ᠵᠢᠷᠬᠢᠶ᠎ᠡ ᠬᠤᠯᠪᠤᠭ᠎ᠠ ᠪᠠᠷ ᠮᠡᠳᠡᠭᠡ ᠲᠠᠮᠵᠢᠭᠤᠯᠬᠤ ᠳᠠᠭᠠᠨ ᠬᠠᠤᠯᠢ ᠲᠦᠷᠢᠮ ᠢ ᠵᠢᠷᠤᠮᠯᠠᠬᠤ ᠬᠡᠷᠡᠭᠲᠠᠢ
ᠨᠡᠶᠢᠲᠡᠯᠡᠭᠰᠡᠨ ᠴᠠᠭ᠄
2017/9/5
ᠰᠢᠨ᠎ᠡ ᠵᠠᠭᠤᠨ ᠳᠤ ᠣᠷᠣᠭᠰᠠᠨ ᠤ ᠲᠠᠷᠠᠭ᠎ᠠ ᠰᠦᠯᠵᠢᠶ᠎ᠡ ᠬᠤᠯᠪᠣᠭ᠎ᠠ ᠶᠢᠨ ᠮᠡᠷᠭᠡᠵᠢᠯ ᠨᠢᠰᠬᠦ ᠮᠡᠳᠦ ᠲᠦᠷᠭᠡᠨ ᠬᠦᠭᠵᠢᠵᠡᠢ᠃ ᠣᠨᠴᠠᠭᠠᠶᠢᠯᠠᠨ ᠭᠠᠳᠠᠭᠠᠳᠣ ᠳᠤ facebook ᠵᠡᠷᠭᠡ ᠲᠡᠭᠡᠳᠦ ᠰᠢᠨ᠎ᠡ ᠮᠡᠷᠭᠡᠵᠢᠯ ᠤᠨ ᠲᠠᠪᠰᠢᠩᠭᠤᠢ ᠰᠣᠹᠲ ᠤᠳ ᠠᠷᠦ ᠠᠷᠦ ᠠᠴᠠ ᠪᠠᠨ ᠵᠠᠬ᠎ᠠ ᠳᠤ ᠭᠠᠷᠴᠦ ᠬᠡᠷᠡᠭᠯᠡᠭᠳᠡᠬᠦ ᠶᠢ ᠲᠠᠭᠠᠯᠳᠣᠨ ᠮᠠᠨ ᠤ ᠣᠯᠣᠰ ᠤᠨ ᠰᠢᠨᠵᠢᠯᠡᠭᠡ ᠮᠡᠷᠭᠡᠵᠢᠯ ᠤᠨ ᠺᠤᠮᠫᠠᠨᠢ ᠪᠦᠯᠦᠭᠯᠡᠯ ᠤᠳ ᠴᠦ ᠪᠣᠰᠣᠳ ᠤᠨ ᠮᠡᠷᠭᠡᠵᠢᠯ ᠢ ᠴᠠᠭ ᠲᠤᠬᠠᠢ ᠳᠤᠨᠢ ᠬᠦᠯᠢᠶᠡᠨ ᠠᠪᠴᠦ ᠦᠪᠡᠷ ᠤᠨ ᠢᠶᠠᠨ ᠣᠨᠴᠠᠯᠢᠭ ᠲᠤ ᠨᠡᠶᠢᠴᠡᠬᠦᠯᠵᠦ ᠣᠯᠠᠨ ᠵᠦᠢᠯ ᠤᠨ ᠰᠦᠯᠵᠢᠶᠡᠨ  ᠤ ᠬᠠᠷᠢᠯᠴᠠᠭᠠᠨ ᠤ ᠰᠣᠹᠲ ᠦᠢᠯᠡᠳᠦᠭᠰᠡᠨ ᠪᠠᠶᠢᠵᠠᠢ᠃ ᠡᠬᠦᠨ ᠤ ᠲᠣᠳᠣᠷᠡᠬᠢ ᠨᠢᠭᠡ ᠨᠢ ᠸᠢᠴᠠᠲ ᠪᠣᠯᠣᠨ᠎ᠠ᠂ ᠬᠡᠰᠡᠭ ᠮᠣᠩᠭᠤᠯ ᠬᠡᠷᠡᠭᠯᠡᠭᠴᠢᠳ ᠪᠠᠰᠠ ᠸᠢᠴᠠᠲ ᠳᠤ ︽ᠵᠢᠷᠭᠢᠶ᠎ᠠ︾ ᠭᠡᠰᠡᠨ ᠰᠠᠶᠢᠬᠠᠨ ᠮᠣᠩᠭᠤᠯ ᠨᠡᠷ᠎ᠡ ᠦᠭᠭᠦᠭᠰᠡᠨ ᠪᠠᠶᠢᠪᠠ᠃ ᠵᠢᠷᠭᠢᠶ᠎ᠠ ᠬᠡᠷᠡᠭᠯᠡᠭᠳᠡᠭᠰᠡᠨ ᠬᠡᠳᠣᠭᠡᠨ ᠵᠢᠯ ᠤᠨ ᠬᠤᠭᠤᠷᠣᠨᠳᠦ ᠪᠦᠬᠦ ᠣᠯᠣᠰ ᠤᠨ ᠬᠡᠳᠦᠨ ᠳ᠋ᠦᠩᠰᠢᠭᠤᠷ ᠬᠦᠮᠦᠨ ᠤ ᠡᠳᠦᠷ ᠳᠣᠲᠣᠮ ᠤᠨ ᠬᠠᠷᠢᠯᠴᠠᠭᠠᠨ ᠤ ᠪᠠᠭᠠᠵᠢ ᠪᠣᠯᠵᠦ ᠴᠢᠮᠡᠭᠡ ᠬᠤᠯᠪᠣᠭᠠᠨ ᠤ ᠴᠢᠬᠤᠯᠠ ᠵᠠᠭᠤᠴᠢᠯᠠᠭᠤᠷ ᠪᠣᠯᠣᠭᠰᠠᠨ ᠶᠣᠮ᠃ ᠵᠢᠷᠭᠢᠶ᠎ᠠ ᠲᠦᠭᠡᠮᠡᠯᠵᠢᠭᠰᠡᠨ ᠠᠴᠠ ᠬᠦᠮᠦᠰ ᠤᠨ ᠬᠠᠷᠢᠯᠴᠠᠭ᠎ᠠ ᠶᠢᠨ ᠠᠷᠭ᠎ᠠ ᠬᠡᠯᠪᠡᠷᠢ ᠰᠢᠨ᠎ᠡ ᠨᠢᠭᠡ ᠱᠠᠳᠣᠨ ᠳᠤ ᠬᠦᠷᠴᠦ᠂ ᠴᠢᠮᠡᠭᠡ ᠰᠣᠷᠠᠭ ᠢᠶᠠᠨ ᠣᠯᠣᠯᠴᠠᠬᠤ ᠳᠤ ᠲᠦᠢᠯ ᠤᠨ ᠲᠦᠭᠦᠮ ᠪᠣᠯᠣᠭᠰᠠᠨ ᠨᠢ ᠶᠠᠷᠢᠶᠠᠨ ᠦᠭᠡᠢ᠂ ᠭᠡᠪᠡᠴᠦ ᠨᠦᠭᠦᠭᠡ ᠲᠠᠯ᠎ᠠ ᠪᠠᠷ ᠵᠢᠷᠭᠢᠶ᠎ᠠ ᠪᠠᠷ ᠲᠠᠮᠵᠢᠨ ᠬᠤᠳᠠᠯ ᠬᠠᠭᠤᠷᠮᠠᠭ ᠮᠡᠳᠡᠭᠡ ᠴᠢᠮᠡᠭᠡ ᠲᠠᠮᠵᠢᠭᠤᠯᠬᠤ᠂ ᠪᠣᠰᠣᠳ ᠤᠨ ᠨᠡᠷ᠎ᠡ ᠲᠦᠷᠦ ᠶᠢ ᠭᠤᠳᠣᠭᠠᠬᠤ᠂ ᠭᠦᠳᠭᠡᠬᠦ᠂ ᠴᠢᠨᠠᠭᠰᠢᠯᠠᠨ ᠬᠠᠥᠯᠢ ᠪᠣᠰᠣ ᠵᠦᠢᠯ ᠢ ᠦᠢᠯᠡᠳᠬᠦ ᠶᠠᠪᠣᠳᠠᠯ ᠴᠦ ᠲᠠᠰᠣᠷᠠᠯᠳᠠ ᠦᠭᠡᠢ ᠡᠭᠦᠰᠬᠦ ᠪᠣᠯᠵᠠᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号