ᠮᠠᠯᠴᠢᠳ ᠤᠨ ︽ᠰᠢᠨ᠎ᠡ ᠤᠨ ᠤ ᠰᠢᠨᠡᠬᠡᠨ ᠮᠡᠳᠡᠭᠡ︾ ᠤᠡᠭᠰᠢᠨ ᠮᠡᠳᠡᠬᠡᠯᠡᠬᠦ ᠵᠢᠷᠬᠢᠶ᠎ᠠ ᠤᠷᠤᠯᠳᠤᠭᠠᠨ ᠶᠠᠪᠤᠭᠳᠠᠪᠠ
ᠨᠡᠶᠢᠲᠡᠯᠡᠭᠰᠡᠨ ᠴᠠᠭ᠄
2018/1/11
   1 ᠰᠠᠷ᠎ᠠ ᠶᠢᠨ 11 ᠤ ᠡᠳᠦᠷ᠂ ᠰᠢᠨ᠎ᠡ ᠪᠠᠷᠭᠤ ᠵᠡᠬᠦᠨ ᠬᠤᠰᠢᠭᠤᠨ ᠤ ᠠᠮᠤᠭᠤᠯᠠᠩ ᠪᠠᠯᠭᠠᠰᠤᠨ ᠳᠤ ᠠᠩᠬᠠᠳᠤᠭᠠᠷ ᠤᠳᠠᠭᠠᠨ ᠤ ︽ᠰᠢᠨ᠎ᠡ ᠤᠨ ᠤ ᠰᠢᠨᠡᠬᠡᠨ ᠮᠡᠳᠡᠭᠡ︾ ᠤᠡᠭᠰᠢᠨ ᠮᠡᠳᠡᠬᠡᠯᠡᠬᠦ ᠵᠢᠷᠬᠢᠶ᠎ᠠ ᠤᠷᠤᠯᠳᠤᠭᠠᠨ ᠪᠤᠯᠵᠤ ᠦᠡᠭᠭᠡᠷᠡᠪᠡ᠃ ᠡᠨᠡ ᠤᠳᠠᠭᠠᠨ ᠤ ᠤᠷᠤᠯᠳᠤᠭᠠᠨ ᠢ ᠰᠢᠨ᠎ᠡ ᠪᠠᠷᠭᠤ ᠵᠡᠬᠦᠨ ᠬᠤᠰᠢᠭᠤᠨ ᠤ ︽ᠨᠠᠬᠢᠶ᠎ᠠ︾ ᠬᠡᠤᠬᠡᠳ ᠤᠨ ᠴᠡᠴᠡᠷᠯᠢᠭ ︵ᠴᠤᠯ ᠮᠤᠩᠭᠤᠯ ᠢᠶᠠᠷ ᠬᠢᠴᠢᠶᠡᠯᠯᠡᠳᠡᠭ︶ ᠢ ᠡᠷᠬᠢᠯᠡᠵᠦ ᠪᠠᠶᠢᠭ᠎ᠠ ᠤᠶᠤᠩᠭᠤᠸ᠎ᠠ ᠪᠠᠭᠰᠢ ᠠᠴᠠ ᠰᠡᠳᠦᠨ ᠤᠬᠠᠭᠠᠯᠠᠵᠤ᠂ ︽ᠮᠤᠩᠭᠤᠯ ᠬᠡᠷ ᠴᠢᠭᠤᠯᠭᠠᠨ︾ ᠤ ᠵᠢᠷᠭᠤᠳᠤᠭᠠᠷ ᠵᠢᠷᠬᠢᠶ᠎ᠠ ᠬᠤᠯᠪᠤᠭ᠎ᠠ ᠠᠴᠠ ᠡᠷᠬᠢᠯᠡᠨ ᠬᠢᠵᠡᠢ᠃ ᠳᠤᠰ ᠤᠳᠠᠭᠠᠨ ᠤ ᠤᠷᠤᠯᠳᠤᠭᠠᠨ ᠢ ᠦᠯᠢᠬᠡᠷ ᠰᠤᠨᠤᠰᠴᠦ᠂ ᠤᠨᠢᠰᠤᠭ᠎ᠠ ᠲᠠᠭᠠᠭᠠᠯᠴᠠᠨ᠂ ᠰᠤᠨᠢᠨ ᠬᠦᠯᠢᠶᠡᠵᠦ ᠰᠢᠤᠳᠠᠨ ᠪᠠᠷᠠᠭᠠᠯᠠᠵᠤ ᠶᠠᠪᠤᠭᠰᠠᠨ ᠡᠷᠡᠨ ᠠᠴᠠ ᠬᠤᠯᠠᠳᠠᠵᠤ᠂ ᠮᠤᠩᠭᠤᠯ ᠰᠤᠨᠢᠨ ᠰᠡᠳᠬᠦᠯ ᠤᠩᠰᠢᠬᠤ ᠬᠦᠮᠦᠰ ᠴᠦᠬᠡᠷᠡᠵᠦ ᠪᠠᠶᠢᠭ᠎ᠠ ᠤᠳᠤᠬᠢ ᠨᠡᠶᠢᠬᠡᠮ ᠤᠨ ᠪᠠᠶᠢᠳᠠᠯ ᠳᠤ ᠵᠤᠬᠢᠴᠠᠭᠤᠯᠵᠤ᠂ ᠮᠠᠯᠴᠢᠳ ᠤᠨ ᠰᠤᠶᠤᠯ ᠤᠨ ᠠᠮᠢᠳᠤᠷᠠᠯ ᠢ ᠪᠠᠶᠠᠯᠢᠭᠵᠢᠭᠤᠯᠤᠨ᠂ ᠴᠠᠭ ᠦᠶ᠎ᠡ ᠶᠢᠨ ᠬᠦᠭ ᠠᠶᠢᠵᠠᠮ ᠲᠠᠢ ᠨᠡᠶᠢᠴᠡᠬᠦᠯᠬᠦ ᠡᠬᠦᠳᠡᠨ ᠠᠴᠠ ᠡᠷᠬᠢᠯᠡᠨ ᠶᠠᠪᠤᠭᠳᠠᠭᠤᠯᠵᠠᠢ᠃ ᠤᠷᠤᠯᠳᠤᠭᠠᠨ ᠳᠤ ᠰᠢᠨ᠎ᠡ ᠪᠠᠷᠭᠤ ᠵᠡᠬᠦᠨ ᠬᠤᠰᠢᠭᠤᠨ ᠤ ᠡᠯ᠎ᠡ ᠰᠤᠮᠤ ᠭᠠᠴᠠᠭᠠᠨ ᠤ ᠮᠠᠯᠴᠢᠳ ᠵᠢᠷᠬᠢᠶ᠎ᠡ ᠪᠠᠷ ᠢᠳᠡᠪᠬᠢᠯᠡᠨ ᠤᠷᠤᠯᠴᠠᠵᠠᠢ᠃ ᠤᠷᠤᠯᠳᠤᠭᠠᠨ ᠤ ᠳ᠋ᠦᠩ ᠳᠤ ᠦᠪᠦᠷᠪᠤᠯᠠᠭ ᠰᠤᠮᠤᠨ ᠤ ᠬᠦᠬᠡᠨᠡᠭᠤᠷ ᠭᠠᠴᠠᠭᠠᠨ ᠤ ᠰᠢᠨᠵᠢᠯᠡ ︽ᠮᠠᠯᠴᠢᠨ ᠨᠠᠷᠠᠨᠳᠤᠶᠠᠭ᠎ᠠ ᠬᠤᠶᠠᠳᠤᠭᠠᠷ ᠤᠳᠠᠭᠠᠨ ᠤ ᠰᠢᠨ᠎ᠡ ᠤᠨ ᠢᠶᠠᠨ ᠤᠭᠳᠤᠬᠤ ᠮᠠᠯᠴᠢᠳ ᠤᠨ ᠪᠠᠶᠢᠭᠠᠯᠢᠯᠢᠭ ᠢᠳᠡᠭᠡᠨ ᠤ ᠪᠤᠯᠪᠠᠰᠤᠷᠠᠯ ᠤᠨ ᠠᠩᠬᠢ ᠡᠷᠬᠢᠯᠡᠯ᠎ᠡ︾ ᠬᠡᠬᠦ ᠰᠤᠨᠢᠨ ᠮᠡᠳᠡᠬᠡᠯᠡᠯ ᠢᠶᠠᠷ ᠢᠶᠠᠨ ᠳᠡᠷᠢᠬᠦᠨ ᠪᠠᠶᠢᠷᠢᠨ ᠳᠤ ᠳᠤᠳᠤᠷᠠᠵᠤ᠂ ᠰᠢᠨᠡᠪᠤᠯᠠᠭ ᠰᠤᠮᠤᠨ ᠤ ᠬᠦᠨᠨᠠᠭᠤᠷ ᠭᠠᠴᠠᠭᠠᠨ ᠤ ᠬᠠᠰᠳᠤᠶᠠᠭ᠎ᠠ ︽ᠰᠢᠨ᠎ᠡ ᠤᠨ ᠢᠶᠠᠨ ᠤᠭᠳᠤᠬᠤ ︿ᠪᠦᠰᠡᠬᠦᠢ ᠵᠠᠶᠠᠭ᠎ᠠ﹀ ᠬᠡᠷᠡᠯ ᠵᠢᠷᠤᠭ ᠤᠨ ᠤᠷᠤᠯᠳᠤᠭᠠᠨ ᠢ ᠶᠠᠪᠤᠭᠳᠠᠭᠤᠯᠤᠯ᠎ᠠ︾ ᠬᠡᠬᠦ ᠮᠡᠳᠡᠬᠡᠯᠡᠯ᠂ ᠭᠠᠨᠵᠤᠤᠷ ᠰᠤᠮᠤᠨ ᠤ ᠪᠠᠶ᠋ᠬᠠᠦ᠋ᠨᠳᠦᠷ ᠭᠠᠴᠠᠭᠠᠨ ᠤ ᠳ᠋ᠠᠷᠢ ︽ᠪᠠᠷᠭᠤ ᠵᠠᠯᠠᠭᠤ ᠬᠠᠳᠠᠨᠪᠠᠭᠠᠳᠤᠷ ᠲᠤᠮᠳᠠᠳᠤ ᠮᠠᠶ᠋ᠢᠭ ᠤᠨ ᠪᠦᠬᠡ ᠶᠢᠨ ᠪᠠᠷᠢᠯᠳᠤᠭᠠᠨ ᠳᠤ ᠲᠡᠯᠡᠬᠡᠢ ᠶᠢᠨ ᠮᠠᠩᠯᠠᠢ ᠪᠤᠯᠤᠯ᠎ᠠ︾ ᠬᠡᠬᠦ ᠮᠡᠳᠡᠬᠡᠯᠡᠯ ᠢᠶᠠᠷ ᠢᠶᠠᠨ ᠳᠡᠳ᠋ ᠪᠠᠶᠢᠷᠢᠨ ᠳᠤ ᠳᠤᠳᠤᠷᠠᠪᠠ᠃ ᠭᠤᠳᠠᠭᠠᠷ ᠪᠠᠶᠢᠷᠢᠨ ᠳᠤ ᠰᠤᠶᠤᠯᠴᠡᠴᠡᠭ᠂ ᠰᠢᠷᠠᠨᠤᠳ ᠲᠠᠯᠠᠢ᠂ ᠰᠢᠷᠠᠨᠤᠳ ᠪᠤᠷᠤᠴᠢᠯᠠᠭᠤ ᠨᠠᠷ ᠲᠠᠷᠠᠭᠠᠯᠠᠨ ᠲᠤᠳᠤᠷᠠᠯ᠎ᠠ᠃ ᠡᠨᠡ ᠤᠳᠠᠭᠠᠨ ᠤ ᠵᠢᠷᠬᠢᠶ᠎ᠠ ᠤᠷᠤᠯᠳᠤᠭᠠᠨ ᠢᠶᠠᠷ ᠳᠠᠮᠵᠢᠨ ᠮᠠᠯᠴᠢᠨ ᠲᠦᠮᠡᠨ ᠰᠤᠨᠢᠨ ᠮᠡᠳᠡᠭᠡ ᠶᠢ ᠤᠯᠠᠮ ᠬᠦᠨᠳᠦᠳᠭᠡᠨ ᠤᠩᠰᠢᠵᠤ᠂ ᠠᠩᠬᠠᠷᠤᠨ ᠬᠠᠯᠠᠮᠵᠢᠯᠠᠬᠤ ᠪᠤᠯᠤᠭᠰᠠᠨ ᠮᠦᠷᠳᠡᠬᠡᠨ ᠰᠤᠨᠢᠨ ᠮᠡᠳᠡᠭᠡᠨ ᠤ ᠠᠵᠢᠯᠳᠠᠨ ᠤ ᠠᠵᠢᠯ ᠤᠨ ᠬᠦᠨᠳᠦᠴᠡ ᠶᠢ ᠵᠦᠪ ᠤᠶᠢᠯᠠᠭᠠᠨ ᠲᠠᠨᠢᠵᠤ᠂ ᠰᠤᠨᠢᠨ ᠮᠡᠳᠡᠭᠡ ᠬᠡᠳᠡᠭ ᠨᠢ ᠤᠷᠠᠨ ᠤᠩᠰᠢᠯᠭ᠎ᠠ ᠲᠠᠢ ᠠᠳᠠᠯᠢ ᠦᠬᠡᠢ᠂ ᠵᠤᠬᠢᠶᠠᠯ ᠤᠨ ᠬᠡᠯᠪᠡᠷᠢ ᠪᠦᠳᠦᠴᠡ ᠶᠢᠨ ᠲᠠᠯ᠎ᠠ ᠪᠠᠷ ᠦᠪᠡᠷᠮᠢᠴᠡ ᠤᠡᠴᠠᠯᠢᠭ ᠲᠠᠢ ᠪᠥᠭᠡᠳ ᠴᠠᠭ ᠬᠤᠭᠤᠴᠠᠭᠠᠳᠤ ᠴᠢᠨᠠᠷ᠂ ᠦᠨᠡᠨ ᠪᠤᠳᠠᠳᠠᠢ ᠴᠢᠨᠡᠷ ᠢᠶᠠᠷ ᠢᠯᠡ ᠲᠤᠳᠤ ᠪᠠᠶᠢᠳᠠᠭ ᠭᠡᠳᠡᠭ ᠲᠤ ᠤᠯᠠᠮ ᠨᠢᠭᠡ ᠠᠯᠬᠤᠮ ᠤᠨ ᠤᠢᠢᠯᠠᠭᠠᠯᠳᠠ ᠲᠠᠢ ᠪᠤᠯᠪᠡ᠃ ᠡᠬᠦᠨ ᠤ ᠳᠠᠭᠠᠤ ᠮᠤᠩᠭᠤᠯ ᠬᠡᠯᠡ ᠬᠡᠯᠡᠯᠬᠡ ᠤᠨ ᠤᠷᠤᠰᠤᠮ᠎ᠠ ᠰᠠᠶᠢᠬᠠᠨ᠂ ᠤᠩᠰᠢᠯᠭ᠎ᠠ ᠶᠢᠨ ᠤᠷᠠᠨ ᠳᠤᠳᠤ ᠪᠡ ᠶᠠᠷᠢᠵᠤ ᠢᠯᠡᠳᠬᠡᠬᠦ ᠤᠷ᠎ᠠ ᠮᠡᠷᠬᠡᠵᠢᠯ ᠢ ᠰᠤᠷᠴᠤ ᠤᠯᠠᠮᠵᠢᠯᠠᠬᠤ ᠵᠤᠷᠢᠯᠳᠠ ᠶᠢ ᠬᠦᠭᠵᠢᠬᠡᠵᠦ ᠴᠢᠳᠠᠭᠰᠠᠨ ᠪᠠᠶᠢᠨ᠎ᠠ᠃
 
ᠢᠷᠡᠯᠲᠡ᠄ ᠬᠦᠯᠤᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号