠᠯ ᠪᠠᠭᠤᠷᠠᠭᠰᠠᠨ ᠪᠠᠶᠢᠪᠠ᠃ ᠡᠭᠦᠨ ᠳᠤ ᠰᠢᠨ᠎ᠡ ᠪᠠᠷᠭᠤ ᠪᠠᠷᠠᠭᠤᠨ ᠭᠠᠷ 307440 ᠲᠣᠯᠤᠭᠠᠢ ᠮᠠᠯ ᠲᠠᠢ ᠪᠠᠶᠢᠵᠤ᠂ ᠡᠭᠦᠨ ᠳᠤ ᠠᠳᠤᠭᠤ 26148 ᠲᠣᠯᠤᠭᠠᠢ᠂ ᠦᠬᠡᠷ 23647 ᠲᠣᠯᠤᠭᠠᠢ᠂ ᠬᠤᠨᠢ 253367 ᠲᠣᠯᠤᠭᠠᠢ᠂ ᠲᠡᠮᠡᠭᠡ 2110 ᠲᠣᠯᠤᠭᠠᠢ᠂ ᠢᠮᠠᠭ᠎ᠠ 2178 ᠲᠣᠯᠤᠭᠠᠢ ᠪᠠᠶᠢᠪᠠ᠃ 1925 ᠣᠨ ᠳᠤ ᠰᠢᠨ᠎ᠡ ᠪᠠᠷᠭᠤ ᠪᠠᠷᠠᠭᠤᠨ ᠭᠠᠷ ᠲᠤ ᠶᠡᠭᠡ ᠵᠤᠳ ᠪᠣᠯᠵᠤ᠂ ᠬᠥᠪᠡᠭᠡᠲᠦ ᠬᠥᠬᠡ ᠬᠤᠰᠢᠭᠤᠨ ᠤ ᠲᠡᠷᠢᠭᠦᠨ ᠪᠠᠶᠠᠨ ᠵᠠᠭᠠᠷ ᠤᠨ ᠶᠥᠮᠰᠦ᠋ᠷᠦᠩ ᠤᠨ ᠭᠡᠳᠡᠭ ᠠᠶᠢᠯ ᠤᠨ 2 ᠲᠦᠮᠡᠨ ᠬᠤᠨᠢᠨ ᠤ 1 ᠲᠦᠮᠡ ᠨᠢ ᠦᠯᠡᠳᠡᠵᠦ᠂ ᠲᠠᠬᠢᠯᠴᠢ ᠶᠢᠨ ᠠᠷᠬᠢ ᠶᠢᠨ ᠲᠦᠮᠡᠨ ᠬᠤᠨᠢᠨ ᠠᠴᠠ ᠮᠢᠩᠭᠠᠨ ᠬᠤᠨᠢ ᠦᠯᠡᠳᠡᠵᠦ᠂ ᠬᠥᠪᠡᠭᠡᠲᠦ ᠤᠯᠠᠭᠠᠨ ᠬᠤᠰᠢᠭᠤᠨ ᠤ ᠴᠡᠷᠡᠨᠳᠠᠰᠢ ᠶᠢᠨ 7000 ᠬᠤᠨᠢᠨ ᠠᠴᠠ ᠬᠡᠳᠦᠨ ᠵᠠᠭᠤᠨ ᠬᠤᠨᠢ ᠦᠯᠡᠳᠡᠭᠰᠡᠨ ᠪᠥᠭᠡᠳ ᠮᠠᠰᠢ ᠣᠯᠠᠨ ᠠᠶᠢᠯ ᠮᠠᠯ ᠢᠶᠠᠨ ᠪᠠᠷᠠᠪᠠ᠃ ᠡᠭᠦᠨ ᠢ ᠲᠡᠦᠬᠡᠨ᠎ᠡ ︽ᠤᠯᠠᠭᠠᠨ ᠰᠢᠭᠤᠷᠭᠠᠲᠤ ᠶᠢᠨ ᠵᠢᠯ︾ ᠭᠡᠳᠡᠭ᠃ ᠮᠥᠨ 1930 ᠣᠨ ᠶᠡᠭᠡ ᠬᠦᠢᠲᠡᠨ ᠵᠢᠯ ᠪᠣᠯᠵᠤ᠂ ᠲᠥᠯ ᠮᠠᠯ ᠳᠤ ᠶᠡᠬᠡᠬᠡᠨ ᠬᠤᠬᠢᠷᠠᠯ ᠤᠴᠠᠷᠠᠭᠤᠯᠵᠤ ᠪᠠᠶᠢᠭᠰᠠᠨ ᠵᠢᠱᠢᠶ᠎ᠡ ᠪᠠᠶᠢᠳᠠᠭ᠃ ᠡᠭᠦᠨ ᠠᠴᠠ ᠭᠠᠳᠠᠨ᠎ᠠ 1928 ᠣᠨ ᠤ ︽ᠮᠣᠩᠭᠤᠯ ᠤᠯᠠᠭᠠᠨᠲᠤ︾᠂ 1929 ᠣᠨ ᠤ ︽ᠵᠦᠩ ᠳ᠋ᠦᠩ ᠲᠡᠮᠦᠷ ᠵᠠᠮ ᠤᠨ ᠮᠥᠷᠭᠦᠯᠳᠦᠭᠡᠨ︾᠂ 1932 ᠣᠨ ᠳᠤ ︽ᠶᠠᠫᠤᠨᠴᠤᠳ ᠬᠥᠯᠥᠨ ᠪᠣᠶᠢᠷ ᠢ ᠲᠦᠷᠢᠮᠡᠬᠡᠶᠢᠯᠡᠨ ᠡᠵᠡᠯᠡᠭᠰᠡᠨ︾ ᠳᠠᠶᠢᠨ ᠳᠠᠵᠢᠨ ᠵᠡᠷᠭᠡ ᠶᠢᠨ ᠰᠢᠯᠲᠠᠭᠠᠨ ᠠᠴᠠ ᠪᠣᠯᠵᠤ ᠮᠠᠯ ᠰᠦᠷᠦᠭ ᠶᠡᠭᠡ ᠬᠡᠮᠵᠢᠶ᠎ᠡ  ᠪᠠᠷ ᠪᠠᠭᠤᠷᠠᠭᠰᠠᠨ ᠪᠠᠶᠢᠯ᠎ᠠ᠃  1937 ᠣᠨ ᠪᠣᠯᠬᠤ ᠳᠤ ᠮᠠᠯ ᠰᠦᠷᠦᠭ ᠥᠰᠴᠦ᠂ 442635 ᠲᠣᠯᠤᠭᠠᠢ ᠮᠠᠯ ᠲᠠᠢ ᠪᠣᠯᠪᠠ᠃ 1941 ᠣᠨ ᠪᠣᠯᠬᠤ ᠳᠤ 305311 ᠲᠣᠯᠤᠭᠠᠢ ᠮᠠᠯ ᠲᠠᠢ ᠪᠣᠯᠵᠤ᠂ 1937 ᠣᠨ ᠤ ᠬᠢ ᠠᠴᠠ 14 ᠲᠦᠮᠡᠨ ᠲᠣᠯᠤᠭᠠᠢ ᠮᠠᠯ ᠪᠠᠭᠤᠷᠠᠵᠤ᠂ 1945 ᠣᠨ ᠪᠣᠯᠬᠤ ᠳᠤ ᠵᠥᠪᠬᠡᠨ 17 ᠲᠦᠮᠡᠨ ᠲᠣᠯᠤᠭᠠᠢ ᠮᠠᠯ ᠲᠠᠢ ᠦᠯᠡᠳᠡᠵᠦ᠂ ᠪᠦᠬᠦᠯᠢ 14 ᠵᠢᠯ ᠶᠠᠫᠤᠨ ᠤ ᠬᠦᠨᠳᠦ ᠬᠡᠴᠡᠭᠦᠦ ᠭᠠᠶᠢᠯᠢ ᠭᠤᠪᠴᠢᠭᠤᠷ᠂ ᠪᠤᠯᠢᠶᠠᠨ ᠳᠡᠭᠡᠷᠡᠮᠳᠡᠯ ᠪᠠ ᠲᠠᠯᠬᠢᠭᠳᠠᠯ ᠳᠤ ᠤᠴᠠᠷᠠᠵᠤ᠂ ᠮᠠᠯᠴᠢᠳ ᠶᠠᠳᠠᠭᠤᠷᠠᠵᠤ ᠬᠤᠭᠤᠰᠤᠷᠠᠬᠤ ᠶᠢᠨ ᠲᠤᠶᠢᠯ ᠳᠤ ᠲᠤᠯᠤᠭᠰᠠᠨ ᠶᠤᠮ᠃  ⒋ ᠭᠠᠶᠢᠯᠢ ᠭᠤᠪᠴᠢᠭᠤᠷ ᠪᠣᠯᠣᠨ ᠠᠯᠪᠠᠨ ᠲᠠᠲᠠᠪᠤᠷᠢ  ᠪᠠᠷᠭᠤᠴᠤᠳ ᠬᠥᠯᠥᠨ ᠪᠣᠶᠢᠷ ᠲᠤ ᠡᠷᠬᠢᠨ ᠢᠷᠡᠵᠦ ᠨᠤᠲᠤᠭᠰᠢᠭᠰᠠᠨ ᠤ ᠳᠠᠷᠠᠭ᠎ᠠ ᠵᠥᠪᠬᠡᠨ ᠮᠠᠯ ᠰᠦᠷᠦᠭ ᠢᠶᠠᠨ ᠥᠰᠬᠡᠨ ᠠᠮᠤᠷ ᠵᠢᠮᠦᠷ ᠪᠠᠶᠢᠭ᠎ᠠ ᠦᠭᠡᠢ᠃ ᠬᠠᠷᠢᠨ ᠴᠡᠷᠢᠭ ᠳᠠᠶᠢᠨ ᠤ ᠬᠦᠨᠳᠦ ᠠᠯᠪᠠ᠂ ᠭᠠᠶᠢᠯᠢ ᠭᠤᠪᠴᠢᠭᠤᠷ ᠤᠨ ᠬᠦᠨᠳᠦ ᠡᠭᠦᠷᠭᠡ ᠶᠢ ᠲᠠᠰᠤᠷᠠᠯᠲᠠ ᠦᠭᠡᠢ ᠡᠭᠦᠷᠭᠡᠯᠡᠭᠰᠡᠭᠡᠷ ᠢᠷᠡᠭᠰᠡᠨ ᠶᠤᠮ᠃  ᠪᠠᠷᠭᠤᠴᠤᠳ ᠢ ᠬᠥᠯᠥᠨ ᠪᠣᠶᠢᠷ ᠲᠤ ᠢᠷᠡᠭᠰᠡᠨ ᠳᠠᠷᠤᠢ 2400 ᠭᠠᠷᠤᠢ ᠡᠷᠡᠴᠤᠳ ᠢ ᠬᠤᠶᠠᠭ ᠪᠣᠯᠭᠠᠨ ᠬᠠᠷᠠᠭᠤᠯ ᠳᠤ ᠰᠠᠭᠤᠯᠭᠠᠵᠤ᠂ ᠪᠠᠰᠠ ᠵᠠᠷᠢᠮ ᠢ ᠨᠢ ᠴᠡᠷᠢᠭ ᠤᠨ ᠠᠯᠪᠠᠨ ᠳᠤ ᠬᠤᠯᠠ ᠶᠠᠪᠤᠭᠤᠯᠵᠤ᠂ ᠪᠠᠰᠠ ᠵᠠᠷᠢᠮ ᠢ  ᠨᠢ ᠯᠠᠮᠠ ᠪᠣᠯᠭᠠᠵᠤ ᠪᠠᠶᠢᠭᠰᠠᠨ ᠢᠶᠠᠷ ᠮᠠᠯᠵᠢᠬᠤ ᠦᠢᠯᠡᠳᠪᠦᠷᠢᠯᠡᠯ ᠳᠤ ᠲᠣᠩ ᠶᠡᠭᠡ ᠬᠦᠴᠢᠷᠳᠡᠯ ᠪᠡᠷᠬᠡᠰᠢᠶᠡᠯ ᠤᠴᠠᠷᠠᠭᠤᠯᠵᠤ ᠪᠠᠶᠢᠵᠠᠢ᠃  ᠲᠡᠭᠷᠢ ᠲᠡᠳᠭᠦᠭᠴᠢ ᠶᠢᠨ ᠬᠤᠷᠢᠨ ᠵᠢᠷᠭᠤᠳᠤᠭᠠᠷ ᠣᠨ ︵1761︶ ᠳᠤ ᠭᠠᠶᠢᠯᠢ ᠶᠢᠨ ᠭᠠᠵᠠᠷ ᠭᠠᠷᠭᠠᠵᠤ᠂ ︽ᠦᠬᠡᠷ ᠮᠣᠷᠢ ᠶᠢᠨ ᠭᠠᠶᠢᠯᠢ ᠨᠢᠭᠡ ᠯᠠᠩ ᠮᠥᠩᠭᠦᠨ ᠠᠴᠠ ᠭᠤᠷᠪᠠᠨ ᠹᠦᠨ ᠬᠤᠷᠢᠶᠠᠮᠤᠢ︾᠂ ᠡᠭᠦᠨ ᠠᠴᠠ ᠭᠠᠳᠠᠨ᠎ᠠ ᠭᠡᠷ ᠪᠠᠷᠢᠯᠭ᠎ᠠ ᠪᠠᠶᠢᠭᠤᠯᠬᠤ᠂ ᠰᠦᠮ᠎ᠡ ᠬᠡᠶᠢᠳ ᠪᠠᠷᠢᠬᠤ᠂ ᠬᠤᠷᠠᠯ ᠨᠤᠮ ᠬᠤᠷᠠᠬᠤ᠂ ᠵᠠᠮ ᠵᠠᠰᠠᠬᠤ᠂ ᠬᠥᠭᠦᠷᠭᠡ ᠲᠠᠯᠪᠢᠬᠤ᠂ ᠥᠷᠲᠡᠭᠡ ᠤᠯᠠᠭ᠎ᠠ ᠨᠡᠮᠡᠬᠦ ᠵᠡᠷᠭᠡ ᠳᠤ ᠠᠷᠠᠳ ᠠᠴᠠ ᠮᠠᠯ ᠤᠨᠤᠭ᠎ᠠ᠂ ᠵᠣᠭᠤᠰ ᠮᠥᠩᠭᠦ ᠬᠤᠷᠢᠶᠠᠳᠠᠭ ᠪᠠᠶᠢᠪᠠ᠃  ᠨᠡᠩ ᠴᠦ ᠶᠠᠫᠤᠨ ᠤ ᠦᠶ᠎ᠡ ᠳᠤ ᠴᠡᠷᠢᠭ ᠳᠠᠶᠢᠨ ᠤ ᠬᠡᠷᠡᠭᠴᠡᠭᠡ ᠬᠡᠮᠡᠨ ᠣᠯᠠᠨ ᠲᠣᠭᠠᠨ ᠤ ᠠᠳᠤᠭᠤ ᠠᠯᠪᠠᠳᠠᠨ ᠲᠠᠲᠠᠬᠤ ᠪᠤᠶᠤ ᠴᠡᠷᠢᠭ ᠳᠠᠶᠢᠨ ᠤ ᠤᠯᠠᠮ ᠠᠴᠠ ᠪᠥᠭᠡᠮ ᠪᠥᠭᠡᠮ ᠢᠶᠠᠷ ᠨᠢ ᠠᠳᠤᠭᠤ ᠮᠠᠯ ᠢ ᠳᠡᠭᠡᠷᠡᠮᠳᠡᠬᠦ ᠶᠠᠪᠤᠳᠠᠯ ᠴᠦ ᠭᠠᠷᠴᠤ ᠪᠠᠶᠢᠪᠠ᠃ 1944 ᠣᠨ ᠳᠤ ᠬᠠᠭᠤᠷᠮᠠᠭ ᠮᠠᠨᠵᠤ ᠤᠯᠤᠰ ᠤᠨ ᠳᠣᠲᠤᠭᠠᠳᠤ ᠶᠢᠨ ᠭᠠᠶᠢᠯᠢ ᠲᠠᠲᠠᠪᠤᠷᠢ ᠭᠤᠴᠢᠨ ᠳᠥᠷᠪᠡᠨ ᠵᠦᠢᠯ ᠳᠤ ᠬᠦᠷᠴᠦ ᠪᠠᠶᠢᠯ᠎ᠠ᠃ ᠮᠠᠯᠴᠢᠳ ᠠᠴᠠ ᠮᠠᠯ ᠤᠨ ᠭᠠᠶᠢᠯᠢ᠂ ᠠᠷᠠᠰᠤ ᠨᠣᠣᠰᠤᠨ ᠤ ᠭᠠᠶᠢᠯᠢ᠂ ᠪᠣᠷᠳᠤᠭᠠᠨ ᠤ ᠭᠠᠶᠢᠯᠢ᠂ ᠮᠠᠯ ᠠᠯᠠᠬᠤ ᠭᠠᠶᠢᠯᠢ᠂ ᠬᠤᠨᠢᠨ ᠤ ᠭᠡᠳᠡᠰᠦᠨ ᠤ ᠭᠠᠶᠢᠯᠢ᠂ ᠲᠡᠷᠭᠡᠨ ᠤ ᠭᠠᠶᠢᠯᠢ ᠭᠡᠬᠦ ᠵᠡᠷᠭᠡ ᠭᠠᠶᠢᠯᠢ ᠲᠠᠲᠠᠪᠤᠷᠢᠯᠠᠳᠠᠭ ᠪᠣᠯᠪᠠ᠃  ᠨᠠᠢᠮᠠ᠂ ᠲᠡᠦᠬᠡᠲᠦ ᠬᠥᠮᠥᠰ
 
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号