2018 ᠤᠨ ᠤ ᠵᠠᠰᠠᠭ ᠤᠨ ᠤᠷᠳᠤᠨ ᠤ ᠠᠵᠢᠯ ᠤᠨ ᠢᠯᠡᠤᠡᠬᠡᠯ ︵ᠬᠤᠶᠠᠷ︶
ᠨᠡᠶᠢᠲᠡᠯᠡᠭᠰᠡᠨ ᠴᠠᠭ᠄
2018/12/26
     ᠬᠤᠶᠠᠷ᠂ 2018 ᠤᠨ ᠤ ᠭᠤᠤᠯᠳᠠᠯᠭ᠎ᠠ ᠲᠠᠢ ᠠᠵᠢᠯ      ᠲᠦᠯᠤᠬᠡᠯᠡᠭᠴᠢᠤᠨ ᠡ᠂ 2018 ᠤᠨ ᠪᠤᠯ ᠨᠠᠮ ᠤᠨ ᠠᠷᠪᠠᠨ ᠶᠢᠰᠤᠳᠤᠬᠡᠷ ᠶᠡᠭᠡ ᠬᠤᠷᠠᠯ ᠤᠨ ᠵᠤᠷᠢᠭ ᠰᠠᠨᠠᠭ᠎ᠠ ᠶᠢ ᠪᠦᠬᠦ ᠲᠠᠯ᠎ᠠ ᠪᠠᠷ ᠲᠤᠤᠱᠯᠠᠭᠤᠯᠤᠨ ᠨᠠᠶᠢᠳᠠᠪᠤᠷᠢᠵᠢᠭᠤᠯᠬᠤ ᠡᠬᠢᠯᠡᠯᠳᠡ ᠶᠢᠨ ᠵᠢᠯ ᠪᠤᠯᠬᠤ ᠪᠦᠬᠡᠤᠨ ᠮᠦᠨᠴᠤ ︽ᠠᠷᠪᠠᠨ ᠭᠤᠷᠪᠠᠳᠤᠭᠠᠷ ᠲᠠᠪᠤᠨ ᠵᠢᠯ︾᠎ ᠤᠨ ᠲᠦᠯᠤᠪᠵᠢᠬᠦᠯᠬᠡ ᠶᠢ ᠬᠡᠷᠡᠭᠵᠢᠬᠦᠯᠬᠦ ᠤᠷᠢᠳᠠᠬᠢ ᠎ ᠶᠢ ᠵᠠᠯᠭᠠᠮᠵᠢᠯᠠᠨ ᠬᠤᠶᠢᠳᠤᠬᠢ ᠳᠤ ᠵᠠᠮ ᠨᠡᠬᠡᠬᠡᠬᠦ ᠵᠠᠩᠬᠢᠯᠠᠭ᠎ᠠ ᠶᠢᠨ ᠨᠢᠬᠡ ᠵᠢᠯ ᠪᠤᠯᠤᠨ᠎ᠠ᠂ ᠪᠢᠳᠡ ᠤᠳᠠᠯ ᠦᠬᠡᠢ ᠦᠬᠡᠷᠡᠴᠢᠯᠡᠯᠳᠡ ᠨᠡᠬᠡᠬᠡᠯᠳᠡ ᠬᠢᠭᠰᠡᠨ 40 ᠵᠢᠯ ᠤᠨ ᠤᠢ ᠶᠢ ᠤᠭᠳᠤᠬᠤ ᠪᠤᠯᠤᠨ᠎ᠠ᠂ ᠡᠯ᠎ᠡ ᠲᠦᠷᠤᠯ ᠤᠨ ᠠᠵᠢᠯ ᠢᠶᠠᠨ ᠰᠠᠶᠢᠳᠤᠷ ᠬᠢᠬᠦ ᠳᠤ ᠡᠬᠦᠷᠬᠡ ᠬᠦᠨᠳᠤ ᠪᠦᠬᠡᠤᠨ ᠠᠯᠤᠰ ᠬᠡᠳᠤ ᠶᠢᠨ ᠠᠴᠢ ᠬᠤᠯᠪᠤᠭᠳᠠᠯ ᠲᠠᠢ ᠶᠤᠮ᠃ ᠪᠢᠳᠡ ᠶᠡᠭᠡ ᠢ ᠡᠵᠡᠮᠳᠡᠬᠦ ᠶᠠᠪᠤᠴᠠ ᠳᠤ ᠠᠰᠢᠭ ᠢ ᠠᠩᠬᠠᠷᠤᠨ ᠬᠤᠤᠷ ᠠᠴᠠ ᠵᠠᠶᠢᠯᠠᠰᠬᠢᠵᠤ᠂ ᠵᠦᠪ ᠤᠨᠤᠪᠴᠢᠳᠠᠢ ᠵᠠᠳᠠᠯᠤᠯᠳᠠ ᠬᠢᠬᠦ ᠶᠠᠪᠤᠴᠠ ᠳᠤ ᠰᠢᠨ᠎ᠡ ᠶᠢ ᠡᠬᠦᠤᠡᠴᠤ᠂ ᠬᠦᠴᠢᠷ ᠪᠡᠷᠬᠡ ᠶᠢ ᠢᠯᠠᠬᠤ ᠶᠠᠪᠤᠴᠠ ᠳᠤ ᠠᠵᠠ ᠲᠤᠬᠢᠶᠠᠯ ᠢ ᠠᠤᠡᠬᠤᠨ᠂ ᠴᠤᠴᠠᠯᠳᠠ ᠦᠬᠡᠢ ᠴᠢᠷᠮᠠᠶᠢᠨ᠎ᠠ︕      2018 ᠤᠨ ᠤ ᠵᠠᠰᠠᠭ ᠤᠨ ᠤᠷᠳᠤᠨ ᠤ ᠠᠵᠢᠯ ᠤᠨ ᠶᠡᠷᠤᠩᠬᠡᠢ ᠱᠠᠭᠠᠷᠳᠠᠯᠭ᠎ᠠ ᠪᠤᠯ᠄ ᠨᠠᠮ ᠤᠨ ᠠᠷᠪᠠᠨ ᠶᠢᠰᠤᠳᠤᠬᠡᠷ ᠶᠡᠭᠡ ᠬᠤᠷᠠᠯ ᠤᠨ ᠵᠤᠷᠢᠭ ᠰᠠᠨᠠᠭ᠎ᠠ ᠎ ᠶᠢ ᠪᠦᠬᠦ ᠲᠠᠯ᠎ᠠ ᠪᠠᠷ ᠲᠤᠤᠱᠯᠠᠭᠤᠯᠵᠤ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠲᠤᠮᠳᠠᠳᠤ ᠤᠯᠤᠰ ᠤᠨ ᠤᠨᠴᠠᠯᠢᠭ ᠲᠠᠢ ᠨᠡᠶᠢᠬᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠤᠯᠭᠠᠵᠤ᠂ ᠰᠢᠨ᠎ᠡ ᠶᠢ ᠡᠭᠦᠳᠬᠦ᠂ ᠵᠤᠬᠢᠴᠠᠭᠤᠯᠬᠤ᠂ ᠪᠣᠬᠢᠷᠳᠣᠯ ᠦᠬᠡᠢ᠂ ᠨᠡᠬᠡᠬᠡᠯᠳᠡ ᠲᠠᠢ᠂ ᠬᠠᠮᠳᠣ ᠪᠠᠷ ᠡᠳ᠋ᠯᠡᠬᠦ ᠳᠠᠪᠣᠨ ᠶᠡᠭᠡ ᠬᠦᠭᠵᠢᠯᠳᠡ ᠶᠢᠨ ᠣᠶᠢᠯᠠᠭᠠᠭᠳᠠᠬᠤᠨ ᠢ ᠭᠤᠶᠢᠪᠢᠰᠢ ᠦᠬᠡᠢ ᠨᠠᠶᠢᠳᠠᠪᠤᠷᠢᠵᠢᠭᠤᠯᠵᠤ᠂ ︽ᠲᠠᠪᠤ ᠶᠢ ᠨᠢᠬᠡ ᠴᠤᠭᠴᠠᠵᠢᠭᠤᠯᠬᠤ︾ ᠶᠡᠷᠤᠩᠬᠡᠢ ᠪᠠᠶᠢᠷᠢᠰᠢᠯᠠᠭᠤᠯᠤᠯᠳᠠ ᠪᠠ ︽ᠲᠦᠷᠪᠡᠨ ᠪᠦᠬᠦ ᠲᠠᠯ᠎ᠠ︾᠎ ᠶᠢᠨ ᠪᠠᠶᠢᠯᠳᠤᠬᠤ ᠪᠤᠳᠤᠯᠭ᠎ᠠ ᠶᠢᠨ ᠪᠠᠶᠢᠷᠢᠰᠢᠯᠠᠭᠤᠯᠤᠯᠳᠠ ᠶᠢ ᠨᠢᠬᠡᠳᠤᠯᠳᠡᠢ ᠲᠦᠯᠤᠪᠵᠢᠬᠦᠯᠤᠨ ᠵᠤᠬᠢᠴᠠᠩᠭᠤᠢ ᠪᠠᠷ ᠲᠦᠯᠬᠢᠨ ᠠᠬᠢᠭᠤᠯᠵᠤ᠂ ᠦᠪᠡᠷᠳᠡᠬᠡᠨ ᠵᠠᠰᠠᠬᠤ ᠤᠷᠤᠨ᠂ ᠬᠤᠳᠠ᠂ ᠬᠤᠰᠢᠭᠤ ᠭᠤᠷᠪᠠᠨ ᠱᠠᠳᠤᠨ ᠤ ᠨᠠᠮ ᠤᠨ ᠲᠦᠯᠤᠬᠡᠯᠡᠭᠴᠢᠤᠨ ᠤᠨ ᠶᠡᠭᠡ ᠬᠤᠷᠠᠯ᠂ ᠪᠦᠬᠦ ᠬᠡᠰᠢᠬᠦᠤᠨ ᠤᠨ ᠦᠷᠬᠡᠤᠡᠬᠡᠭᠰᠡᠨ ᠬᠤᠷᠠᠯ᠂ ᠠᠵᠤ ᠠᠬᠤᠢ ᠶᠢᠨ ᠠᠵᠢᠯ ᠤᠨ ᠬᠤᠷᠠᠯ ᠪᠠ ᠲᠡᠭᠡᠳᠤ ᠱᠠᠳᠤᠨ ᠤ ︽ᠬᠤᠶᠠᠷ ᠬᠤᠷᠠᠯ︾᠎ ᠤᠨ ᠵᠤᠷᠢᠭ ᠰᠠᠨᠠᠭ᠎ᠠ ᠪᠠᠷ᠂ ᠲᠤᠭᠳᠠᠭᠤᠨ ᠤ ᠲᠤᠮᠳᠠ ᠤᠷᠤᠭᠰᠢᠯᠠᠨ ᠲᠠᠪᠰᠢᠬᠤ ᠠᠵᠢᠯ ᠤᠨ ᠶᠡᠷᠤᠩᠬᠡᠢ ᠬᠦᠭ ᠠᠶᠠᠰ ᠢ ᠪᠠᠷᠢᠮᠳᠠᠯᠠᠨ᠂ ︽ᠭᠤᠷᠪᠠᠨ ᠶᠡᠭᠡ ᠪᠠᠬᠢᠯᠡᠯᠳᠡ ᠰᠢᠪᠳᠤᠯᠬᠤ ᠲᠠᠶᠢᠯᠠᠯᠳᠤᠭᠠᠨ︾᠎ ᠢ ᠰᠠᠶᠢᠳᠤᠷ ᠬᠢᠵᠤ᠂ ᠬᠦᠭᠵᠢᠯᠳᠡ᠂ ᠠᠮᠢ ᠠᠬᠤᠢ᠂ ᠠᠷᠠᠤᠨ ᠤᠨ ᠠᠮᠢᠳᠤᠷᠠᠯ ᠭᠤᠷᠪᠠᠨ ᠵᠤᠷᠪᠤᠰ ᠬᠢᠵᠠᠭᠠᠷᠳᠤ ᠱᠤᠭᠤᠮ ᠢ ᠪᠠᠳᠤ ᠰᠠᠬᠢᠨ᠂ ︽ᠬᠤᠶᠠᠷ ᠣᠷᠣᠨ ᠭᠤᠷᠪᠠᠨ ᠰᠠᠭᠤᠷᠢᠨ ᠭᠠᠵᠠᠷ ᠨᠢᠭᠡ ᠭᠡᠷ ᠤᠷᠤᠨ︾ ᠎ ᠤ ᠬᠠᠷᠠᠯᠳᠠᠳᠤ ᠤᠷᠤᠨ ᠤ ᠲᠤᠭᠤᠷᠢᠨ ᠳᠤ᠂ ᠬᠡᠯᠪᠡᠷᠢ ᠶᠢ ᠬᠤᠪᠢᠷᠠᠭᠤᠯᠤᠨ ᠲᠡᠰ ᠲᠡᠪᠰᠢᠬᠦᠯᠬᠦ ᠪᠠᠷ ᠭᠤᠤᠯ ᠱᠤᠭᠤᠮ ᠪᠤᠯᠭᠠᠵᠤ᠂ ᠠᠮᠢ ᠠᠬᠤᠢ ᠶᠢᠨ ᠤᠷᠴᠢᠨ ᠲᠤᠭᠤᠷᠢᠨ ᠢ ᠬᠦᠴᠤᠯᠡᠨ ᠰᠠᠶᠢᠵᠢᠷᠠᠭᠤᠯᠵᠤ᠂ ᠠᠵᠤ ᠦᠢᠯᠡᠰ ᠤᠨ ᠪᠦᠳᠤᠴᠡ ᠶᠢ ᠰᠢᠯᠢᠳᠡᠭᠵᠢᠬᠦᠯᠵᠤ᠂ ᠠᠷᠠᠤᠨ ᠤᠨ ᠪᠤᠶᠠᠨ ᠬᠡᠰᠢᠭ ᠢ ᠨᠡᠮᠡᠭᠳᠡᠬᠦᠯᠬᠦ ᠶᠢ ᠪᠠᠳᠤᠯᠠᠵᠤ᠂ ᠭᠠᠳᠠᠭᠠᠳᠤ ᠨᠡᠬᠡᠬᠡᠯᠳᠡ ᠶᠢ ᠦᠷᠬᠡᠤᠡᠬᠡᠵᠤ᠂ ᠨᠡᠶᠢᠬᠡᠮ ᠤᠨ ᠲᠤᠭᠳᠠᠭᠤᠨ ᠢ ᠪᠠᠳᠤᠯᠠᠵᠤ᠂ ᠤᠷᠤᠨ ᠪᠦᠰᠡ ᠶᠢᠨ ᠠᠵᠤ ᠠᠬᠤᠢ ᠨᠡᠶᠢᠬᠡᠮ ᠤᠨ ᠬᠦᠭᠵᠢᠯᠳᠡ ᠶᠢᠨ ᠰᠢᠨ᠎ᠡ ᠠᠮᠢᠵᠢᠷᠠᠯ ᠤᠨ ᠬᠦᠴᠤᠨ ᠢ ᠲᠠᠰᠤᠷᠠᠯᠳᠠ ᠦᠬᠡᠢ ᠬᠦᠭᠵᠢᠬᠡᠨ᠂ ᠬᠤᠰᠢᠭᠤᠨ ᠤ ᠬᠡᠪᠴᠢᠶᠡᠨ ᠤ ᠠᠵᠤ ᠠᠬᠤᠢ ᠦᠨᠳᠤᠷ ᠴᠢᠨᠠᠷ ᠴᠢᠨᠰᠠᠭ᠎ᠠ ᠲᠠᠢ ᠬᠦᠭᠵᠢᠬᠦ ᠶᠢ ᠪᠡᠶᠡᠯᠡᠬᠦᠯᠵᠤ᠂ ᠴᠢᠨᠡᠬᠡᠯᠢᠭ ᠨᠡᠶᠢᠬᠡᠮ ᠢ ᠪᠦᠬᠦ ᠲᠠᠯ᠎ᠠ ᠪᠠᠷ ᠪᠡᠶᠡᠯᠡᠬᠦᠯᠬᠦ ᠠᠯᠬᠤᠴᠠ ᠶᠢ ᠲᠦᠷᠬᠡᠤᠡᠬᠡᠨ᠂ᠰᠢᠨ᠎ᠡ ᠪᠠᠷᠭᠤ ᠪᠠᠷᠠᠭᠤᠨ ᠬᠤᠰᠢᠭᠤᠨ ᠤ ᠤᠳᠤᠬᠢᠴᠢᠯᠠᠯᠳᠠ ᠶᠢᠨ ᠪᠦᠳᠤᠬᠡᠨ ᠪᠠᠶᠢᠭᠤᠯᠤᠯᠳᠠ ᠶᠢᠨ ᠰᠢᠨ᠎ᠡ ᠪᠠᠶᠢᠳᠠᠯ ᠢ ᠴᠢᠷᠮᠠᠶᠢᠨ ᠡᠬᠦᠳᠤᠨ᠎ᠡ᠃      2018 ᠤᠨ᠂ ᠪᠦᠬᠦ ᠬᠤᠰᠢᠭᠤᠨ ᠤ ᠠᠵᠤ ᠠᠬᠤᠢ ᠨᠡᠶᠢᠬᠡᠮ ᠤᠨ ᠬᠦᠭᠵᠢᠯᠳᠡ ᠶᠢᠨ ᠵᠢᠱᠢᠭᠰᠡᠨ ᠬᠠᠷᠠᠯᠳᠠ ᠪᠤᠯ᠄ ᠠᠳᠠᠯᠢᠤᠡᠬᠠᠵᠤ ᠪᠤᠯᠬᠤ ᠬᠡᠮᠵᠢᠶ᠎ᠡ ᠪᠠᠷ ᠪᠤᠳᠤᠪᠠᠯ᠂ ᠤᠷᠤᠨ ᠨᠤᠳᠤᠭ ᠤᠨ ᠦᠢᠯᠡᠤᠡᠪᠦᠷᠢᠯᠡᠯ ᠤᠨ ᠶᠡᠷᠤᠩᠬᠡᠢ ᠦᠷᠳᠡᠭ ᠢ 6% ᠤᠷᠴᠢᠮ ᠨᠡᠮᠡᠭᠳᠡᠬᠦᠯᠤᠨ᠂ ᠨᠡᠶᠢᠬᠡᠮ ᠤᠨ ᠬᠡᠷᠡᠭᠯᠡᠬᠡᠨ ᠤ ᠲᠠᠸᠠᠷ ᠢ ᠵᠢᠵᠢᠭᠯᠡᠨ ᠪᠤᠷᠤᠯᠠᠭᠤᠯᠤᠭᠰᠠᠨ ᠶᠡᠷᠤᠩᠬᠡᠢ ᠲᠤᠭ᠎ᠠ ᠶᠢ 8% ᠤᠷᠴᠢᠮ ᠨᠡᠮᠡᠭᠳᠡᠬᠦᠯᠤᠨ᠎ᠡ︔ ᠬᠤᠳᠠ ᠪᠠᠯᠭᠠᠰᠤ ᠮᠠᠯᠵᠢᠬᠤ ᠤᠷᠤᠨ ᠳᠤ ᠪᠠᠶᠢᠩᠭᠤ ᠰᠠᠭᠤᠭ᠎ᠠ ᠰᠠᠭᠤᠭᠠᠯᠢ ᠠᠷᠠᠤᠨ ᠎ ᠤᠨ ᠬᠦᠮᠤᠨ ᠲᠤᠮᠳᠠᠴᠢ ᠶᠢᠨ ᠡᠵᠡᠮᠳᠡᠵᠤ ᠪᠤᠯᠬᠤ ᠤᠷᠤᠯᠭ᠎ᠠ ᠶᠢ ᠲᠤᠰᠪᠤᠷᠢ ᠢ 8% ᠤᠷᠴᠢᠮ ᠨᠡᠮᠡᠭᠳᠡᠬᠦᠯᠤᠨ᠎ᠡ︔ ᠡᠨᠧᠷᠬᠢ ᠶᠢ ᠠᠷᠪᠢᠯᠠᠨ ᠪᠤᠬᠢᠷᠳᠤᠯ ᠢ ᠭᠠᠳᠠᠭᠰᠢᠯᠠᠭᠤᠯᠬᠤ ᠬᠠᠷᠠᠯᠳᠠᠳᠤ ᠡᠬᠦᠷᠬᠡ ᠶᠢ ᠪᠦᠬᠦ ᠲᠠᠯ᠎ᠠ ᠪᠠᠷ ᠪᠡᠶᠡᠯᠡᠬᠦᠯᠤᠨ᠎ᠡ︔ ᠬᠠᠩᠭᠠᠯᠭ᠎ᠠ ᠶᠢᠨ  ᠪᠦᠳᠤᠴᠡ ᠶᠢᠨ ᠴᠢᠨᠠᠷᠳᠠᠢ ᠦᠬᠡᠷᠡᠴᠢᠯᠡᠯᠳᠡ ᠳᠤ ᠪᠤᠳᠠᠳᠤ ᠠᠮᠵᠢᠯᠳᠠ ᠤᠯᠤᠨ᠎ᠠ︔ ᠮᠦᠩᠬᠦᠨ ᠬᠦᠢᠯᠬᠡᠬᠡᠨ ᠤ ᠡᠳ᠋ ᠤᠨ ᠵᠠᠰᠠᠭ ᠤᠨ ᠠᠶᠤᠯ ᠲᠦᠭᠰᠢᠬᠦᠷᠢ ᠶᠢ ᠡᠮᠬᠢ ᠴᠡᠭᠴᠡ ᠲᠠᠢ᠂ ᠪᠦᠳᠤᠮᠵᠢᠳᠡᠢ ᠰᠡᠷᠬᠡᠶᠢᠯᠡᠨ ᠡᠵᠡᠮᠳᠡᠵᠤ᠂ ᠵᠠᠰᠠᠭ ᠤᠨ ᠤᠷᠳᠤᠨ ᠤ ᠴᠢᠨᠠᠷᠳᠠᠢ ᠦᠷᠢ ᠦᠭᠴᠡᠭᠡ ᠶᠢ ᠨᠠᠮᠳᠠᠭᠤᠯᠤᠨ ᠰᠢᠢᠤᠡᠪᠦᠷᠢᠯᠡᠬᠦ ᠤᠨ ᠤ ᠡᠬᠦᠷᠬᠡ ᠶᠢ ᠪᠡᠶᠡᠯᠡᠬᠦᠯᠤᠨ᠎ᠡ᠃      ᠠᠮᠢ ᠠᠬᠤᠢ ᠶᠢᠨ ᠤᠷᠴᠢᠨ ᠲᠤᠭᠤᠷᠢᠨ ᠤ ᠭᠤᠤᠯ ᠵᠢᠱᠢᠭᠰᠡᠨ ᠬᠠᠷᠠᠯᠳᠠ ᠪᠤᠯ᠄ ᠲᠠᠯ᠎ᠠ ᠨᠤᠲᠤᠭ ᠤᠨ ᠤᠷᠭᠤᠮᠠᠯ ᠤᠨ ᠬᠤᠴᠢᠯᠭ᠎ᠠ ᠶᠢᠨ ᠶᠡᠷᠦᠩᠬᠡᠢ ᠪᠦᠷᠬᠦᠴᠡ ᠶᠢ 40%  ᠎ ᠳᠤ ᠲᠣᠭᠲᠠᠪᠤᠷᠢᠵᠢᠭᠤᠯᠤᠨ᠎ᠠ︔ ᠴᠢᠬᠤᠯᠠ ᠭᠤᠣᠯ ᠮᠦᠷᠡᠨ ᠨᠠᠭᠤᠷ ᠪᠦᠷᠢᠳᠦ ᠶᠢᠨ ᠴᠢᠳᠠᠮᠵᠢᠲᠤ ᠣᠷᠣᠨ ᠤ ᠤᠰᠤᠨ ᠤ ᠴᠢᠨᠠᠷ ᠤᠨ ᠪᠠᠷᠢᠮᠵᠢᠶ᠎ᠠ ᠳᠤ ᠬᠦᠷᠬᠦ ᠨᠤᠷᠮ᠎ᠠ ᠶᠢ 40%᠎ ᠳᠤ ᠬᠦᠷᠭᠡᠨ᠎ᠡ︔ ᠪᠤᠵᠠᠷ ᠤᠰᠤ ᠶᠢ ᠲᠦᠪᠯᠡᠷᠡᠭᠦᠯᠦᠨ ᠰᠢᠢᠳᠪᠦᠷᠢᠯᠡᠬᠦ ᠨᠤᠷᠮ᠎ᠠ ᠶᠢ ᠲᠡᠭᠡᠳᠤ ᠱᠠᠳᠤᠨ ᠤ ᠬᠦᠢᠴᠡᠤᠡᠬᠡᠬᠦ ᠲᠤᠭ᠎ᠠ ᠶᠢᠨ ᠵᠢᠭᠠᠯᠳᠠ ᠡᠬᠦᠷᠬᠡ ᠶᠢ ᠪᠡᠶᠡᠯᠡᠬᠦᠯᠤᠨ᠎ᠡ︔ ᠰᠡᠷᠬᠡᠶᠢᠯᠡᠨ ᠵᠠᠰᠠᠵᠤ ᠪᠣᠯᠬᠤ ᠡᠯᠡᠰᠦᠷᠬᠡᠭ ᠭᠠᠵᠠᠷ ᠤᠨ ᠬᠦᠷᠤᠰᠤ ᠰᠢᠷᠣᠢ ᠶᠢᠨ ᠰᠡᠷᠬᠡᠶᠢᠯᠡᠨ ᠵᠠᠰᠠᠬᠤ ᠨᠤᠷᠮ᠎ᠠ ᠎ ᠶᠢ ᠲᠡᠭᠡᠳᠤ ᠱᠠᠳᠤᠨ ᠤ ᠬᠦᠢᠴᠡᠤᠡᠬᠡᠯ ᠲᠤᠭ᠎ᠠ ᠶᠢᠨ ᠡᠬᠦᠷᠬᠡ ᠶᠢ ᠪᠡᠶᠡᠯᠡᠬᠦᠯᠤᠨ᠎ᠡ︔ ᠬᠤᠲᠠ ᠪᠠᠯᠭᠠᠰᠤ ᠶᠢᠨ ᠠᠭᠠᠷ ᠤᠨ ᠴᠡᠪᠡᠷᠴᠡ ᠰᠢᠯᠢᠳᠡᠭ ᠰᠠᠶᠢᠨ ᠡᠳᠦᠷ ᠤᠨ ᠬᠠᠷᠢᠴᠠᠯ ᠢ 98 %᠎ ᠠᠴᠠ ᠲᠡᠭᠡᠭᠰᠢ ᠳᠤ ᠬᠦᠷᠬᠡᠨ᠎ᠡ᠃      ᠳᠡᠭᠡᠷᠡᠬᠢ ᠬᠠᠷᠠᠯᠲᠠ ᠶᠢ ᠪᠡᠶᠡᠯᠡᠭᠦᠯᠬᠦ ᠶᠢᠨ ᠲᠦᠯᠦᠭᠡ᠂ ᠪᠢᠳᠡ ᠲᠤᠤᠷᠠᠬᠢ ᠬᠡᠳᠤᠨ ᠲᠠᠯ᠎ᠠ ᠶᠢᠨ ᠠᠵᠢᠯ ᠢ ᠭᠤᠤᠯᠳᠠᠯᠭ᠎ᠠ ᠲᠠᠢ ᠰᠠᠶᠢᠳᠤᠷ ᠠᠤᠡᠬᠤᠨ᠎ᠠ᠄      ︵ᠨᠢᠬᠡ︶ ᠲᠤᠪᠤᠶᠢᠮ᠎ᠠ ᠠᠰᠠᠭᠤᠳᠠᠯ ᠢᠶᠠᠷ ᠤᠳᠤᠷᠢᠳᠤᠮᠵᠢ ᠪᠤᠯᠭᠠᠬᠤ ᠶᠢ ᠪᠠᠷᠢᠮᠳᠠᠯᠠᠨ᠂ ᠭᠤᠷᠪᠠᠨ ᠶᠡᠭᠡ ᠪᠠᠬᠢᠯᠠᠯᠳᠠ ᠰᠢᠪᠳᠤᠯᠬᠤ ᠲᠠᠶᠢᠯᠠᠯᠳᠤᠭᠠᠨ ᠢ ᠰᠠᠶᠢᠳᠤᠷ ᠬᠢᠨ᠎ᠡ᠃ᠬᠠᠷᠢᠭᠤᠴᠠᠯᠭᠠᠳᠤ ᠣᠬᠠᠮᠰᠠᠷ᠂ ᠲᠦᠭᠰᠢᠭᠦᠷᠢᠲᠦ ᠤᠬᠠᠮᠰᠠᠷ ᠢᠶᠠᠨ ᠬᠦᠴᠤᠯᠡᠨ ᠴᠢᠩᠭᠠᠤᠬᠠᠡᠵᠥ᠂ ᠬᠦᠨᠳᠤ ᠶᠡᠭᠡ ᠠᠶᠤᠯ ᠲᠦᠭᠰᠢᠬᠦᠷᠢ ᠶᠢ ᠰᠡᠷᠬᠡᠶᠢᠯᠡᠨ ᠨᠠᠮᠳᠠᠭᠤᠯᠬᠤ᠂ ᠨᠠᠷᠢᠯᠢᠭ ᠤᠨᠤᠪᠴᠢᠳᠠᠢ ᠶᠠᠳᠠᠭᠤ ᠠᠴᠠ ᠠᠩᠬᠢᠵᠢᠷᠠᠭᠤᠯᠬᠤ᠂ ᠪᠤᠬᠢᠷᠳᠤᠯ ᠢ ᠰᠡᠷᠬᠡᠶᠢᠯᠡᠨ ᠵᠠᠰᠠᠬᠤ ︽ᠭᠤᠷᠪᠠᠨ ᠶᠡᠭᠡ ᠪᠠᠬᠢᠯᠡᠯᠳᠡ ᠰᠢᠪᠳᠤᠯᠬᠤ ᠲᠠᠶᠢᠯᠠᠯᠳᠤᠭᠠᠨ︾᠎ ᠢ ᠪᠦᠬᠦ ᠬᠦᠴᠤᠨ ᠢᠶᠠᠷ ᠢᠶᠠᠨ ᠰᠠᠶᠢᠳᠤᠷ ᠬᠢᠵᠤ᠂ ᠴᠢᠨᠡᠬᠡᠯᠢᠭ ᠨᠡᠶᠢᠬᠡᠮ ᠢ ᠪᠦᠬᠦ ᠲᠠᠯ᠎ᠠ ᠪᠠᠷ ᠪᠡᠶᠡᠯᠡᠬᠦᠯᠬᠦ ᠰᠢᠢᠤᠡᠪᠦᠷᠢᠳᠤ ᠢᠯᠠᠯᠳᠠ ᠶᠢ ᠲᠡᠮᠡᠴᠡᠨ ᠤᠯᠬᠤ ᠳᠤ ᠪᠠᠳᠤ ᠪᠠᠬᠢ ᠰᠠᠭᠤᠷᠢ ᠲᠠᠯᠪᠢᠨ᠎ᠠ᠃ ᠬᠥᠡᠳᠥ ᠶᠡᠭᠡ ᠠᠶᠤᠯ ᠲᠥᠭᠰᠢᠭᠦᠷᠢ ᠶᠢ ᠰᠡᠷᠭᠡᠶᠢᠯᠡᠨ ᠠᠷᠢᠯᠭᠠᠬᠤ ᠪᠠᠬᠢᠯᠠᠯᠳᠠ ᠰᠢᠪᠳᠤᠯᠬᠤ ᠲᠠᠶᠢᠯᠠᠯᠳᠤᠭᠠᠨ ᠢ ᠰᠠᠶᠢᠳᠤᠷ ᠬᠢᠨ᠎ᠡ᠃ ᠮᠥᠩᠬᠦᠨ ᠬᠥᠢᠯᠭᠡᠭᠡ᠂ ᠦᠷᠢ ᠦᠭᠴᠡᠭᠡ᠂ ᠲᠤᠡᠡᠳᠠᠭᠤᠨ ᠵᠡᠷᠭᠡ ᠡᠯ᠎ᠠ ᠲᠥᠷᠤᠯ ᠤᠨ ᠠᠶᠤᠯ ᠲᠥᠭᠰᠢᠭᠦᠷᠢ ᠶᠢ ᠨᠠᠮᠳᠠᠭᠤᠯᠬᠤ ᠦᠨᠡᠯᠡᠨ ᠵᠢᠱᠢᠬᠦ ᠶᠢ ᠴᠢᠩᠭᠠᠤᠡᠬᠠᠨ᠂ ᠠᠶᠤᠯ ᠲᠥᠭᠰᠢᠭᠦᠷᠢ ᠶᠢ ᠤᠷᠢᠤᠡᠴᠢᠯᠡᠨ ᠰᠠᠷᠡᠮᠵᠢᠯᠡᠭᠦᠯᠬᠦ ᠲᠤᠡᠡᠳᠠᠴᠨ ᠶᠢ ᠪᠠᠶᠢᠭᠤᠯᠤᠨ ᠪᠦᠷᠢᠨᠰᠢᠬᠦᠯᠤᠨ᠎ᠡ᠃ ︽ᠲᠦᠰᠤᠪ ᠤᠨ ᠬᠠᠤᠯᠢ︾ ᠪᠠ ᠲᠦᠷᠤ ᠎ ᠶᠢᠨ ᠶᠠᠪᠤᠳᠠᠯ ᠤᠨ ᠬᠤᠷᠢᠶ᠎ᠠ᠂ ᠦᠪᠡᠷᠳᠡᠬᠡᠨ ᠵᠠᠰᠠᠬᠤ ᠤᠷᠤᠨ᠂ ᠬᠦᠯᠤᠨ ᠪᠤᠶᠢᠷ ᠬᠤᠳᠠ ᠶᠢᠨ ᠬᠠᠮᠢᠶ᠎ᠠ ᠪᠦᠬᠦᠢ ᠲᠤᠭᠳᠠᠭᠠᠯ ᠢ ᠴᠢᠩᠭ᠎ᠠ ᠬᠡᠷᠡᠭᠵᠢᠬᠦᠯᠵᠤ᠂ ᠤᠷᠳᠤ ᠬᠤᠭᠤᠴᠠᠭ᠎ᠠ ᠪᠠᠷ ᠨᠠᠷᠢᠯᠠᠵᠤ ᠠᠮᠢᠳᠤᠷᠠᠬᠤ ᠦᠵᠡᠯᠳᠡ ᠶᠢ ᠪᠤᠢ ᠪᠤᠯᠭᠠᠨ᠂ ︽ᠠᠯᠪᠠᠨ ᠤ ᠭᠤᠷᠪᠠᠨ ᠵᠠᠷᠤᠳᠠᠯ︾᠎ ᠢ ᠴᠢᠩᠭ᠎ᠠ ᠬᠢᠵᠠᠭᠠᠷᠯᠠᠵᠤ᠂ ᠡᠩ ᠤᠨ ᠴᠢᠨᠠᠷᠳᠠᠢ ᠵᠠᠷᠤᠯᠭ᠎ᠠ ᠪᠠᠨ ᠪᠠᠭᠠᠰᠬᠠᠨ᠂ ᠵᠠᠷᠤᠯᠭ᠎ᠠ ᠶᠢ ᠠᠷᠪᠢᠯᠠᠨ᠂ ᠭᠠᠮᠨᠠᠨ ᠠᠷᠪᠢᠯᠠᠬᠤ ᠪᠠᠷ ᠲᠠᠷᠤᠭᠠᠰᠤ ᠪᠠ ᠠᠶᠤᠯ ᠲᠦᠭᠰᠢᠬᠦᠷᠢ ᠶᠢ ᠪᠠᠭᠠᠰᠬᠠᠨ᠎ᠠ᠃ ᠵᠠᠰᠠᠭ ᠤᠨ ᠤᠷᠳᠤᠨ ᠤ ᠦᠷᠢ ᠦᠭᠴᠡᠭᠡᠨ ᠤ ᠬᠠᠮᠢᠶᠠᠷᠤᠯᠳᠠ ᠶᠢ ᠴᠢᠩᠭᠠᠤᠡᠬᠠᠨ᠂ ᠤᠷᠤᠨ ᠨᠤᠳᠤᠭ ᠤᠨ ᠵᠠᠰᠠᠭ ᠤᠨ ᠤᠷᠳᠤᠨ ᠤ ᠴᠢᠨᠠᠷᠳᠠᠢ ᠦᠷᠢ ᠦᠭᠴᠡᠭᠡ ᠶᠢ ᠨᠠᠮᠳᠠᠭᠤᠯᠬᠤ ᠲᠦᠰᠤᠯ ᠢ ᠬᠡᠷᠡᠭᠵᠢᠬᠦᠯᠵᠤ᠂ ᠲᠤᠭᠳᠠᠭᠰᠠᠨ ᠬᠤᠭᠤᠴᠠᠭᠠᠨ ᠳᠤ ᠦᠷᠢ ᠦᠭᠴᠡᠭᠡ ᠠᠷᠢᠯᠭᠠᠬᠤ ᠡᠬᠦᠷᠬᠡ ᠶᠢ ᠪᠡᠶᠡᠯᠡᠬᠦᠯᠤᠨ᠎ᠡ᠃ ᠬᠠᠤᠯᠢ ᠪᠤᠰᠤ ᠪᠠᠷ ᠬᠦᠷᠤᠩᠬᠡ ᠮᠦᠩᠬᠦ ᠬᠤᠷᠠᠮᠳᠤᠭᠤᠯᠬᠤ᠂ ᠦᠨᠳᠤᠷ ᠬᠦᠤ ᠲᠠᠢ ᠵᠢᠬᠡᠯᠡᠯᠬᠡ ᠲᠠᠯᠪᠢᠬᠤ ᠪᠠ ᠢᠨᠲ᠋ᠧᠷ ᠰᠦᠯᠵᠢᠶ᠎ᠡ ᠪᠠᠷ ᠪᠡᠯᠡ ᠤᠷᠤᠭᠤᠯᠬᠤ ᠵᠡᠷᠬᠡ ᠬᠠᠤᠯᠢ ᠠᠴᠠ ᠵᠦᠷᠢᠴᠡᠭᠰᠡᠨ ᠦᠢᠯᠡ ᠠᠵᠢᠯᠯᠠᠭ᠎ᠠ ᠳᠤ ᠴᠢᠩᠭ᠎ᠠ ᠴᠤᠬᠢᠯᠳᠠ ᠦᠭᠴᠤ᠂ ᠤᠯᠠᠨ ᠲᠦᠮᠡᠨ ᠤ ᠡᠳ᠋ ᠮᠦᠩᠬᠦ ᠪᠠᠨ ᠬᠠᠮᠢᠶᠠᠷᠴᠤ ᠬᠡᠷᠡᠭᠯᠡᠬᠦ ᠲᠠᠨᠢᠯᠳᠠ ᠶᠢ ᠬᠦᠳᠤᠯᠤᠨ ᠵᠢᠯᠤᠭᠤᠤᠡᠴᠤ᠂ ᠠᠷᠠᠤᠨ ᠤᠯᠠᠨ ᠤ ᠬᠠᠤᠯᠢ ᠶᠤᠰᠤᠨ ᠤ ᠡᠷᠬᠡ ᠠᠰᠢᠭ ᠢ ᠦᠨᠡᠨᠬᠦ ᠬᠠᠮᠠᠭᠠᠯᠠᠨ᠎ᠠ᠃ ᠨᠠᠷᠢᠯᠢᠭ ᠤᠨᠤᠪᠴᠢᠳᠠᠢ ᠪᠠᠷ ᠶᠠᠳᠠᠭᠤ ᠠᠴᠠ ᠠᠩᠬᠢᠵᠢᠷᠠᠭᠤᠯᠬᠤ ᠪᠠᠬᠢᠯᠡᠯᠲᠡ ᠰᠢᠪᠳᠤᠯᠬᠤ ᠲᠠᠶᠢᠯᠠᠯᠳᠤᠭᠠᠨ ᠢ ᠰᠠᠶᠢᠳᠤᠷ ᠬᠢᠨ᠎ᠡ᠃ ︽ᠲᠠᠪᠤ ᠶᠢ ᠪᠠᠷᠢᠮᠳᠠᠯᠠᠬᠤ᠂ ᠲᠠᠪᠤᠨ ᠨᠢᠬᠡ ᠪᠦᠯᠤᠭ᠌᠂ ᠵᠢᠷᠭᠤᠭᠠᠨ ᠨᠠᠷᠢᠯᠢᠭ ᠤᠨᠤᠪᠴᠢᠳᠠᠢ︾⑤ᠦᠨᠳᠤᠰᠤᠨ ᠠᠷᠭ᠎ᠠ ᠪᠤᠳᠤᠯᠭ᠎ᠠ ᠎ ᠶᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠤᠨ᠂ ᠠᠵᠤ ᠦᠢᠯᠡᠰ ᠢᠶᠠᠷ ᠲᠡᠤᠡᠬᠦᠬᠦ᠂ ᠺᠠᠳ᠋ᠷ ᠶᠠᠳᠠᠭᠤ ᠡᠷᠤᠬᠡ ᠬᠤᠤᠰᠯᠠᠯ ᠪᠤᠯᠬᠤ᠂ ᠪᠦᠬᠦᠨ ᠢ ᠪᠠᠳᠤᠯᠠᠬᠤ ᠵᠡᠷᠬᠡ ᠬᠠᠪᠰᠤᠷᠤᠨ ᠲᠡᠤᠡᠬᠦᠬᠦ ᠠᠷᠭ᠎ᠠ ᠬᠡᠮᠵᠢᠶ᠎ᠡ ᠶᠢ ᠯᠠᠪᠳᠠᠭᠤᠨ ᠪᠠᠳᠤᠳᠠᠢ ᠲᠦᠯᠬᠢᠨ ᠠᠬᠢᠭᠤᠯᠵᠤ᠂ ᠶᠠᠳᠠᠭᠤ ᠶᠢ ᠲᠡᠤᠡᠬᠦᠬᠦ ᠶᠢ ᠤᠶᠤᠨ ᠤᠬᠠᠭᠠᠨ ᠡᠷᠴᠢ ᠵᠤᠷᠢᠭ ᠢ ᠲᠡᠮᠵᠢᠬᠦ ᠎ ᠲᠠᠢ ᠤᠶᠠᠯᠳᠤᠭᠤᠯᠤᠨ᠂ ᠶᠠᠳᠠᠭᠤ ᠬᠦᠴᠢᠷᠳᠡᠯᠳᠡᠢ ᠬᠦᠮᠤᠨ ᠠᠮᠠ ᠶᠢᠨ ᠲᠤᠳᠤᠭᠠᠳᠤ ᠰᠡᠤᠡᠬᠢᠯᠬᠡ ᠠᠴᠠ ᠪᠠᠨ ᠶᠠᠳᠠᠭᠤ ᠠᠴᠠ ᠠᠩᠬᠢᠵᠢᠷᠠᠬᠤ ᠬᠦᠳᠡᠯᠬᠡᠭᠴᠢ ᠬᠦᠴᠤᠨ ᠢ ᠲᠠᠶᠢᠴᠢᠯᠠᠵᠤ᠂ ᠶᠠᠳᠠᠭᠤ ᠬᠦᠴᠢᠷᠳᠡᠯᠳᠡᠢ ᠬᠦᠮᠤᠨ ᠠᠮᠠ ᠶᠢ ᠬᠦᠰᠡᠯ ᠵᠤᠷᠢᠯᠳᠠ ᠲᠠᠢ᠂ ᠮᠡᠷᠬᠡᠵᠢᠯ ᠴᠢᠳᠠᠪᠤᠷᠢ ᠲᠠᠢ ᠪᠤᠯᠭᠠᠵᠤ ᠶᠠᠳᠠᠭᠤ ᠠᠴᠠ ᠠᠩᠬᠢᠵᠢᠷᠠᠭᠤᠯᠤᠨ᠎ᠠ᠃ ᠰᠤᠷᠭᠠᠨ ᠬᠦᠮᠤᠵᠢᠯ ᠢᠶᠠᠷ ᠶᠠᠳᠠᠭᠤ ᠶᠢ ᠲᠡᠤᠡᠬᠦᠬᠦ᠂ ᠡᠷᠡᠬᠦᠯ ᠡᠩᠬᠡ ᠪᠠᠷ ᠶᠠᠳᠠᠭᠤ ᠶᠢ ᠲᠡᠤᠡᠬᠦᠬᠦ ᠶᠢ ᠶᠡᠬᠡᠪᠡᠷ ᠬᠡᠷᠡᠭᠵᠢᠬᠦᠯᠵᠤ᠂ ︽ᠮᠦᠩᠬᠦᠨ ᠬᠦᠢᠯᠬᠡᠬᠡ︾᠎ ᠪᠠᠷ ᠶᠠᠳᠠᠭᠤ ᠎ ᠶᠢ ᠲᠡᠤᠡᠬᠦᠬᠦ᠂ ᠲᠤᠬᠢᠷᠠᠮᠵᠢᠳᠠᠢ ᠭᠠᠵᠠᠷ ᠲᠤ ᠨᠡᠬᠦᠯᠬᠡᠨ ᠶᠠᠳᠠᠭᠤ ᠶᠢ ᠲᠡᠤᠡᠬᠦᠬᠦ ᠲᠦᠷᠤᠯ ᠵᠤᠶᠢᠯ ᠢ ᠦᠷᠬᠦᠯᠵᠢᠯᠡᠨ ᠬᠡᠷᠡᠭᠵᠢᠬᠦᠯᠵᠤ᠂ ᠶᠠᠳᠠᠭᠤ ᠬᠦᠴᠢᠷᠳᠡᠯᠳᠡᠢ ᠬᠦᠮᠤᠨ ᠠᠮᠠ ᠳᠤ ᠬᠦᠳᠡᠯᠤᠩᠬᠦᠢ ᠬᠠᠮᠢᠶᠠᠷᠤᠯᠳᠠ ᠬᠢᠵᠤ᠂ ᠤᠳᠤ ᠶᠢᠨ ᠬᠡᠷᠡᠭᠵᠢᠬᠦᠯᠵᠤ ᠪᠠᠶᠢᠭ᠎ᠠ ᠪᠠᠷᠢᠮᠵᠢᠶ᠎ᠠ ᠠᠴᠠ ᠲᠤᠷᠤᠭᠰᠢᠬᠢ121ᠡᠷᠤᠬᠡ 294 ᠶᠠᠳᠠᠭᠤ ᠬᠦᠴᠢᠷᠳᠡᠯᠳᠡᠢ ᠬᠦᠮᠤᠨ ᠠᠮᠠ ᠶᠢ ᠶᠠᠳᠠᠭᠤ ᠠᠴᠠ ᠠᠩᠬᠢᠵᠢᠷᠠᠭᠤᠯᠬᠤ ᠠᠬᠢᠴᠠ ᠶᠢ ᠲᠦᠷᠬᠡᠤᠡᠬᠡᠵᠤ᠂ ᠴᠢᠨᠡᠬᠡᠯᠢᠭ ᠨᠡᠶᠢᠬᠡᠮ ᠢ ᠪᠦᠬᠦ ᠲᠠᠯ᠎ᠠ ᠪᠠᠷ ᠪᠡᠶᠡᠯᠡᠬᠦᠯᠬᠦ ᠨᠡᠶᠢᠬᠡᠮ ᠤᠨ ᠲᠤᠳᠠᠭᠤᠳᠠᠯ ᠎ ᠢ ᠬᠦᠴᠤᠯᠡᠨ ᠨᠦᠬᠦᠪᠦᠷᠢᠯᠡᠨ᠎ᠡ᠃ ᠪᠤᠬᠢᠷᠳᠤᠯ ᠢ ᠰᠡᠷᠬᠡᠶᠢᠯᠡᠨ ᠵᠠᠰᠠᠬᠤ ᠪᠠᠬᠢᠯᠡᠯᠳᠡ ᠰᠢᠪᠳᠤᠯᠬᠤ ᠲᠠᠶᠢᠯᠠᠯᠳᠤᠭᠠᠨ ᠢ ᠰᠠᠶᠢᠳᠤᠷ ᠬᠢᠨ᠎ᠡ᠃ ᠲᠥᠪ ᠤᠨ ᠤᠷᠴᠢᠨ ᠲᠤᠭᠤᠷᠢᠨ ᠎ ᠤ ᠬᠠᠮᠠᠭᠠᠯᠠᠯᠳᠠ ᠶᠢᠨ ᠱᠠᠭᠠᠷᠳᠡᠨ ᠪᠠᠶᠢᠴᠠᠭᠠᠯᠳᠠ ᠠᠴᠠ ᠬᠠᠷᠢᠭᠤ ᠲᠤᠰᠬᠠᠭᠰᠠᠨ ᠠᠰᠠᠭᠤᠳᠡᠯ ᠢ ᠬᠠᠯᠠᠨ ᠰᠠᠶᠢᠵᠢᠷᠠᠭᠤᠯᠬᠤ ᠠᠵᠢᠯ ᠢ ᠦᠷᠬᠦᠯᠵᠢᠯᠡᠨ ᠠᠬᠢᠭᠤᠯᠵᠥ᠂ ᠬᠠᠯᠠᠨ ᠰᠠᠶᠢᠵᠢᠷᠠᠭᠤᠯᠬᠤ ᠡᠬᠦᠷᠬᠡ ᠪᠠᠨ ᠲᠤᠭᠳᠠᠭᠰᠠᠨ ᠬᠤᠭᠤᠴᠠᠭᠠᠨ ᠳᠤ ᠪᠡᠶᠡᠯᠡᠬᠦᠯᠤᠨ᠎ᠡ᠃ ᠦᠨᠳᠤᠰᠤᠨ ᠱᠠᠳᠤᠨ ᠤ ᠤᠷᠴᠢᠨ ᠲᠤᠭᠤᠷᠢᠨ ᠢ ᠬᠠᠮᠠᠭᠠᠯᠠᠬᠤ ᠪᠠᠶᠢᠭᠤᠯᠤᠮᠵᠢ ᠶᠢ ᠲᠡᠬᠦᠯᠳᠡᠷᠵᠢᠬᠦᠯᠤᠨ᠂ ᠬᠠᠤᠯᠢ ᠬᠡᠷᠡᠭᠵᠢᠬᠦᠯᠬᠦ ᠬᠢᠷᠢ ᠲᠦᠪᠰᠢᠨ ᠢ ᠪᠦᠬᠦ ᠲᠠᠯ᠎ᠠ ᠪᠠᠷ ᠲᠡᠭᠡᠭᠰᠢᠯᠡᠬᠦᠯᠤᠨ᠎ᠡ᠃ ᠠᠭᠠᠷ ᠮᠠᠡᠳᠡᠯ᠂ ᠤᠰᠥ᠂ ᠬᠥᠷᠤᠰᠥ ᠰᠢᠷᠤᠢ ᠶᠢᠨ ᠪᠤᠬᠢᠷᠳᠤᠯ ᠢ ᠰᠡᠷᠭᠡᠶᠢᠯᠡᠨ ᠵᠠᠰᠬᠠᠥ ᠲᠤᠰᠬᠠᠢ ᠲᠦᠷᠤᠯ ᠤᠨ ᠠᠵᠢᠯᠯᠠᠭ᠎ᠠ ᠶᠢ ᠭᠦᠨᠵᠡᠭᠡᠢ ᠦᠷᠨᠢᠬᠦᠯᠵᠤ᠂ ︽ᠠᠭᠠᠷ ᠮᠠᠡᠳᠡᠯ ᠤᠨ ᠠᠷᠪᠠᠨ ᠵᠤᠷᠪᠤᠰ︾᠂ ︽ᠤᠰᠤᠨ ᠤ ᠠᠷᠪᠠᠨ ᠵᠤᠷᠪᠤᠰ︾ ᠪᠠ ︽ᠬᠦᠷᠤᠰᠤ ᠰᠢᠷᠤᠢ ᠶᠢᠨ ᠠᠷᠪᠠᠨ ᠵᠤᠷᠪᠤᠰ︾᠎ ᠢ ᠪᠥᠬᠦ ᠲᠠᠯ᠎ᠠ ᠪᠠᠷ ᠬᠦᠨᠵᠡᠬᠡᠢ ᠨᠠᠶᠢᠳᠠᠪᠤᠷᠢᠵᠢᠭᠤᠯᠤᠨ᠎ᠠ᠃ ᠠᠭᠠᠷ ᠮᠠᠨᠳᠠᠯ ᠤᠨ ᠪᠤᠬᠢᠷᠳᠤᠯ ᠢ ᠰᠡᠷᠬᠡᠶᠢᠯᠡᠨ ᠵᠠᠰᠠᠬᠤ ᠬᠦᠴᠤᠯᠡᠴᠡ ᠶᠢ ᠦᠷᠬᠡᠤᠡᠬᠡᠨ᠎ᠡ᠃ ᠤᠰᠤᠨ ᠤ ᠡᠬᠢ ᠭᠠᠵᠠᠷ ᠤᠨ ᠬᠠᠮᠠᠭᠠᠯᠠᠯᠳᠠ ᠶᠢᠨ ᠤᠷᠤᠨ ᠤ ᠵᠠᠭᠠᠭ ᠲᠤᠭᠳᠠᠭᠠᠨ ᠪᠢᠳᠡᠬᠦᠮᠵᠢᠯᠡᠭᠰᠡᠨ ᠦᠷ᠎ᠡ ᠪᠦᠳᠤᠮᠵᠢ ᠶᠢ ᠪᠠᠬᠢᠵᠢᠬᠦᠯᠵᠤ᠂ ᠤᠰᠤᠨ ᠤ ᠡᠬᠢ ᠭᠠᠵᠠᠷ ᠤᠨ ᠬᠠᠮᠠᠭᠠᠯᠠᠯᠳᠠ ᠶᠢ ᠦᠷᠬᠦᠯᠵᠢᠯᠡᠨ ᠰᠠᠶᠢᠳᠤᠷ ᠠᠤᠡᠬᠤᠵᠤ᠂ ᠣᠤᠭᠤᠬᠤ ᠤᠰᠤᠨ ᠎ ᠤ ᠴᠢᠨᠠᠷ ᠢ ᠪᠠᠷᠢᠮᠵᠢᠶᠠᠨ ᠳᠤ ᠬᠦᠷᠬᠡᠬᠦ ᠶᠢ ᠪᠠᠳᠤᠯᠠᠨ᠎ᠠ᠃ ᠪᠤᠵᠠᠷ ᠤᠰᠤ ᠰᠢᠢᠤᠡᠪᠦᠷᠢᠯᠡᠬᠦ ᠰᠢᠰᠲ᠋ᠧᠮ ᠢ ᠲᠡᠬᠦᠯᠳᠡᠷᠵᠢᠬᠦᠯᠤᠨ᠂ ᠠᠯᠳ᠋ᠬᠠᠮᠡᠬᠡᠯ ᠪᠠᠯᠭᠠᠰᠤ ᠶᠢᠨ ᠪᠤᠵᠠᠷ ᠤᠰᠤ ᠎ ᠶᠢ ᠰᠢᠢᠤᠡᠪᠦᠷᠢᠯᠡᠬᠦ ᠦᠢᠯᠡᠤᠡᠪᠦᠷᠢ ᠶᠢᠨ ᠪᠠᠷᠢᠮᠵᠢᠶ᠎ᠠ ᠶᠢ ᠲᠡᠭᠡᠭᠰᠢᠯᠡᠬᠦᠯᠤᠨ ᠦᠬᠡᠷᠡᠴᠢᠯᠡᠨ ᠵᠠᠰᠠᠬᠤ ᠢᠨᠵᠧᠨᠧᠷᠢᠩ ᠢ ᠠᠰᠢᠭᠯᠠᠯᠳᠠ ᠳᠤ ᠤᠷᠤᠭᠤᠯᠵᠤ᠂ ᠪᠠᠷᠢᠮᠵᠢᠶ᠎ᠠ ᠳᠤ ᠬᠦᠷᠬᠡᠵᠤ ᠪᠤᠬᠢᠷᠳᠤᠯ ᠦᠬᠡᠢ ᠭᠠᠳᠠᠭᠰᠢᠯᠠᠭᠤᠯᠬᠤ ᠶᠢ ᠪᠡᠶᠡᠯᠡᠬᠦᠯᠤᠨ᠎ᠡ᠃ ᠬᠦᠷᠤᠰᠤ ᠰᠢᠷᠤᠢ ᠶᠢ ᠰᠡᠷᠬᠡᠶᠢᠯᠡᠨ ᠵᠠᠰᠠᠬᠤ ᠲᠦᠯᠤᠪᠯᠡᠭᠡ ᠶᠢ ᠬᠡᠷᠡᠭᠵᠢᠬᠦᠯᠤᠨ᠂ ᠬᠦᠷᠤᠰᠤ ᠰᠢᠷᠤᠢ ᠶᠢᠨ ᠤᠷᠴᠢᠨ ᠲᠤᠭᠤᠷᠢᠨ ᠤ ᠬᠢᠨᠠᠨ ᠬᠠᠮᠢᠶᠠᠷᠤᠯᠳᠠ ᠶᠢ ᠴᠢᠩᠭ᠎ᠠ ᠬᠡᠷᠡᠭᠵᠢᠬᠦᠯᠤᠨ᠎ᠡ᠃ ᠡᠨᠧᠷᠬᠢ ᠶᠢ ᠠᠷᠪᠢᠯᠠᠨ ᠪᠤᠬᠢᠷᠳᠤᠯ ᠢ ᠪᠠᠭᠠᠰᠬᠠᠬᠤ ᠬᠦᠴᠤᠯᠡᠴᠡ ᠶᠢ ᠴᠢᠩᠭᠠᠤᠡᠬᠠᠨ᠂ ᠡᠨᠧᠷᠬᠢ ᠶᠢᠨ ᠡᠬᠢ ᠪᠠᠶᠠᠯᠢᠭ ᠢ ᠠᠰᠢᠭᠯᠠᠬᠤ ᠨᠤᠷᠮ᠎ᠠ ᠵᠢ‌‍ᠲ᠋ᠡᠭᠡᠭᠰᠢᠯᠡᠬᠦᠯᠵᠤ᠂ ᠬᠤᠴᠤᠷᠤᠩᠭᠤᠢ ᠦᠢᠯᠡᠤᠡᠪᠦᠷᠢᠯᠡᠯ ᠤᠨ ᠴᠢᠳᠠᠪᠤᠷᠢ ᠶᠢ ᠦᠬᠡᠶᠢᠰᠬᠡᠨ᠎ᠡ᠃_menksoft_page_break_tag_      ︵ᠬᠤᠶᠠᠷ︶ ᠪᠤᠬᠢᠷᠳᠤᠯ ᠦᠬᠡᠢ ᠬᠦᠭᠵᠢᠯᠳᠡ ᠶᠢᠨ ᠤᠶᠢᠯᠭᠠᠭᠳᠠᠬᠤᠨ ᠢ ᠲᠤᠪᠤᠶᠢᠯᠭᠠᠨ᠂ ᠠᠮᠢ ᠠᠬᠤᠢ ᠶᠢᠨ ᠤᠷᠴᠢᠨ ᠲᠤᠭᠤᠷᠢᠨ ᠢ ᠬᠦᠴᠤᠯᠡᠨ ᠭᠠᠮᠨᠠᠨ᠎ᠠ      ︽ᠬᠥᠬᠡ ᠠᠭᠤᠯᠠ ᠬᠦᠬᠡᠮᠳᠦᠭ ᠤᠰᠤ ᠪᠣᠯ ᠳᠠᠷᠤᠢ ᠠᠯᠲᠠ ᠮᠦᠩᠬᠦᠨ ᠠᠭᠤᠯᠠ︾ ᠬᠡᠳᠡᠭ ᠤᠶᠢᠯᠭᠠᠭᠳᠠᠬᠤᠨ ᠢ ᠪᠠᠳᠤ ᠪᠠᠬᠢ ᠪᠤᠢ ᠪᠤᠯᠭᠠᠵᠤ᠂ ᠠᠮᠢ ᠠᠬᠤᠢ ᠎ ᠶᠢᠨ ᠬᠤᠷᠢᠭ᠎ᠠ ᠱᠤᠭᠤᠮ ᠢ ᠪᠠᠳᠤ ᠰᠠᠬᠢᠵᠤ᠂ ᠪᠠᠶᠢᠭᠠᠯᠢ ᠶᠢᠨ ᠡᠬᠢ ᠪᠠᠶᠠᠯᠢᠭ ᠤᠨ ᠬᠠᠮᠠᠭᠠᠯᠠᠯᠳᠠ ᠶᠢ ᠴᠢᠩᠭᠠᠤᠡᠬᠠᠨ᠂ ᠤᠷᠴᠢᠨ ᠲᠤᠭᠤᠷᠢᠨ ᠤ ᠬᠠᠮᠠᠭᠠᠯᠠᠯᠳᠠ ᠶᠢᠨ ᠬᠠᠮᠤᠭ ᠴᠢᠩᠭ᠎ᠠ ᠬᠢᠨᠠᠨ ᠬᠠᠮᠢᠶᠠᠷᠤᠯᠳᠠ ᠪᠠᠷ ᠠᠮᠢ ᠠᠬᠤᠢ ᠶᠢᠨ ᠪᠠᠶᠢᠭᠤᠯᠤᠯᠳᠠ ᠶᠢ ᠪᠠᠶᠢᠩᠭᠤᠴᠢᠯᠠᠨ ᠲᠦᠷᠢᠮᠵᠢᠬᠦᠯᠬᠦ ᠶᠢ ᠲᠦᠯᠬᠢᠨ ᠠᠬᠢᠭᠤᠯᠤᠨ᠎ᠠ᠃ ᠬᠦᠯᠤᠨ ᠨᠠᠭᠤᠷ ᠎ ᠢ ᠶᠡᠷᠤᠩᠬᠡᠶᠢᠯᠡᠨ ᠵᠠᠰᠠᠬᠤ ᠬᠤᠶᠠᠳᠤᠭᠠᠷ ᠬᠤᠭᠤᠴᠠᠭᠠᠨ ᠤ ᠢᠨᠵᠧᠨᠧᠷᠢᠩ ᠢ ᠬᠡᠷᠡᠭᠵᠢᠬᠦᠯᠤᠨ᠎ᠡ᠃ ᠠᠮᠢ ᠠᠬᠤᠢ ᠶᠢᠨ ᠠᠷᠠᠤᠨ ᠢ ᠨᠡᠬᠦᠯᠬᠡᠬᠦ᠂ ᠡᠯᠡᠰᠤᠷᠬᠡᠭᠵᠢᠯ ᠢ ᠰᠡᠷᠬᠡᠶᠢᠯᠡᠨ ᠵᠠᠰᠠᠬᠤ᠂ ᠲᠦᠷᠢᠮ ᠠᠴᠠ ᠵᠦᠷᠢᠴᠡᠭᠰᠡᠨ ᠪᠠᠷᠢᠯᠭ᠎ᠠ ᠶᠢ ᠨᠤᠷᠠᠭᠠᠬᠤ ᠵᠡᠷᠬᠡ ᠠᠵᠢᠯ ᠢ ᠬᠦᠴᠤᠳᠡᠢ ᠲᠦᠯᠬᠢᠨ ᠠᠬᠢᠭᠤᠯᠵᠤ᠂ ᠪᠡᠯᠴᠢᠬᠡᠷ ᠮᠠᠭᠤᠳᠠᠬᠤ ᠶᠢ ᠰᠡᠷᠬᠡᠶᠢᠯᠡᠨ ᠵᠠᠰᠠᠬᠤ᠂ ᠤᠰᠤ ᠠᠷᠪᠢᠯᠠᠨ ᠤᠰᠤᠯᠠᠬᠤ᠂ ᠬᠠᠮᠠᠭᠠᠯᠠᠯᠳᠠ ᠶᠢᠨ ᠤᠷᠤᠨ ᠤ ᠤᠶᠢᠷ᠎ᠠ ᠬᠠᠪᠢ ᠶᠢᠨ ᠪᠤᠵᠠᠷ ᠤᠰᠤ ᠶᠢ ᠰᠢᠢᠤᠡᠪᠦᠷᠢᠯᠡᠬᠦ ᠦᠢᠯᠡᠤᠡᠪᠦᠷᠢ᠂ ᠬᠠᠮᠠᠭᠠᠯᠠᠯᠳᠠ ᠶᠢᠨ ᠤᠷᠤᠨ ᠤ ᠤᠶᠢᠷ᠎ᠠ ᠬᠠᠪᠢ ᠶᠢᠨ ᠮᠠᠯ ᠤᠨ ᠪᠠᠭᠠᠰᠤ ᠶᠢ ᠬᠤᠤᠷᠳᠤᠯ ᠦᠬᠡᠢ ᠰᠢᠢᠤᠡᠪᠦᠷᠢᠯᠡᠬᠦ ᠲᠦᠷᠤᠯ ᠵᠤᠶᠢᠯ ᠢ ᠪᠦᠬᠦ ᠲᠠᠯ᠎ᠠ ᠪᠠᠷ ᠬᠡᠷᠡᠭᠵᠢᠬᠦᠯᠤᠨ᠎ᠡ᠃ ᠬᠦᠯᠤᠨ ᠨᠠᠭᠤᠷ ᠤᠨ ᠪᠠᠷᠠᠭᠤᠨ ᠡᠷᠬᠢ ᠳᠤ ᠪᠠᠶᠢᠭᠠᠯᠢᠯᠢᠭ ᠠᠮᠢ ᠠᠬᠤᠢ ᠶᠢᠨ ᠪᠡᠯᠴᠢᠬᠡᠷ ᠪᠠ ᠨᠡᠬᠦᠳᠡᠯ ᠰᠤᠶᠤᠯ ᠢ ᠬᠠᠮᠠᠭᠠᠯᠠᠬᠤ ᠲᠤᠷᠰᠢᠯᠳᠠ ᠶᠢᠨ ᠤᠷᠤᠨ ᠢ ᠪᠠᠶᠢᠭᠤᠯᠵᠤ᠂ ᠪᠠᠶᠢᠭᠠᠯᠢᠯᠢᠭ ᠠᠮᠢ ᠠᠬᠤᠢ ᠶᠢᠨ ᠤᠯᠠᠮᠵᠢᠯᠠᠯᠳᠤ ᠨᠡᠬᠦᠳᠡᠯᠯᠡᠨ ᠮᠠᠯᠵᠢᠬᠤ ᠬᠡᠯᠪᠡᠷᠢ ᠶᠢ ᠠᠭᠠᠵᠢᠮ ᠢᠶᠠᠷ ᠰᠡᠷᠬᠦᠬᠡᠨ᠂ ᠲᠠᠯ᠎ᠠ ᠨᠤᠳᠤᠭ ᠤᠨ ᠨᠡᠬᠦᠳᠡᠯ ᠰᠤᠶᠤᠯ ᠢ ᠬᠦᠭᠵᠢᠬᠦᠯᠤᠨ᠎ᠡ᠃ ᠠᠮᠢ ᠠᠬᠤᠢ ᠶᠢᠨ ᠤᠰᠤᠨ ᠤ ᠰᠢᠰᠲ᠋ᠧᠮ ᠤᠨ ᠦᠵᠡᠮᠵᠢ ᠶᠢ ᠡᠬᠦᠳᠤᠨ᠂ ᠬᠤᠳᠠ ᠪᠠᠯᠭᠠᠰᠤ ᠶᠢᠨ ᠠᠮᠢ ᠠᠬᠤᠢ ᠶᠢᠨ ᠴᠢᠳᠠᠮᠵᠢ ᠎ ᠶᠢ ᠲᠡᠭᠡᠭᠰᠢᠯᠡᠬᠦᠯᠤᠨ᠂ ᠬᠦᠯᠤᠨ ᠨᠠᠭᠤᠷ ᠤᠨ ᠡᠬᠢ ᠬᠡᠷᠤᠯᠤᠨ ᠭᠤᠤᠯ ᠤᠨ ᠤᠰᠤᠨ ᠤ ᠤᠷᠴᠢᠨ ᠲᠤᠭᠤᠷᠢᠨ ᠢ ᠶᠡᠷᠤᠩᠬᠡᠶᠢᠯᠡᠨ ᠵᠠᠰᠠᠬᠤ ᠲᠦᠷᠤᠯ ᠵᠤᠶᠢᠯ ᠢ ᠰᠦᠪᠡᠭᠴᠢᠯᠡᠨ ᠬᠡᠷᠡᠭᠵᠢᠬᠦᠯᠤᠨ᠎ᠡ᠃ ᠭᠤᠤᠯ ᠤᠨ ᠬᠠᠮᠢᠶᠠᠷᠤᠯᠳᠠ ᠶᠢᠨ ᠲᠠᠷᠤᠭ᠎ᠠ ᠶᠢᠨ ᠲᠦᠷᠢᠮ᠂ ᠨᠠᠭᠤᠷ ᠤᠨ ᠬᠠᠮᠢᠶᠠᠷᠤᠯᠳᠠ ᠶᠢᠨ ᠲᠠᠷᠤᠭ᠎ᠠ ᠶᠢᠨ ᠲᠦᠷᠢᠮ ᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠤᠨ᠂ ᠨᠠᠭᠤᠷ ᠭᠤᠤᠯ ᠢ ᠲᠤᠭᠤᠷᠢᠨ ᠪᠠᠶᠢᠴᠠᠭᠠᠬᠤ ᠬᠠᠮᠢᠶᠠᠷᠤᠯᠳᠠ ᠶᠢᠨ ᠠᠷᠭ᠎ᠠ ᠮᠠᠶ᠋ᠢᠭ ᠤᠨ ᠰᠢᠨ᠎ᠡ ᠶᠢ ᠡᠬᠦᠤᠡᠴᠤ᠂ ᠪᠦᠬᠦ ᠬᠤᠰᠢᠭᠤᠨ ᠤ ᠤᠰᠤᠨ ᠤ ᠤᠷᠴᠢᠨ ᠢ ᠪᠦᠳᠤᠮᠵᠢᠳᠡᠢ ᠬᠠᠮᠠᠭᠠᠯᠠᠨ᠎ᠠ᠃ ᠲᠠᠯ᠎ᠠ ᠨᠤᠳᠤᠭ ᠤᠨ ᠠᠮᠢ ᠠᠬᠤᠢ ᠤᠷᠴᠢᠨ ᠲᠤᠭᠤᠷᠢᠨ ᠢ ᠬᠠᠮᠠᠭᠠᠯᠠᠬᠤ ᠬᠦᠴᠤᠯᠡᠴᠡ ᠵᠢ‌ᠨᠡᠮᠡᠭᠳᠡᠬᠦᠯᠤᠨ᠎ᠡ᠃ ᠰᠢᠨ᠎ᠡ ᠨᠢᠬᠡᠨ ᠡᠬᠡᠯᠵᠢ ᠶᠢᠨ ᠨᠤᠳᠤᠭ ᠪᠡᠯᠴᠢᠬᠡᠷ ᠤᠨ ᠠᠮᠢ ᠠᠬᠤᠢ ᠶᠢᠨ ᠱᠠᠩᠨᠠᠯ ᠨᠦᠬᠦᠪᠦᠷᠢ ᠶᠢᠨ ᠲᠦᠷᠤ ᠶᠢᠨ ᠪᠤᠳᠤᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠤ᠂ 400 ᠲᠦᠮᠡᠨ ᠮᠤ᠋ ᠨᠤᠳᠤᠭ ᠪᠡᠯᠴᠢᠬᠡᠷ ᠲᠤ ᠪᠡᠯᠴᠢᠬᠡᠷᠯᠡᠬᠦᠯᠬᠦ ᠶᠢ ᠵᠤᠭᠰᠤᠭᠠᠨ᠂ ᠮᠠᠯ ᠪᠡᠯᠴᠢᠬᠡᠷ ᠢ ᠲᠡᠩᠴᠡᠬᠦᠷᠢᠳᠡᠢ ᠪᠤᠯᠭᠠᠭᠰᠠᠨ ᠨᠤᠳᠤᠭ ᠪᠡᠯᠴᠢᠬᠡᠷ ᠢ 3013 ᠲᠦᠮᠡᠨ ᠮᠤ᠋ ᠳᠤ ᠬᠦᠷᠬᠡᠨ᠎ᠡ᠃ ᠪᠡᠯᠴᠢᠬᠡᠷᠯᠡᠬᠦᠯᠬᠦ ᠶᠢ ᠵᠤᠭᠰᠤᠭᠠᠨ ᠨᠤᠳᠤᠭ ᠪᠡᠯᠴᠢᠬᠡᠷ ᠢ ᠰᠡᠷᠬᠦᠬᠡᠬᠦ ᠢᠨᠵᠧᠨᠧᠷᠢᠩ ᠢ ᠬᠡᠷᠡᠭᠵᠢᠬᠦᠯᠵᠤ᠂ 20 ᠲᠦᠮᠡᠨ ᠮᠤ᠋ ᠨᠤᠳᠤᠭ ᠪᠡᠯᠴᠢᠬᠡᠷ ᠢ ᠠᠮᠤᠷᠵᠢᠭᠤᠯᠤᠨ᠂ 25 ᠲᠦᠮᠡᠨ ᠮᠤ᠋ ᠨᠤᠳᠤᠭ ᠪᠡᠯᠴᠢᠬᠡᠷ ᠲᠤ ᠲᠤᠭᠤᠷᠢᠭ ᠬᠤᠪᠢᠶᠠᠨ ᠡᠬᠡᠯᠵᠢᠯᠡᠨ ᠮᠠᠯᠵᠢᠵᠤ᠂ 11 ᠲᠦᠮᠡᠨ ᠮᠤ᠋ ᠨᠤᠳᠤᠭ ᠪᠡᠯᠴᠢᠬᠡᠷ ᠢ ᠰᠠᠶᠢᠵᠢᠷᠠᠭᠤᠯᠤᠨ᠎ᠠ᠃ ᠡᠯᠡᠰᠤᠷᠬᠡᠭ ᠤᠷᠤᠨ ᠢ ᠶᠡᠷᠤᠩᠬᠡᠶᠢᠯᠡᠨ ᠵᠠᠰᠠᠬᠤ ᠢᠨᠵᠧᠨᠧᠷᠢᠩ ᠪᠠ ᠤᠮᠠᠷᠠᠲᠤ ᠶᠢᠨ ᠭᠤᠷᠪᠠᠨ ᠬᠠᠯᠬᠠᠪᠴᠢ ᠣᠢ ᠶᠢ ᠪᠢᠳᠡᠬᠦᠮᠵᠢᠯᠡᠨ ᠤᠶᠢᠵᠢᠭᠤᠯᠬᠤ ᠲᠦᠷᠤᠯ ᠵᠤᠶᠢᠯ ᠢ ᠬᠡᠷᠡᠭᠵᠢᠬᠦᠯᠤᠨ᠂ ᠨᠠᠭᠤᠷ ᠢ ᠲᠤᠭᠤᠷᠢᠭᠰᠠᠨ 3.88 ᠲᠦᠮᠡᠨ ᠮᠤ᠋ ᠡᠯᠡᠰᠤᠷᠬᠡᠭ ᠭᠠᠵᠠᠷ ᠢ ᠵᠠᠰᠠᠨ ᠴᠡᠭᠴᠡᠯᠡᠵᠤ᠂ 2 ᠲᠦᠮᠡᠨ ᠮᠤ᠋ ᠨᠤᠳᠤᠭ ᠪᠡᠯᠴᠢᠬᠡᠷ ᠢ ᠪᠢᠳᠡᠬᠦᠮᠵᠢᠯᠡᠨ ᠤᠶᠢᠵᠢᠭᠤᠯᠤᠨ᠎ᠠ᠃ ᠬᠤᠯᠠᠭᠠᠢ ᠪᠠᠷ ᠮᠠᠯᠳᠠᠬᠤ᠂ ᠲᠤᠷ᠎ᠠ ᠪᠠᠷ ᠮᠠᠯᠳᠠᠬᠤ᠂ ᠬᠤᠯᠠᠭᠠᠢ ᠪᠠᠷ ᠠᠩᠨᠠᠨ ᠠᠷᠠᠯᠵᠢᠶᠠᠯᠠᠬᠤ ᠵᠡᠷᠬᠡ ᠠᠮᠢ ᠠᠬᠤᠢ ᠶᠢ ᠡᠪᠳᠡᠭᠰᠡᠨ ᠠᠵᠢᠯᠯᠠᠭ᠎ᠠ ᠳᠤ ᠴᠢᠩᠭ᠎ᠠ ᠴᠤᠬᠢᠯᠳᠠ ᠦᠭᠴᠤ᠂ ᠲᠠᠯ᠎ᠠ ᠨᠤᠳᠤᠭ ᠤᠨ ᠠᠮᠢᠳᠤ ᠪᠤᠳᠠᠰ ᠤᠨ ᠤᠯᠠᠨ ᠶᠠᠩᠵᠤᠳᠤ ᠴᠢᠨᠠᠷ ᠢ  ᠬᠦᠴᠤᠯᠡᠨ ᠬᠠᠮᠠᠭᠠᠯᠠᠨ᠎ᠠ᠃ ᠮᠠᠯᠵᠢᠬᠤ ᠤᠷᠤᠨ ᠤ ᠤᠷᠴᠢᠨ ᠲᠤᠭᠤᠷᠢᠨ ᠢ ᠶᠡᠷᠤᠩᠬᠡᠶᠢᠯᠡᠨ ᠵᠠᠰᠠᠬᠤ ᠶᠢ ᠴᠢᠩᠭᠠᠤᠡᠬᠠᠨ᠂ ᠬᠤᠭ ᠨᠤᠪᠰᠢ ᠶᠢ ᠰᠢᠢᠤᠡᠪᠦᠷᠢᠯᠡᠨ ᠬᠠᠮᠢᠶᠠᠷᠬᠤ ᠲᠤᠭᠳᠠᠴᠠ ᠎ ᠶᠢ ᠲᠡᠬᠦᠯᠳᠡᠷᠵᠢᠬᠦᠯᠵᠤ᠂ ᠭᠠᠴᠠᠭᠠᠨ ᠤ ᠬᠤᠭ ᠨᠤᠪᠰᠢ ᠬᠠᠶᠠᠬᠤ ᠴᠡᠭ ᠢ ᠲᠦᠷᠢᠮᠵᠢᠬᠦᠯᠤᠨ᠂ ᠬᠤᠭ ᠨᠤᠪᠰᠢ ᠶᠢ ︽ᠴᠤᠭᠯᠠᠭᠤᠯᠬᠤ᠂ ᠴᠡᠪᠡᠷᠯᠡᠨ ᠵᠦᠬᠡᠬᠡᠪᠦᠷᠢᠯᠡᠬᠦ᠂ ᠰᠢᠢᠤᠡᠪᠦᠷᠢᠯᠡᠬᠦ︾ ᠭᠤᠷᠪᠠᠨ ᠱᠠᠳᠤ ᠬᠤᠯᠪᠤᠭᠠᠯᠠᠨ ᠰᠢᠢᠤᠡᠪᠦᠷᠢᠯᠡᠬᠦ ᠰᠢᠰᠲ᠋ᠧᠮ ᠢ ᠪᠦᠷᠢᠨᠰᠢᠬᠦᠯᠵᠤ᠂ ︽ᠵᠤᠷᠯᠤᠩ ᠤᠨ ᠬᠤᠪᠢᠰᠬᠠᠯ︾ ⑥᠎ ᠢ ᠲᠦᠯᠬᠢᠨ ᠠᠬᠢᠭᠤᠯᠤᠨ᠎ᠠ᠃      ︵ᠭᠤᠷᠪᠠ︶ ᠬᠡᠯᠪᠡᠷᠢ ᠶᠢ ᠬᠤᠪᠢᠷᠠᠭᠤᠯᠬᠤ ᠬᠦᠭᠵᠢᠯᠳᠡ ᠶᠢᠨ ᠬᠦᠴᠤᠨ ᠢ ᠲᠤᠪᠤᠶᠢᠯᠭᠠᠨ᠂ ᠦᠨᠳᠤᠷ ᠴᠢᠨᠠᠷ ᠴᠢᠨᠰᠠᠭ᠎ᠠ ᠲᠠᠢ ᠠᠵᠤ ᠦᠢᠯᠡᠰ ᠢ ᠬᠦᠴᠤᠯᠡᠨ ᠪᠠᠶᠢᠭᠤᠯᠤᠨ᠎ᠠ      ᠠᠵᠤ ᠦᠢᠯᠡᠰ ᠤᠨ ᠬᠡᠯᠪᠡᠷᠢ ᠶᠢ ᠬᠤᠪᠢᠷᠠᠭᠤᠯᠬᠤ ᠪᠠᠬᠢᠯᠡᠯᠳᠡ ᠰᠢᠪᠳᠤᠯᠬᠤ ᠲᠠᠶᠢᠯᠠᠯᠳᠤᠭᠠᠨ ᠢ ᠰᠠᠶᠢᠳᠤᠷ ᠬᠢᠵᠤ᠂ ᠠᠵᠤ ᠦᠢᠯᠡᠰ ᠤᠨ ᠬᠦᠭᠵᠢᠯᠳᠡ ᠶᠢᠨ ᠦᠷ᠎ᠡ ᠠᠰᠢᠭ ᠢ ᠨᠡᠮᠡᠭᠳᠡᠬᠦᠯᠤᠨ᠂ ᠠᠵᠤ ᠠᠬᠤᠢ ᠶᠢᠨ ᠨᠡᠮᠡᠭᠳᠡᠯ ᠤᠨ ᠰᠢᠨ᠎ᠡ ᠬᠦᠳᠡᠯᠬᠡᠬᠦ ᠬᠦᠴᠤᠨ ᠢ ᠪᠤᠢ ᠪᠤᠯᠭᠠᠵᠤ᠂ ᠬᠤᠰᠢᠭᠤᠨ ᠤ ᠬᠡᠪᠴᠢᠶᠡᠨ ᠤ ᠠᠵᠤ ᠠᠬᠤᠢ ᠶᠢ ᠦᠨᠳᠤᠷ ᠴᠢᠨᠠᠷ ᠴᠢᠨᠰᠠᠭ᠎ᠠ ᠲᠠᠢ ᠬᠦᠭᠵᠢᠬᠦᠯᠤᠨ᠎ᠡ᠃ ᠤᠳᠤᠬᠢᠴᠢᠯᠠᠭᠰᠠᠨ ᠠᠮᠢ ᠠᠬᠤᠢ ᠶᠢᠨ ᠮᠠᠯ ᠠᠵᠤ ᠠᠬᠤᠢ ᠶᠢ ᠬᠦᠭᠵᠢᠬᠦᠯᠤᠨ᠎ᠡ᠃ ᠴᠢᠨᠠᠷ ᠴᠢᠨᠰᠠᠭ᠎ᠠ ᠲᠠᠢ᠂ ᠪᠤᠬᠢᠷᠳᠤᠯ ᠦᠬᠡᠢ᠂ ᠲᠠᠪᠠᠭᠤᠯᠢᠭ ᠤᠨᠴᠠᠯᠢᠭᠳᠤ ᠮᠠᠯ ᠠᠵᠤ ᠠᠬᠤᠢ ᠶᠢ ᠪᠤᠵᠠᠭᠠᠶᠢᠷᠠᠭᠤᠯᠤᠨ ᠬᠦᠭᠵᠢᠬᠦᠯᠤᠨ᠎ᠡ᠃ 1,037 ᠲᠦᠮᠡᠨ ᠲᠦᠬᠦᠷᠢᠭ ᠤᠨ ᠪᠡᠯᠡ ᠤᠷᠤᠭᠤᠯᠵᠤ᠂ ᠭᠠᠮᠰᠢᠭ ᠢ ᠡᠰᠡᠷᠬᠦᠴᠡᠬᠦ ᠪᠠᠴᠢᠮ ᠢ ᠠᠷᠭᠠᠴᠠᠭᠠᠬᠤ ᠰᠢᠰᠲ᠋ᠧᠮ ᠤᠨ ᠪᠠᠶᠢᠭᠤᠯᠤᠯᠳᠠ᠂ ᠰᠢᠨ᠎ᠡ ᠬᠡᠯᠪᠡᠷᠢ ᠶᠢᠨ ᠬᠡᠪᠴᠢᠶᠡᠵᠢᠬᠦᠯᠤᠨ ᠲᠡᠵᠢᠬᠡᠨ ᠦᠷᠡᠵᠢᠬᠦᠯᠬᠦ᠂ ᠮᠢᠬᠠᠨ ᠤ ᠬᠤᠨᠢ ᠶᠢᠨ ᠠᠮᠤᠷ ᠲᠦᠪᠰᠢᠨ ᠢ ᠮᠦᠷᠳᠡᠬᠦ ᠰᠢᠰᠲ᠋ᠧᠮ ᠤᠨ ᠪᠠᠶᠢᠭᠤᠯᠤᠯᠳᠠ ᠶᠢᠨ ᠲᠦᠷᠤᠯ ᠵᠤᠶᠢᠯ ᠢ ᠬᠡᠷᠡᠭᠵᠢᠬᠦᠯᠤᠨ᠎ᠡ᠃ ᠰᠢᠨ᠎ᠡ ᠬᠡᠯᠪᠡᠷᠢ ᠎ ᠶᠢᠨ ᠮᠠᠯ ᠠᠵᠤ ᠠᠬᠤᠢ ᠶᠢᠨ ᠰᠢᠰᠲ᠋ᠧᠮ ᠢ ᠲᠡᠬᠦᠯᠳᠡᠷᠵᠢᠬᠦᠯᠤᠨ᠂ 10 ᠭᠠᠵᠠᠷ ᠲᠤ ᠤᠳᠤᠬᠢᠴᠢᠯᠠᠭᠰᠠᠨ ᠤᠶᠤᠨᠴᠢ ᠠᠮᠢ ᠠᠬᠤᠢ ᠶᠢᠨ ᠬᠡᠷ ᠪᠦᠯᠢ ᠶᠢᠨ ᠮᠠᠯᠵᠢᠯ ᠤᠨ ᠲᠠᠯᠠᠪᠠᠢ ᠶᠢ ᠪᠠᠶᠢᠭᠤᠯᠤᠨ᠎ᠠ᠃ ᠦᠷ᠎ᠡ ᠶᠢᠨ ᠮᠠᠯ ᠤᠨ ᠡᠬᠦᠯᠳᠡᠷ ᠢ ᠰᠠᠶᠢᠵᠢᠷᠠᠭᠤᠯᠵᠤ᠂ ᠠᠮᠢᠳᠠᠨ ᠤ ᠬᠢᠵᠢᠭ ᠡᠪᠡᠤᠡᠴᠢᠨ ᠢ ᠰᠡᠷᠬᠡᠶᠢᠯᠡᠨ ᠡᠵᠡᠮᠳᠡᠬᠦ ᠬᠦᠴᠤᠯᠡᠴᠡ ᠶᠢ ᠨᠡᠮᠡᠭᠳᠡᠬᠦᠯᠤᠨ᠎ᠡ᠃ ᠮᠠᠯ ᠠᠵᠤ ᠠᠬᠤᠢ ᠶᠢᠨ ᠬᠡᠪᠴᠢᠶᠡᠵᠢᠭᠰᠡᠨ ᠬᠦᠭᠵᠢᠯᠳᠡ ᠶᠢ ᠲᠦᠷᠬᠡᠤᠡᠬᠡᠨ᠂ ᠪᠠᠷᠢᠮᠵᠢᠶᠠᠵᠢᠭᠰᠠᠨ ᠮᠢᠬᠠᠨ ᠤ ᠦᠬᠡᠷ᠂ ᠮᠢᠬᠠᠨ ᠤ ᠬᠤᠨᠢ ᠶᠢ ᠬᠡᠪᠴᠢᠶᠡᠵᠢᠬᠦᠯᠤᠨ ᠲᠡᠵᠢᠬᠡᠨ ᠦᠷᠡᠵᠢᠬᠦᠯᠬᠦ ᠲᠠᠯᠠᠪᠤᠷ ᠢ ᠪᠠᠶᠢᠭᠤᠯᠵᠤ᠂ ᠲᠡᠵᠢᠬᠡᠯ ᠪᠤᠷᠳᠤᠭ᠎ᠠ᠂ ᠮᠠᠯ ᠤᠨᠤᠭ᠎ᠠ ᠶᠢ ᠲᠤᠭᠳᠠᠭᠰᠠᠨ ᠴᠡᠭ ᠲᠤ ᠠᠷᠠᠯᠵᠢᠶᠠᠯᠠᠬᠤ ᠲᠠᠪᠴᠠᠩ ᠢ ᠪᠠᠶᠢᠭᠤᠯᠤᠨ᠂ ᠮᠢᠬᠠᠨ ᠤ ᠪᠦᠳᠤᠬᠡᠭᠳᠡᠬᠦᠨ᠂ ᠰᠦᠨ ᠤ ᠪᠦᠳᠤᠬᠡᠭᠳᠡᠬᠦᠨ᠂ ᠤᠷᠭᠠᠨᠢᠭ ᠪᠤᠷᠳᠤᠭᠤᠷ ᠢ ᠪᠤᠯᠪᠠᠰᠤᠷᠠᠭᠤᠯᠬᠤ ᠠᠵᠤ ᠠᠬᠤᠶᠢᠯᠠᠯ ᠤᠨ ᠪᠠᠶᠢᠭᠤᠯᠤᠯᠳᠠ ᠶᠢ ᠲᠦᠷᠬᠡᠤᠡᠬᠡᠨ᠎ᠡ᠃ ᠠᠵᠤ ᠦᠢᠯᠡᠰᠵᠢᠭᠰᠡᠨ ᠲᠤᠯᠤᠭᠠᠶᠢᠯᠠᠭᠴᠢ ᠠᠵᠤ ᠠᠬᠤᠶᠢᠯᠠᠯ ᠢ ᠬᠦᠭᠵᠢᠬᠦᠯᠵᠤ᠂ ᠬᠦᠯᠤᠨ ᠪᠤᠶᠢᠷ ᠤᠨ ᠲᠠᠷᠭᠤᠨ ᠬᠤᠷᠠᠭ᠎ᠠ᠂ ᠪᠠᠷᠠᠭᠤᠨ ᠬᠤᠰᠢᠭᠤᠨ ᠤ ᠬᠤᠨᠢᠨ ᠮᠢᠬ᠎ᠠ ᠶᠢᠨ ᠬᠢᠵᠠᠭᠠᠷᠳᠤ ᠬᠠᠷᠢᠭᠤᠴᠠᠯᠭᠠᠳᠤ ᠺᠤᠮᠫᠠᠨᠢ ᠶᠢᠨ ᠰᠤᠯᠠ ᠪᠠᠶᠢᠭ᠎ᠠ ᠡᠳ᠋ ᠬᠦᠷᠤᠩᠬᠡ ᠶᠢ ᠠᠮᠢᠯᠠᠭᠤᠯᠤᠨ᠎ᠠ᠃ ᠰᠢᠩ ᠮᠤ᠋ ᠠᠮᠢ ᠠᠬᠤᠢ ᠶᠢᠨ ᠪᠦᠳᠤᠬᠡᠨ ᠪᠠᠶᠢᠭᠤᠯᠤᠯᠳᠠ ᠶᠢᠨ ᠬᠢᠵᠠᠭᠠᠷᠳᠤ ᠺᠤᠮᠫᠠᠨᠢ ᠪᠠᠶᠢᠭᠤᠯᠵᠤ᠂ ᠲᠦᠷᠤᠯ ᠵᠤᠶᠢᠯ ᠤᠨ ᠪᠡᠯᠡ ᠮᠦᠩᠬᠦ ᠶᠢ ᠨᠢᠬᠡᠤᠡᠬᠡᠨ᠂ ᠤᠳᠤᠬᠢᠴᠢᠯᠠᠭᠰᠠᠨ ᠮᠠᠯ ᠠᠵᠤ ᠠᠬᠤᠢ ᠶᠢᠨ ᠵᠠᠬ᠎ᠠ ᠲᠡᠯᠬᠡᠬᠦᠷᠴᠢᠯᠡᠬᠦ ᠬᠢᠷᠢ ᠲᠦᠪᠰᠢᠨ ᠢ ᠲᠡᠭᠡᠭᠰᠢᠯᠡᠬᠦᠯᠤᠨ᠎ᠡ᠃ ᠨᠡᠷ᠎ᠡ ᠲᠡᠮᠳᠡᠭ ᠤᠨ ᠪᠠᠶᠢᠯᠳᠤᠬᠤ ᠪᠤᠳᠤᠯᠭ᠎ᠠ ᠶᠢ ᠬᠦᠨᠵᠡᠬᠡᠢ ᠬᠡᠷᠡᠭᠵᠢᠬᠦᠯᠵᠤ᠂ ᠶᠠᠰᠤ ᠴᠢᠨᠠᠷ ᠤᠨ ᠠᠮᠤᠷ ᠲᠦᠪᠰᠢᠨ ᠢ ᠮᠦᠷᠳᠡᠬᠦ ᠰᠢᠰᠲ᠋ᠧᠮ ᠤᠨ ᠪᠠᠶᠢᠭᠤᠯᠤᠯᠳᠠ ᠶᠢ ᠪᠦᠷᠢᠨᠰᠢᠬᠦᠯᠵᠤ᠂ ᠮᠠᠯ ᠲᠠᠷᠢᠶᠠᠯᠠᠩ ᠤᠨ ᠪᠦᠳᠤᠬᠡᠭᠳᠡᠬᠦᠨ ᠤ ︽ᠭᠤᠷᠪᠠᠨ ᠪᠦᠳᠤᠬᠡᠭᠳᠡᠬᠦᠨ ᠨᠢᠬᠡ ᠲᠡᠮᠳᠡᠭ︾ ⑦᠎ ᠤᠨ ᠬᠡᠷᠡᠴᠢᠯᠡᠭᠡ ᠬᠢᠬᠦ ᠠᠵᠢᠯ ᠢ ᠦᠷᠬᠦᠯᠵᠢᠯᠡᠨ ᠦᠷᠨᠢᠬᠦᠯᠤᠨ᠎ᠡ᠃ ︽ᠢᠨᠲ᠋ᠧᠷ ᠰᠦᠯᠵᠢᠶ᠎ᠡ+ ᠮᠠᠯ ᠠᠵᠤ ᠠᠬᠤᠢ︾᠎ ᠶᠢᠨ ᠬᠦᠭᠵᠢᠯᠳᠡ ᠶᠢ ᠲᠦᠯᠬᠢᠨ ᠠᠬᠢᠭᠤᠯᠵᠤ᠂ ᠬᠤᠶᠠᠳᠤᠭᠠᠷ ᠬᠤᠭᠤᠴᠠᠭᠠᠨ ᠤ ︽ᠲᠤᠮᠳᠠᠳᠤ ᠤᠯᠤᠰ᠂ ᠪᠠᠷᠠᠭᠤᠨ ᠬᠤᠰᠢᠭᠤᠨ ᠤ ᠬᠤᠨᠢᠨ ᠤ ᠮᠢᠬ᠎ᠠ︾᠎ ᠶᠢᠨ ᠲᠠᠨᠢᠯᠴᠠᠭᠤᠯᠭ᠎ᠠ ᠶᠢᠨ ᠬᠤᠷᠠᠯ ᠢ ᠡᠷᠬᠢᠯᠡᠵᠤ᠂ ︽ᠪᠠᠷᠠᠭᠤᠨ ᠬᠤᠰᠢᠭᠤᠨ ᠤ ᠬᠤᠨᠢᠨ ᠤ ᠮᠢᠬ᠎ᠠ︾᠎ ᠶᠢᠨ ᠨᠡᠷᠡᠳᠤ ᠲᠡᠮᠳᠡᠭ ᠤᠨ ᠲᠡᠭᠡᠳᠤ ᠲᠡᠰ ᠤᠨ ᠵᠠᠬ᠎ᠠ ᠲᠡᠯᠬᠡᠬᠦᠷ ᠳᠠᠬᠢ ᠬᠤᠪᠢ ᠶᠢᠨ ᠵᠢᠩ ᠢ ᠨᠡᠮᠡᠭᠳᠡᠬᠦᠯᠤᠨ᠂ ᠬᠦᠢᠳᠡᠨ ᠬᠡᠯᠬᠢᠶᠡᠳᠤ ᠪᠠᠷᠠᠭᠠᠨ ᠤ ᠬᠦᠢᠯᠬᠡᠬᠡ ᠶᠢᠨ ᠠᠵᠤ ᠦᠢᠯᠡᠰ ᠢ ᠲᠡᠤᠡᠬᠦᠨ ᠬᠦᠭᠵᠢᠬᠦᠯᠵᠤ᠂ ᠤᠷᠤᠨ ᠨᠤᠳᠤᠭ ᠤᠨ ᠮᠠᠯ ᠤᠨ ᠠᠰᠢᠭ ᠰᠢᠮ᠎ᠡ ᠶᠢ ᠰᠢᠭᠤᠤᠨ ᠪᠤᠷᠤᠯᠠᠭᠤᠯᠬᠤ ᠰᠦᠯᠵᠢᠶᠡᠨ ᠤ ᠰᠢᠰᠲ᠋ᠧᠮ ᠢ ᠠᠯᠬᠤᠮ ᠠᠯᠬᠤᠮ ᠢᠶᠠᠷ ᠪᠠᠶᠢᠭᠤᠯᠤᠨ᠎ᠠ᠃ ᠤᠳᠤᠬᠢᠴᠢᠯᠠᠭᠰᠠᠨ ᠠᠵᠤ ᠦᠢᠯᠡᠤᠡᠪᠦᠷᠢ ᠶᠢᠨ ᠰᠠᠭᠤᠷᠢ ᠶᠢ ᠪᠠᠬᠢᠵᠢᠬᠦᠯᠤᠨ᠎ᠡ᠃ ︽ᠲᠤᠯᠤᠭᠠᠨ ᠬᠡᠯᠪᠡᠷᠢ︾᠎ ᠶᠢᠨ ᠠᠭᠤᠷᠬᠠᠢ ⑧᠎ ᠶᠢᠨ ᠪᠠᠶᠢᠭᠤᠯᠤᠯᠳᠠ ᠶᠢ ᠲᠦᠯᠬᠢᠨ ᠠᠬᠢᠭᠤᠯᠵᠤ᠂ ᠳ᠋ᠠᠴᠢᠩ᠂ ᠲᠤᠮᠳᠠᠳᠤ ᠤᠯᠤᠰ ᠤᠨ ᠬᠤᠸᠠᠩ ᠶᠢᠨ ᠪᠦᠯᠤᠭ᠍ᠯᠡᠯ᠂ ᠷᠦᠩ ᠳ᠋ᠠ᠂ ᠴᠠᠭᠠᠨ᠂ ᠶᠢᠨ ᠱᠠᠨ ᠵᠡᠷᠬᠡ ᠲᠤᠮᠤ ᠬᠡᠯᠪᠡᠷᠢ ᠶᠢᠨ ᠦᠩᠬᠡᠳᠤ ᠲᠡᠮᠦᠷᠯᠢᠭ ᠤᠨ ᠠᠭᠤᠷᠬᠠᠢ ᠶᠢᠨ ᠲᠠᠯᠳᠠ ᠬᠦᠴᠤᠨ ᠢ ᠬᠦᠢᠴᠡᠤᠨ ᠪᠠᠳᠠᠷᠠᠭᠤᠯᠵᠤ᠂ ᠦᠩᠬᠡᠳᠤ ᠲᠡᠮᠦᠷᠯᠢᠭ ᠤᠨ ᠠᠵᠤ ᠦᠢᠯᠡᠤᠡᠪᠦᠷᠢ ᠪᠠᠷ ᠬᠤᠰᠢᠭᠤ ᠪᠠᠨ ᠬᠦᠴᠤᠷᠬᠡᠭᠵᠢᠬᠦᠯᠬᠦ ᠪᠠᠶᠢᠭᠤᠯᠤᠯᠳᠠ ᠶᠢ ᠲᠦᠷᠬᠡᠤᠡᠬᠡᠨ᠂ ᠳ᠋ᠠᠴᠢᠩ ᠤᠨ ᠴᠢᠯᠠᠭᠤᠨ ᠲᠤᠰᠤᠨ ᠤ ᠦᠷᠬᠦᠯᠵᠢᠯᠡᠯ ᠤᠨ ᠴᠢᠨᠠᠷ ᠲᠠᠢ ᠨᠡᠬᠡᠬᠡᠨ ᠠᠰᠢᠭᠯᠠᠬᠤ᠂ ᠲᠤᠮᠳᠠᠳᠤ ᠤᠯᠤᠰ ᠤᠨ ᠬᠤᠸᠠᠩ ᠶᠢᠨ ᠪᠦᠯᠤᠭ᠍ᠯᠡᠯ ᠤᠨ ᠠᠭᠤᠷᠬᠠᠢ ᠶᠢᠨ ᠤᠷᠴᠢᠨ ᠲᠤᠭᠤᠷᠢᠨ ᠤ ᠪᠤᠬᠢᠷᠳᠤᠯ ᠢ ᠤᠷᠢᠤᠡᠴᠢᠯᠠᠨ ᠰᠡᠷᠬᠡᠶᠢᠯᠡᠵᠤ ᠬᠠᠶᠠᠭᠳᠠᠮᠠᠯ ᠵᠡᠰ ᠤᠨ ᠬᠦᠳᠡᠷ ᠢ ᠬᠤᠷᠢᠶᠠᠨ ᠠᠪᠴᠤ ᠠᠰᠢᠭᠯᠠᠬᠤ᠂ ᠷᠦᠩ ᠳ᠋ᠠ ᠠᠭᠤᠷᠬᠠᠢ ᠶᠢᠨ ᠦᠢᠯᠡᠰ ᠤᠨ ᠬᠦᠨ ᠬᠡᠰᠡᠭ ᠳᠠᠬᠢ ᠡᠬᠢ ᠪᠠᠶᠠᠯᠢᠭ ᠤᠨ ᠮᠡᠷᠬᠡᠵᠢᠯ ᠢᠶᠠᠨ ᠰᠠᠶᠢᠵᠢᠷᠠᠭᠤᠯᠬᠤ ᠪᠠ ᠶᠢᠨ ᠱᠠᠨ ᠠᠭᠤᠷᠬᠠᠢ ᠶᠢᠨ ᠦᠢᠯᠡᠰ ᠤᠨ ᠨᠢᠬᠡ ᠤᠰᠤᠳᠤ ᠬᠦᠬᠦᠷ ᠬᠦᠴᠢᠯ ᠤᠨ ᠮᠠᠩᠭᠠᠨ ᠤ ᠮᠡᠷᠬᠡᠵᠢᠯ ᠎ ᠢᠶᠠᠨ ᠰᠠᠶᠢᠵᠢᠷᠠᠭᠤᠯᠬᠤ ᠵᠡᠷᠬᠡ ᠭᠤᠤᠯᠳᠠᠯᠭ᠎ᠠ ᠲᠠᠢ ᠲᠦᠷᠤᠯ ᠵᠤᠶᠢᠯ ᠢ ᠬᠡᠷᠡᠭᠵᠢᠬᠦᠯᠵᠤ᠂ ᠷᠦᠩ ᠳ᠋ᠠ ᠠᠭᠤᠷᠬᠠᠢ ᠶᠢᠨ ᠦᠢᠯᠡᠰ ᠪᠠ ᠴᠠᠭᠠᠨ ᠠᠭᠤᠷᠬᠠᠢ ᠶᠢᠨ ᠦᠢᠯᠡᠰ ᠎ ᠤᠨ ᠡᠬᠢ ᠪᠠᠶᠠᠯᠢᠭ ᠢ ᠨᠢᠬᠡᠤᠡᠬᠡᠨ᠂ ᠬᠠᠮᠳᠤ ᠶᠢᠨ ᠬᠦᠭᠵᠢᠯᠳᠡ ᠶᠢ ᠲᠦᠷᠬᠡᠤᠡᠬᠡᠨ ᠠᠬᠢᠭᠤᠯᠤᠨ᠎ᠠ᠃ ᠬᠦᠷᠢᠶᠡᠯᠡᠩ ᠲᠤᠭᠤᠷᠢᠭ ᠤᠨ ᠬᠦᠭᠵᠢᠯᠳᠡ ᠶᠢᠨ ᠴᠢᠳᠠᠪᠤᠷᠢ ᠶᠢ ᠲᠡᠭᠡᠭᠰᠢᠯᠡᠬᠦᠯᠤᠨ᠂ ᠠᠵᠤ ᠦᠢᠯᠡᠤᠡᠪᠦᠷᠢ ᠶᠢᠨ ᠬᠦᠷᠢᠶᠡᠯᠡᠩ ᠲᠤᠭᠤᠷᠢᠭ ᠢ ᠲᠡᠰ ᠲᠡᠪᠰᠢᠬᠦᠯᠤᠨ ᠰᠡᠷᠬᠦᠬᠡᠨ ᠮᠠᠨᠳᠤᠭᠤᠯᠬᠤ ᠠᠯᠬᠤᠴᠠ ᠶᠢ ᠲᠦᠷᠬᠡᠤᠡᠬᠡᠨ᠂ ᠰᠠᠭᠤᠷᠢ ᠲᠦᠬᠦᠬᠡᠷᠤᠮᠵᠢ ᠶᠢᠨ ᠪᠠᠶᠢᠭᠤᠯᠤᠯᠳᠠ ᠶᠢ ᠴᠢᠩᠭᠠᠤᠡᠬᠠᠵᠤ᠂ ᠡᠬᠢ ᠪᠠᠶᠠᠯᠢᠭ ᠢ ᠲᠤᠬᠠᠢ ᠶᠢᠨ ᠭᠠᠵᠠᠷ ᠲᠤᠨᠢ ᠬᠤᠪᠢᠷᠠᠭᠤᠯᠤᠨ ᠠᠰᠢᠭᠯᠠᠬᠤ ᠶᠢ ᠴᠢᠬᠤᠯᠠᠴᠢᠯᠠᠨ᠂ ᠰᠢᠨ᠎ᠡ ᠡᠨᠧᠷᠬᠢ᠂ ᠮᠤᠳᠤᠨ ᠮᠠᠲ᠋ᠧᠷᠢᠶᠠᠯ ᠢ ᠪᠤᠯᠪᠠᠰᠤᠷᠠᠭᠤᠯᠬᠤ᠂ ᠮᠠᠯ ᠤᠨ ᠠᠰᠢᠭ ᠰᠢᠮ᠎ᠡ ᠶᠢ ᠨᠠᠷᠢᠯᠢᠭ ᠪᠤᠯᠪᠠᠰᠤᠷᠠᠭᠤᠯᠬᠤ ᠵᠡᠷᠬᠡ ᠪᠤᠬᠢᠷᠳᠤᠯ ᠦᠬᠡᠢ ᠠᠮᠢ ᠠᠬᠤᠢ ᠶᠢᠨ ᠠᠵᠤ ᠦᠢᠯᠡᠰ ᠢ ᠬᠦᠭᠵᠢᠬᠦᠯᠤᠨ᠎ᠡ᠃ ᠴᠠᠬᠢᠯᠭᠠᠨ ᠬᠠᠩᠭᠠᠬᠤ ᠨᠠᠶᠢᠳᠠᠪᠤᠷᠢᠳᠤ ᠴᠢᠨᠠᠷ ᠢ ᠲᠡᠭᠡᠭᠰᠢᠯᠡᠬᠦᠯᠵᠤ᠂ ᠪᠠᠷᠠᠭᠤᠨ ᠬᠤᠰᠢᠭᠤ ᠠᠴᠠ ᠰᠠᠶᠢᠬᠠᠨ ᠬᠦᠷᠬᠦ ᠴᠠᠬᠢᠯᠭᠠᠨ ᠲᠠᠮᠵᠢᠭᠤᠯᠤᠨ ᠬᠦᠴᠤᠳᠡᠯ ᠦᠬᠡᠷᠡᠴᠢᠯᠡᠬᠦ᠂ ᠶᠢᠨ ᠠᠨ ᠠᠴᠠ ᠵᠢᠶᠠ ᠠᠭᠤᠯᠠ᠂ ᠴᠠᠭᠠᠨ ᠬᠦᠷᠬᠦ ᠴᠠᠬᠢᠯᠭᠠᠨ ᠲᠠᠮᠵᠢᠭᠤᠯᠤᠨ ᠬᠦᠴᠤᠳᠡᠯ ᠦᠬᠡᠷᠡᠴᠢᠯᠡᠬᠦ ᠵᠡᠷᠬᠡ ᠢᠨᠵᠧᠨᠧᠷᠢᠩ ᠢ ᠬᠡᠷᠡᠭᠵᠢᠬᠦᠯᠤᠨ᠎ᠡ᠃ ᠪᠠᠯᠭᠠᠰᠤᠨ ᠲᠤᠭᠤᠷᠢᠭ ᠤᠨ ︽ᠭᠠᠷ ᠭᠠᠷ ᠢᠶᠠᠨ ᠬᠤᠯᠪᠤᠵᠤ︾ ᠴᠠᠬᠢᠯᠭᠠᠨ ᠬᠠᠩᠭᠠᠬᠤ ᠶᠢ ᠪᠡᠶᠡᠯᠡᠬᠦᠯᠤᠨ᠎ᠡ᠃ ᠪᠦᠬᠦ ᠤᠷᠤᠨ ᠪᠦᠰᠡ ᠎ ᠶᠢᠨ ᠵᠤᠭᠠᠴᠠᠯ ᠤᠨ ᠰᠢᠨ᠎ᠡ ᠪᠠᠶᠢᠳᠠᠯ ᠢ ᠪᠤᠢ ᠪᠤᠯᠭᠠᠨ᠎ᠠ᠃ ᠦᠵᠡᠮᠵᠢ ᠶᠢᠨ ᠤᠷᠤᠨ ᠪᠠ ᠦᠵᠡᠮᠵᠢ ᠶᠢᠨ ᠴᠡᠭ ᠤᠨ ᠴᠢᠨᠠᠷ ᠲᠡᠰ ᠢ ᠲᠡᠭᠡᠭᠰᠢᠯᠡᠬᠦᠯᠬᠦ ᠶᠢ ᠲᠦᠯᠬᠢᠨ ᠠᠬᠢᠭᠤᠯᠤᠨ᠎ᠠ᠃ ᠵᠢᠱᠢᠶ᠎ᠡ ᠦᠵᠡᠬᠦᠯᠬᠦ ᠦᠵᠡᠮᠵᠢ ᠶᠢᠨ ᠤᠷᠤᠨ ᠢ ᠴᠤᠭᠴᠠᠯᠠᠨ ᠪᠠᠶᠢᠭᠤᠯᠵᠤ᠂ ᠲᠠᠯ᠎ᠠ ᠨᠤᠳᠤᠭ ᠤᠨ ᠤᠨᠴᠠᠯᠢᠭ ᠲᠠᠢ ᠮᠠᠯᠵᠢᠬᠤ ᠡᠷᠤᠬᠡ ᠪᠠᠷ ᠵᠤᠭᠠᠴᠠᠬᠤ ᠵᠢᠱᠢᠶ᠎ᠡ ᠦᠵᠡᠬᠦᠯᠬᠦ ᠲᠦᠷᠤᠯ ᠵᠤᠶᠢᠯ ᠢ ᠲᠦᠯᠤᠪᠯᠡᠨ ᠬᠡᠷᠡᠭᠵᠢᠬᠦᠯᠵᠤ᠂ ᠲᠠᠯ᠎ᠠ ᠨᠤᠳᠤᠭ ᠢᠶᠠᠷ ᠪᠡᠶᠡᠴᠢᠯᠡᠨ ᠤᠶᠢᠯᠭᠠᠬᠤ ᠵᠤᠭ᠎ᠠ ᠰᠡᠯᠡᠬᠦᠴᠡᠯ ᠤᠨ ᠰᠢᠨ᠎ᠡ ᠲᠤᠰᠬᠤᠨ ᠢ ᠡᠬᠦᠳᠤᠨ ᠨᠡᠬᠡᠬᠡᠨ᠎ᠡ᠃ ᠰᠤᠶᠤᠯ ᠵᠤᠭᠠᠴᠠᠯ ᠤᠨ ᠠᠭᠤᠰᠤᠯᠴᠠᠯ ᠢ ᠲᠤᠪᠤᠶᠢᠯᠭᠠᠵᠤ᠂ ᠰᠡᠬᠡᠬᠡᠳᠡᠨ ᠮᠦᠽᠸᠢ ᠶᠢ ᠲᠡᠰ ᠲᠡᠪᠰᠢᠬᠦᠯᠤᠨ ᠵᠠᠰᠠᠨ ᠰᠢᠨᠡᠤᠡᠬᠡᠨ᠎ᠡ᠃  ᠬᠢᠯᠢ ᠶᠢᠨ ᠵᠤᠭᠠᠴᠠᠯ ᠢ ᠬᠦᠭᠵᠢᠬᠦᠯᠵᠤ᠂ ᠪᠤᠶᠢᠷ ᠨᠠᠭᠤᠷ ᠤᠨ 3A ᠲᠡᠰ ᠤᠨ ᠦᠵᠡᠮᠵᠢ ᠶᠢᠨ ᠤᠷᠤᠨ ᠤ ᠪᠠᠷᠢᠮᠵᠢᠶ᠎ᠠ ᠴᠢᠨᠠᠷ ᠲᠡᠰ ᠢ ᠲᠡᠭᠡᠭᠰᠢᠯᠡᠬᠦᠯᠬᠦ ᠶᠢ ᠠᠬᠢᠭᠤᠯᠤᠨ᠎ᠠ᠃ ︽ᠲᠠᠯ᠎ᠠ ᠨᠤᠳᠤᠭ ᠤᠨ ᠮᠠᠯᠵᠢᠬᠤ ᠡᠷᠤᠬᠡ ᠶᠢᠨ ᠵᠤᠭᠠᠴᠠᠯ︾᠎ ᠤᠨ ᠨᠡᠷᠡᠳᠤ ᠲᠡᠮᠳᠡᠭ ᠢ ᠡᠬᠦᠤᠡᠴᠤ᠂ ᠨᠡᠶᠢᠳᠡᠮ ᠬᠡᠷᠡᠭᠯᠡᠬᠡᠨ ᠤ ᠠᠭᠠᠷ ᠠᠶᠠᠯᠠᠯ ᠤᠨ ᠠᠵᠤ ᠦᠢᠯᠡᠰ ᠪᠠ ᠲᠤᠭᠤᠷᠢᠨ ᠦᠵᠡᠬᠦ ᠮᠠᠯ ᠠᠵᠤ ᠠᠬᠤᠢ ᠶᠢᠨ ᠬᠦᠭᠵᠢᠯᠳᠡ ᠶᠢ ᠲᠦᠷᠬᠡᠤᠡᠬᠡᠨ᠂ ᠨᠢᠰᠬᠡᠯ ᠳᠤ ᠰᠠᠭᠤᠵᠤ ᠵᠤᠭᠠᠴᠠᠯ ᠰᠤᠨᠢᠷᠬᠠᠬᠤ ᠲᠦᠷᠤᠯ ᠵᠤᠶᠢᠯ ᠢ ᠲᠦᠯᠤᠪᠯᠡᠵᠤ᠂ G331 ︵S203︶ ᠵᠠᠮ ᠲᠠᠭᠠᠤ ᠦᠵᠡᠮᠵᠢ ᠰᠤᠨᠢᠷᠬᠠᠬᠤ ᠤᠷᠤᠨ ᠤ ᠶᠡᠷᠤᠩᠬᠡᠶᠢᠯᠡᠭᠰᠡᠨ ᠦᠷ᠎ᠡ ᠠᠰᠢᠭ ᠢ ᠲᠡᠭᠡᠭᠰᠢᠯᠡᠬᠦᠯᠤᠨ᠎ᠡ᠃ ᠵᠤᠭᠠᠴᠠᠯ ᠤᠨ ᠢᠵᠢ ᠪᠦᠷᠢᠳᠤᠭ᠍ᠰᠡᠨ ᠲᠦᠬᠦᠬᠡᠷᠤᠮᠵᠢ ᠶᠢᠨ ᠪᠦᠳᠤᠬᠡᠨ ᠪᠠᠶᠢᠭᠤᠯᠤᠯᠳᠠ ᠶᠢ ᠲᠡᠬᠦᠯᠳᠡᠷᠵᠢᠬᠦᠯᠵᠤ᠂ ︽ᠲᠠᠪᠠ ᠢᠶᠠᠷ ᠢᠶᠠᠨ ᠵᠤᠭᠠᠴᠠᠬᠤ︾ ᠲᠤᠭᠤᠷᠢᠨ ᠳᠤ᠂ ᠠᠯᠳ᠋ᠬᠠᠮᠡᠬᠡᠯ ᠪᠠᠯᠭᠠᠰᠤ ᠠᠴᠠ ᠬᠡᠷᠤᠯᠤᠨ ᠬᠦᠷᠬᠦ᠂ ᠪᠤᠭᠳᠠᠡᠭᠤᠯᠠ ᠰᠤᠮᠤ ᠠᠴᠠ ᠪᠤᠳᠢᠡᠭᠤᠯᠠ ᠭᠠᠴᠠᠭ᠎ᠠ ᠬᠦᠷᠬᠦ ᠵᠠᠰᠠᠮᠠᠯ ᠵᠠᠮ ᠤᠨ ᠲᠦᠷᠤᠯ ᠵᠤᠶᠢᠯ ᠢ ᠪᠦᠬᠦ ᠬᠦᠴᠤᠨ ᠢᠶᠠᠷ ᠲᠦᠯᠬᠢᠨ ᠠᠬᠢᠭᠤᠯᠵᠤ᠂ ᠠᠯᠳᠠᠨ ᠤᠷᠤᠭ ᠤᠨ ᠰᠢᠵᠢᠮ ᠵᠠᠩᠬᠢᠳᠤᠭᠰᠡᠨ ᠲᠠᠯ᠎ᠠ ᠨᠤᠳᠤᠭ ᠪᠠ ᠬᠤᠶᠠᠷ ᠨᠠᠭᠤᠷ᠂ ᠬᠤᠶᠠᠷ ᠭᠤᠤᠯ᠂ ᠨᠤᠭᠤ ᠭᠠᠵᠠᠷ᠂ ᠪᠤᠭᠳᠠᠡᠭᠤᠯᠠ᠂ ᠬᠢᠯᠢ ᠶᠢᠨ ᠬᠦᠰᠢᠶ᠎ᠡ ᠵᠡᠷᠬᠡ ᠵᠤᠭᠠᠴᠠᠯ ᠎ ᠤᠨ ᠡᠬᠢ ᠪᠠᠶᠠᠯᠢᠭ ᠪᠠ ᠲᠠᠪᠠᠭᠤᠯᠢᠭ ᠲᠠᠯᠳᠠ ᠬᠦᠴᠤᠨ ᠢ ᠬᠦᠢᠴᠡᠤᠨ ᠪᠠᠳᠠᠷᠠᠭᠤᠯᠤᠨ᠎ᠠ᠃ ᠬᠤᠰᠢᠭᠤ᠂ ᠰᠤᠮᠤ᠂ ᠭᠠᠴᠠᠭ᠎ᠠ ᠵᠠᠰᠠᠮᠠᠯ ᠵᠠᠮ ᠲᠠᠭᠠᠤ ᠵᠤᠭᠠᠴᠠᠯ ᠤᠨ ᠦᠢᠯᠡᠴᠢᠯᠡᠬᠡᠨ ᠤ ᠲᠤᠭᠤᠷᠢᠭ ᠢ ᠪᠠᠶᠢᠭᠤᠯᠬᠤ ᠶᠢ ᠲᠦᠯᠬᠢᠨ ᠠᠬᠢᠭᠤᠯᠤᠨ᠎ᠠ᠃ ᠮᠦᠰᠤ ᠴᠠᠰᠤᠨ ᠤ ᠡᠬᠢ ᠪᠠᠶᠠᠯᠢᠭ ᠲᠤ ᠲᠦᠰᠢᠭᠯᠡᠨ᠂ ︽ᠵᠤᠭᠠᠴᠠᠯ+ ᠰᠤᠶᠤᠯ+ ᠪᠡᠶ᠎ᠡ ᠲᠠᠮᠢᠷ︾᠎ ᠤᠨ ᠬᠡᠪ ᠵᠠᠭᠪᠤᠷ ᠢ ᠰᠦᠪᠡᠭᠴᠢᠯᠡᠵᠤ᠂ ᠡᠪᠤᠯ ᠤᠨ ᠤᠯᠠᠷᠢᠯ ᠤᠨ ᠵᠤᠭᠠᠴᠠᠯ ᠤᠨ ᠨᠡᠷᠡᠳᠤ ᠲᠡᠮᠳᠡᠭ ᠢ ᠪᠤᠢ ᠪᠤᠯᠭᠠᠨ᠎ᠠ᠃ ︽ᠠᠯᠳᠠᠨ ᠤᠷᠤᠭ ᠤᠨ ᠰᠢᠵᠢᠮ ᠢ ᠵᠠᠩᠬᠢᠳᠤᠭᠰᠠᠨ ᠨᠤᠳᠤᠭ ᠠᠷᠠᠤᠨ ᠤᠨ ᠵᠠᠩ ᠦᠢᠯᠡ ᠶᠢᠨ ᠰᠤᠶᠤᠯ ᠤᠨ ᠠᠵᠤ ᠦᠢᠯᠡᠰ ᠤᠨ ᠬᠦᠷᠢᠶᠡᠯᠡᠩ︾᠎ ᠤᠨ ᠲᠦᠷᠤᠯ ᠵᠤᠶᠢᠯ ᠢ ᠡᠬᠢᠯᠡᠬᠦᠯᠤᠨ᠂ ᠦᠪᠡᠷᠮᠢᠴᠡ ᠤᠨᠴᠠᠯᠢᠭᠳᠤ ᠵᠤᠭᠠᠴᠠᠯ ᠤᠨ ᠪᠦᠳᠤᠬᠡᠭᠳᠡᠬᠦᠨ ᠢ ᠨᠡᠬᠡᠬᠡᠨ ᠠᠰᠢᠭᠯᠠᠵᠤ᠂ ᠵᠤᠭᠠᠴᠠᠯ ᠤᠨ ᠦᠢᠯᠡᠰ ᠤᠨ ᠨᠡᠮᠡᠯᠳᠡ ᠦᠷᠳᠡᠭ ᠢ ᠲᠡᠭᠡᠭᠰᠢᠯᠡᠬᠦᠯᠤᠨ᠎ᠡ᠃ ᠵᠤᠭᠠᠴᠠᠯ ᠤᠨ ᠨᠡᠷᠡᠳᠤ ᠲᠡᠮᠳᠡᠭ ᠤᠨ ᠲᠦᠷᠢ ᠲᠦᠷᠬᠦ ᠶᠢ ᠲᠡᠭᠡᠭᠰᠢᠯᠡᠬᠦᠯᠤᠨ᠂ ᠵᠠᠰᠠᠭ ᠤᠨ ᠤᠷᠳᠤᠨ ᠢᠶᠠᠷ ᠭᠤᠤᠯᠯᠠᠭᠤᠯᠵᠤ᠂ ᠠᠵᠤ ᠠᠬᠤᠶᠢᠯᠠᠯ ᠢᠶᠠᠷ ᠭᠤᠤᠯ ᠴᠤᠭᠴᠠ ᠪᠤᠯᠭᠠᠬᠤ ᠪᠠ ᠵᠠᠭᠤᠴᠢᠯᠠᠭᠤᠷ ᠤᠨ ᠤᠬᠠᠭᠤᠯᠤᠨ ᠰᠤᠷᠳᠠᠯᠴᠢᠯᠠᠬᠤ ᠶᠢ ᠨᠢᠬᠡ ᠴᠤᠭᠴᠠᠵᠢᠭᠤᠯᠤᠭᠰᠠᠨ ᠡᠵᠡᠩᠨᠡᠨ ᠪᠤᠷᠤᠯᠠᠭᠤᠯᠬᠤ ᠠᠷᠭ᠎ᠠ ᠪᠤᠳᠤᠯᠭ᠎ᠠ ᠶᠢ ᠰᠠᠶᠢᠳᠤᠷ ᠬᠡᠷᠡᠭᠵᠢᠬᠦᠯᠵᠤ᠂ ᠰᠢᠨ᠎ᠡ ᠮᠡᠷᠬᠡᠵᠢᠯ᠂ ᠰᠢᠨ᠎ᠡ ᠵᠠᠭᠤᠴᠢᠯᠠᠭᠤᠷ ᠢ ᠬᠦᠢᠴᠡᠤᠨ ᠠᠰᠢᠭᠯᠠᠨ᠂ ᠵᠤᠭᠠᠴᠠᠯ ᠤᠨ ᠦᠪᠡᠷᠮᠢᠴᠡ ᠤᠨᠴᠠᠯᠢᠭ ᠤᠨ ᠤᠬᠠᠭᠤᠯᠭ᠎ᠠ ᠪᠠ ᠵᠤᠭᠠᠴᠠᠯ ᠤᠨ ᠵᠠᠮ ᠱᠤᠭᠤᠮ ᠎ ᠤᠨ ᠲᠡᠯᠬᠡᠷᠡᠬᠦᠯᠤᠯᠳᠡ ᠶᠢ ᠴᠢᠩᠭᠠᠤᠡᠬᠠᠨ᠎ᠠ᠃ ᠦᠢᠯᠡᠴᠢᠯᠡᠬᠡᠨ ᠤ ᠦᠢᠯᠡᠰ ᠢ ᠪᠤᠵᠠᠭᠠᠶᠢᠷᠠᠭᠤᠯᠤᠨ ᠬᠦᠭᠵᠢᠬᠦᠯᠤᠨ᠎ᠡ᠃ ᠡᠯᠧᠺᠲᠷᠤᠨ ᠬᠤᠳᠠᠯᠳᠤᠭᠠᠨ ᠤ ᠶᠠᠪᠤᠳᠠᠯ ᠤᠨ ᠲᠠᠪᠴᠠᠩ ᠪᠠ ᠪᠠᠷᠠᠭᠠᠨ ᠤ ᠬᠦᠢᠯᠬᠡᠬᠡᠨ ᠤ ᠠᠵᠤ ᠦᠢᠯᠡᠰ ᠤᠨ ᠦᠨᠳᠤᠷ ᠴᠢᠨᠠᠷ ᠴᠢᠨᠰᠠᠭ᠎ᠠ ᠲᠠᠢ ᠬᠦᠭᠵᠢᠬᠦ ᠶᠢ ᠲᠦᠯᠬᠢᠨ ᠠᠬᠢᠭᠤᠯᠵᠤ᠂ ︽ᠢᠨᠲ᠋ᠧᠷ ᠰᠦᠯᠵᠢᠶ᠎ᠡ +︾ ᠲᠠᠪᠴᠠᠩ ᠢ ᠪᠠᠶᠠᠯᠢᠭᠵᠢᠭᠤᠯᠤᠨ ᠲᠡᠬᠦᠯᠳᠡᠷᠵᠢᠬᠦᠯᠵᠤ᠂ ᠬᠡᠪᠴᠢᠶᠡᠵᠢᠭᠰᠡᠨ ᠬᠡᠯᠪᠡᠷᠢ ᠶᠢᠨ ᠪᠠᠷᠠᠭᠠᠨ ᠤ ᠬᠦᠢᠯᠬᠡᠬᠡᠨ ᠤ ᠠᠵᠤ ᠠᠬᠤᠶᠢᠯᠠᠯ ᠢ 2 ᠪᠠᠶᠢᠭᠤᠯᠵᠤ᠂ ᠮᠠᠯ ᠤᠨ ᠪᠦᠳᠤᠬᠡᠭᠳᠡᠬᠦᠨ ᠤ ᠲᠤᠰᠬᠠᠢ ᠪᠠᠷᠠᠭᠠᠨ ᠤ ᠬᠦᠢᠯᠬᠡᠬᠡᠨ ᠤ 3 ᠰᠦᠯᠵᠢᠶᠡᠨ ᠴᠡᠭ ᠢ ᠭᠤᠤᠯᠳᠠᠯᠭ᠎ᠠ ᠲᠠᠢ ᠲᠡᠤᠡᠬᠦᠨ ᠲᠡᠮᠵᠢᠨ᠎ᠡ᠃ ᠰᠤᠶᠤᠯ ᠵᠤᠭ᠎ᠠ ᠴᠡᠩᠬᠡᠯ᠂ ᠰᠡᠯᠡᠬᠦᠴᠡᠯ ᠵᠤᠭᠠᠴᠠᠯ ᠪᠠ ᠡᠷᠡᠬᠦᠯ ᠮᠡᠨᠳᠤ ᠶᠢᠨ ᠦᠢᠯᠡᠴᠢᠯᠡᠭᠡ ᠶᠢ ᠬᠠᠷᠢᠯᠴᠠᠨ ᠤᠶᠠᠯᠳᠤᠭᠤᠯᠤᠭᠰᠠᠨ ᠨᠠᠰᠤᠳᠠᠨ ᠤ ᠠᠰᠠᠷᠠᠮᠵᠢ ᠶᠢᠨ ᠡᠷᠡᠬᠦᠯᠵᠢᠯ ᠪᠠ ᠰᠤᠪᠢᠯᠠᠯᠳᠠ ᠎ ᠶᠢᠨ ᠦᠢᠯᠡᠴᠢᠯᠡᠬᠡᠨ ᠤ ᠦᠢᠯᠡᠰ ᠢ ᠬᠦᠭᠵᠢᠬᠦᠯᠬᠦ ᠶᠢ ᠵᠤᠷᠢᠭᠵᠢᠭᠤᠯᠤᠨ᠂ ︽12349︾ ᠠᠷᠠᠤᠨ ᠲᠤ ᠲᠦᠬᠦᠮ ᠦᠵᠡᠬᠦᠯᠬᠦ ᠨᠠᠰᠤᠳᠠᠶᠢᠴᠤᠤᠨ ᠲᠤ ᠦᠢᠯᠡᠴᠢᠯᠡᠬᠦ ᠲᠦᠪ ᠢ ᠪᠠᠶᠢᠭᠤᠯᠵᠤ᠂ ︽ᠵᠢᠷᠭᠠᠬᠤ ᠨᠠᠷᠠᠨ ᠤ ᠦᠢᠯᠡᠰ︾᠎ ᠢ ︽ᠮᠠᠨᠳᠤᠨ ᠬᠦᠭᠵᠢᠬᠦ ᠠᠵᠤ ᠦᠢᠯᠡᠰ︾ ᠪᠤᠯᠭᠠᠨ ᠬᠢᠨ᠎ᠡ᠃ ᠢᠳᠡᠬᠡᠨ ᠤᠮᠳᠠᠭᠠᠨ᠂ ᠬᠤᠨᠤᠭ ᠪᠠᠭᠤᠳᠠᠯ᠂ ᠵᠤᠭ᠎ᠠ ᠴᠡᠩᠬᠡᠯ᠂ ᠬᠡᠷ ᠠᠬᠤᠢ ᠶᠢᠨ ᠶᠠᠪᠤᠳᠠᠯ ᠵᠡᠷᠬᠡ ᠤᠯᠠᠮᠵᠢᠯᠠᠯᠳᠤ ᠦᠢᠯᠡᠴᠢᠯᠡᠬᠡᠨ ᠤ ᠦᠢᠯᠡᠰ ᠤᠨ ᠲᠡᠰ ᠲᠠᠪᠬᠤᠷᠭ᠎ᠠ ᠶᠢ ᠲᠠᠰᠤᠷᠠᠯᠳᠠ ᠦᠬᠡᠢ ᠲᠡᠭᠡᠭᠰᠢᠯᠡᠬᠦᠯᠵᠤ᠂ ᠪᠡᠶ᠎ᠡ ᠶᠢᠨ ᠲᠠᠮᠢᠷ ᠤᠨ ᠰᠡᠯᠡᠬᠦᠴᠡᠯ᠂ ᠵᠠᠭᠤᠴᠢᠯᠠᠬᠤ ᠪᠠᠶᠢᠭᠤᠯᠤᠮᠵᠢ ᠵᠡᠷᠬᠡ ᠰᠢᠨ᠎ᠡ ᠪᠠᠷ ᠮᠠᠨᠳᠤᠵᠤ ᠪᠠᠶᠢᠭ᠎ᠠ ᠦᠢᠯᠡᠴᠢᠯᠡᠬᠡᠨ ᠤ ᠦᠢᠯᠡᠰ ᠢ ᠬᠦᠭᠵᠢᠬᠦᠯᠤᠨ ᠪᠤᠵᠠᠭᠠᠶᠢᠷᠠᠭᠤᠯᠵᠤ᠂ ᠦᠢᠯᠡᠤᠡᠪᠦᠷᠢᠯᠡᠯ ᠤᠨ ᠴᠢᠨᠠᠷᠳᠠᠢ ᠦᠢᠯᠡᠴᠢᠯᠡᠬᠡᠨ ᠤ ᠦᠢᠯᠡᠰ ᠢ ᠲᠤᠰᠬᠠᠶᠢᠵᠢᠭᠤᠯᠬᠤ ᠪᠠ ᠲᠡᠭᠡᠳᠤ ᠲᠡᠰ ᠲᠡᠰᠢ ᠬᠦᠭᠵᠢᠬᠦᠯᠵᠤ᠂ ᠠᠮᠢᠳᠤᠷᠠᠯ ᠎ ᠤᠨ ᠴᠢᠨᠠᠷᠳᠠᠢ ᠦᠢᠯᠡᠴᠢᠯᠡᠬᠡᠨ ᠤ ᠦᠢᠯᠡᠰ ᠢ ᠨᠠᠷᠢᠯᠢᠭᠵᠢᠭᠤᠯᠬᠤ ᠪᠠ ᠦᠨᠳᠤᠷ ᠲᠦᠪᠰᠢᠨ ᠲᠡᠰᠢ ᠬᠤᠪᠢᠷᠠᠭᠤᠯᠬᠤ ᠶᠢ ᠠᠬᠢᠭᠤᠯᠤᠨ᠎ᠠ᠃ ᠭᠠᠳᠠᠭᠠᠳᠤ ᠨᠡᠬᠡᠬᠡᠯᠳᠡ ᠶᠢᠨ ᠬᠢᠷᠢ ᠲᠦᠪᠰᠢᠨ ᠢ ᠲᠡᠭᠡᠭᠰᠢᠯᠡᠬᠦᠯᠤᠨ᠎ᠡ᠃  ᠪᠤᠭᠤᠮᠳᠠ ᠶᠢᠨ ᠠᠵᠤ ᠠᠬᠤᠢ ᠶᠢ ᠬᠦᠭᠵᠢᠬᠦᠯᠵᠤ᠂ ︽ᠬᠤᠶᠠᠷ ᠵᠠᠬ᠎ᠠ ᠲᠡᠯᠬᠡᠬᠦᠷ᠂ ᠬᠤᠶᠠᠷ ᠵᠤᠶᠢᠯ ᠤᠨ ᠡᠬᠢ ᠪᠠᠶᠠᠯᠢᠭ︾᠎ ᠤᠨ ᠲᠠᠪᠠᠭᠤᠯᠢᠭ ᠢ ᠬᠦᠢᠴᠡᠤᠨ ᠪᠠᠳᠠᠷᠠᠭᠤᠯᠵᠤ᠂ ᠨᠡᠬᠡᠬᠡᠯᠳᠡ ᠶᠢᠨ ᠤᠷᠤᠨ ᠵᠠᠢ ᠶᠢ ᠦᠷᠬᠡᠤᠡᠬᠡᠨ᠂ ᠨᠡᠬᠡᠬᠡᠯᠳᠡ ᠶᠢᠨ ᠴᠢᠨᠠᠷ ᠴᠢᠨᠰᠠᠭ᠎ᠠ ᠶᠢ ᠲᠡᠭᠡᠭᠰᠢᠯᠡᠬᠦᠯᠤᠨ᠎ᠡ᠃ ᠪᠤᠭᠤᠮᠳᠠ ᠨᠡᠪᠳᠡᠷᠡᠬᠦ ᠤᠷᠴᠢᠨ ᠲᠤᠭᠤᠷᠢᠨ ᠢ ᠰᠠᠶᠢᠵᠢᠷᠠᠭᠤᠯᠤᠨ᠂ ᠪᠤᠭᠤᠮᠳᠠ ᠨᠡᠪᠳᠡᠷᠡᠬᠦ ᠰᠢᠯᠭᠠᠨ ᠪᠠᠶᠢᠴᠠᠭᠠᠬᠤ ᠲᠤᠭᠤᠷᠢᠭ ᠤᠨ ᠪᠠᠷᠠᠭᠠᠨ ᠤ ᠲᠠᠯᠠᠪᠤᠷ ᠢ ᠱᠦᠢᠨᠢᠳᠡᠬᠦ ᠂ ᠪᠤᠭᠤᠮᠳᠠ ᠶᠢᠨ ᠦᠯᠡᠳᠡᠬᠡᠨ ᠠᠪᠴᠤ ᠪᠤᠴᠠᠭᠠᠬᠤ ᠡᠳ᠋ ᠪᠠᠷᠠᠭ᠎ᠠ ᠲᠠᠯᠪᠢᠬᠤ᠂ ᠬᠢᠵᠢᠭ ᠪᠠᠶᠢᠴᠠᠭᠠᠯᠳᠠ ᠳᠤ ᠦᠯᠡᠳᠡᠬᠡᠨ ᠠᠪᠤᠭᠰᠠᠨ ᠡᠳ᠋ ᠪᠠᠷᠠᠭ᠎ᠠ ᠶᠢ ᠲᠠᠯᠪᠢᠬᠤ ᠬᠡᠷ ᠪᠠ ᠢᠯᠴᠢ ᠬᠠᠩᠭᠠᠬᠤ ᠢᠨᠵᠧᠨᠧᠷᠢᠩ ᠵᠡᠷᠬᠡ ᠰᠠᠭᠤᠷᠢ ᠲᠦᠬᠦᠬᠡᠷᠤᠮᠵᠢ ᠶᠢᠨ ᠲᠦᠷᠤᠯ ᠵᠤᠶᠢᠯ ᠢ ᠬᠡᠷᠡᠭᠵᠢᠬᠦᠯᠤᠨ᠎ᠡ᠃ ᠠᠷᠤᠬᠠᠰᠢᠶᠠᠳᠤ ᠪᠤᠭᠤᠮᠳᠠ ᠶᠢᠨ ᠵᠠᠬ᠎ᠠ ᠶᠢᠨ ᠠᠷᠠᠯᠵᠢᠶᠠᠨ ᠤ ᠲᠤᠭᠤᠷᠢᠭ ᠶᠢ ᠢᠳᠡᠪᠬᠢᠳᠡᠢ ᠭᠤᠶᠤᠴᠢᠯᠠᠵᠤ᠂ ᠠᠷᠠᠯᠵᠢᠶ᠎ᠠ᠂ ᠵᠤᠭᠠᠴᠠᠯ᠂ ᠬᠤᠳᠠᠯᠳᠤᠭᠠᠨ ᠤ ᠶᠠᠪᠤᠳᠠᠯ᠂ ᠪᠤᠯᠪᠠᠰᠤᠷᠠᠭᠤᠯᠬᠤ ᠪᠠ ᠪᠠᠷᠠᠭᠠᠨ ᠤ ᠬᠦᠢᠯᠬᠡᠬᠡ ᠶᠢ ᠨᠢᠬᠡ ᠴᠤᠭᠴᠠᠵᠢᠭᠤᠯᠤᠭᠰᠠᠨ ᠶᠡᠷᠤᠩᠬᠡᠶᠢᠯᠡᠭᠰᠡᠨ ᠠᠵᠤ ᠠᠬᠤᠢ ᠶᠢᠨ ᠲᠤᠭᠤᠷᠢᠭ ᠢ ᠪᠠᠶᠢᠭᠤᠯᠤᠨ᠎ᠠ᠃ ︽ᠶᠡᠭᠡ ᠪᠤᠭᠤᠮᠳᠠ ᠨᠡᠪᠳᠡᠷᠡᠬᠦ︾ ᠰᠤᠷᠠᠭ ᠵᠠᠩᠬᠢ ᠶᠢᠨ ᠲᠠᠪᠴᠠᠩ ᠢ ᠪᠠᠶᠢᠭᠤᠯᠵᠤ᠂ ᠨᠢᠬᠡ ᠺᠠᠷᠲ ᠪᠠᠷ ᠨᠡᠪᠳᠡᠷᠡᠬᠦ ᠦᠢᠯᠡᠴᠢᠯᠡᠬᠡᠨ ᠤ ᠴᠢᠳᠠᠪᠤᠷᠢ ᠪᠠ ᠲᠤᠭ᠎ᠠ ᠪᠠᠷᠢᠮᠳᠠ ᠶᠢ ᠬᠠᠮᠳᠤᠪᠠᠷ ᠡᠳ᠋ᠯᠡᠬᠦ᠂ ᠰᠦᠯᠵᠢᠶ᠎ᠡ ᠬᠤᠯᠪᠤᠭᠠᠯᠠᠨ ᠬᠠᠷᠢᠯᠴᠠᠨ ᠪᠠᠶᠢᠴᠠᠭᠠᠬᠤ ᠶᠢ ᠪᠡᠶᠡᠯᠡᠬᠦᠯᠵᠤ᠂ ᠪᠤᠭᠤᠮᠳᠠ ᠨᠡᠪᠳᠡᠷᠡᠬᠦ ᠦᠷ᠎ᠡ ᠪᠦᠳᠤᠮᠵᠢ ᠶᠢ ᠲᠡᠭᠡᠭᠰᠢᠯᠡᠬᠦᠯᠤᠨ᠎ᠡ᠃ ᠭᠠᠳᠠᠭᠠᠳᠤ ᠰᠤᠯᠢᠯᠴᠠᠭ᠎ᠠ ᠶᠢ ᠴᠢᠩᠭᠠᠤᠡᠬᠠᠨ᠂ ᠠᠷᠠᠯᠵᠢᠶ᠎ᠠ ᠬᠤᠳᠠᠯᠳᠤᠭᠠᠨ ᠤ ᠵᠤᠭᠠᠴᠠᠯ᠂ ᠰᠤᠶᠤᠯ ᠰᠤᠷᠭᠠᠨ ᠬᠦᠮᠤᠵᠢᠯ᠂ ᠡᠮ ᠡᠮᠨᠡᠯᠬᠡ ᠡᠷᠡᠬᠦᠯ ᠬᠠᠮᠠᠭᠠᠯᠠᠯ ᠤᠨ ᠬᠡᠪᠴᠢᠶᠡᠨ ᠳᠠᠬᠢ ᠬᠠᠮᠳᠤᠷᠠᠯᠴᠠᠭ᠎ᠠ ᠶᠢ ᠲᠠᠰᠤᠷᠠᠯᠳᠠ ᠦᠬᠡᠢ ᠦᠷᠬᠡᠤᠡᠬᠡᠨ᠎ᠡ᠃_menksoft_page_break_tag_      ︵ᠲᠦᠷᠪᠡ︶ ᠬᠠᠮᠢᠶᠠᠷᠤᠯᠳᠠ ᠶᠢᠨ ᠴᠢᠳᠠᠪᠤᠷᠢ ᠪᠠᠨ ᠲᠤᠪᠤᠶᠢᠮ᠎ᠠ ᠲᠡᠭᠡᠭᠰᠢᠯᠡᠭᠦᠯᠵᠤ᠂ ᠭᠤᠸ᠎ᠠ ᠦᠵᠡᠰᠭᠦᠯᠡᠩ ᠬᠤᠳᠠ ᠪᠠᠯᠭᠠᠰᠤ ᠶᠢ ᠬᠦᠴᠦᠯᠡᠨ ᠪᠠᠶᠢᠭᠤᠯᠤᠨ᠎ᠠ      ᠰᠢᠨ᠎ᠡ ᠭᠡᠯᠪᠡᠷᠢ ᠶᠢᠨ ᠬᠤᠳᠠ ᠪᠠᠯᠭᠠᠰᠤᠵᠢᠯᠳᠠ ᠶᠢᠨ ᠪᠦᠳᠦᠭᠡᠨ ᠪᠠᠶᠢᠭᠤᠯᠤᠯᠳᠠ ᠶᠢ ᠲᠦᠷᠭᠡᠳᠭᠡᠨ᠂ ᠲᠤᠳᠠᠭᠤᠳᠠᠯ ᠢᠶᠠᠨ ᠨᠦᠬᠦᠪᠦᠷᠢᠯᠡᠵᠤ᠂ ᠰᠢᠪᠳᠤᠯᠤᠯᠳᠠ ᠎ ᠶᠢ ᠰᠦᠪᠡᠭᠴᠢᠯᠡᠨ᠂ ᠲᠡᠩᠴᠡᠭᠦᠷᠢ ᠶᠢ ᠠᠬᠢᠭᠤᠯᠵᠤ᠂ ᠬᠤᠳᠠ ᠬᠦᠳᠡᠭᠡ ᠶᠢ ᠨᠡᠩ ᠭᠤᠶᠢᠳᠠ ᠰᠠᠶᠢᠬᠠᠨ᠂ ᠤᠷᠤᠰᠢᠨ ᠰᠠᠭᠤᠬᠤ ᠳᠤ ᠨᠡᠩ ᠲᠠᠭᠠᠯᠠᠮᠵᠢᠳᠠᠢ ᠪᠦᠭᠡᠳ ᠨᠡᠩ ᠪᠤᠯᠪᠠᠰᠤᠨ ᠪᠤᠯᠭᠠᠨ ᠪᠠᠶᠢᠭᠤᠯᠤᠨ᠎ᠠ᠃ ᠬᠤᠳᠠ ᠶᠢᠨ ᠰᠠᠭᠤᠷᠢ ᠲᠦᠭᠦᠭᠡᠷᠦᠮᠵᠢ ᠶᠢ ᠶᠡᠬᠡᠪᠡᠷ ᠲᠡᠭᠦᠯᠳᠡᠷᠵᠢᠭᠦᠯᠦᠨ᠎ᠠ᠃ ᠬᠤᠳᠠ ᠪᠠᠯᠭᠠᠰᠤ ᠶᠢᠨ ᠰᠤᠶᠤᠯ ᠤᠨ ᠠᠭᠤᠯᠤᠭᠳᠠᠬᠤᠨ ᠢ ᠲᠡᠭᠡᠭᠰᠢᠯᠡᠬᠦᠯᠵᠤ᠂ ᠲᠡᠤᠭᠡ ᠰᠤᠶᠤᠯ᠂ ᠦᠨᠳᠦᠰᠦᠳᠡᠨ ᠤ ᠵᠠᠩ ᠦᠢᠯᠡ ᠶᠢᠨ ᠰᠤᠶᠤᠯ᠂ ᠪᠠᠶᠢᠭᠠᠯᠢᠯᠢᠭ ᠠᠮᠢ ᠠᠬᠤᠢ ᠶᠢᠨ ᠰᠤᠶᠤᠯ ᠢ ᠬᠤᠳᠠ ᠪᠠᠯᠠᠭᠠᠰᠤ ᠶᠢᠨ ᠭᠦᠭᠵᠢᠯᠳᠡ ᠶᠢᠨ ᠲᠦᠯᠦᠪᠵᠢᠭᠦᠯᠭᠡ ᠳᠤ ᠠᠭᠤᠰᠤᠯᠴᠠᠭᠤᠯᠤᠨ᠂ ᠭᠤᠤᠯᠳᠠᠯᠭ᠎ᠠ ᠲᠠᠢ ᠲᠦᠪ ᠪᠠᠯᠭᠠᠰᠤ ᠶᠢᠨ ᠭᠦᠭᠵᠢᠯᠳᠡ ᠶᠢᠨ ᠬᠠᠷᠠᠯᠳᠠ ᠶᠢ ᠲᠤᠳᠤᠷᠬᠠᠶᠢᠯᠠᠨ᠂ ᠦᠪᠡᠷᠮᠢᠴᠡ ᠤᠨᠴᠠᠯᠢᠭᠳᠤ ᠬᠤᠳᠠ ᠪᠠᠯᠭᠠᠰᠤ ᠶᠢᠨ ᠪᠦᠳᠦᠭᠡᠨ ᠪᠠᠶᠢᠭᠤᠯᠤᠯᠳᠠ ᠶᠢᠨ ᠪᠠᠶᠢᠷᠢ ᠰᠠᠭᠤᠷᠢ ᠶᠢ ᠲᠤᠳᠤᠳᠬᠠᠨ᠎ᠠ᠃ ᠬᠤᠳᠠ ᠪᠠᠯᠭᠠᠰᠤ ᠎ ᠶᠢᠨ ᠪᠦᠳᠤᠬᠡᠨ ᠪᠠᠶᠢᠭᠤᠯᠤᠯᠳᠠ ᠶᠢ ᠦᠷᠬᠡᠤᠡᠬᠡᠨ᠂ ᠴᠢᠨᠠᠷ ᠴᠢᠨᠰᠠᠭ᠎ᠠ ᠶᠢ ᠲᠡᠭᠡᠭᠰᠢᠯᠡᠬᠦᠯᠵᠤ᠂ 500 ᠡᠷᠦᠭᠡ ᠲᠦᠭᠦᠮ ᠪᠦᠳᠦᠴᠡᠳᠤ ᠤᠷᠤᠨ ᠰᠠᠭᠤᠴᠠ ᠶᠢ ᠵᠠᠰᠠᠨ ᠰᠢᠨᠡᠳᠭᠡᠭᠦ ᠢᠨᠵᠧᠨᠧᠷᠢᠩ ᠢ ᠭᠡᠷᠡᠭᠵᠢᠭᠦᠯᠦᠨ᠎ᠡ᠃ ᠬᠤᠳᠠ ᠪᠠᠯᠭᠠᠰᠤ ᠶᠢᠨ ᠪᠤᠵᠠᠷ ᠤᠰᠤᠨ ᠤ ᠬᠤᠭᠤᠯᠠᠢ ᠲᠤᠤᠷ ᠢᠵᠢ ᠪᠦᠷᠢᠯᠳᠤᠬᠦᠯᠬᠦ᠂ ᠲᠦᠭᠡᠭᠡᠯ ᠤᠰᠤᠨ ᠤ ᠬᠤᠭᠤᠯᠠᠢ ᠲᠤᠤᠷ ᠢ ᠵᠠᠰᠠᠨ ᠰᠢᠨᠡᠳᠭᠡᠭᠦ ᠵᠡᠷᠭᠡ ᠨᠢᠬᠡ ᠭᠡᠰᠡᠭ ᠬᠤᠳᠠ ᠶᠢᠨ ᠶᠠᠪᠤᠳᠠᠯ ᠤᠨ ᠭᠤᠤᠯᠳᠠᠯᠭ᠎ᠠ ᠲᠠᠢ ᠢᠨᠵᠧᠨᠧᠷᠢᠩ ᠢ ᠡᠬᠢᠯᠡᠭᠦᠯᠵᠤ᠂ ᠦᠨᠳᠦᠰᠦᠳᠡᠨ ᠤ ᠰᠤᠶᠤᠯ ᠤᠨ ᠲᠦᠪ᠂ ᠡᠷᠦᠭᠡ ᠶᠢᠨ ᠴᠡᠷᠢᠭ ᠤᠨ ᠪᠤᠯᠪᠠᠰᠤᠷᠠᠯ ᠤᠨ ᠰᠠᠭᠤᠷᠢᠨ ᠭᠠᠵᠠᠷ ᠢ ᠪᠠᠶᠢᠭᠤᠯᠤᠨ᠂ ᠠᠰᠢᠭᠯᠠᠯᠳᠠ ᠳᠤ ᠤᠷᠤᠭᠤᠯᠤᠨ᠎ᠠ᠃ ᠨᠡᠶᠢᠭᠡᠮ ᠤᠨ ᠬᠦᠷᠦᠩᠭᠡ ᠶᠢ ᠲᠠᠶᠢᠴᠢᠯᠠᠨ᠂ ᠠᠯᠳ᠋ᠬᠠᠮᠡᠭᠡᠯ ᠪᠠᠯᠭᠠᠰᠤ ᠶᠢᠨ ᠲᠤᠭᠤᠷᠢᠭ ᠲᠤ ᠢᠯᠴᠢ ᠶᠢᠨ ᠢᠷᠡᠯᠳᠡ ᠶᠢᠨ ᠲᠦᠷᠤᠯ ᠵᠤᠶᠢᠯ ᠢ ᠰᠢᠨ᠎ᠡ ᠪᠠᠷ ᠪᠠᠶᠢᠭᠤᠯᠤᠨ᠎ᠠ᠃ ᠬᠤᠳᠠ ᠪᠠᠯᠭᠠᠰᠤ ᠶᠢᠨ ᠤᠷᠤᠰᠢᠨ ᠰᠠᠭᠤᠬᠤ ᠳᠤ ᠲᠠᠭᠠᠯᠠᠮᠵᠢᠳᠠᠢ ᠪᠠᠶᠢᠬᠤ ᠴᠢᠳᠠᠪᠤᠷᠢ ᠶᠢ ᠴᠢᠷᠮᠡᠶᠢᠨ ᠲᠡᠭᠡᠭᠰᠢᠯᠡᠭᠦᠯᠦᠨ᠎ᠡ᠃ ᠦᠨᠳᠦᠷ ᠡᠬᠢᠯᠡᠯᠳᠡ᠂ ᠦᠨᠳᠦᠷ ᠴᠢᠨᠠᠷ ᠴᠢᠨᠰᠠᠭ᠎ᠠ ᠎ ᠲᠠᠢ ᠲᠦᠯᠦᠪᠵᠢᠭᠦᠯᠵᠤ᠂ ᠤᠶᠤᠨᠴᠢ ᠬᠤᠳᠠ᠂ ᠰᠡᠶᠢᠮᠡᠬᠡᠢ ᠬᠤᠳᠠ ᠶᠢᠨ ᠪᠦᠳᠦᠭᠡᠨ ᠪᠠᠶᠢᠭᠤᠯᠤᠯᠳᠠ ᠶᠢ ᠲᠦᠯᠬᠢᠨ ᠠᠭᠢᠭᠤᠯᠤᠨ᠎ᠠ᠃ ︽ᠪᠤᠬᠢᠷᠳᠤᠯ ᠦᠬᠡᠢ︾ ᠪᠤᠯᠭᠠᠬᠤ ᠪᠠᠷ ᠭᠤᠤᠯ ᠬᠦᠭ ᠠᠶᠠᠰ ᠪᠤᠯᠭᠠᠵᠤ᠂ ᠪᠠᠯᠭᠠᠰᠤᠨ ᠠᠴᠠ ᠭᠠᠷᠬᠤ ᠵᠠᠮ ᠬᠢᠬᠡᠤᠨ ᠪᠠᠯᠭᠠᠰᠤᠨ ᠤ ᠭᠤᠤᠯ ᠵᠠᠮ ᠢ ᠨᠤᠭᠤᠭᠠᠷᠠᠭᠤᠯᠤᠨ ᠦᠵᠡᠮᠵᠢ ᠶᠢᠨ ᠪᠦᠰᠡ ᠎ ᠶᠢ ᠪᠤᠢ ᠪᠤᠯᠭᠠᠨ᠎ᠠ᠃ ᠬᠤᠳᠠ ᠶᠢᠨ ᠬᠠᠮᠢᠶᠠᠷᠤᠯᠳᠠ ᠶᠢᠨ ᠬᠢᠷᠢ ᠲᠦᠪᠰᠢᠨ ᠢ ᠪᠦᠬᠦ ᠲᠠᠯ᠎ᠠ ᠪᠠᠷ ᠲᠡᠭᠡᠭᠰᠢᠯᠡᠭᠦᠯᠵᠤ᠂ ᠭᠡᠷ ᠠᠬᠤᠢ ᠶᠢᠨ ᠦᠢᠯᠡᠴᠢᠯᠡᠭᠡᠨ ᠤ ᠬᠠᠮᠢᠶᠠᠷᠤᠯᠳᠠ ᠶᠢ ᠨᠠᠷᠢᠯᠢᠭᠵᠢᠭᠤᠯᠤᠭᠰᠠᠨ᠂ ᠪᠠᠷᠢᠮᠵᠢᠶᠠᠵᠢᠭᠰᠠᠨ ᠪᠦᠳᠦᠭᠡᠨ ᠪᠠᠶᠢᠭᠤᠯᠤᠯᠳᠠ ᠶᠢ ᠲᠦᠷᠢᠮᠵᠢᠭᠦᠯᠵᠤ᠂ ᠰᠢᠨᠵᠢᠯᠡᠭᠦ ᠤᠬᠠᠭᠠᠨᠴᠢᠯᠠᠭᠰᠠᠨ᠂ ᠨᠠᠷᠢᠯᠢᠭᠵᠢᠭᠤᠯᠤᠭᠰᠠᠨ᠂ ᠤᠷᠳᠤ ᠬᠤᠭᠤᠴᠠᠭᠠᠨ ᠤ ᠪᠦᠳᠦᠮᠵᠢᠳᠤ ᠠᠵᠢᠯ ᠤᠨ ᠲᠤᠭᠳᠠᠴᠠ ᠶᠢ ᠪᠠᠶᠢᠭᠤᠯᠤᠨ᠂ ᠤᠷᠴᠢᠨ ᠲᠤᠭᠤᠷᠢᠨ ᠢ ᠨᠡᠩ ᠭᠤᠶᠤ ᠰᠠᠶᠢᠬᠠᠨ᠂ ᠠᠮᠢᠳᠤᠷᠠᠯ ᠢ ᠨᠡᠩ ᠲᠠᠭᠠᠯᠠᠮᠵᠢᠳᠠᠢ ᠪᠤᠯᠭᠠᠨ᠎ᠠ᠃ ᠤᠷᠴᠢᠨ ᠲᠤᠭᠤᠷᠢᠨ ᠤ ᠠᠷᠢᠭᠤᠨ ᠴᠡᠪᠡᠷ ᠢ ᠬᠠᠮᠠᠭᠠᠯᠠᠬᠤ ᠠᠵᠢᠯ ᠤᠨ ᠵᠠᠬ᠎ᠠ ᠲᠡᠯᠭᠡᠭᠦᠷᠴᠢᠯᠡᠬᠦ ᠶᠢ ᠲᠦᠷᠭᠡᠳᠭᠡᠨ᠂ ︽ᠴᠢ ᠳ᠋ᠢ ᠰᠠᠩ ᠳ᠋ᠧ︾ ᠤᠷᠴᠢᠨ ᠲᠤᠭᠤᠷᠢᠨ ᠤ ᠡᠬᠢ ᠪᠠᠶᠠᠯᠢᠭ ᠤᠨ ᠬᠢᠵᠠᠭᠠᠷᠳᠤ ᠺᠤᠮᠫᠠᠨᠢ ᠲᠠᠢ ᠬᠠᠮᠳᠤᠷᠠᠵᠤ᠂ ᠨᠡᠩ ᠴᠡᠪᠡᠷ ᠲᠤᠬᠢᠯᠢᠭ᠂ ᠡᠮᠬᠢ ᠲᠢᠭᠯᠢᠮ ᠲᠠᠢ ᠬᠤᠳᠠ ᠪᠠᠯᠭᠠᠰᠤ ᠶᠢᠨ ᠤᠷᠴᠢᠨ ᠲᠤᠭᠤᠷᠢᠨ ᠢ ᠴᠤᠭᠴᠠᠯᠠᠨ ᠪᠠᠶᠢᠭᠤᠯᠤᠨ᠎ᠠ᠃ ᠠᠷᠠᠤᠨ ᠤᠯᠠᠨ ᠤ ᠠᠩᠬᠠᠷᠤᠨ ᠬᠠᠯᠠᠮᠵᠢᠯᠠᠵᠤ ᠪᠠᠶᠢᠭ᠎ᠠ ᠠᠰᠠᠭᠤᠳᠠᠯ ᠳᠤ ᠦᠨᠡᠨᠬᠦ ᠬᠠᠷᠢᠭᠤᠯᠳᠠ ᠦᠭᠴᠤ᠂ ᠬᠠᠭᠤᠴᠢᠷᠠᠭᠰᠠᠨ ᠠᠰᠠᠷ ᠤᠨ ᠬᠤᠭᠤᠯᠠᠢ ᠲᠤᠤᠷ ᠤᠨ ︽ᠡᠪᠳᠡᠷᠡᠵᠤ ᠭᠤᠭᠤᠵᠢᠬᠤ︾ ᠵᠡᠷᠭᠡ ᠬᠠᠯᠠᠮᠰᠢᠯ ᠠᠰᠠᠭᠤᠳᠠᠯ ᠢ ᠭᠤᠤᠯᠳᠠᠯᠭ᠎ᠠ ᠲᠠᠢ ᠵᠠᠰᠠᠨ ᠦᠭᠡᠷᠡᠴᠢᠯᠠᠨ᠎ᠡ᠃ ᠪᠤᠵᠠᠷ ᠤᠰᠤ ᠶᠢ ᠰᠢᠢᠳᠪᠤᠷᠢᠯᠡᠬᠦ ᠪᠠᠷᠢᠮᠵᠢᠶ᠎ᠡ ᠶᠢ ᠲᠡᠭᠡᠭᠰᠢᠯᠡᠭᠦᠯᠦᠨ ᠵᠠᠰᠠᠨ ᠰᠢᠨᠡᠳᠭᠡᠵᠤ᠂ ᠲᠠᠬᠢᠨ ᠠᠰᠢᠭᠯᠠᠵᠤ ᠪᠤᠯᠬᠤ ᠤᠰᠤ ᠶᠢ ᠵᠦᠢ ᠵᠤᠬᠢᠰᠳᠠᠢ ᠬᠦᠢᠴᠡᠳ ᠠᠰᠢᠭᠯᠠᠨ᠎ᠠ᠃ ᠤᠤᠭᠤᠬᠤ ᠤᠰᠤᠨ ᠤ ᠠᠮᠤᠷ ᠲᠦᠪᠰᠢᠨ ᠢ ᠪᠠᠬᠢᠵᠢᠬᠦᠯᠤᠨ ᠲᠡᠭᠡᠭᠰᠢᠯᠡᠬᠦᠯᠬᠦ ᠢᠨᠵᠧᠨᠧᠷᠢᠩ ᠢ ᠦᠷᠬᠦᠯᠵᠢᠯᠡᠨ ᠬᠢᠪᠡ᠃ 68 ᠦᠨᠳᠦᠰᠦᠨ ᠬᠤᠳᠳᠤᠭ ᠢ ᠰᠢᠨ᠎ᠡ ᠪᠠᠷ ᠮᠠᠯᠳᠠᠨ᠂ 19 ᠤᠰᠤᠨ ᠵᠤᠭᠤᠷᠢ ᠪᠠᠶᠢᠭᠤᠯᠤᠨ᠎ᠠ᠃ ᠬᠦᠳᠡᠭᠡ ᠲᠤᠰᠬᠤᠨ ᠤ ᠪᠦᠳᠦᠭᠡᠨ ᠪᠠᠶᠢᠭᠤᠯᠤᠯᠳᠠ ᠶᠢᠨ ᠲᠤᠳᠠᠭᠤᠳᠠᠯ ᠎ ᠢ ᠬᠦᠴᠦᠯᠡᠨ ᠨᠦᠬᠦᠪᠤᠷᠢᠯᠡᠨ᠎ᠡ᠃ ᠭᠦᠳᠡᠭᠡ ᠲᠤᠰᠬᠤᠨ ᠢ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢ ᠬᠦᠨᠵᠡᠭᠡᠢ ᠭᠡᠷᠡᠭᠵᠢᠭᠦᠯᠵᠤ᠂ ᠬᠤᠳᠠ ᠪᠠᠯᠭᠠᠰᠤ ᠶᠢᠨ ᠰᠠᠭᠤᠷᠢ ᠲᠦᠭᠦᠭᠡᠷᠦᠮᠵᠢ᠂ ᠤᠯᠠᠨ ᠨᠡᠶᠢᠳᠡ ᠶᠢᠨ ᠦᠢᠯᠡᠴᠢᠯᠡᠭᠡ ᠶᠢ ᠰᠤᠮᠤ ᠪᠠᠯᠭᠠᠰᠤ ᠪᠠ ᠭᠠᠴᠠᠭ᠎ᠠ ᠲᠡᠰᠢ ᠤᠷᠳᠤᠳᠬᠠᠨ ᠪᠦᠷᠭᠦᠭᠦᠯᠬᠦ ᠶᠢ ᠲᠦᠯᠬᠢᠨ ᠠᠬᠢᠭᠤᠯᠤᠨ᠎ᠠ᠃ ᠬᠦᠳᠡᠭᠡ ᠲᠤᠰᠬᠤᠨ ᠤ ᠵᠠᠰᠠᠮᠠᠯ ᠵᠠᠮ ᠢ ᠠᠷᠠᠴᠢᠯᠠᠨ ᠬᠠᠮᠠᠭᠠᠯᠠᠬᠤ ᠬᠦᠴᠦᠯᠡᠴᠨ ᠶᠢ ᠨᠡᠮᠡᠭᠳᠡᠭᠦᠯᠦᠨ᠂ ︽ᠲᠦᠷᠪᠡᠨ ᠰᠠᠶᠢᠨ ᠬᠦᠳᠡᠭᠡ ᠲᠤᠰᠬᠤᠨ ᠤ ᠵᠠᠰᠠᠮᠠᠯ ᠵᠠᠮ ᠤᠨ ᠪᠦᠳᠦᠭᠡᠨ ᠪᠠᠶᠢᠭᠤᠯᠤᠯᠳᠠ︾᠎ ᠶᠢ ᠲᠦᠯᠬᠢᠨ ᠠᠬᠢᠭᠤᠯᠤᠨ᠎ᠠ᠃ ︽ᠠᠵᠤ ᠦᠢᠯᠡᠰ ᠢ ᠬᠤᠳᠠ ᠯᠤᠭ᠎ᠠ ᠠᠭᠤᠰᠤᠯᠴᠠᠭᠤᠯᠤᠨ ᠬᠦᠭᠵᠢᠬᠦᠯᠬᠦ᠂ ᠤᠨᠤᠪᠴᠢᠳᠠᠢ ᠪᠠᠶᠢᠷᠢ ᠲᠤᠭᠳᠠᠭᠠᠬᠤ᠂ ᠴᠢᠳᠠᠮᠵᠢ ᠶᠢ ᠲᠤᠳᠤᠷᠬᠠᠶᠢᠯᠠᠬᠤ᠂ ᠠᠯᠬᠤᠮ ᠲᠠᠷᠠᠭ᠎ᠠ ᠲᠠᠢ ᠲᠦᠯᠬᠢᠨ ᠠᠬᠢᠭᠤᠯᠬᠤ︾ ᠬᠦᠭᠵᠢᠯᠳᠡ ᠶᠢᠨ ᠰᠡᠤᠡᠬᠢᠴᠡ ᠪᠠᠷ᠂ ᠠᠷᠤᠬᠠᠰᠢᠶᠠᠳᠤ ᠪᠠᠯᠭᠠᠰᠤ ᠪᠠᠷ ᠲᠦᠪ ᠪᠤᠯᠭᠠᠭᠰᠠᠨ ᠪᠠᠷᠠᠭᠠᠨ ᠤ ᠬᠦᠢᠯᠭᠡᠭᠡᠨ ᠤ ᠲᠦᠪ ᠤᠷᠤᠨ ᠢ ᠲᠦᠯᠦᠪᠯᠡᠨ ᠪᠠᠶᠢᠭᠤᠯᠵᠤ᠂ ᠬᠦᠯᠤᠨ ᠪᠠᠯᠭᠠᠰᠤ᠂ ᠲᠠᠯᠠᠢ ᠰᠤᠮᠤ ᠪᠤᠯᠤᠨ ᠪᠤᠭᠳᠠᠡᠭᠤᠯᠠ ᠰᠤᠮᠤ ᠪᠠᠷ ᠲᠦᠪ ᠪᠤᠯᠭᠠᠭᠰᠠᠨ ᠵᠠᠮ ᠲᠠᠭᠠᠤ ᠲᠠᠯ᠎ᠠ ᠨᠤᠳᠤᠭ ᠤᠨ ᠦᠵᠡᠮᠵᠢ ᠶᠢ ᠰᠤᠨᠢᠷᠬᠠᠨ ᠵᠤᠭᠠᠴᠠᠬᠤ ᠠᠷᠠᠯᠵᠢᠶ᠎ᠠ ᠬᠤᠳᠠᠯᠳᠤᠭᠠᠨ ᠤ ᠪᠦᠰᠡ ᠶᠢ ᠪᠠᠶᠢᠭᠤᠯᠵᠤ᠂ ᠴᠡᠭ ᠢᠶᠠᠷ ᠨᠡᠶᠢᠳᠡ ᠶᠢ ᠲᠠᠶᠢᠴᠢᠯᠠᠵᠤ᠂ ᠤᠷᠤᠨ ᠲᠤᠭᠤᠷᠢᠭ ᠬᠤᠯᠪᠤᠭᠠᠯᠠᠨ᠂ ᠬᠠᠮᠵᠢᠯᠴᠠᠨ ᠬᠦᠭᠵᠢᠬᠦ ᠶᠢ ᠪᠡᠶᠡᠯᠡᠬᠦᠯᠤᠨ᠎ᠡ᠃      ︵ᠲᠠᠪᠤ︶ ᠠᠷᠠᠳ ᠤᠨ ᠠᠮᠢᠳᠤᠷᠠᠯ ᠤᠨ ᠪᠠᠳᠤᠯᠠᠭ᠎ᠠ ᠶᠢ ᠲᠤᠪᠤᠶᠢᠮ᠎ᠠ ᠠᠳᠬᠤᠵᠤ᠂ ᠤᠯᠠᠨ ᠲᠦᠮᠡᠨ ᠤ ᠪᠤᠶᠠᠨ ᠭᠡᠰᠢᠭ ᠢ ᠬᠦᠴᠦᠯᠡᠨ ᠨᠡᠮᠡᠭᠳᠡᠭᠦᠯᠦᠨ᠎ᠠ      ᠠᠷᠠᠳ ᠲᠦᠮᠡᠨ ᠢᠶᠠᠷ ᠲᠦᠪ ᠪᠤᠯᠭᠠᠬᠤ ᠶᠢ ᠪᠠᠷᠢᠮᠳᠠᠯᠠᠵᠤ᠂ ᠠᠷᠠᠳ ᠤᠯᠠᠨ ᠤ ᠨᠡᠶᠢᠳᠡᠮ ᠠᠩᠬᠠᠷᠴᠤ ᠪᠠᠶᠢᠭ᠎ᠠ ᠠᠰᠠᠭᠤᠳᠠᠯ ᠢ ᠠᠳᠬᠤᠨ᠂ ᠴᠢᠳᠠᠯ ᠤᠨ ᠬᠢᠷᠢ ᠎ ᠪᠠᠷ ᠢᠶᠠᠷ ᠴᠢᠷᠮᠠᠶᠢᠵᠤ᠂ ᠠᠷᠠᠳ ᠲᠦᠮᠡᠨ ᠤ ᠡᠳᠤᠷ ᠢᠷᠡᠭᠦᠶ᠎ᠡ ᠨᠡᠮᠡᠭᠳᠡᠵᠤ ᠪᠠᠶᠢᠭ᠎ᠠ ᠰᠠᠶᠢᠨ ᠰᠠᠶᠢᠬᠠᠨ ᠠᠮᠢᠳᠤᠷᠠᠯ ᠤᠨ ᠬᠦᠰᠡᠯ ᠱᠠᠭᠠᠷᠳᠠᠯᠭ᠎ᠠ ᠶᠢ ᠲᠠᠰᠤᠷᠠᠯᠳᠠ ᠦᠬᠡᠢ ᠬᠠᠩᠭᠠᠨ᠎ᠠ᠃ ᠦᠭᠡᠷᠡᠴᠢᠯᠡᠯᠳᠡ ᠭᠦᠭᠵᠢᠯᠳᠡ ᠶᠢᠨ ᠦᠷ᠎ᠡ ᠠᠰᠢᠭ ᠢ ᠨᠡᠩ ᠦᠷᠭᠡᠨ ᠨᠡᠩ ᠭᠤᠤᠯᠴᠢ ᠪᠠᠷ ᠪᠦᠬᠦ ᠠᠷᠠᠳ ᠲᠤ ᠭᠦᠷᠳᠡᠭᠡᠨ᠎ᠡ᠃ ᠨᠡᠶᠢᠭᠡᠮ ᠤᠨ ᠪᠠᠳᠤᠯᠠᠭ᠎ᠠ ᠶᠢᠨ ᠦᠨᠳᠦᠰᠦᠨ ᠦᠢᠯᠡᠴᠢᠯᠡᠭᠡ ᠶᠢ ᠴᠢᠩᠭᠠᠳᠬᠠᠨ᠎ᠠ᠃ ᠬᠤᠷᠢᠭ᠎ᠠ ᠱᠤᠭᠤᠮ ᠢ ᠰᠠᠬᠢᠬᠤ᠂ ᠨᠢᠬᠲᠠ ᠲᠤᠤᠷ ᠢ ᠰᠦᠯᠵᠢᠬᠦ᠂ ᠲᠤᠬᠳᠠᠴᠠ ᠶᠢ ᠪᠠᠶᠢᠭᠤᠯᠬᠤ ᠎ ᠶᠢ ᠪᠠᠷᠢᠮᠳᠠᠯᠠᠵᠤ᠂ ᠪᠦᠬᠦ ᠠᠷᠠᠳ ᠢ ᠬᠠᠮᠤᠷᠬᠤ᠂ ᠬᠤᠳᠠ ᠬᠦᠳᠡᠭᠡ ᠶᠢ ᠨᠢᠭᠡᠳᠤᠯᠳᠠᠢ ᠲᠦᠯᠤᠪᠯᠡᠬᠦ᠂ ᠦᠷᠬᠦᠯᠵᠢᠯᠡᠬᠦᠶᠢᠴᠡ ᠤᠯᠠᠨ ᠲᠠᠰ ᠲᠠᠪᠬᠤᠷᠭᠠᠳᠤ ᠨᠡᠶᠢᠭᠡᠮ ᠤᠨ ᠪᠠᠳᠤᠯᠠᠭ᠎ᠠ ᠶᠢᠨ ᠰᠢᠰᠲ᠋ᠧᠮ ᠢ ᠪᠦᠬᠦ ᠲᠠᠯ᠎ᠠ ᠪᠠᠷ ᠪᠡᠶᠡᠯᠡᠬᠦᠯᠦᠨ᠎ᠡ᠃ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠶᠢ ᠬᠦᠷᠳᠡᠵᠤ ᠪᠠᠶᠢᠭ᠎ᠠ ᠬᠦᠮᠤᠰ ᠪᠤᠯᠤᠨ ᠤᠨᠴᠠ ᠬᠦᠴᠢᠷᠳᠡᠯᠳᠡᠢ ᠬᠦᠮᠦᠰ ᠢ ᠠᠪᠤᠷᠠᠨ ᠲᠡᠳᠭᠦᠭᠦ ᠪᠠᠷᠢᠮᠵᠢᠶ᠎ᠠ ᠶᠢ ᠲᠡᠭᠡᠭᠰᠢᠯᠡᠭᠦᠯᠦᠨ᠂ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠶᠢᠨ ᠬᠢᠵᠠᠭᠠᠷ ᠳᠠᠬᠢ ᠶᠠᠳᠠᠭᠤ ᠬᠦᠴᠢᠷᠳᠡᠯᠳᠡᠢ ᠬᠦᠮᠦᠰ ᠢ ᠠᠪᠤᠷᠠᠨ ᠲᠤᠰᠠᠯᠠᠬᠤ ᠠᠵᠢᠯ ᠢ ᠰᠠᠶᠢᠳᠤᠷ ᠬᠢᠵᠤ᠂ ᠪᠠᠴᠢᠮ ᠲᠤᠬᠢᠶᠠᠯᠳᠤᠪᠠᠯ ᠲᠤᠰᠠᠯᠠᠮᠵᠢ ᠦᠵᠡᠬᠦᠯᠵᠤ᠂ ᠬᠦᠴᠢᠷ ᠲᠤᠯᠭᠠᠷᠠᠪᠠᠯ ᠲᠡᠮᠵᠢᠯᠭᠡ ᠦᠭᠭᠦ ᠶᠢ ᠪᠠᠳᠤᠯᠠᠨ᠎ᠠ᠃ ︽ᠴᠢᠳᠠᠪᠤᠷᠢᠳᠠᠨ ᠢᠶᠠᠷ ᠬᠤᠰᠢᠭᠤ ᠪᠠᠨ ᠬᠦᠴᠦᠷᠭᠡᠭᠵᠢᠭᠦᠯᠭᠦ︾ ᠪᠠᠶᠢᠯᠳᠤᠬᠤ ᠪᠤᠳᠤᠯᠭ᠎ᠠ ᠶᠢ ᠬᠦᠨᠵᠡᠬᠡᠢ ᠭᠡᠷᠡᠭᠵᠢᠭᠦᠯᠵᠤ᠂ ᠡᠯ᠎ᠡ ᠲᠦᠷᠤᠯ ᠤᠨ ᠴᠢᠳᠠᠪᠤᠷᠢᠳᠠᠨ ᠤ ᠰᠢᠨ᠎ᠡ ᠪᠠᠷᠭᠤ ᠪᠠᠷᠠᠭᠤᠨ ᠬᠤᠰᠢᠭᠤᠨ ᠳᠤ ᠲᠠᠰᠤᠷᠠᠯᠳᠠ ᠦᠬᠡᠢ ᠬᠤᠷᠠᠨ ᠴᠤᠭᠯᠠᠷᠠᠬᠤ ᠶᠢ ᠪᠡᠶᠡᠯᠡᠬᠦᠯᠤᠨ᠎ᠡ᠃ ᠰᠢᠯᠢᠳᠡᠭ ᠪᠦᠬᠡᠤᠨ ᠠᠮᠢᠳᠤᠯᠢᠭ ᠬᠦᠴᠤᠳᠡᠢ ᠠᠵᠢᠯ ᠤᠯᠭᠤᠬᠤ ᠰᠠᠭᠤᠷᠢᠨ ᠭᠠᠵᠠᠷ ᠢ ᠪᠠᠶᠢᠭᠤᠯᠵᠤ᠂ ᠮᠠᠯᠵᠢᠬᠤ ᠤᠷᠤᠨ ᠤ ᠭᠡᠷᠡᠭᠯᠡᠭᠡᠨ ᠤ ᠭᠡᠯᠪᠡᠷᠢ ᠶᠢᠨ ᠴᠢᠳᠠᠪᠤᠷᠢᠳᠠᠨ ᠢ ᠬᠦᠮᠦᠵᠢᠭᠦᠯᠦᠨ᠎ᠡ᠃ ᠪᠦᠬᠦ ᠠᠷᠠᠤᠨ ᠢᠶᠠᠷ ᠢᠶᠠᠨ ᠦᠢᠯᠡᠰ ᠪᠤᠰᠬᠠᠬᠤ ᠤᠷᠬᠢᠯᠤᠮ᠎ᠠ ᠬᠠᠯᠠᠭᠤᠨ ᠰᠡᠤᠡᠬᠢᠯᠬᠡ ᠶᠢ ᠭᠦᠪᠴᠢᠯᠡᠵᠤ᠂ ᠦᠢᠯᠡᠰ ᠪᠤᠰᠬᠠᠵᠤ ᠠᠵᠢᠯ ᠤᠯᠭᠤᠬᠤ ᠠᠵᠢᠯ ᠢ ᠰᠠᠶᠢᠳᠤᠷ ᠬᠢᠵᠤ᠂ ᠦᠢᠯᠡᠰ ᠪᠤᠰᠬᠠᠬᠤ ᠪᠤᠯᠪᠠᠰᠤᠷᠠᠯ᠂ ᠮᠡᠷᠭᠡᠵᠢᠯ ᠤᠨ ᠪᠤᠯᠪᠠᠰᠤᠷᠠᠯ᠂ ᠪᠠᠭ᠎ᠠ ᠲᠤᠭᠠᠨ ᠤ ᠪᠠᠳᠤᠯᠠᠭᠠᠳᠤ ᠵᠢᠭᠡᠯᠡᠯᠭᠡ ᠪᠠ ᠭᠠᠶᠢᠯᠢ ᠰᠦᠢᠳᠭᠡᠯ ᠎ ᠢ ᠬᠦᠩᠭᠡᠯᠡᠨ ᠭᠡᠯᠳᠤᠷᠢᠭᠦᠯᠭᠦ ᠵᠡᠷᠭᠡ ᠬᠠᠷᠠᠭᠠᠯᠵᠠᠯ ᠤᠨ ᠲᠦᠷᠦ ᠶᠢᠨ ᠪᠤᠳᠤᠯᠭ᠎ᠠ ᠶᠢ ᠶᠡᠷᠥᠩᠭᠡᠶᠢᠯᠡᠨ ᠭᠡᠷᠡᠭᠯᠡᠵᠤ᠂ ᠲᠠᠶᠠᠭᠠᠷ ᠢᠶᠠᠨ ᠦᠢᠯᠡᠰ ᠪᠤᠰᠬᠠᠬᠤ᠂ ᠪᠦᠬᠦᠨ ᠢᠶᠠᠷ ᠢᠶᠠᠨ ᠰᠢᠨ᠎ᠡ ᠶᠢ ᠡᠬᠦᠤᠡᠬᠦ ᠶᠢ ᠦᠷᠭᠦᠯᠵᠢᠯᠡᠨ ᠲᠦᠯᠬᠢᠨ ᠠᠬᠢᠭᠤᠯᠤᠨ᠎ᠠ᠃ ᠰᠤᠶᠤᠯ ᠰᠤᠷᠭᠠᠨ ᠬᠦᠮᠤᠵᠢᠯ ᠨᠡᠶᠢᠭᠡᠮ ᠤᠨ ᠠᠵᠢᠯ ᠦᠢᠯᠡᠰ ᠤᠨ ᠬᠦᠭᠵᠢᠯᠳᠡ ᠶᠢ ᠲᠦᠯᠬᠢᠨ ᠠᠬᠢᠭᠤᠯᠤᠨ᠎ᠠ᠃ ᠰᠢ ᠶᠢᠨ ᠫᠢᠩ ᠶᠡᠷᠥᠩᠭᠡᠢ ᠱᠦᠵᠢ ᠶᠢᠨ ᠴᠢᠬᠤᠯᠠ ᠵᠢᠭᠠᠪᠤᠷᠢ ᠶᠢᠨ ᠵᠤᠷᠢᠭ ᠰᠠᠨᠠᠭ᠎ᠠ ᠶᠢ ᠪᠦᠬᠦ ᠲᠠᠯ᠎ᠠ ᠪᠠᠷ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠨᠡᠶᠢᠬᠡᠮ ᠵᠢᠷᠤᠮ ᠤᠨ ᠭᠤᠤᠯᠯᠠᠭᠴᠢ ᠦᠷᠳᠡᠭ ᠤᠨ ᠦᠵᠡᠯᠳᠡ ᠶᠢ ᠶᠡᠬᠡᠪᠡᠷ ᠦᠢᠯᠡᠳᠤᠯᠬᠡᠵᠢᠬᠦᠯᠵᠤ᠂ ᠲᠤᠮᠳᠠᠳᠤ ᠶᠢᠨ ᠦᠨᠳᠤᠰᠤᠳᠡᠨ ᠤ ᠰᠢᠯᠢᠳᠡᠭ ᠰᠤᠶᠤᠯ ᠢ ᠣᠯᠠᠮᠵᠢᠯᠠᠨ ᠪᠠᠳᠠᠷᠠᠭᠤᠯᠵᠦ᠂ ᠰᠤᠶᠤᠯ ᠤᠨ ᠢᠳᠡᠭᠡᠯ ᠢ ᠪᠠᠬᠢᠵᠢᠭᠦᠯᠦᠨ᠂ ᠤᠯᠠᠭᠠᠨᠮᠦ᠋ᠴᠢᠷ ᠤᠨ ᠬᠤᠪᠢᠰᠬᠠᠯᠳᠤ ᠤᠯᠠᠮᠵᠢᠯᠠᠯ ᠢ ᠬᠤᠪᠢᠷᠠᠭᠤᠯᠬᠤ ᠦᠭᠡᠢ ᠪᠠᠶᠢᠬᠤ ᠶᠢ ᠢᠮᠠᠭᠳᠠ ᠪᠠᠷᠢᠮᠳᠠᠯᠠᠵᠤ᠂ ᠲᠠᠯ᠎ᠠ ᠨᠤᠳᠤᠭ ᠤᠨ ᠰᠤᠶᠤᠯ ᠤᠨ ᠴᠡᠴᠡᠭᠯᠡᠨ ᠭᠦᠭᠵᠢᠯᠳᠡ ᠶᠢ ᠲᠦᠯᠬᠢᠨ ᠠᠬᠢᠭᠤᠯᠤᠨ᠎ᠠ᠃ ᠡᠬᠢ ᠪᠠᠶᠠᠯᠢᠭ ᠤᠨ ᠲᠠᠪᠠᠭᠤᠯᠢᠭ ᠢ ᠬᠦᠢᠴᠡᠤᠨ ᠠᠰᠢᠭᠯᠠᠵᠤ᠂ ᠤᠯᠠᠨ ᠨᠡᠶᠢᠳᠡ ᠶᠢᠨ ᠰᠤᠶᠤᠯ ᠲᠠᠮᠢᠷ ᠤᠨ ᠦᠢᠯᠡᠴᠢᠯᠡᠬᠡᠨ ᠤ ᠰᠢᠰᠲ᠋ᠧᠮ ᠢ ᠲᠡᠭᠦᠯᠳᠡᠷᠵᠢᠬᠦᠯᠦᠨ᠂ ᠨᠤᠮ ᠤᠨ ᠰᠠᠩ᠂ ᠰᠤᠶᠤᠯ ᠤᠨ ᠤᠷᠳᠤᠨ ᠪᠠ ᠮᠠᠨᠤ ᠴᠢᠯᠠᠭᠤᠨ ᠤ ᠮᠦᠽᠸᠢ ᠶᠢᠨ ᠪᠠᠶᠢᠭᠤᠯᠤᠯᠳᠠ ᠶᠢ ᠲᠦᠷᠬᠡᠤᠡᠬᠡᠨ ᠠᠬᠢᠭᠤᠯᠵᠤ᠂ ᠪᠤᠭᠳᠠᠡᠭᠤᠯᠠ ᠶᠢᠨ ᠤᠯᠠᠨ ᠤᠯᠤᠰ ᠤᠨ ᠰᠤᠶᠤᠯ ᠵᠤᠭᠠᠴᠠᠯ ᠤᠨ ᠨᠠᠶᠢᠷ᠂ ᠤᠯᠠᠨ ᠤᠯᠤᠰ ᠤᠨ ᠵᠠᠯᠠᠭᠤᠴᠤᠳ ᠪᠠᠭᠠᠴᠤᠳ ᠤᠨ ᠵᠢᠤᠳᠤᠤ ᠪᠦᠬᠡ ᠶᠢᠨ ᠤᠷᠢᠯᠭ᠎ᠠ ᠶᠢᠨ ᠤᠷᠤᠯᠳᠤᠭᠠᠨ᠂ ᠲᠠᠪᠤᠨ ᠬᠦᠮᠦᠨ ᠤ ᠲᠦᠷᠢᠮᠳᠤ ᠬᠦᠯ ᠪᠦᠮᠪᠦᠭᠡ ᠶᠢᠨ ᠤᠷᠢᠯᠭ᠎ᠠ ᠶᠢᠨ ᠤᠷᠤᠯᠳᠤᠭᠠᠨ᠂ ᠮᠦᠰᠦᠨ ᠪᠦᠮᠪᠦᠭᠡ ᠶᠢᠨ ᠤᠷᠢᠯᠭ᠎ᠠ ᠶᠢᠨ ᠤᠷᠤᠯᠳᠤᠭᠠᠨ᠂ ᠲᠤᠯᠢᠶᠠᠳᠤ ᠪᠦᠭᠡ ᠶᠢᠨ ᠪᠠᠷᠢᠯᠳᠤᠭᠠᠨ᠂ ᠮᠦᠰᠦ ᠴᠠᠰᠤᠨ ᠤ ᠵᠠᠮ ᠮᠠᠷᠠᠽᠤᠨ ᠬᠦᠶᠦᠯᠳᠡ ᠶᠢᠨ ᠤᠷᠤᠯᠳᠤᠭᠠᠨ ᠵᠡᠷᠭᠡ ᠦᠷᠭᠡᠨ ᠲᠡᠯᠭᠡᠷ ᠨᠦᠯᠦᠭᠡᠯᠡᠭᠦ ᠬᠦᠴᠦᠨ ᠪᠦᠬᠦᠢ ᠤᠯᠠᠨ ᠲᠦᠮᠡᠨ ᠤ ᠰᠤᠶᠤᠯ ᠲᠠᠮᠢᠷ ᠎ ᠤᠨ ᠬᠦᠳᠡᠯᠭᠡᠭᠡᠨ ᠢ ᠦᠷᠨᠢᠭᠦᠯᠦᠨ᠎ᠡ᠃ ︽ᠪᠠᠷᠭᠤ ᠬᠦᠮᠦᠨ︾ ᠮᠦᠰᠤᠨ ᠪᠦᠮᠪᠦᠭᠡ ᠶᠢᠨ ᠠᠩᠬᠢ᠂ ᠪᠤᠶᠢᠷ ᠬᠦᠯᠦᠨ ᠵᠠᠯᠠᠭᠤᠴᠤᠳ ᠪᠠᠭᠠᠴᠤᠳ ᠤᠨ ᠵᠢᠤᠳᠤᠤ ᠪᠦᠬᠡ ᠎ ᠶᠢᠨ ᠠᠩᠬᠢ᠂ ᠵᠠᠯᠠᠭᠤᠴᠤᠳ ᠪᠠᠭᠠᠴᠤᠳ ᠤᠨ ᠬᠦᠯ ᠪᠦᠮᠪᠦᠭᠡ ᠶᠢᠨ ᠠᠩᠭᠢ ᠵᠢ‌‍ᠪᠤᠶᠢᠵᠢᠭᠤᠯᠤᠨ᠂ ᠪᠡᠶ᠎ᠡ ᠶᠢᠨ ᠲᠠᠮᠢᠷ ᠤᠨ ᠪᠡᠯᠡᠳᠭᠡᠯ ᠴᠢᠳᠠᠪᠤᠷᠢᠳᠡᠨ ᠢ ᠬᠦᠮᠦᠵᠢᠬᠦᠯᠭᠦ ᠎ ᠶᠢ ᠴᠢᠩᠭᠠᠳᠬᠠᠨ᠎ᠠ᠃ ᠲᠡᠤᠭᠡ ᠶᠢᠨ ᠲᠤᠷᠠᠰᠬᠠᠯᠳᠤ ᠡᠳ᠋ ᠢ ᠬᠠᠮᠠᠭᠠᠯᠠᠵᠤ ᠠᠰᠢᠭᠯᠠᠬᠤ ᠪᠠ ᠰᠤᠶᠤᠯ ᠤᠨ ᠦᠪ ᠢ ᠤᠯᠠᠮᠵᠢᠯᠠᠨ ᠵᠠᠯᠭᠠᠮᠵᠢᠯᠠᠬᠤ ᠠᠮᠢᠵᠢᠷᠠᠯ ᠤᠨ ᠭᠦᠴᠦᠨ ᠢᠶᠠᠨ ᠨᠡᠮᠡᠭᠳᠡᠭᠦᠯᠦᠨ᠂ ᠠᠯᠳᠠᠨ ᠤᠯᠤᠰ ᠤᠨ ᠭᠡᠷᠡᠮ᠂ ᠳ᠋ᠠᠰᠢᠫᠤᠩᠰᠤᠭ ᠰᠦᠮ᠎ᠡ᠂ ᠬᠠᠨᠭᠤᠯᠠ ᠴᠢᠯᠠᠭᠤᠨ ᠤᠩᠭᠤᠨ ᠵᠡᠷᠭᠡ ᠲᠡᠤᠭᠡ ᠶᠢᠨ ᠲᠤᠷᠠᠰᠬᠠᠯᠳᠤ ᠡᠳ᠋ ᠎ ᠤᠨ ᠬᠠᠮᠠᠭᠠᠯᠠᠯᠳᠠ ᠶᠢᠨ ᠬᠦᠴᠦᠯᠡᠴᠡ ᠪᠠᠨ ᠴᠢᠩᠭᠠᠳᠬᠠᠵᠤ᠂ ︽ᠪᠤᠭᠳᠠᠡᠭᠤᠯᠠ︾ ᠤᠯᠤᠰ ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠢ ᠭᠤᠶᠤᠴᠢᠯᠠᠨ ᠮᠡᠳᠡᠬᠦᠯᠬᠦ ᠠᠵᠢᠯ ᠢ ᠲᠦᠯᠬᠢᠨ ᠠᠬᠢᠭᠤᠯᠵᠤ᠂ ᠴᠦᠭᠡᠨ ᠲᠤᠭᠠᠳᠤ ᠦᠨᠳᠦᠰᠦᠳᠡᠨ ᠤ ᠦᠭᠡ ᠭᠡᠯᠡ ᠶᠢ ᠬᠠᠮᠠᠭᠠᠯᠠᠨ ᠭᠡᠷᠡᠭᠯᠡᠬᠦ ᠠᠵᠢᠯ ᠢ ᠰᠠᠶᠢᠳᠤᠷ ᠬᠢᠨ᠎ᠠ᠃ ᠲᠦᠪ ᠭᠤᠤᠯᠴᠢ ᠪᠦᠭᠡᠳ ᠴᠢᠨᠠᠷ ᠴᠢᠨᠰᠠᠭ᠎ᠠ ᠲᠠᠢ ᠰᠤᠷᠭᠠᠨ ᠭᠦᠮᠦᠵᠢᠯ ᠢ ᠭᠦᠭᠵᠢᠭᠦᠯᠵᠤ᠂ ᠠᠯᠪᠠᠨ ᠵᠢᠷᠤᠮ ᠤᠨ ᠰᠤᠷᠭᠠᠨ ᠬᠦᠮᠦᠵᠢᠯ ᠤᠨ ᠲᠡᠩᠴᠡᠭᠦᠷᠢᠳᠡᠢ ᠭᠦᠭᠵᠢᠯᠳᠡ ᠎ ᠶᠢᠨ ᠦᠷ᠎ᠡ ᠪᠦᠳᠦᠭᠡᠯ ᠢ ᠪᠠᠬᠢᠵᠢᠭᠦᠯᠦᠨ᠂ ᠰᠤᠷᠭᠠᠨ ᠬᠦᠮᠦᠵᠢᠯ ᠤᠨ ᠵᠢᠭᠠᠨ ᠰᠤᠷᠭᠠᠯᠳᠠ ᠶᠢᠨ ᠦᠭᠡᠷᠡᠴᠢᠯᠡᠯᠳᠡ ᠶᠢ ᠬᠦᠨᠵᠡᠬᠡᠶᠢᠷᠡᠬᠦᠯᠵᠤ᠂ ︽ᠨᠢᠭᠡ ᠤᠷᠤᠨ ᠬᠤᠶᠠᠷ ᠰᠠᠭᠤᠷᠢᠨ ᠭᠠᠵᠠᠷ ᠲᠦᠷᠪᠡᠨ ᠰᠤᠷᠭᠠᠭᠤᠯᠢ ᠳᠠᠪᠣᠵᠢᠭᠤᠯᠬᠤ︾⑨ ᠪᠠᠶᠢᠭᠤᠯᠤᠯᠳᠠ ᠶᠢ ᠲᠦᠷᠭᠡᠳᠭᠡᠨ᠎ᠡ᠃ ᠰᠤᠷᠬᠤ ᠨᠠᠰᠤᠨ ᠠᠴᠠ ᠡᠮᠤᠨᠡᠬᠢ ᠰᠤᠷᠭᠠᠨ ᠬᠦᠮᠤᠵᠢᠯ ᠢ ᠠᠮᠢᠳᠤᠯᠢᠭ ᠡᠷᠬᠢᠯᠡᠵᠤ᠂ ᠨᠡᠶᠢᠬᠡᠮ ᠠᠴᠠ ᠰᠤᠷᠭᠠᠭᠤᠯᠢ ᠡᠷᠬᠢᠯᠡᠬᠦ ᠶᠢ ᠵᠤᠷᠢᠭᠵᠢᠭᠤᠯᠤᠨ᠂ ᠦᠨᠳᠤᠷ ᠴᠢᠨᠠᠷ ᠴᠢᠨᠰᠠᠭ᠎ᠠ ᠲᠠᠢ ᠠᠯᠪᠠᠨ ᠠᠴᠠ ᠡᠷᠬᠢᠯᠡᠭᠰᠡᠨ ᠬᠡᠤᠬᠡᠤᠨ ᠤᠨ ᠴᠡᠴᠡᠷᠯᠢᠭ ᠪᠠ ᠠᠷᠠᠤᠨ ᠠᠴᠠ ᠡᠷᠬᠢᠯᠡᠭᠰᠡᠨ ᠬᠡᠤᠬᠡᠤᠨ ᠤᠨ ᠴᠡᠴᠡᠷᠯᠢᠭ ᠤᠨ ᠪᠠᠶᠢᠭᠤᠯᠤᠯᠳᠠ ᠶᠢ ᠲᠦᠯᠬᠢᠨ ᠠᠬᠢᠭᠤᠯᠤᠨ᠎ᠠ᠃ ᠠᠯᠪᠠᠨ ᠵᠢᠷᠤᠮ ᠤᠨ ᠰᠤᠷᠭᠠᠨ ᠬᠦᠮᠤᠵᠢᠯ ᠢ ᠰᠠᠶᠢᠳᠤᠷ ᠡᠷᠬᠢᠯᠡᠨ᠂ ᠰᠤᠷᠭᠠᠨ ᠬᠦᠮᠤᠵᠢᠯ ᠤᠨ ᠬᠠᠳᠠᠭᠤ ᠵᠦᠬᠡᠯᠡᠨ ᠲᠤᠨᠤᠭ ᠢ ᠰᠠᠶᠢᠵᠢᠷᠠᠭᠤᠯᠵᠦ᠂ ᠰᠤᠷᠭᠠᠭᠤᠯᠢ ᠪᠠᠷᠢᠮᠵᠢᠶᠠᠵᠢᠭᠰᠠᠨ᠂ ᠰᠤᠷᠭᠠᠨ ᠬᠦᠮᠤᠵᠢᠯ ᠰᠤᠷᠠᠭ ᠵᠠᠩᠬᠢᠴᠢᠯᠠᠭᠰᠠᠨ᠂ ᠪᠠᠭᠰᠢ ᠶᠢᠨ ᠬᠢᠷᠢ ᠬᠡᠮ ᠲᠤᠰᠬᠠᠶᠢᠵᠢᠭᠰᠠᠨ ᠪᠠᠶᠢᠭᠤᠯᠤᠯᠳᠠ ᠶᠢ ᠲᠦᠷᠬᠡᠤᠡᠬᠡᠨ ᠠᠬᠢᠭᠤᠯᠤᠨ᠎ᠠ᠃ ᠠᠵᠢᠯ ᠮᠡᠷᠭᠡᠵᠢᠯ ᠤᠨ ᠰᠤᠷᠭᠠᠨ ᠬᠦᠮᠦᠵᠢᠯ ᠢ ᠰᠢᠯᠢᠳᠡᠭ ᠡᠷᠬᠢᠯᠡᠵᠤ᠂ ᠨᠡᠩ ᠤᠯᠠᠨ ᠪᠤᠳᠠᠳᠤ ᠭᠡᠷᠡᠭᠯᠡᠭᠡᠨ ᠤ ᠴᠢᠳᠠᠪᠤᠷᠢᠳᠠᠨ ᠪᠠ ᠭᠠᠵᠠᠷ ᠤᠷᠤᠨ ᠤ ᠴᠢᠳᠠᠪᠤᠷᠢᠳᠠᠨ ᠢ ᠬᠦᠮᠦᠵᠢᠬᠦᠯᠦᠨ᠎ᠡ᠃ ᠲᠠᠩᠰᠠ ᠡᠪᠭᠡᠮᠡᠯ ᠤᠨ ᠤᠷᠳᠤᠨ ᠤ ᠲᠠᠩᠰᠠ ᠡᠪᠭᠡᠮᠡᠯ ᠢ ᠬᠠᠳᠠᠭᠠᠯᠠᠬᠤ ᠲᠤᠭᠠᠴᠢᠯᠠᠭᠰᠠᠨ ᠪᠠᠶᠢᠭᠤᠯᠤᠯᠳᠠ ᠶᠢᠨ ᠢᠨᠵᠧᠨ᠋ᠷᠢᠩ ᠢ ᠭᠡᠷᠡᠭᠵᠢᠭᠦᠯᠵᠤ᠂ ᠲᠠᠩᠰᠠ ᠡᠪᠭᠡᠮᠡᠯ ᠤᠨ ᠬᠠᠮᠢᠶᠠᠷᠤᠯᠳᠠ ᠶᠢᠨ ᠬᠢᠷᠢ ᠲᠦᠪᠰᠢᠨ ᠢ ᠲᠡᠭᠡᠭᠰᠢᠯᠡᠭᠦᠯᠦᠨ᠎ᠡ᠃ ᠠᠷᠠᠳ ᠤᠯᠠᠨ ᠤ ᠡᠷᠡᠭᠦᠯ ᠡᠩᠭᠡ ᠶᠢᠨ ᠬᠢᠷᠢ ᠲᠦᠪᠰᠢᠨ ᠢ ᠲᠡᠭᠡᠭᠰᠢᠯᠡᠬᠦᠯᠤᠨ᠎ᠡ᠃ ︽ᠡᠷᠡᠭᠦᠯ ᠡᠩᠭᠡ ᠰᠢᠨ᠎ᠡ ᠪᠠᠷᠭᠤ ᠪᠠᠷᠠᠭᠤᠨ ᠬᠤᠰᠢᠭᠤ︾᠎ ᠶᠢ ᠲᠦᠷᠭᠡᠳᠭᠡᠨ ᠪᠠᠶᠢᠭᠤᠯᠤᠨ᠎ᠠ᠃ ᠡᠮ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠶᠢᠨ ᠦᠭᠡᠷᠡᠴᠢᠯᠡᠯᠳᠡ ᠶᠢᠨ ᠦᠷ᠎ᠡ ᠪᠦᠳᠦᠮᠵᠢ ᠶᠢ ᠪᠠᠭᠢᠵᠢᠭᠦᠯᠵᠤ᠂ ᠡᠮ ᠡᠮᠨᠡᠯᠭᠡ ᠶᠢᠨ ᠲᠠᠭᠠᠳᠬᠠᠯ ᠤᠨ ᠲᠤᠭᠠᠴᠠᠭ᠎ᠠ ᠬᠢᠬᠦ ᠠᠷᠭ᠎ᠠ ᠮᠠᠶ᠋ᠢᠭ ᠤᠨ ᠦᠭᠡᠷᠡᠴᠢᠯᠡᠯᠳᠡ ᠶᠢ ᠬᠦᠨᠵᠡᠭᠡᠶᠢᠷᠡᠭᠦᠯᠦᠨ᠂ ᠡᠪᠡᠳᠴᠢᠨ ᠎ ᠤ ᠲᠦᠷᠦᠯ ᠢᠶᠠᠷ ᠵᠠᠷᠤᠳᠠᠯ ᠲᠤᠰᠢᠶᠠᠬᠤ ᠬᠦᠷᠢᠶ᠎ᠡ ᠭᠡᠪᠴᠢᠶ᠎ᠡ ᠶᠢ ᠦᠷᠭᠡᠳᠭᠡᠵᠤ᠂ ᠡᠮ ᠡᠮᠨᠡᠯᠭᠡ ᠶᠢᠨ ᠰᠦᠢᠳᠭᠡᠯ ᠤᠨ ᠵᠦᠢ ᠵᠤᠬᠢᠰ ᠦᠬᠡᠢ ᠨᠡᠮᠡᠭᠳᠡᠭᠦ ᠶᠢ ᠡᠵᠡᠮᠳᠡᠨ᠂ ᠠᠯᠪᠠᠨ ᠤ ᠡᠮᠨᠡᠯᠭᠡ ᠶᠢᠨ ᠬᠤᠷᠢᠶᠠᠨ ᠤ ᠵᠤᠷᠢᠭᠵᠢᠭᠤᠯᠬᠤ ᠲᠤᠭᠳᠠᠴᠠ ᠶᠢᠨ ᠦᠢᠯᠡᠳᠤᠯ ᠢ ᠬᠦᠢᠴᠡᠤᠨ‌‍ᠪᠠᠳᠠᠷᠠᠭᠤᠯᠤᠨ᠎ᠠ᠃ ᠤᠷᠤᠨ ᠤ ᠲᠤᠳᠤᠨ᠎ᠠ ᠭᠠᠳᠠᠨᠠᠬᠢ ᠨᠡᠷᠡᠳᠤ ᠡᠮᠨᠡᠯᠭᠡ ᠶᠢᠨ ᠬᠤᠷᠢᠶ᠎ᠠ ᠯᠦᠭᠡ ᠶᠢᠨ ᠬᠠᠮᠳᠤᠷᠠᠯᠴᠠᠭ᠎ᠠ ᠶᠢ ᠴᠢᠩᠭᠠᠳᠬᠠᠵᠤ᠂ ᠡᠮᠴᠢᠯᠡᠭᠡᠨ ᠤ ᠮᠡᠷᠭᠡᠵᠢᠯ ᠤᠨ ᠬᠢᠷᠢ ᠲᠦᠪᠰᠢᠨ ᠢ ᠪᠦᠬᠦ ᠲᠠᠯ᠎ᠠ ᠪᠠᠷ ᠲᠡᠭᠡᠭᠰᠢᠯᠡᠭᠦᠯᠦᠨ᠎ᠡ᠃ ᠮᠤᠩᠭᠤᠯ ᠡᠮᠨᠡᠯᠬᠡ ᠶᠢᠨ ᠬᠤᠷᠢᠶᠠᠨ ᠤ ᠶᠡᠷᠤᠩᠬᠡᠶᠢᠯᠡᠭᠰᠡᠨ ᠠᠰᠠᠷ ᠤᠨ ᠡᠮ ᠨᠠᠶᠢᠷᠠᠭᠤᠯᠬᠤ ᠲᠠᠰᠤᠭ᠂ ᠵᠡᠮᠳᠡᠭᠴᠤᠤᠨ ᠢ ᠨᠠᠶᠢᠳᠠᠨ ᠠᠰᠠᠷᠠᠬᠤ ᠪᠠ ᠶᠡᠷᠥᠩᠭᠡᠶᠢᠯᠡᠭᠰᠡᠨ ᠦᠢᠯᠡᠴᠢᠯᠡᠬᠡᠨ ᠤ ᠲᠦᠪ ᠢ ᠠᠰᠢᠭᠯᠠᠯᠳᠠ ᠳᠤ ᠤᠷᠤᠭᠤᠯᠵᠤ᠂ ᠮᠤᠩᠭᠤᠯ ᠡᠮ ᠡᠮᠨᠡᠯᠭᠡ ᠶᠢᠨ ᠠᠵᠤ ᠦᠢᠯᠡᠰ ᠤᠨ ᠭᠦᠭᠵᠢᠯᠳᠡ ᠶᠢ ᠠᠬᠢᠭᠤᠯᠤᠨ᠂ ᠦᠨᠳᠦᠷ ᠭᠡᠪ ᠴᠢᠨᠠᠷ ᠲᠠᠢ ᠡᠮᠨᠡᠯᠭᠡ ᠶᠢᠨ ᠠᠵᠢᠯᠳᠠᠨ ᠢ ᠤᠷᠢᠨ ᠤᠷᠤᠭᠤᠯᠵᠤ᠂ ᠡᠮᠴᠢᠯᠡᠨ ᠤᠨᠤᠰᠢᠯᠠᠬᠤ ᠬᠢᠷᠢ ᠲᠦᠪᠰᠢᠨ ᠢ ᠲᠡᠭᠡᠭᠰᠢᠯᠡᠭᠦᠯᠦᠨ᠎ᠡ᠃ ᠰᠤᠮᠤ ᠪᠠᠯᠭᠠᠰᠤ ᠶᠢᠨ ᠡᠷᠡᠬᠦᠯ ᠬᠠᠮᠠᠭᠠᠯᠠᠯ ᠤᠨ ᠬᠤᠷᠢᠶ᠎ᠠ ᠪᠤᠯᠤᠨ‌ᠭᠠᠴᠠᠭᠠᠨ ᠤ ᠡᠷᠡᠬᠦᠯ ᠬᠠᠮᠠᠭᠠᠯᠠᠯ ᠤᠨ ᠲᠠᠰᠤᠭ ᠤᠨ ᠪᠠᠶᠢᠭᠤᠯᠤᠯᠳᠠ ᠶᠢ ᠴᠢᠩᠭᠠᠤᠡᠬᠠᠵᠤ᠂ ᠤᠯᠠᠨ ᠲᠦᠮᠡᠨ ᠤ ᠡᠮᠨᠡᠭᠦᠯᠭᠦ ᠤᠷᠴᠢᠨ ᠲᠤᠭᠤᠷᠢᠨ ᠢ ᠰᠢᠯᠢᠳᠡᠭᠵᠢᠬᠦᠯᠤᠨ᠎ᠡ᠃ ᠬᠤᠶᠠᠷ ᠬᠡᠤᠬᠡᠤᠨ ᠠᠪᠬᠤ ᠲᠦᠷᠤ ᠶᠢᠨ ᠪᠤᠳᠤᠯᠭ᠎ᠠ ᠶᠢ ᠪᠦᠬᠦ ᠲᠠᠯ᠎ᠠ ᠪᠠᠷ ᠬᠡᠷᠡᠭᠵᠢᠬᠦᠯᠦᠨ᠂ ᠡᠬᠡ ᠨᠢᠯᠬᠠᠰ ᠤᠨ ᠡᠷᠡᠬᠦᠯ ᠮᠡᠨᠳᠤ ᠎ ᠶᠢᠨ ᠦᠢᠯᠡᠴᠢᠯᠡᠭᠡ ᠶᠢ ᠲᠡᠭᠦᠯᠳᠡᠷᠵᠢᠭᠦᠯᠦᠨ᠎ᠡ᠃      ︵ᠵᠢᠷᠭᠤᠭ᠎ᠠ︶ ᠲᠦᠷᠦᠯ ᠵᠦᠢᠯ ᠢ ᠨᠢᠭᠡᠳᠭᠡᠭᠦ ᠲᠠᠪᠠᠭᠤᠯᠢᠭ ᠢ ᠲᠤᠪᠤᠶᠢᠯᠭᠠᠵᠤ᠂ ᠠᠵᠤ ᠠᠬᠤᠢ ᠶᠢᠨ ᠭᠦᠭᠵᠢᠯᠳᠡ ᠶᠢ ᠬᠦᠴᠦᠯᠡᠨ ᠠᠬᠢᠭᠤᠯᠤᠨ᠎ᠠᠠᠷᠠᠯᠵᠢᠶᠠᠴᠢᠨ ᠤᠷᠢᠵᠤ ᠪᠡᠯᠡ ᠤᠷᠤᠭᠤᠯᠬᠤ ᠬᠦᠴᠦᠯᠡᠴᠡ ᠪᠠᠨ ᠨᠡᠮᠡᠭᠳᠡᠭᠦᠯᠦᠨ᠂ ᠠᠵᠤ ᠠᠬᠤᠢ ᠶᠢᠨ ᠰᠢᠨ᠎ᠡ ᠨᠡᠮᠡᠭᠳᠡᠯ ᠴᠡᠭ ᠢ ᠲᠦᠷᠭᠡᠳᠭᠡᠨ ᠪᠤᠶᠢᠵᠢᠭᠤᠯᠵᠤ᠂ ᠲᠦᠷᠦᠯ ᠵᠦᠢᠯ ᠤᠨ ᠪᠠᠶᠢᠭᠤᠯᠤᠯᠳᠠ ᠶᠢ ᠪᠤᠳᠠᠳᠠᠢ ᠰᠠᠶᠢᠳᠤᠷ ᠠᠳᠬᠤᠵᠤ᠂ ᠠᠬᠢᠴᠠ ᠶᠢ ᠪᠠᠳᠤᠯᠠᠨ᠂ ᠠᠰᠢᠭᠯᠠᠯᠳᠠ ᠶᠢ ᠲᠦᠷᠭᠡᠳᠭᠡᠵᠤ᠂ ᠪᠤᠳᠠᠳᠤ ᠦᠷ᠎ᠡ ᠠᠰᠢᠭ ᠢ ᠴᠢᠬᠤᠯᠠᠴᠢᠯᠠᠨ᠂ ᠲᠦᠷᠦᠯ ᠵᠦᠢᠯ ᠤᠨ ᠲᠠᠭᠠᠭᠤᠯᠤᠨ ᠵᠢᠯᠤᠭᠤᠳᠬᠤ ᠬᠦᠴᠤᠨ ᠢ ᠦᠨᠡᠨᠬᠦ ᠤᠷᠮᠠᠰᠢᠭᠤᠯᠤᠨ᠎ᠠ᠃ ᠲᠦᠷᠦᠯ ᠵᠦᠢᠯ ᠢ ᠲᠦᠯᠦᠪᠯᠡᠬᠦ ᠨᠦᠭᠡᠴᠡ ᠶᠢ ᠴᠢᠩᠭᠠᠳᠬᠠᠨ᠎ᠠ᠃ ᠪᠤᠳᠠᠳᠠᠢ ᠳᠤ ᠰᠠᠭᠤᠷᠢᠯᠠᠵᠤ᠂ ᠡᠬᠢ ᠪᠠᠶᠠᠯᠢᠭ ᠢ ᠨᠢᠭᠡᠳᠭᠡᠨ᠂ ᠪᠤᠬᠢᠷᠳᠤᠯ ᠦᠬᠡᠢ ᠠᠮᠢ ᠠᠬᠤᠢ ᠶᠢᠨ ᠠᠵᠤ ᠦᠢᠯᠡᠰ ᠤᠨ ᠭᠦᠭᠵᠢᠯᠳᠡ ᠶᠢᠨ ᠲᠤᠭᠤᠷᠢᠨ ᠳᠤ᠂  ᠪᠡᠯᠡ ᠤᠷᠤᠭᠤᠯᠤᠯᠳᠠ ᠶᠡᠭᠡ᠂ ᠰᠢᠨᠵᠢᠯᠡᠭᠡ ᠮᠡᠷᠭᠡᠵᠢᠯ ᠤᠨ ᠠᠭᠤᠯᠤᠭᠳᠠᠴᠠ ᠦᠨᠳᠦᠷ᠂ ᠠᠵᠤ ᠠᠬᠤᠢ ᠶᠢᠨ ᠦᠷ᠎ᠡ ᠠᠰᠢᠭ ᠰᠠᠶᠢᠨ᠂ ᠭᠠᠵᠠᠷ ᠤᠷᠤᠨ ᠤ ᠠᠵᠤ ᠠᠬᠤᠢ ᠳᠤ ᠨᠡᠯᠢᠶᠡᠳ ᠰᠠᠶᠢᠨ ᠲᠠᠶᠢᠴᠢᠯᠠᠬᠤ ᠬᠦᠴᠦᠨ ᠲᠠᠢ ᠨᠢᠬᠡ ᠪᠦᠯᠤᠭ᠌ ᠲᠤᠮᠤ ᠲᠦᠷᠦᠯ ᠵᠦᠢᠯ᠂ ᠰᠠᠶᠢᠨ ᠲᠦᠷᠦᠯ ᠵᠦᠢᠯ ᠢ ᠲᠦᠯᠦᠪᠵᠢᠭᠦᠯᠦᠨ᠎ᠡ᠃ ᠲᠦᠷᠦᠯ ᠵᠦᠢᠯ ᠢ ᠨᠢᠭᠡᠳᠭᠡᠭᠦ ᠬᠦᠴᠦᠯᠡᠴᠡ ᠶᠢ ᠨᠡᠮᠡᠭᠳᠡᠭᠦᠯᠦᠨ᠎ᠡ᠃ ᠲᠦᠷᠦᠯ ᠵᠦᠢᠯ ᠢ ᠬᠦᠨᠳᠡᠯᠡᠨ ᠭᠤᠯᠳᠤ ᠰᠤᠯᠢᠪᠴᠠᠭᠤᠯᠤᠨ᠂ ᠤᠯᠠᠨ ᠲᠠᠯ᠎ᠠ ᠠᠴᠠ ᠬᠠᠮᠢᠶᠠᠷᠬᠤ ᠲᠤᠭᠳᠠᠴᠠ ᠶᠢ ᠡᠪᠳᠡᠵᠤ᠂ ᠲᠠᠷᠢᠶᠠᠯᠠᠩ ᠮᠠᠯ ᠠᠵᠤ ᠠᠬᠤᠢ᠂ ᠤᠢ ᠰᠢᠭᠤᠢ᠂ ᠤᠰᠤ᠂ ᠶᠠᠳᠠᠭᠤ ᠶᠢ ᠲᠡᠳᠭᠦᠭᠦ ᠪᠠᠬᠢᠯᠡᠯᠳᠡ ᠰᠢᠪᠳᠤᠯᠬᠤ᠂ ᠲᠠᠷᠢᠶᠠᠯᠠᠩ ᠢ ᠨᠡᠭᠡᠭᠡᠨ‌ᠠᠰᠢᠭᠯᠠᠬᠤ᠂ ᠰᠠᠭᠤᠷᠢ ᠲᠦᠭᠦᠭᠡᠷᠦᠮᠵᠢ᠂ ᠨᠡᠶᠢᠭᠡᠮ ᠠᠷᠠᠳ ᠤᠨ ᠠᠮᠢᠳᠤᠷᠠᠯ ᠵᠡᠷᠭᠡ ᠬᠦᠷᠢᠶ᠎ᠡ ᠭᠡᠪᠴᠢᠶᠡᠨ ᠳᠠᠬᠢ ᠲᠦᠷᠦᠯ ᠵᠦᠢᠯ ᠢ ᠪᠦᠳᠦᠮᠵᠢᠳᠡᠢ ᠨᠢᠭᠡᠳᠭᠡᠵᠤ᠂ ᠭᠤᠶᠤᠴᠢᠯᠠᠨ ᠮᠡᠳᠡᠭᠦᠯᠭᠦ ᠡᠬᠢ ᠠᠴᠠ ᠨᠢ ᠲᠦᠯᠬᠢᠨ ᠠᠬᠢᠭᠤᠯᠵᠤ᠂ ᠲᠦᠷᠦᠯ ᠵᠦᠢᠯ ᠤᠨ ᠪᠠᠶᠢᠭᠤᠯᠤᠯᠳᠠ ᠶᠢᠨ ᠠᠵᠤ ᠠᠬᠤᠢ ᠨᠡᠶᠢᠭᠡᠮ ᠎ ᠤᠨ ᠭᠦᠭᠵᠢᠯᠳᠡ ᠲᠤᠮᠳᠠᠬᠢ ᠲᠤᠯᠭᠠᠭᠤᠷᠢ ᠦᠢᠯᠡᠳᠤᠯ ᠢ ᠬᠦᠢᠴᠡᠳ ᠪᠠᠳᠠᠷᠠᠭᠤᠯᠤᠨ᠎ᠠ᠃ ᠲᠦᠷᠦᠯ ᠤᠨ ᠪᠠᠶᠢᠭᠤᠯᠤᠯᠳᠠ ᠶᠢᠨ ᠠᠬᠢᠴᠠ ᠶᠢ ᠲᠦᠷᠭᠡᠳᠭᠡᠨ᠎ᠡ᠃ ᠲᠤᠮᠤ ᠲᠦᠷᠤᠯ ᠵᠤᠶᠢᠯ ᠳᠤ ᠤᠷᠢᠳᠴᠢᠯᠠᠨ ᠤᠷᠤᠯᠴᠠᠬᠤ ᠶᠢ ᠴᠢᠬᠤᠯᠠᠴᠢᠯᠠᠵᠤ᠂ ᠡᠯᠧᠮᠧᠨ᠋ᠲ ᠶᠢᠨ ᠪᠠᠳᠤᠯᠠᠭ᠎ᠠ ᠶᠢ ᠦᠨᠡᠨᠬᠦ ᠰᠠᠶᠢᠳᠤᠷ ᠬᠢᠨ᠎ᠠ᠃ ᠴᠢᠬᠤᠯᠠ ᠲᠦᠷᠦᠯ ᠵᠦᠢᠯ ᠎ ᠤᠨ ᠬᠢᠨᠠᠨ ᠵᠦᠪᠰᠢᠶᠡᠷᠡᠭᠦ ᠶᠢ ᠰᠠᠶᠢᠳᠤᠷ ᠠᠳᠬᠤᠵᠤ᠂ ᠲᠦᠷᠦᠯ ᠵᠦᠢᠯ ᠤᠨ ᠪᠡᠯᠡ ᠮᠦᠩᠭᠦ ᠶᠢ ᠴᠢᠩᠭ᠎ᠠ ᠬᠠᠮᠢᠶᠠᠷᠴᠤ᠂ ᠲᠦᠷᠦᠯ ᠵᠦᠢᠯ ᠤᠨ ᠦᠨᠳᠦᠷ ᠴᠢᠨᠠᠷ ᠴᠢᠨᠰᠠᠭ᠎ᠠ ᠲᠠᠢ ᠦᠢᠯᠡᠳᠪᠤᠷᠢᠯᠡᠯ ᠤᠨ ᠦᠷ᠎ᠡ ᠪᠦᠳᠦᠮᠵᠢ ᠶᠢ ᠬᠦᠴᠦᠯᠡᠨ ᠠᠬᠢᠭᠤᠯᠤᠨ᠎ᠠ᠃      ︵ᠲᠤᠯᠤᠭ᠎ᠠ︶ ᠭᠤᠤᠯᠳᠠᠯᠭ᠎ᠠ ᠲᠠᠢ ᠬᠦᠷᠢᠶ᠎ᠡ ᠭᠡᠪᠴᠢᠶᠡᠨ ᠳᠠᠬᠢ ᠦᠭᠡᠷᠡᠴᠢᠯᠡᠯᠳᠡ ᠶᠢ ᠲᠤᠪᠤᠶᠢᠯᠭᠠᠵᠤ᠂ ᠭᠦᠭᠵᠢᠯᠳᠡ ᠶᠢᠨ ᠠᠮᠢᠵᠢᠷᠠᠯ ᠤᠨ ᠬᠦᠴᠦᠨ ᠢ ᠨᠡᠮᠡᠭᠳᠡᠭᠦᠯᠦᠨ᠎ᠡ      ᠬᠠᠩᠭᠠᠯᠭ᠎ᠠ ᠶᠢᠨ ᠲᠠᠯ᠎ᠠ ᠶᠢᠨ ᠪᠦᠳᠦᠴᠡ ᠶᠢᠨ ᠴᠢᠨᠠᠷᠳᠠᠢ ᠦᠭᠡᠷᠡᠴᠢᠯᠡᠯᠳᠡ ᠶᠢ ᠲᠦᠷᠭᠡᠳᠭᠡᠵᠤ᠂ ︽ᠭᠤᠷᠪᠠ ᠶᠢ ᠪᠠᠭᠠᠰᠬᠠᠬᠤ ᠨᠢᠭᠡ ᠶᠢ ᠪᠠᠭᠤᠷᠠᠭᠤᠯᠬᠤ ᠨᠢᠭᠡ ᠶᠢ ᠨᠦᠭᠦᠪᠤᠷᠢᠯᠡᠬᠦ︾ ⑩᠎ ᠶᠢ ᠰᠠᠶᠢᠳᠤᠷ ᠠᠳᠬᠤᠨ᠂ ᠦᠢᠯᠡᠳᠪᠤᠷᠢᠯᠡᠯ ᠤᠨ ᠡᠯᠧᠮᠧᠨ᠋ᠲ ᠶᠢᠨ ᠲᠤᠬᠢᠷᠠᠭᠤᠯᠭ᠎ᠠ ᠶᠢ ᠰᠢᠯᠢᠳᠡᠭᠵᠢᠭᠦᠯᠵᠤ᠂ ᠬᠦᠴᠦᠨ ᠦᠭᠡᠢ ᠬᠠᠩᠭᠠᠯᠭ᠎ᠠ ᠶᠢ ᠦᠭᠡᠶᠢᠰᠭᠡᠵᠤ᠂ ᠠᠵᠤ ᠦᠢᠯᠡᠳᠪᠤᠷᠢ ᠶᠢᠨ ᠰᠢᠨ᠎ᠡ ᠬᠦᠳᠡᠯᠭᠡᠭᠦ ᠬᠦᠴᠦᠨ ᠢ ᠪᠤᠢ ᠪᠤᠯᠭᠠᠵᠤ᠂ ᠪᠤᠳᠠᠳᠤ ᠠᠵᠤ ᠠᠬᠤᠢ ᠶᠢᠨ ᠴᠤᠭᠴᠠ ᠶᠢᠨ ᠦᠪᠡᠷ ᠎ ᠤᠨ ᠦᠷᠳᠡᠭ ᠢ ᠪᠠᠭᠤᠷᠠᠭᠤᠯᠵᠤ᠂ ᠪᠦᠳᠦᠮᠵᠢᠳᠡᠢ ᠪᠡᠯᠡ ᠤᠷᠤᠭᠤᠯᠤᠯᠳᠠ ᠶᠢ ᠢᠳᠡᠪᠬᠢᠳᠡᠢ ᠠᠬᠢᠭᠤᠯᠤᠨ᠂ ᠠᠵᠤ ᠠᠬᠤᠢ ᠶᠢᠨ ᠲᠤᠳᠤᠭᠠᠳᠤ ᠬᠦᠳᠡᠯᠭᠡᠭᠦ ᠬᠦᠴᠦᠨ ᠢ ᠬᠦᠪᠴᠢᠯᠡᠵᠤ᠂ ᠭᠦᠭᠵᠢᠯᠳᠡ ᠶᠢᠨ ᠴᠢᠨᠠᠷ ᠴᠢᠨᠰᠠᠭ᠎ᠠ ᠪᠠ ᠦᠷ᠎ᠡ ᠠᠰᠢᠭ ᠢ ᠨᠡᠩ ᠴᠢᠬᠤᠯᠠᠴᠢᠯᠠᠨ᠎ᠠ᠃ ᠡᠯ᠎ᠡ ᠲᠦᠷᠦᠯ ᠤᠨ ᠦᠭᠡᠷᠡᠴᠢᠯᠡᠯᠳᠡ ᠶᠢᠨ ᠡᠭᠦᠷᠭᠡ ᠶᠢ ᠠᠯᠬᠤᠮ ᠲᠠᠷᠠᠭᠠᠯᠠᠨ ᠲᠦᠯᠬᠢᠨ ᠠᠬᠢᠭᠤᠯᠵᠤ᠂ ᠭᠤᠤᠯᠳᠠᠯᠭ᠎ᠠ ᠲᠠᠢ ᠬᠦᠷᠢᠶ᠎ᠡ ᠭᠡᠪᠴᠢᠶᠡᠨ ᠤ ᠦᠭᠡᠷᠡᠴᠢᠯᠡᠯᠳᠡ ᠶᠢ ᠦᠨᠡᠨᠬᠦ ᠲᠦᠯᠬᠢᠨ ᠠᠬᠢᠭᠤᠯᠵᠤ᠂ ᠵᠠᠬ᠎ᠠ ᠲᠡᠯᠭᠡᠭᠦᠷ ᠎ ᠤᠨ ᠠᠮᠢᠳᠤᠯᠢᠭ ᠬᠦᠴᠦᠨ᠂ ᠨᠡᠶᠢᠭᠡᠮ ᠤᠨ ᠪᠦᠳᠦᠭᠡᠯᠴᠢ ᠴᠢᠳᠠᠪᠤᠷᠢ ᠪᠠ ᠨᠡᠭᠡᠭᠡᠯᠳᠡ ᠶᠢᠨ ᠦᠷᠢᠰᠦᠯᠳᠦᠭᠦ ᠴᠢᠳᠠᠪᠤᠷᠢ ᠶᠢ ᠨᠡᠮᠡᠭᠳᠡᠭᠦᠯᠦᠨ᠎ᠡ᠃ ︽ᠲᠠᠯᠪᠢᠬᠤ᠂ ᠬᠠᠮᠢᠶᠠᠷᠬᠤ  ᠂ ᠦᠢᠯᠡᠴᠢᠯᠡᠭᠦ︾ ᠦᠭᠡᠷᠡᠴᠢᠯᠡᠯᠳᠡ ᠶᠢ ᠬᠦᠨᠵᠡᠬᠡᠢ ᠲᠦᠯᠬᠢᠨ ᠠᠬᠢᠭᠤᠯᠵᠤ᠂ ᠦᠭᠡᠶᠢᠰᠭᠡᠭᠦ ᠴᠢᠬᠤᠯᠠᠳᠠᠢ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠭᠦ ᠶᠠᠪᠤᠳᠠᠯ ᠢ ᠲᠤᠶᠢᠯᠪᠤᠷᠢᠳᠠᠢ ᠦᠭᠡᠶᠢᠰᠭᠡᠨ᠂ ᠵᠠᠯᠠᠭᠠᠯᠳᠤᠭᠤᠯᠬᠤ ᠴᠢᠬᠤᠯᠠᠳᠠᠢ ᠶᠢ ᠨᠢ ᠲᠤᠶᠢᠯᠪᠤᠷᠢᠳᠠᠢ ᠵᠠᠯᠭᠠᠯᠳᠤᠭᠤᠯᠤᠨ᠎ᠠ᠃ ᠡᠳ᠋ ᠤᠨ ᠵᠠᠰᠠᠭ ᠤᠨ ᠲᠦᠰᠦᠪ ᠤᠨ ᠬᠠᠮᠢᠶᠠᠷᠤᠯᠳᠠ ᠪᠠ ᠭᠠᠶᠢᠯᠢ ᠬᠤᠷᠢᠶᠠᠬᠤ ᠲᠦᠷᠢᠮ ᠤᠨ ᠦᠭᠡᠷᠡᠴᠢᠯᠡᠯᠳᠡ ᠶᠢ ᠬᠦᠨᠵᠡᠭᠡᠶᠢᠷᠡᠭᠦᠯᠦᠨ᠎ᠡ᠃ ᠰᠠᠶᠢᠬᠠᠨᠳᠠᠯ᠎ᠠ ᠵᠠᠰᠠᠭ ᠵᠠᠬᠢᠷᠭᠠᠨ ᠤ ᠲᠦᠷᠢᠮᠳᠤ ᠰᠤᠮᠤ ᠶᠢᠨ ᠪᠠᠶᠢᠭᠤᠯᠤᠯᠳᠠ ᠶᠢ ᠠᠬᠢᠭᠤᠯᠤᠨ᠂ ᠤᠷᠤᠨ ᠪᠦᠰᠡ ᠶᠢᠨ ᠨᠠᠷᠢᠯᠢᠭᠵᠢᠭᠤᠯᠤᠭᠰᠠᠨ ᠦᠢᠯᠡᠴᠢᠯᠡᠭᠡᠨ ᠤ ᠬᠠᠮᠢᠶᠠᠷᠤᠯᠳᠠ ᠶᠢᠨ ᠬᠢᠷᠢ ᠲᠦᠪᠰᠢᠨ ᠢ ᠲᠡᠭᠡᠭᠰᠢᠯᠡᠭᠦᠯᠦᠨ᠎ᠡ᠃ ᠮᠦᠩᠭᠦᠨ ᠬᠦᠢᠯᠭᠡᠭᠡᠨ ᠤ ᠪᠠᠶᠢᠭᠤᠯᠤᠮᠵᠢ ᠶᠢᠨ ᠰᠢᠨ᠎ᠡ ᠶᠢ ᠡᠭᠦᠳᠭᠦ ᠪᠦᠳᠦᠭᠡᠭᠳᠡᠭᠦᠨ ᠢ ᠲᠡᠮᠵᠢᠵᠤ᠂ ᠮᠦᠩᠭᠦᠨ ᠬᠦᠢᠯᠭᠡᠭᠡᠨ ᠤ ᠦᠢᠯᠡᠴᠢᠯᠡᠭᠡ ᠶᠢᠨ ᠪᠤᠳᠠᠳᠤ ᠠᠵᠤ ᠠᠬᠤᠢ ᠶᠢᠨ ᠴᠢᠳᠠᠪᠤᠷᠢ ᠶᠢ ᠲᠡᠭᠡᠭᠰᠢᠯᠡᠭᠦᠯᠵᠤ᠂ ᠲᠤᠮᠳᠠ ᠪᠠᠭ᠎ᠠ ᠵᠢᠵᠢᠭ ᠠᠵᠤ ᠠᠬᠤᠶᠢᠯᠠᠯ ᠪᠠ ᠮᠠᠯᠴᠢᠨ ᠲᠠᠷᠢᠶᠠᠴᠢᠨ ᠤ ᠢᠳᠡᠭᠡᠮᠵᠢ ᠶᠢᠨ ᠵᠢᠭᠡᠯᠡᠯᠭᠡ ᠶᠢ ᠲᠠᠮᠵᠢᠬᠦ ᠬᠦᠴᠦᠯᠡᠴᠡ ᠪᠠᠨ ᠨᠡᠮᠡᠭᠳᠡᠭᠦᠯᠦᠨ᠎ᠡ᠃ ᠵᠠᠬ᠎ᠠ ᠲᠡᠯᠭᠡᠭᠦᠷ ᠲᠤ ᠤᠷᠤᠬᠤ ᠵᠦᠪᠰᠢᠶᠡᠷᠡᠯ ᠤᠨ ᠨᠠᠵᠠᠭᠠᠢ ᠲᠠᠯ᠎ᠠ ᠶᠢᠨ ᠲᠤᠳᠤᠷᠬᠠᠢ ᠲᠠᠩᠰᠠ ᠶᠢ ᠪᠦᠬᠦ ᠲᠠᠯ᠎ᠠ ᠪᠠᠷ ᠭᠡᠷᠡᠭᠵᠢᠭᠦᠯᠵᠤ᠂ ᠨᠡᠶᠢᠳᠡ ᠶᠢᠨ ᠦᠮᠴᠢᠯᠡᠯ ᠤᠨ ᠪᠤᠰᠤ  ᠠᠵᠤ ᠠᠬᠤᠢ ᠶᠢᠨ ᠭᠦᠭᠵᠢᠯᠳᠡ ᠶᠢᠨ ᠲᠦᠷᠦ ᠶᠢᠨ ᠪᠤᠳᠤᠯᠭ᠎ᠠ ᠠᠷᠭ᠎ᠠ ᠬᠡᠮᠵᠢᠶ᠎ᠡ ᠶᠢᠨ ᠭᠡᠷᠡᠭᠵᠢᠭᠦᠯᠦᠯᠳᠡ ᠎ ᠳᠤ ᠲᠡᠮᠵᠢᠯᠭᠡ ᠦᠵᠡᠭᠦᠯᠭᠦ ᠵᠢ‌ᠨᠠᠶᠢᠳᠠᠪᠤᠷᠢᠵᠢᠭᠤᠯᠤᠨ᠂ ᠠᠵᠤ ᠠᠬᠤᠶᠢᠯᠠᠯᠳᠠᠳ ᠤᠨ ᠵᠤᠷᠢᠭ ᠰᠠᠨᠨᠠᠭ᠎ᠠ ᠶᠢ ᠤᠷᠠᠮᠰᠢᠭᠤᠯᠬᠤ ᠪᠠ ᠬᠠᠮᠠᠭᠠᠠᠯᠠᠵᠤ᠂ ᠨᠡᠶᠢᠳᠡ ᠶᠢᠨ ᠦᠮᠴᠢᠯᠡᠯ ᠤᠨ ᠪᠤᠰᠤ ᠠᠵᠤ ᠠᠬᠤᠢ ᠶᠢᠨ ᠡᠷᠡᠬᠦᠯ ᠢᠶᠠᠷ ᠭᠦᠭᠵᠢᠭᠦ ᠶᠢ ᠠᠬᠢᠭᠤᠯᠤᠨ᠎ᠠ᠃ ᠠᠷᠠᠯᠵᠢᠶᠠᠨ ᠤ ᠶᠠᠪᠤᠳᠠᠯ ᠤᠨ ᠲᠦᠷᠢᠮ ᠤᠨ ᠦᠭᠡᠷᠡᠴᠢᠯᠡᠯᠳᠡ ᠶᠢ ᠬᠦᠨᠵᠡᠭᠡᠶᠢᠷᠡᠭᠦᠯᠵᠤ᠂ ︽ᠬᠤᠶᠠᠷ ᠢ ᠰᠤᠭᠤᠴᠢᠵᠤ᠂ ᠨᠢᠭᠡ ᠶᠢ ᠢᠯᠡ ᠪᠤᠯᠭᠠᠬᠤ︾ ᠬᠢᠨᠠᠨ ᠬᠠᠮᠢᠶᠠᠷᠤᠯᠳᠠ ᠶᠢ ᠲᠡᠭᠦᠯᠳᠡᠷᠵᠢᠭᠦᠯᠦᠨ᠂ ᠵᠠᠬ᠎ᠠ ᠲᠡᠯᠭᠡᠭᠦᠷ ᠤᠨ ᠠᠮᠢᠵᠢᠷᠠᠯ ᠎ ᠤᠨ ᠬᠦᠴᠦᠨ ᠢ ᠦᠷᠭᠦᠯᠵᠢᠯᠡᠨ ᠬᠦᠪᠴᠢᠯᠡᠨ᠎ᠡ᠃ ᠵᠠᠰᠠᠭ ᠵᠠᠬᠢᠷᠭᠠᠨ ᠤ ᠬᠠᠤᠯᠢ ᠭᠡᠷᠡᠭᠵᠢᠭᠦᠯᠬᠦ ᠪᠠᠶᠢᠭᠤᠯᠤᠮᠵᠢ ᠶᠢᠨ ᠦᠭᠡᠷᠡᠴᠢᠯᠡᠯᠳᠡ ᠶᠢ ᠦᠨᠳᠦᠷ ᠴᠢᠨᠠᠷ ᠴᠢᠨᠰᠠᠭ᠎ᠠ ᠎ ᠲᠠᠢ ᠲᠦᠯᠬᠢᠨ ᠠᠬᠢᠭᠤᠯᠵᠤ᠂ ᠬᠤᠳᠠ ᠶᠢ ᠬᠠᠤᠯᠢ ᠶᠤᠰᠤᠭᠠᠷ ᠬᠠᠮᠢᠶᠠᠷᠬᠤ ᠬᠢᠷᠢ ᠲᠦᠪᠰᠢᠨ ᠢ ᠲᠡᠭᠡᠭᠰᠢᠯᠡᠭᠦᠯᠦᠨ᠎ᠡ᠃_menksoft_page_break_tag_      ︵ᠨᠡᠢᠮᠠ︶ ᠨᠡᠶᠢᠭᠡᠮ ᠤᠨ ᠵᠠᠰᠠᠨ ᠴᠡᠭᠴᠡᠯᠡᠯᠳᠡ ᠶᠢᠨ ᠰᠢᠨ᠎ᠡ ᠶᠢ ᠡᠭᠦᠳᠭᠦ ᠶᠢ ᠲᠤᠪᠤᠶᠢᠯᠭᠠᠨ᠂ ᠡᠶ᠎ᠡ ᠵᠤᠬᠢᠴᠠᠩᠭᠤᠢ ᠰᠢᠨ᠎ᠠ ᠪᠠᠷᠭᠤ ᠪᠠᠷᠠᠭᠤᠨ ᠬᠤᠰᠢᠭᠤ ᠶᠢ ᠬᠦᠴᠦᠯᠡᠨ ᠪᠠᠶᠢᠭᠤᠯᠤᠨ᠎ᠠ      ︽ᠠᠮᠦᠷ ᠲᠤᠭᠳᠠᠭᠤᠨ ᠰᠢᠨ᠎ᠡ ᠪᠠᠷᠭᠤ ᠪᠠᠷᠠᠭᠤᠨ ᠬᠤᠰᠢᠭᠤ︾᠎ ᠶᠢᠨ ᠪᠠᠶᠢᠭᠤᠯᠤᠯᠳᠠ ᠶᠢ ᠬᠦᠨᠵᠡᠭᠡᠶᠢᠷᠡᠭᠦᠯᠦᠨ᠂ ᠠᠮᠤᠷ ᠲᠦᠪᠰᠢᠨ ᠭᠦᠭᠵᠢᠯᠳᠡ ᠶᠢᠨ ᠤᠶᠢᠯᠠᠭᠠᠭᠳᠠᠬᠤᠨ ᠢ ᠪᠠᠳᠤ ᠪᠠᠬᠢ ᠪᠤᠢ ᠪᠤᠯᠭᠠᠵᠤ᠂ ᠠᠶᠤᠯᠬᠦᠢ ᠦᠢᠯᠡᠳᠪᠤᠷᠢᠯᠡᠯ ᠤᠨ ᠬᠠᠷᠢᠭᠤᠴᠠᠯᠭᠠᠳᠤ ᠲᠦᠷᠢᠮ ᠢ ᠴᠢᠩᠭ᠎ᠠ ᠭᠡᠷᠡᠭᠵᠢᠭᠦᠯᠵᠤ᠂ ᠭᠤᠤᠯᠳᠠᠯᠭ᠎ᠠ ᠲᠠᠢ ᠬᠦᠷᠢᠶ᠎ᠡ ᠴᠠᠷᠠᠭᠠᠨ ᠳᠠᠬᠢ ᠠᠶᠤᠯᠬᠦᠢ ᠦᠢᠯᠡᠳᠪᠤᠷᠢᠯᠡᠯ ᠤᠨ ᠪᠠᠶᠢᠴᠠᠭᠠᠯᠳᠠ ᠪᠠ ᠲᠤᠰᠬᠠᠢ ᠲᠦᠷᠦᠯ ᠤᠨ ᠵᠠᠰᠠᠨ ᠴᠡᠭᠴᠡᠯᠡᠯᠳᠡ ᠶᠢ ᠬᠦᠨᠵᠡᠬᠡᠢ ᠦᠷᠨᠢᠭᠦᠯᠦᠨ᠂ ᠤᠨᠴᠠ ᠶᠡᠭᠡ ᠬᠡᠷᠡᠭ ᠠᠳᠡᠯ ᠡᠬᠦᠰᠬᠦ ᠶᠢ ᠡᠷᠡᠰ ᠬᠤᠷᠢᠭᠯᠠᠨ᠎ᠠ᠃ ᠬᠠᠤᠯᠢ ᠪᠠᠷ ᠬᠤᠰᠢᠭᠤ ᠪᠠᠨ ᠵᠠᠰᠠᠬᠤ ᠶᠢ ᠪᠦᠬᠦ ᠲᠠᠯ᠎ᠠ ᠪᠠᠷ ᠲᠦᠯᠬᠢᠨ ᠠᠬᠢᠭᠤᠯᠵᠤ᠂ ︽ᠲᠤᠯᠤᠳᠤᠭᠠᠷ ᠲᠠᠪᠤᠨ ᠵᠢᠯ︾᠎ ᠤᠨ ᠬᠠᠤᠯᠢ ᠲᠦᠬᠡᠮᠡᠯᠵᠢᠬᠦᠯᠬᠦ ᠠᠵᠢᠯᠯᠠᠭ᠎ᠠ ᠶᠢ ᠯᠠᠪᠳᠠᠭᠤᠨ ᠪᠠᠳᠤᠳᠠᠢ ᠦᠷᠨᠢᠬᠦᠯᠤᠨ᠎ᠡ᠃ ᠵᠠᠬᠢᠳᠠᠯ ᠰᠤᠷᠪᠤᠯᠵᠢᠯᠠᠭ᠎ᠠ ᠶᠢᠨ ᠠᠵᠢᠯ ᠢ ᠬᠦᠨᠳᠦᠳᠭᠡᠨ ᠦᠵᠡᠵᠤ᠂ ᠤᠯᠠᠨ ᠲᠦᠮᠡᠨ ᠤ ᠠᠰᠢᠭ ᠲᠤᠰᠠ ᠲᠠᠢ ᠬᠤᠯᠪᠤᠭᠳᠠᠬᠤ ᠬᠦᠰᠡᠯ ᠱᠠᠭᠠᠷᠳᠠᠯᠭ᠎ᠠ ᠲᠠᠯᠪᠢᠬᠤ ᠵᠠᠮ ᠢ ᠰᠠᠭᠠᠳ ᠦᠬᠡᠢ ᠨᠡᠪᠳᠡᠷᠡᠭᠦᠯᠦᠨ᠂ ᠤᠯᠠᠨ ᠲᠦᠮᠡᠨ ᠤ ᠵᠦᠢ ᠵᠤᠬᠢᠰᠳᠠᠢ ᠬᠦᠰᠡᠯ ᠱᠠᠭᠠᠷᠳᠠᠯᠭ᠎ᠠ ᠶᠢ ᠬᠠᠤᠯᠢ ᠶᠤᠰᠤᠭᠠᠷ ᠴᠠᠭ ᠲᠠᠷᠤᠢ ᠳᠤᠨᠢ ᠰᠢᠢᠳᠪᠤᠷᠢᠯᠡᠵᠤ ᠦᠭᠭᠦᠨ᠎ᠡ᠃ ᠨᠡᠶᠢᠭᠡᠮ ᠤᠨ ᠠᠮᠤᠷ ᠲᠦᠪᠰᠢᠨ ᠢ ᠵᠠᠰᠠᠬᠤ ᠬᠦᠨᠳᠦ ᠶᠢᠨ ᠲᠦᠪ ᠢ ᠦᠨᠳᠦᠰᠦᠨ ᠱᠠᠳᠤ ᠲᠡᠰᠢ ᠬᠡᠯᠪᠡᠶᠢᠬᠦ ᠶᠢ ᠲᠦᠯᠬᠢᠨ ᠠᠬᠢᠭᠤᠯᠵᠤ᠂ ᠬᠠᠷᠬᠢᠰ ᠭᠡᠷᠴᠡᠭᠡᠢ ᠶᠢ ᠤᠰᠠᠳᠬᠠᠬᠤ ᠲᠤᠰᠬᠠᠢ ᠠᠵᠢᠯᠯᠠᠭ᠎ᠠ ᠶᠢ ᠦᠷᠨᠢᠭᠦᠯᠤᠨ᠂ ᠬᠠᠤᠯᠢ ᠶᠢ ᠵᠦᠷᠢᠴᠡᠭᠰᠡᠨ ᠵᠤᠭᠤᠰ ᠮᠦᠷᠦᠶᠢᠴᠡᠬᠦ ᠶᠠᠯᠠᠳᠤ ᠠᠵᠢᠯᠯᠠᠭ᠎ᠠ ᠳᠤ ᠬᠦᠨᠳᠤ ᠴᠤᠬᠢᠯᠳᠠ ᠦᠭᠴᠤ ᠵᠠᠰᠠᠨ ᠴᠡᠭᠴᠡᠯᠡᠵᠤ᠂ ᠪᠠᠭ᠎ᠠ ᠲᠡᠭᠡᠷ᠎ᠡ ᠨᠢ ᠡᠷᠳᠡ ᠠᠴᠠ ᠴᠤᠬᠢᠯᠳᠠ ᠦᠭᠴᠤ᠂ ᠡᠭᠦᠰᠭᠦ ᠬᠠᠨᠳᠤᠰᠢ ᠲᠠᠢ ᠪᠤᠯ ᠲᠠᠰᠤᠷᠠᠯᠳᠠ ᠦᠭᠡᠢ ᠴᠤᠬᠢᠯᠳᠠ ᠦᠭᠴᠤ᠂ ᠰᠠᠶᠢᠨ ᠰᠠᠶᠢᠬᠠᠨ ᠨᠡᠶᠢᠭᠡᠮ ᠤᠨ ᠠᠮᠤᠷ ᠲᠦᠪᠰᠢᠨ ᠤᠷᠴᠢᠨ ᠲᠤᠭᠤᠷᠢᠨ ᠢ ᠪᠤᠢ ᠪᠤᠯᠭᠠᠨ᠎ᠠ᠃ ᠦᠨᠳᠦᠰᠦᠳᠡᠨ ᠤ ᠪᠦᠯᠬᠦᠮᠳᠡᠯ ᠳᠠᠪᠰᠢᠯᠳᠠ ᠶᠢᠨ ᠵᠢᠱᠢᠶ᠎ᠡ ᠦᠵᠡᠬᠦᠯᠬᠦ ᠬᠤᠰᠢᠭᠤᠨ ᠤ ᠪᠦᠳᠦᠭᠡᠨ ᠪᠠᠶᠢᠭᠤᠯᠤᠯᠳᠠ ᠶᠢᠨ ᠦᠷ᠎ᠡ ᠪᠦᠳᠦᠭᠡᠯ ᠢ ᠪᠠᠬᠢᠵᠢᠭᠦᠯᠵᠤ᠂ ᠪᠦᠬᠦ ᠬᠤᠰᠢᠭᠤᠨ ᠤ ᠡᠯ᠎ᠡ ᠦᠨᠳᠦᠰᠦᠳᠡᠨ ᠤ ᠪᠦᠯᠬᠦᠮᠳᠡᠨ ᠭᠦᠭᠵᠢᠭᠦ ᠶᠢ ᠠᠬᠢᠭᠤᠯᠤᠨ᠎ᠠ᠃ ︽ᠬᠤᠶᠠᠷ ᠢ ᠬᠦᠷᠢᠶᠡᠯᠡᠬᠦ︾᠎ ᠶᠢ ᠬᠠᠮᠳᠤᠪᠠᠷ ᠪᠠᠶᠢᠭᠤᠯᠬᠤ ᠶᠢ ᠬᠦᠨᠵᠡᠭᠡᠢ ᠦᠷᠨᠢᠭᠦᠯᠵᠤ᠂ ᠴᠡᠷᠢᠭ ᠠᠷᠠᠳ ᠤᠨ ᠵᠢᠭᠠᠰᠤ ᠤᠰᠤᠨ ᠤ ᠬᠦᠨ ᠰᠡᠳᠬᠢᠯᠭᠡ ᠶᠢ ᠵᠤᠵᠠᠭᠠᠳᠬᠠᠨ᠎ᠠ᠃ ᠬᠠᠮᠤᠭ ᠤᠨ ᠴᠢᠩᠭ᠎ᠠ ᠪᠡᠷᠢᠮᠵᠢᠶ᠎ᠠ᠂ ᠬᠠᠮᠤᠭ ᠤᠨ ᠴᠢᠩᠭ᠎ᠠ ᠬᠢᠨᠠᠨ ᠬᠠᠮᠢᠶᠠᠷᠤᠯᠳᠠ ᠪᠠ ᠬᠠᠮᠤᠭ ᠤᠨ ᠴᠢᠩᠭ᠎ᠠ ᠰᠢᠢᠳᠭᠡᠯ ᠢᠶᠠᠷ ᠢᠳᠡᠬᠡᠨ ᠪᠠ ᠡᠮ‌‍ᠦᠨ ᠵᠤᠶᠢᠯ ᠤᠨ ᠠᠮᠤᠷ ᠲᠦᠪᠰᠢᠨ ᠤ ᠬᠢᠨᠠᠨ ᠬᠠᠮᠢᠶᠠᠷᠤᠯᠳᠠ ᠶᠢ ᠴᠢᠩᠭᠠᠳᠬᠠᠵᠦ᠂ ᠤᠯᠤᠰ ᠤᠨ ᠲᠡᠰ ᠤᠨ ᠢᠳᠡᠭᠡᠨ ᠪᠠ ᠡᠮ ᠤᠨ ᠵᠦᠢᠯ ᠤᠨ ᠠᠮᠦᠷ ᠲᠦᠪᠰᠢᠨ ᠬᠤᠳᠠ ᠶᠢ ᠴᠢᠷᠮᠠᠶᠢᠨ ᠪᠠᠶᠢᠭᠤᠯᠤᠨ᠎ᠠ᠃      ᠭᠤᠷᠪᠠ᠂ ᠵᠠᠰᠠᠭ ᠤᠨ ᠣᠷᠳᠤᠨ ᠤ ᠲᠤᠰ ᠪᠡᠶ᠎ᠡ ᠶᠢᠨ ᠪᠦᠳᠦᠭᠡᠨ ᠪᠠᠶᠢᠭᠤᠯᠤᠯᠳᠠ ᠶᠢ ᠴᠢᠩᠭᠠᠳᠬᠠᠨ᠎ᠠ      ᠬᠦᠨᠳᠤ ᠡᠭᠦᠷᠭᠡ ᠮᠢᠩᠭᠠᠨ ᠵᠢᠩ ᠪᠠᠶᠢᠭᠰᠠᠨ ᠴᠦ ᠡᠭᠦᠷᠭᠡᠯᠡᠨ᠎ᠡ᠃ ᠰᠢᠨ᠎ᠠ ᠪᠠᠷᠭᠤ ᠪᠠᠷᠠᠭᠤᠨ ᠬᠤᠰᠢᠭᠤᠨ ᠤ ᠢᠷᠡᠭᠡᠳᠦᠢ ᠶᠢᠨ ᠭᠦᠭᠵᠢᠯᠳᠡ ᠲᠠᠪᠰᠢᠯᠳᠠ ᠶᠢᠨ ᠴᠢᠬᠤᠯᠠ ᠡᠭᠦᠷᠭᠡ ᠶᠢᠨ ᠡᠮᠦᠨ᠎ᠡ᠂ ᠰᠢᠨ᠎ᠠ ᠨᠢᠬᠡᠨ ᠬᠤᠭᠤᠴᠠᠭᠠᠨ ᠤ ᠵᠠᠰᠠᠭ ᠤᠨ ᠤᠷᠳᠤᠨ ︽ᠲᠦᠷᠪᠡᠨ ᠤᠬᠠᠮᠰᠠᠷ︾᠎ ᠢ ᠪᠠᠬᠢᠵᠢᠭᠦᠯᠵᠤ᠂ ᠨᠡᠩ ᠤᠬᠠᠮᠰᠠᠷ ᠠᠴᠠ ᠎ ᠪᠠᠨ ᠦᠵᠡᠯ ᠰᠠᠨᠠᠭ᠎ᠠ᠂ ᠤᠯᠤᠰ ᠲᠦᠷᠦ ᠪᠠ ᠦᠢᠯᠡ ᠠᠵᠢᠯᠯᠠᠭ᠎ᠠ ᠪᠠᠨ ᠰᠢ ᠶᠢᠨ ᠫᠢᠩ ᠨᠦᠬᠦᠷ ᠢᠶᠠᠷ ᠭᠤᠤᠯ ᠪᠤᠯᠭᠠᠭᠰᠠᠨ ᠨᠠᠮ ᠤᠨ ᠲᠦᠪ ᠬᠤᠷᠢᠶ᠎ᠠ ᠲᠠᠢ ᠲᠡᠭᠡᠳᠤ ᠭᠡᠮᠵᠢᠶ᠎ᠡ ᠪᠠᠷ ᠨᠢᠭᠡᠳᠤᠯᠳᠡᠢ ᠪᠤᠯᠭᠠᠵᠤ᠂ ᠪᠤᠳᠠᠳᠠᠢ ᠳᠤ ᠨᠡᠶᠢᠴᠡᠬᠦ ᠦᠬᠡᠢ ᠭᠡᠢ ᠪᠤᠳᠤᠯ ᠢ ᠲᠠᠶᠠᠭᠳᠠᠨ᠂ ᠤᠳᠤᠬᠢᠴᠢᠯᠠᠭᠰᠠᠨ ᠵᠠᠰᠠᠭ ᠤᠨ ᠣᠷᠳᠤᠨ ᠢ ᠪᠦᠬᠦ ᠬᠦᠴᠦᠨ ᠎ ᠢᠶᠠᠷ ᠡᠭᠦᠳᠤᠨ ᠪᠠᠶᠢᠭᠤᠯᠤᠨ᠎ᠠ᠃      ︵ᠨᠢᠭᠡ︶ ᠬᠠᠤᠯᠢ ᠪᠠᠷ ᠪᠠᠷᠢᠮᠳᠠ ᠪᠤᠯᠭᠠᠵᠤ᠂ ᠬᠠᠤᠯᠢ ᠪᠠᠷ ᠵᠠᠰᠠᠬᠤ ᠵᠠᠰᠠᠭ ᠤᠨ ᠤᠷᠳᠤᠨ ᠢ ᠪᠠᠶᠢᠭᠤᠯᠤᠨ᠎ᠠ᠃ ︽ᠬᠠᠤᠯᠢ ᠪᠠᠷ ᠤᠯᠤᠰ ᠢ ᠵᠠᠰᠠᠬᠤ ᠦᠢᠯᠡᠳᠤᠯᠭᠡ ᠶᠢ ᠬᠦᠨᠵᠡᠭᠡᠶᠢᠷᠡᠭᠦᠯᠭᠦ︾ ᠰᠢᠨ᠎ᠠ ᠱᠠᠭᠠᠷᠳᠠᠯᠭ᠎ᠠ ᠶᠢ ᠨᠡᠶᠢᠳᠠᠪᠤᠷᠢᠵᠢᠭᠤᠯᠵᠤ᠂ ᠵᠠᠰᠠᠭ ᠤᠨ ᠤᠷᠳᠤᠨ ᠤ ᠰᠢᠰᠲ᠋ᠧᠮ ᠤᠨ ᠬᠠᠤᠯᠢ ᠪᠠᠷ ᠵᠠᠰᠠᠬᠤ ᠪᠠ ᠲᠦᠷᠢᠮ ᠤᠨ ᠤᠬᠠᠮᠰᠠᠷ ᠢ ᠴᠢᠩᠭᠠᠳᠬᠠᠨ᠎ᠠ᠃ ᠰᠢᠨᠵᠢᠯᠡᠬᠦ ᠤᠬᠠᠭᠠᠨᠴᠢ ᠠᠷᠠᠳᠴᠢᠯᠠᠯᠳᠤ ᠰᠢᠢᠳᠪᠤᠷᠢᠳᠤ ᠪᠤᠳᠤᠯᠭ᠎ᠠ ᠲᠤᠭᠳᠠᠭᠠᠬᠤ ᠲᠤᠭᠳᠠᠴᠠ ᠶᠢ ᠪᠠᠶᠢᠭᠤᠯᠤᠨ᠂ ᠤᠯᠠᠨ ᠲᠦᠮᠡᠨ ᠤᠷᠤᠯᠴᠠᠬᠤ᠂ ᠮᠡᠷᠭᠡᠵᠢᠯᠳᠡᠨ ᠨᠤᠳᠠᠯᠠᠬᠤ᠂ ᠲᠦᠭᠰᠢᠭᠦᠷᠢ ᠶᠢ ᠦᠨᠡᠯᠡᠬᠦ᠂ ᠬᠠᠤᠯᠢ ᠳᠤ ᠨᠡᠶᠢᠴᠡᠬᠦ ᠬᠢᠨᠠᠨ ᠪᠠᠶᠢᠴᠠᠭᠠᠯᠳᠠ ᠬᠢᠬᠦ ᠪᠠ ᠬᠠᠮᠳᠤᠪᠠᠷ ᠶᠠᠷᠢᠯᠴᠠᠨ ᠲᠤᠭᠳᠠᠬᠤ ᠵᠡᠷᠭᠡ ᠴᠢᠬᠤᠯᠠ ᠶᠡᠭᠡ ᠵᠠᠰᠠᠭ ᠵᠠᠬᠢᠷᠭᠠᠨ ᠤ ᠰᠢᠢᠳᠪᠤᠷᠢᠳᠤ ᠪᠤᠳᠤᠯᠭ᠎ᠠ ᠶᠢ ᠴᠢᠩᠭ᠎ᠠ ᠭᠡᠷᠡᠭᠵᠢᠭᠦᠯᠦᠨ᠎ᠠ᠃ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠬᠠᠤᠯᠢ ᠶᠤᠰᠤᠭᠠᠷ ᠬᠢᠨᠠᠯᠳᠠ ᠲᠠᠯᠪᠢᠬᠤ᠂ ᠤᠯᠤᠰ ᠲᠦᠷᠦ ᠶᠢᠨ ᠵᠦᠪᠯᠡᠯᠭᠡᠨ ᠤ ᠠᠷᠠᠳᠴᠢᠯᠠᠯᠳᠤ ᠬᠢᠨᠠᠯᠳᠠ ᠲᠠᠯᠪᠢᠬᠤ ᠪᠠ ᠨᠡᠶᠢᠭᠡᠮ ᠤᠨ ᠤᠯᠠᠨ ᠨᠡᠶᠢᠳᠡ ᠶᠢᠨ ᠬᠢᠨᠠᠯᠳᠠ ᠶᠢ ᠤᠬᠠᠮᠰᠠᠷ ᠠᠴᠠ ᠪᠠᠨ ᠬᠦᠯᠢᠶᠡᠵᠤ᠂ ᠰᠠᠨᠠᠯ ᠲᠤᠷᠠᠳᠤᠯᠭ᠎ᠠ ᠶᠢ ᠨᠠᠷᠢᠨ ᠬᠢᠨᠠᠮᠠᠭᠠᠢ ᠬᠦᠢᠴᠡᠳᠭᠡᠨ᠂ ᠵᠦᠢ ᠵᠤᠬᠢᠰᠳᠠᠢ ᠰᠠᠨᠠᠯ ᠰᠠᠨᠠᠭᠤᠯᠭ᠎ᠠ ᠶᠢ ᠵᠠᠰᠠᠭ ᠤᠨ ᠤᠷᠳᠤᠨ ᠤ ᠰᠢᠢᠳᠪᠤᠷᠢᠳᠤ ᠪᠤᠳᠤᠯᠭ᠎ᠠ ᠳᠤ ᠴᠠᠭ ᠲᠠᠷᠤᠢ ᠳᠤᠨᠢ ᠤᠷᠤᠭᠤᠯᠵᠤ᠂ ᠤᠯᠠᠨ ᠲᠦᠮᠡᠨ ᠤ ᠤᠷᠤᠯᠴᠠᠬᠤ ᠭᠡᠮᠵᠢᠶ᠎ᠡ ᠪᠠ ᠬᠠᠨᠤᠮᠵᠢ ᠶᠢᠨ ᠭᠡᠮᠵᠢᠶ᠎ᠡ ᠎ ᠶᠢ ᠲᠠᠰᠤᠷᠠᠯᠳᠠ ᠦᠭᠡᠢ ᠲᠡᠭᠡᠭᠰᠢᠯᠡᠭᠦᠯᠦᠨ᠎ᠡ᠃      ︵ᠬᠤᠶᠠᠷ︶ ᠠᠷᠠᠳ ᠤᠨ ᠠᠮᠢᠳᠤᠷᠠᠯ ᠢᠶᠠᠷ ᠦᠨᠳᠦᠰᠤ ᠪᠤᠯᠭᠠᠵᠤ᠂ ᠦᠢᠯᠡᠴᠢᠯᠡᠭᠡᠨ ᠤ ᠵᠠᠰᠠᠭ ᠤᠨ ᠤᠷᠳᠤᠨ ᠢ ᠪᠠᠶᠢᠭᠤᠯᠤᠨ᠎ᠠ᠃ ︽ᠠᠷᠠᠳ ᠲᠦᠮᠡᠨ ᠤ ᠰᠠᠶᠢᠨ ᠰᠠᠶᠢᠬᠠᠨ ᠠᠮᠢᠳᠤᠷᠠᠯ ᠤᠨ ᠬᠦᠰᠡᠯ ᠱᠠᠭᠠᠷᠳᠠᠯᠭ᠎ᠠ ᠪᠤᠯ ᠪᠢᠳᠡᠨ ᠤ ᠲᠡᠮᠡᠴᠡᠬᠦ ᠬᠠᠷᠠᠯᠳᠠ︾ ᠪᠤᠯᠬᠤ ᠶᠢ ᠢᠮᠠᠭᠳᠠ ᠴᠡᠭᠡᠵᠢᠯᠡᠨ᠂ ᠡᠯ᠎ᠡ ᠲᠦᠷᠦᠯ ᠤᠨ ᠰᠢᠢᠳᠪᠤᠷᠢᠳᠤ ᠪᠤᠳᠤᠯᠭ᠎ᠠ ᠶᠢ ᠠᠷᠠᠳ ᠤᠨ ᠰᠠᠨᠠᠭ᠎ᠠ ᠪᠤᠳᠤᠯ ᠳᠤ ᠤᠶᠢᠷᠠᠳᠤᠭᠤᠯᠵᠤ᠂ ᠠᠷᠠᠳ ᠤᠨ ᠰᠡᠳᠬᠢᠯ ᠳᠤ ᠨᠡᠩ ᠨᠡᠶᠢᠴᠡᠭᠦᠯᠦᠨ᠎ᠠ᠃ ᠦᠨᠳᠦᠰᠦᠨ ᠱᠠᠳᠤ ᠪᠠ ᠤᠯᠠᠨ ᠲᠦᠮᠡᠨ ᠤ ᠲᠤᠮᠳᠠ ᠬᠦᠨᠵᠡᠬᠡᠶᠢᠷᠡᠨ᠂ ᠨᠡᠶᠢᠭᠡᠮ ᠤᠨ ᠪᠠᠶᠢᠳᠠᠯ ᠠᠷᠠᠳ ᠤᠨ ᠰᠠᠨᠠᠭ᠎ᠠ ᠶᠢ ᠤᠶᠢᠯᠠᠭᠠᠬᠤ ᠶᠢ ᠪᠠᠷᠢᠮᠳᠠᠯᠠᠵᠤ᠂ ᠤᠯᠠᠨ ᠲᠦᠮᠡᠨ ᠤ ᠲᠤᠰᠬᠠᠯ ᠶᠡᠭᠡᠳᠡᠢ ᠬᠦᠴᠢᠷ ᠪᠡᠷᠬᠡᠰᠢᠶᠡᠯ ᠪᠠ ᠠᠰᠠᠭᠤᠳᠠᠯ ᠢ ᠨᠠᠷᠢᠯᠢᠭ ᠤᠨᠤᠪᠴᠢᠳᠠᠢ ᠰᠢᠢᠳᠪᠤᠷᠢᠯᠡᠨ᠎ᠡ᠃ ᠨᠠᠷᠠᠯᠠᠭ ᠵᠠᠰᠠᠭ ᠤᠨ ᠤᠷᠳᠤᠨ ᠢ ᠴᠤᠭᠴᠠᠯᠠᠨ᠂ ᠵᠠᠰᠠᠭ ᠤᠨ ᠶᠠᠪᠤᠳᠠᠯ ᠎ ᠢ ᠢᠯᠡ ᠪᠤᠯᠭᠠᠬᠤ ᠬᠦᠷᠢᠶ᠎ᠡ ᠭᠡᠪᠴᠢᠶ᠎ᠡ ᠶᠢ ᠦᠷᠭᠡᠳᠭᠡᠵᠤ᠂ ︽ᠢᠨᠲ᠋ᠧᠷ ᠰᠦᠯᠵᠢᠶ᠎ᠡ + ᠵᠠᠰᠠᠭ ᠤᠨ ᠶᠠᠪᠤᠳᠠᠯ ᠤᠨ ᠦᠢᠯᠡᠴᠢᠯᠡᠭᠡ︾  ᠎ ᠶᠢᠨ ᠲᠠᠪᠴᠠᠩ ᠢ ᠲᠦᠷᠭᠡᠳᠭᠡᠨ ᠪᠠᠶᠢᠭᠤᠯᠵᠤ᠂ ᠰᠤᠷᠠᠭ ᠵᠠᠩᠬᠢ ᠪᠠ ᠲᠤᠭ᠎ᠠ ᠪᠠᠷᠢᠮᠳᠠ ᠶᠢ ᠢᠯᠡᠭᠦᠭᠡᠨ ᠢᠯᠡᠭᠡᠵᠤ᠂ ᠠᠵᠤ ᠠᠬᠤᠶᠢᠯᠠᠯ ᠪᠠ ᠤᠯᠠᠨ ᠲᠦᠮᠡᠨ ᠳᠤ ᠲᠦᠭᠦᠮ ᠦᠵᠡᠭᠦᠯᠦᠨ᠎ᠡ      ︵ᠭᠤᠷᠪᠠ︶ ᠵᠠᠮ ᠨᠡᠭᠡᠭᠡᠨ ᠤᠷᠤᠭᠰᠢᠯᠠᠵᠤ᠂ ᠰᠢᠨ᠎ᠡ ᠶᠢ ᠡᠭᠦᠳᠭᠦ ᠵᠠᠰᠠᠭ ᠤᠨ ᠤᠷᠳᠤᠨ ᠢ ᠪᠠᠶᠢᠭᠤᠯᠤᠨ᠎ᠠ᠃ ︽ᠬᠤᠶᠠᠷ ᠢ ᠰᠤᠷᠤᠯᠴᠠᠵᠤ ᠨᠢᠭᠡ ᠳᠤ ᠲᠡᠩᠴᠡᠭᠦᠯᠭᠦ︾ ᠰᠤᠷᠤᠯᠴᠠᠯᠭ᠎ᠠ ᠬᠦᠮᠦᠵᠢᠯ ᠤᠨ ᠪᠠᠶᠢᠩᠭᠤᠴᠢᠯᠠᠯᠳᠠ ᠪᠠ ᠲᠦᠷᠢᠮᠵᠢᠭᠦᠯᠦᠯᠳᠡ ᠶᠢ ᠠᠬᠢᠭᠤᠯᠵᠤ᠂ ᠲᠡᠭᠡᠳᠤ ᠱᠠᠳᠤᠨ ᠤ ᠱᠠᠭᠠᠷᠳᠠᠯᠭ᠎ᠠ ᠪᠠᠷ ︽ᠤᠭ ᠰᠠᠨᠠᠭ᠎ᠠ ᠪᠠᠨ ᠦᠯᠦ ᠮᠠᠷᠳᠠᠨ᠂ ᠡᠭᠦᠷᠭᠡ ᠬᠠᠷᠢᠭᠤᠴᠠᠯᠭ᠎ᠠ ᠪᠠᠨ ᠪᠠᠳᠤ ᠴᠡᠭᠡᠵᠢᠯᠡᠬᠦ︾ ᠭᠤᠤᠯ ᠰᠡᠳᠤᠪᠳᠤ ᠬᠦᠮᠦᠵᠢᠯ ᠢ ᠯᠠᠪᠳᠠᠭᠤᠨ ᠪᠠᠳᠤᠳᠠᠢ ᠦᠷᠨᠢᠭᠦᠯᠵᠤ᠂ ᠬᠠᠳᠠᠭᠠᠰᠤ ᠬᠠᠳᠠᠬᠤ ᠵᠤᠷᠢᠭ ᠰᠠᠨᠠᠭ᠎ᠠ ᠪᠠ ᠤᠷᠠᠨ ᠲᠠᠷᠬᠠᠨ ᠤ ᠵᠤᠷᠢᠭ ᠰᠠᠨᠠᠭ᠎ᠠ ᠪᠠᠷ ᠰᠢᠨ᠎ᠡ ᠭᠦᠭᠵᠢᠯᠳᠡ ᠶᠢᠨ ᠤᠶᠢᠯᠠᠭᠠᠭᠳᠠᠬᠤᠨ ᠢ ᠪᠦᠳᠦᠭᠡᠯᠴᠢ ᠴᠢᠨᠠᠷ ᠪᠠᠷ ᠲᠤᠤᠱᠯᠠᠭᠤᠯᠵᠤ᠂ ᠲᠤᠰᠬᠠᠢ ᠮᠡᠷᠭᠡᠵᠢᠯ ᠤᠨ ᠭᠡᠪ ᠪᠤᠯᠪᠠᠰᠤᠷᠠᠯ ᠢ ᠲᠠᠰᠤᠷᠠᠯᠳᠠ ᠦᠬᠡᠢ ᠲᠡᠭᠡᠭᠰᠢᠯᠡᠭᠦᠯᠦᠨ᠎ᠡ᠃ ᠬᠠᠷᠠᠯᠳᠠᠳᠤ ᠬᠢᠨᠠᠨ ᠰᠢᠯᠭᠠᠬᠤ ᠰᠢᠰᠲ᠋ᠧᠮ ᠢ ᠪᠦᠷᠢᠨᠰᠢᠭᠦᠯᠦᠨ ᠲᠡᠭᠦᠯᠳᠡᠷᠵᠢᠭᠦᠯᠵᠤ᠂ ᠵᠤᠷᠢᠭᠳᠠᠢ ᠡᠭᠦᠷᠭᠡᠯᠡᠵᠤ ᠬᠠᠷᠢᠭᠤᠴᠠᠯᠭ᠎ᠠ ᠬᠦᠢᠴᠡᠳᠭᠡᠭᠦ ᠪᠠ ᠦᠢᠯᠡᠰ ᠪᠦᠳᠦᠭᠡᠭᠦ ᠵᠦᠪ ᠡᠨᠧᠷᠬᠢ ᠶᠢᠨ ᠬᠦᠴᠦᠨ ᠢ ᠦᠨᠡᠨᠬᠦ ᠬᠤᠷᠠᠮᠳᠤᠭᠤᠯᠵᠤ᠂ ᠡᠯ᠎ᠡ ᠲᠦᠷᠦᠯ ᠤᠨ ᠠᠵᠢᠯ ᠤᠨ ᠰᠢᠨ᠎ᠡ ᠦᠷ᠎ᠡ ᠪᠦᠳᠦᠮᠵᠢ ᠤᠯᠬᠤ ᠶᠢ ᠪᠠᠳᠤᠳᠠᠢ ᠲᠦᠯᠬᠢᠨ ᠠᠬᠢᠭᠤᠯᠤᠨ᠎ᠠ᠃      ︵ᠲᠦᠷᠪᠡ︶ ᠦᠨᠡᠨ ᠢ ᠪᠠᠷᠢᠮᠳᠠᠯᠠᠨ ᠪᠤᠳᠠᠳᠠᠢ ᠢ ᠡᠷᠬᠢᠮᠯᠡᠵᠤ᠂ ᠬᠠᠷᠢᠭᠤᠴᠠᠯᠭᠠᠳᠤ ᠵᠠᠰᠠᠭ ᠤᠨ ᠤᠷᠳᠤᠨ ᠢ ᠪᠠᠶᠢᠭᠤᠯᠤᠨ᠎ᠠ᠃ ᠲᠤᠮᠳᠠᠳᠤ ᠤᠯᠤᠰ ᠤᠨ ᠤᠨᠴᠠᠯᠢᠭ ᠲᠠᠢ ᠨᠡᠶᠢᠬᠡᠮ ᠵᠢᠷᠤᠮ ᠤᠨ ᠠᠭᠤᠤ ᠶᠡᠭᠡ ᠲᠤᠭ ᠢ ᠦᠨᠳᠤᠷ ᠮᠠᠨᠳᠤᠭᠤᠯᠤᠨ᠂ ᠬᠠᠷᠢᠭᠤᠴᠠᠯᠭᠠᠳᠤ ᠤᠬᠠᠮᠰᠠᠷ ᠢᠶᠠᠨ ᠲᠡᠭᠡᠭᠰᠢᠯᠡᠬᠦᠯᠵᠤ᠂ ᠠᠷᠠᠤᠨ ᠤᠨ ᠲᠦᠯᠤᠬᠡ ᠵᠠᠰᠠᠭ ᠶᠠᠪᠤᠭᠤᠯᠬᠤ ᠤᠶᠢᠯᠭᠠᠭᠳᠠᠬᠤᠨ ᠢ ᠪᠠᠳᠤ ᠪᠠᠬᠢ ᠪᠤᠢ ᠪᠤᠯᠭᠠᠨ᠂ ᠠᠵᠢᠯ ᠤᠨ ᠨᠠᠶᠢᠳᠠᠪᠤᠷᠢᠵᠢᠭᠤᠯᠤᠯᠳᠠ ᠶᠢ ᠴᠢᠩᠭ᠎ᠠ ᠠᠳᠬᠤᠬᠤ ᠴᠢᠳᠠᠪᠤᠷᠢ ᠪᠤᠯᠤᠨ ᠵᠠᠰᠠᠭ ᠤᠨ ᠤᠷᠳᠤᠨ ᠤ ᠵᠠᠰᠠᠭ ᠶᠠᠪᠤᠭᠤᠯᠬᠤ ᠴᠢᠳᠠᠪᠤᠷᠢ ᠶᠢ ᠲᠡᠭᠡᠭᠰᠢᠯᠡᠭᠦᠯᠦᠨ᠎ᠡ᠃ ᠦᠨᠡᠨ ᠢ ᠪᠠᠷᠢᠮᠳᠠᠯᠠᠨ ᠪᠤᠳᠠᠳᠠᠢ ᠶᠢ ᠡᠷᠬᠢᠮᠯᠡᠬᠦ ᠶᠢ ᠪᠠᠷᠢᠮᠳᠠᠯᠠᠵᠤ᠂ ᠤᠳᠤᠷᠢᠤᠡᠬᠤ ᠺᠠᠳ᠋ᠷ ︽ᠶᠡᠭᠡ ᠶᠠᠪᠤᠳᠠᠯ ᠢ ᠪᠤᠳᠤᠯᠬᠢᠯᠠᠬᠤ᠂ ᠠᠵᠢᠯ ᠬᠢᠬᠦ ᠶᠢ ᠪᠤᠳᠤᠬᠤ᠂ ᠠᠵᠢᠯ ᠬᠢᠵᠤ ᠲᠡᠶᠢᠯᠬᠦ᠂ ᠦᠢᠯᠡᠰ ᠪᠦᠳᠤᠬᠡᠵᠤ ᠴᠢᠳᠠᠬᠤ᠂ ᠤᠰᠤᠯ ᠠᠳᠡᠯ ᠭᠠᠷᠭᠠᠬᠤ ᠦᠬᠡᠢ ᠪᠠᠶᠢᠬᠤ᠂ ᠬᠠᠮᠳᠤ ᠠᠵᠢᠯᠯᠠᠬᠤ ᠲᠤᠷ᠎ᠠ ᠲᠠᠢ ᠪᠠᠶᠢᠬᠤ︾ ᠰᠠᠶᠢᠨ ᠰᠠᠶᠢᠬᠠᠨ ᠠᠭᠤᠷ ᠠᠮᠢᠰᠬᠤᠯ ᠢ ᠪᠤᠢ ᠪᠤᠯᠭᠠᠨ᠎ᠠ᠃ ᠤᠷᠮᠠᠰᠢᠭᠤᠯᠤᠨ ᠵᠤᠷᠢᠭᠵᠢᠭᠤᠯᠬᠤ ᠪᠠ ᠠᠯᠳᠠᠭ᠎ᠠ ᠪᠤᠷᠤᠭᠤ ᠶᠢ ᠪᠠᠭᠳᠠᠭᠠᠨ ᠵᠠᠯᠠᠷᠠᠭᠤᠯᠬᠤ ᠲᠤᠭᠳᠠᠴᠠ ᠶᠢ ᠲᠡᠬᠦᠯᠳᠡᠷᠵᠢᠬᠦᠯᠵᠤ᠂ ᠤᠳᠤᠷᠢᠳᠬᠤ ᠺᠠᠳ᠋ᠷ ᠤᠨ ᠬᠠᠷᠢᠭᠤᠴᠠᠯᠭ᠎ᠠ ᠪᠠᠨ ᠬᠢᠴᠢᠶᠡᠩᠭᠦᠢ ᠬᠦᠢᠴᠡᠳᠭᠡᠭᠦ ᠂ ᠵᠤᠷᠢᠭᠳᠠᠢ ᠢᠶᠠᠷ ᠡᠬᠦᠷᠬᠡᠯᠡᠬᠦ ᠪᠠ ᠵᠤᠷᠢᠭᠳᠠᠢ ᠢᠶᠠᠷ ᠬᠠᠷᠢᠭᠤᠴᠠᠬᠤ ᠰᠠᠶᠢᠨ ᠰᠠᠶᠢᠬᠠᠨ ᠤᠷᠴᠢᠨ ᠲᠤᠭᠤᠷᠢᠨ ᠢ ᠪᠤᠢ ᠪᠤᠯᠭᠠᠵᠤ᠂ ᠦᠬᠡᠷᠡᠴᠢᠯᠡᠯᠳᠡ ᠶᠢᠨ ᠰᠢᠨ᠎ᠡ ᠶᠢ ᠡᠭᠦᠳᠦᠭᠴᠢ ᠶᠢ ᠲᠡᠮᠵᠢᠨ ᠵᠤᠷᠢᠭᠵᠢᠭᠤᠯᠤᠨ᠎ᠠ᠃      ︵ᠲᠠᠪᠤ︶ ᠰᠢᠷᠭᠠᠭᠤ ᠬᠠᠳᠠᠭᠤᠵᠢᠯᠳᠠᠢ ᠲᠡᠮᠡᠴᠡᠨ᠂ ᠠᠷᠢᠭᠤᠨ ᠴᠢᠭᠡᠴᠢ ᠵᠠᠰᠠᠭ ᠤᠨ ᠤᠷᠳᠤᠨ ᠢ ᠪᠠᠶᠢᠭᠤᠯᠤᠨ᠎ᠠ᠃ ᠲᠦᠪ ᠤᠨ ᠨᠠᠢᠮᠠᠨ ᠵᠦᠢᠯ ᠤᠨ ᠲᠤᠭᠳᠠᠭᠠᠯ ᠎ ᠢ ᠭᠡᠷᠡᠭᠵᠢᠭᠦᠯᠭᠦ ᠨᠠᠷᠢᠨ ᠲᠦᠷᠢᠮ ᠢ ᠴᠢᠩᠭ᠎ᠠ ᠭᠡᠷᠡᠭᠵᠢᠭᠦᠯᠵᠤ᠂ ︽ᠨᠢᠭᠡ ᠠᠵᠢᠯ ᠤᠨ ᠪᠠᠶᠢᠷᠢ ᠬᠤᠶᠠᠷ ᠬᠠᠷᠢᠭᠤᠴᠠᠯᠭ᠎ᠠ︾᠎ ᠶᠢ ᠴᠢᠩᠭ᠎ᠠ ᠨᠠᠶᠢᠳᠠᠪᠤᠷᠢᠵᠢᠭᠤᠯᠵᠤ᠂ ᠤᠪᠤᠷ ᠰᠤᠷᠲᠠᠯ ᠢ ᠴᠡᠭᠴᠡᠯᠡᠨ ᠰᠠᠬᠢᠯᠭ᠎ᠠ ᠪᠠᠲᠤ ᠶᠢ ᠴᠢᠩᠳᠠᠯᠠᠬᠤ ᠶᠢ ᠦᠷᠭᠦᠯᠵᠢᠯᠡᠨ ᠲᠦᠯᠬᠢᠨ ᠠᠬᠢᠭᠤᠯᠤᠨ᠎ᠠ᠃ ᠤᠯᠠᠨ ᠨᠡᠶᠢᠳᠡ ᠶᠢᠨ ᠪᠡᠯᠡ ᠮᠦᠩᠭᠦ᠂ ᠤᠯᠤᠰ ᠤᠨ ᠦᠮᠴᠢᠯᠡᠯ ᠤᠨ ᠬᠦᠷᠦᠩᠭᠡ᠂ ᠤᠯᠤᠰ ᠤᠨ ᠦᠮᠴᠢᠯᠡᠯ ᠤᠨ ᠡᠬᠢ ᠪᠠᠶᠠᠯᠢᠭ ᠵᠡᠷᠭᠡ ᠬᠦᠷᠢᠶ᠎ᠡ ᠭᠡᠪᠴᠢᠶᠡᠨ ᠤ ᠬᠢᠨᠠᠨ ᠪᠤᠳᠤᠯᠳᠠ ᠶᠢ ᠴᠢᠩᠭᠠᠳᠬᠠᠵᠤ᠂ ᠠᠵᠢᠯ ᠤᠨ ᠪᠠᠶᠢᠷᠢ ᠶᠢᠨ ᠠᠷᠢᠭᠤᠨ ᠴᠢᠭᠡᠴᠢ ᠵᠠᠰᠠᠭ ᠪᠠᠷᠢᠬᠤ ᠲᠦᠭᠰᠢᠭᠦᠷᠢ ᠶᠢ ᠴᠢᠩᠭ᠎ᠠ ᠬᠢᠵᠠᠭᠠᠷᠯᠠᠨ᠎ᠠ᠃ ᠤᠯᠠᠨ ᠲᠦᠮᠡᠨ ᠤ ᠠᠰᠢᠭ ᠲᠤᠰᠠ ᠶᠢ ᠬᠤᠬᠢᠷᠠᠭᠤᠯᠬᠤ ︽ᠲᠦᠷᠪᠡᠨ ᠰᠤᠷᠳᠠᠯ︾᠎ ᠤᠨ ᠠᠰᠠᠭᠤᠳᠠᠯ ᠢ ᠡᠷᠡᠰ ᠵᠠᠯᠠᠷᠠᠭᠤᠯᠵᠤ᠂ ᠡᠷᠭᠡ ᠶᠢᠨ ᠠᠵᠢᠯᠯᠠᠭ᠎ᠠ ᠶᠢ ᠲᠦᠷᠢᠮᠵᠢᠭᠦᠯᠦᠨ᠂  ᠠᠷᠠᠳ ᠲᠦᠮᠡᠨ ᠠᠴᠠ ᠤᠯᠭᠤᠭᠰᠠᠨ ᠡᠷᠭᠡ ᠶᠢ ᠬᠡᠵᠢᠶᠡᠳᠡ ᠠᠷᠠᠳ ᠲᠦᠮᠡᠨ ᠳᠤ ᠪᠤᠶᠠᠨ ᠦᠢᠯᠡᠳᠭᠦ ᠲᠡᠭᠡᠷ᠎ᠡ ᠭᠡᠷᠡᠭᠯᠡᠬᠦ ᠶᠢ ᠪᠠᠳᠤᠯᠠᠨ᠂ ᠠᠷᠢᠭᠤᠨ ᠴᠢᠭᠡᠴᠢ ᠪᠠᠷ ᠠᠯᠪᠠᠨ ᠳᠤ ᠦᠢᠯᠡᠴᠢᠯᠡᠬᠦ᠂ ᠭᠡᠪ ᠰᠤᠷᠳᠠᠯ ᠲᠦᠪ ᠴᠢᠭᠡᠴᠢ ᠤᠯᠤᠰ ᠲᠦᠷᠦ ᠠᠮᠢ ᠠᠬᠤᠢ ᠶᠢᠨ ᠤᠷᠴᠢᠨ ᠲᠤᠭᠤᠷᠢᠨ ᠢ ᠪᠤᠢ ᠪᠤᠯᠭᠠᠨ᠎ᠠ᠃      ᠲᠦᠯᠦᠭᠡᠯᠡᠭᠴᠢᠳ ᠡ︕ ᠰᠢᠨ᠎ᠠ ᠴᠠᠭ ᠦᠶ᠎ᠡ ᠠᠴᠠ ᠪᠢᠳᠡᠨ ᠳᠤ ᠰᠢᠨ᠎ᠠ ᠡᠭᠦᠷᠭᠡ ᠬᠠᠷᠢᠭᠤᠴᠠᠯᠭ᠎ᠠ ᠤᠯᠭᠤᠵᠤ᠂ ᠰᠢᠨ᠎ᠠ ᠴᠠᠭ ᠦᠶ᠎ᠡ ᠳᠤ ᠰᠢᠨ᠎ᠠ ᠠᠮᠵᠢᠯᠳᠠ ᠪᠦᠳᠦᠭᠡᠯ ᠲᠠᠢ ᠪᠠᠶᠢᠬᠤ ᠭᠡᠷᠡᠭᠳᠡᠢ᠃ ᠪᠢᠳᠠ ᠰᠢ ᠶᠢᠨ ᠫᠢᠩ ᠨᠦᠬᠦᠷ ᠢᠶᠠᠷ ᠭᠤᠤᠯ ᠪᠤᠯᠭᠠᠭᠰᠠᠨ ᠨᠠᠮ ᠤᠨ ᠲᠦᠪ ᠬᠤᠷᠢᠶᠠᠨ ᠤ ᠲᠤᠭᠤᠷᠢᠨ ᠳᠤ ᠨᠢᠭᠳᠠᠷᠠᠨ ᠪᠦᠯᠬᠦᠮᠳᠡᠵᠤ᠂ ᠬᠤᠳᠠ ᠶᠢᠨ ᠨᠠᠮ ᠤᠨ ᠬᠤᠷᠢᠶ᠎ᠠ᠂ ᠵᠠᠰᠠᠭ ᠤᠨ ᠤᠷᠳᠤᠨ ᠪᠤᠯᠤᠨ ᠬᠤᠰᠢᠭᠤᠨ ᠤ ᠨᠠᠮ ᠤᠨ ᠬᠤᠷᠢᠶᠠᠨ ᠤ ᠪᠠᠳᠤ ᠴᠢᠩᠭ᠎ᠠ ᠤᠳᠤᠷᠢᠳᠤᠯᠭ᠎ᠠ ᠲᠤᠤᠷ᠎ᠠ᠂ ᠤᠭ ᠰᠠᠨᠠᠭ᠎ᠠ ᠪᠠᠨ ᠦᠯᠤ ᠮᠠᠷᠳᠠᠨ᠂ ᠡᠬᠦᠷᠬᠡ ᠬᠠᠷᠢᠭᠤᠴᠠᠯᠭ᠎ᠠ ᠪᠠᠨ ᠪᠠᠳᠤ ᠴᠡᠬᠡᠵᠢᠯᠡᠵᠤ᠂ ᠬᠡᠵᠢᠶᠡᠳᠡ ᠬᠤᠶᠢᠷᠭᠤᠰᠢᠬᠤ ᠦᠭᠡᠢ ᠤᠶᠤᠨ ᠰᠠᠨᠠᠭᠠᠨ ᠤ ᠪᠠᠶᠢᠳᠠᠯ ᠪᠤᠯᠤᠨ ᠴᠦᠬᠦᠷᠡᠰᠢ ᠦᠭᠡᠢ ᠤᠷᠤᠬᠰᠢᠯᠠᠬᠤ ᠲᠡᠮᠡᠴᠡᠯ ᠤᠨ ᠭᠡᠪ ᠪᠠᠶᠢᠳᠠᠯ ᠢᠶᠠᠷ ᠢᠷᠮᠡᠭᠦᠨ ᠵᠤᠷᠢᠭᠲᠠᠢ ᠪᠠᠷ ᠤᠷᠤᠭᠰᠢᠯᠠᠨ ᠲᠠᠪᠰᠢᠵᠤ᠂ ᠰᠢᠷᠭᠠᠭᠤ ᠬᠠᠲᠠᠭᠤᠵᠢᠯᠲᠠᠢ ᠠᠵᠢᠯᠯᠠᠨ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠡᠶᠡᠯᠡᠬᠦᠯᠭᠦ ᠰᠢᠢᠳᠪᠤᠷᠢᠳᠤ ᠢᠯᠠᠯᠳᠠ ᠶᠢ ᠲᠡᠮᠡᠴᠡᠨ ᠤᠯᠬᠤ ᠰᠢᠨ᠎ᠠ ᠪᠠᠷᠭᠤ ᠪᠠᠷᠠᠭᠤᠨ ᠬᠤᠰᠢᠭᠤᠨ ᠤ ᠰᠢᠨ᠎ᠠ ᠨᠢᠭᠡᠨ ᠬᠠᠭᠤᠳᠠᠰᠤ ᠶᠢ ᠪᠢᠴᠢᠭᠯᠡᠵᠤ᠂ ︽ᠦᠵᠡᠰᠬᠦᠯᠡᠩᠳᠤ ᠰᠠᠶᠢᠬᠠᠨ ᠦᠪᠤᠷ ᠮᠤᠩᠭᠤᠯ᠂ ᠲᠤᠮᠳᠠᠳᠤ ᠶᠢᠨ ᠠᠭᠤᠤ ᠶᠡᠭᠡ ᠰᠡᠷᠬᠦᠨ ᠮᠠᠨᠳᠤᠯᠳᠠ ᠎ ᠶᠢᠨ ᠬᠦᠰᠡᠯ ᠵᠡᠬᠦᠳᠤ ᠶᠢ ᠲᠡᠷᠭᠡᠯᠰᠢᠬᠦᠯᠬᠦ︾᠎ ᠶᠢᠨ ᠲᠦᠯᠦᠭᠡ ᠴᠢᠷᠮᠠᠶᠢᠨ ᠲᠡᠮᠡᠴᠡᠰᠤᠬᠡᠢ︕ᠳᠠᠶᠢᠯᠪᠦᠷᠢ᠄      ① ︽ᠨᠢᠭᠡ ᠪᠦᠰᠡ ᠨᠢᠭᠡ ᠵᠠᠮ︾᠄  ︽ᠲᠤᠷᠭᠠᠨ ᠵᠠᠮ ᠤᠨ ᠠᠵᠤ ᠠᠬᠤᠢ ᠶᠢᠨ ᠪᠦᠰᠡ︾ ᠪᠠ ︽21 ᠳ᠋ᠤᠭᠡᠷ ᠵᠠᠭᠤᠨ ᠤ ᠲᠠᠯᠠᠢ ᠲᠡᠭᠡᠷᠡᠬᠢ ᠲᠤᠷᠭᠠᠨ ᠵᠠᠮ︾᠎ ᠤᠨ ᠲᠦᠭᠦᠮ ᠨᠡᠷᠡᠶᠢᠳᠤᠯ ᠪᠤᠯᠤᠨ᠎ᠠ᠃ ᠨᠢᠭᠡ ᠪᠦᠰᠡ ᠨᠢᠭᠡ ᠵᠠᠮ ᠨᠢ ᠡᠷᠳᠡᠨ ᠤ ᠲᠤᠷᠭᠠᠨ ᠵᠠᠮ ᠤᠨ ᠲᠡᠤᠬᠡᠨ ᠲᠡᠮᠳᠡᠭ ᠢ ᠵᠢᠭᠡᠯᠡᠵᠤ᠂ ᠡᠩᠭᠡ ᠲᠠᠶᠢᠪᠤᠩ ᠭᠦᠭᠵᠢᠯᠳᠡ ᠶᠢᠨ ᠲᠤᠭ ᠢ ᠦᠨᠳᠦᠷ ᠮᠠᠨᠳᠤᠭᠤᠯᠵᠤ᠂ ᠱᠤᠭᠤᠮ ᠲᠠᠭᠠᠤ ᠤᠯᠤᠰ ᠤᠨ ᠠᠵᠤ ᠠᠬᠤᠢ ᠶᠢᠨ ᠬᠠᠮᠳᠤᠷᠠᠯᠴᠠᠭᠠᠨ ᠤ ᠨᠦᠭᠦᠷᠯᠡᠯ ᠤᠨ ᠬᠠᠷᠢᠴᠠᠭ᠎ᠠ ᠶᠢ ᠢᠳᠡᠪᠬᠢᠳᠡᠢ ᠭᠦᠭᠵᠢᠭᠦᠯᠵᠤ᠂ ᠤᠯᠤᠰ ᠲᠦᠷᠦ ᠬᠠᠷᠢᠯᠴᠠᠨ ᠢᠳᠡᠭᠡᠮᠵᠢᠳᠡᠢ᠂ ᠠᠵᠤ ᠠᠬᠤᠢ ᠠᠭᠤᠰᠤᠯᠴᠠᠭᠰᠠᠨ᠂ ᠰᠤᠶᠤᠯ ᠤᠨ ᠪᠠᠭᠳᠠᠭᠠᠮᠵᠢᠳᠤ ᠠᠰᠢᠭ ᠲᠤᠰᠠ ᠶᠢᠨ ᠨᠢᠭᠡᠳᠤᠯ᠂ ᠬᠤᠪᠢ ᠵᠠᠶᠠᠭᠠᠨ ᠤ ᠨᠢᠭᠡᠳᠤᠯ ᠪᠠ ᠬᠠᠷᠢᠭᠤᠴᠠᠯᠭ᠎ᠠ ᠶᠢᠨ ᠨᠢᠭᠡᠳᠤᠯ ᠢ ᠬᠠᠮᠳᠤᠪᠠᠷ ᠴᠤᠭᠴᠠᠯᠠᠬᠤ ᠶᠢ ᠵᠢᠭᠠᠨ᠎ᠠ᠃      ②︽ᠨᠢᠬᠡ ᠳᠣᠭᠤᠷᠢᠭ ᠲᠦᠷᠪᠡᠨ ᠱᠣᠭᠤᠮ +︾᠄ ᠠᠯᠳ᠋ᠬᠠᠮᠡᠬᠡᠯ ᠪᠠᠯᠭᠠᠰᠣ ᠪᠠᠷ ᠲᠦᠪ ᠪᠣᠯᠭᠠᠵᠦ᠂ ᠬᠤᠰᠢᠭᠤᠨ ᠤ ᠬᠢᠯᠢ ᠶᠢ ᠭᠤᠯᠳᠣ ᠠᠯᠣᠰᠯᠠᠭᠰᠠᠨ ᠬᠢᠯᠢ ᠳᠠᠭᠠᠣ ᠵᠠᠰᠠᠮᠠᠯ ᠵᠠᠮ᠂ ᠮᠠᠨᠵᠣᠣᠷ ᠬᠦᠷᠬᠦ᠂ ᠠᠷᠣᠬᠠᠰᠢᠶᠠᠳᠣ ᠪᠣᠭᠤᠮᠳᠠ ᠬᠦᠷᠬᠦ᠂ ᠷᠠᠰᠢᠶᠠᠨ ᠬᠤᠳᠠ ᠬᠦᠷᠬᠦ᠂ ᠪᠣᠶᠢᠷ ᠰᠣᠮᠣ ᠬᠦᠷᠬᠦ᠂ ᠠᠭᠠᠷ ᠠᠶᠠᠯᠠᠯ ᠤᠨ ᠪᠣᠰᠤᠭ᠎ᠠ ᠴᠣᠭᠴᠠᠳᠣ ᠵᠠᠮ ᠬᠠᠷᠢᠯᠴᠠᠭᠠᠨ ᠤ ᠳᠣᠣᠷ ᠰᠦᠯᠵᠢᠶᠡᠨ ᠤ ᠪᠦᠳᠦᠴᠡ ᠶᠢ ᠵᠢᠭᠠᠨ᠎ᠠ᠃      ③ ︽ᠭᠤᠷᠪᠠᠨ ᠳᠣᠷ᠎ᠠ ᠪᠠᠷ ᠢᠶᠠᠨ ᠪᠠᠶᠢᠬᠤ︾᠄ ᠬᠤᠳᠠ ᠪᠠᠯᠭᠠᠰᠣᠨ ᠤ ᠪᠦᠳᠦᠭᠡᠨ ᠪᠠᠶᠢᠭᠤᠯᠣᠯᠳᠠ ᠶᠢᠨ ᠬᠠᠮᠢᠶᠠᠷᠣᠯᠳᠠ ᠳᠣᠮᠳᠠᠬᠢ ᠳᠣᠷ᠎ᠠ ᠪᠠᠷ ᠢᠶᠠᠨ ᠵᠤᠭᠰᠤᠭᠠᠬᠤ᠂ ᠳᠣᠷ᠎ᠠ ᠪᠠᠷ ᠢᠶᠠᠨ ᠳᠠᠯᠪᠢᠬᠤ ᠪᠠ ᠳᠣᠷ᠎ᠠ ᠪᠠᠷ ᠢᠶᠠᠨ ᠪᠠᠶᠢᠭᠤᠯᠬᠤ ᠶᠢ ᠵᠢᠭᠠᠨ᠎ᠠ᠃      ④ ︽ᠭᠤᠷᠪᠠ ᠶᠢ ᠳᠣᠰᠬᠤᠨ ᠪᠠ ᠡᠷᠦᠬᠡ ᠳᠤ ᠬᠦᠷᠭᠡᠬᠦ︾᠄ ︽ᠭᠤᠷᠪᠠ ᠶᠢ ᠳᠣᠰᠬᠤᠨ ᠳᠤ ᠬᠦᠷᠭᠡᠬᠦ︾ ᠭᠡᠳᠡᠭ ᠨᠢ ᠲᠦᠯᠦᠪᠵᠢᠬᠦᠯᠬᠡ ᠶᠢ ᠳᠣᠰᠬᠤᠨ ᠎ ᠳᠤ ᠬᠦᠷᠭᠡᠬᠦ᠂ ᠲᠦᠷᠦᠯ ᠵᠦᠢᠯ ᠢ ᠳᠣᠰᠬᠤᠨ ᠳᠤ ᠬᠦᠷᠭᠡᠬᠦ᠂ ᠺᠠᠳ᠋ᠷᠴᠣᠳ ᠢ ᠳᠣᠰᠬᠤᠨ ᠳᠤ ᠬᠦᠷᠬᠡᠬᠦ ᠶᠢ ᠵᠢᠭᠠᠨ᠎ᠠ᠃ ︽ᠭᠤᠷᠪᠠ ᠶᠢ ᠡᠷᠦᠬᠡ ᠳᠤ ᠬᠦᠷᠭᠡᠬᠦ︾ ᠭᠡᠳᠡᠭ ᠨᠢ ᠲᠦᠯᠦᠪᠵᠢᠬᠦᠯᠬᠡ ᠶᠢ ᠡᠷᠦᠬᠡ ᠳᠤ ᠬᠦᠷᠭᠡᠬᠦ᠂ ᠲᠦᠷᠦᠯ ᠵᠦᠢᠯ ᠢ ᠡᠷᠦᠬᠡ ᠳᠤ ᠬᠦᠷᠭᠡᠬᠦ ᠪᠠ ᠺᠠᠳ᠋ᠷᠴᠣᠳ ᠢ ᠡᠷᠦᠬᠡ ᠳᠤ ᠬᠦᠷᠭᠡᠬᠦ ᠶᠢ ᠵᠢᠭᠠᠨ᠎ᠠ᠃      ⑤ ︽ᠲᠠᠪᠤ ᠶᠢ ᠪᠠᠷᠢᠮᠳᠠᠯᠠᠬᠤ᠂ ᠲᠠᠪᠤᠨ ᠨᠢᠭᠡ ᠪᠦᠯᠦᠭ᠂ ᠵᠢᠷᠭᠤᠭᠠᠨ ᠨᠠᠷᠢᠯᠢᠭ ᠤᠨᠤᠪᠴᠢᠳᠠᠢ︾᠄ ︽ᠲᠠᠪᠤ ᠶᠢ ᠪᠠᠷᠢᠮᠳᠠᠯᠠᠬᠤ︾᠎ ᠨᠢ ᠶᠠᠳᠠᠭᠤ ᠶᠢ ᠲᠠᠳᠬᠦᠬᠦ ᠪᠠᠬᠢᠯᠡᠯᠳᠡ ᠰᠢᠪᠳᠤᠯᠬᠤ ᠶᠢ ᠪᠦᠬᠦ ᠲᠠᠯ᠎ᠠ ᠶᠢᠨ ᠠᠵᠢᠯ ᠲᠠᠢ ᠬᠠᠷᠢᠯᠴᠠᠨ ᠤᠶᠠᠯᠳᠤᠭᠤᠯᠬᠤ ᠶᠢ ᠪᠠᠷᠢᠮᠳᠠᠯᠠᠵᠤ᠂ ᠨᠢᠭᠡᠳᠤᠯᠳᠡᠢ ᠲᠦᠯᠦᠪᠯᠡᠨ ᠶᠠᠳᠠᠭᠤ ᠶᠢ ᠲᠡᠳᠭᠦᠭᠦ ᠵᠠᠮ ᠎ ᠢ ᠵᠠᠮᠨᠠᠨ᠎ᠠ᠃  ᠵᠠᠯᠠᠭᠠᠯᠳᠤᠭᠤᠯᠤᠨ ᠨᠡᠭᠡᠭᠡᠨ ᠠᠰᠢᠭᠯᠠᠬᠤ ᠪᠠ ᠲᠦᠷᠦᠯ ᠬᠤᠪᠢᠶᠠᠨ ᠲᠡᠳᠭᠦᠭᠦ ᠶᠢᠨ ᠬᠠᠷᠢᠯᠴᠠᠨ ᠤᠶᠠᠯᠳᠤᠭᠤᠯᠬᠤ ᠶᠢ ᠪᠠᠷᠢᠮᠳᠠᠯᠠᠵᠤ᠂ ᠨᠠᠷᠢᠯᠢᠭ ᠤᠨᠤᠪᠴᠢᠳᠠᠢ ᠶᠠᠳᠠᠭᠤ ᠶᠢ ᠲᠡᠳᠭᠦᠭᠦ ᠵᠠᠮ ᠢᠶᠠᠷ ᠵᠠᠮᠨᠠᠨ᠎ᠠ᠃ ᠵᠠᠰᠠᠭ ᠵᠠᠬᠢᠷᠭᠠᠨ ᠤ ᠲᠦᠯᠬᠢᠨ ᠠᠬᠢᠭᠤᠯᠤᠯᠳᠠ ᠪᠠ ᠵᠠᠬ᠎ᠠ ᠲᠡᠯᠭᠡᠭᠦᠷ ᠤᠨ ᠬᠦᠳᠡᠯᠬᠡᠬᠦ ᠬᠦᠴᠦᠨ ᠢ ᠬᠠᠷᠢᠯᠴᠠᠨ ᠤᠶᠠᠯᠳᠤᠭᠤᠯᠬᠤ ᠶᠢ ᠪᠠᠷᠢᠮᠳᠠᠯᠠᠵᠤ᠂ ᠨᠡᠭᠡᠭᠡᠯᠳᠡ ᠬᠢᠵᠤ ᠶᠠᠳᠠᠭᠤ ᠶᠢ ᠲᠡᠳᠭᠦᠭᠦ ᠵᠠᠮ ᠢᠶᠠᠷ ᠵᠠᠮᠨᠠᠨ᠎ᠠ᠃ ︽ᠭᠤᠷᠪᠠᠨ ᠪᠠᠶᠢᠷᠢ ᠨᠢᠭᠡ ᠴᠤᠭᠴᠠ︾ ᠪᠠ ᠦᠪᠡᠷ ᠤᠨ ᠬᠦᠴᠦ ᠪᠠᠷ ᠢᠶᠠᠨ ᠲᠡᠭᠵᠢᠷᠡᠬᠦ ᠶᠢ ᠬᠠᠷᠢᠯᠴᠠᠨ ᠤᠶᠠᠯᠳᠤᠭᠤᠯᠬᠤ ᠶᠢ ᠪᠠᠷᠢᠮᠳᠠᠯᠠᠵᠤ᠂ ︽ᠴᠢᠰᠤ ᠪᠦᠳᠦᠭᠡᠭᠦ︾ ᠶᠠᠳᠠᠭᠤ ᠶᠢ ᠲᠡᠳᠭᠦᠭᠦ ᠵᠠᠮ ᠢᠶᠠᠷ ᠵᠠᠮᠨᠠᠨ᠎ᠠ ᠃ ᠡᠬᠢ ᠪᠠᠶᠠᠯᠢᠭ ᠢ ᠨᠡᠭᠡᠭᠡᠨ ᠠᠰᠢᠭᠯᠠᠬᠤ ᠪᠠ ᠠᠮᠢ ᠠᠬᠤᠢ ᠶᠢᠨ ᠬᠠᠮᠠᠭᠠᠯᠠᠯᠳᠠ ᠶᠢ ᠬᠠᠷᠢᠯᠴᠠᠨ ᠤᠶᠠᠯᠳᠤᠭᠤᠯᠬᠤ ᠶᠢ ᠪᠠᠷᠢᠮᠳᠠᠯᠠᠵᠤ᠂ ᠠᠮᠢ ᠠᠬᠤᠢ ᠪᠠᠷ ᠶᠠᠳᠠᠭᠤ ᠶᠢ ᠲᠡᠳᠭᠦᠭᠦ ᠵᠠᠮ ᠢᠶᠠᠷ ᠵᠠᠮᠨᠠᠨ᠎ᠠ᠃ ︽ᠲᠠᠪᠤᠨ ᠨᠢᠭᠡ ᠪᠦᠯᠦᠭ︾᠎ ᠨᠢ ᠦᠢᠯᠡᠳᠪᠤᠷᠢᠯᠡᠯ ᠢ ᠭᠦᠭᠵᠢᠭᠦᠯᠵᠤ ᠨᠢᠭᠡ ᠪᠦᠯᠦᠭ ᠢ ᠶᠠᠳᠠᠭᠤ ᠠᠴᠠ ᠠᠩᠬᠢᠵᠢᠷᠠᠭᠤᠯᠬᠤ᠂  ᠲᠤᠬᠢᠷᠠᠮᠵᠢᠳᠠᠢ ᠭᠠᠵᠠᠷ ᠲᠤ ᠰᠢᠯᠵᠢᠭᠦᠯᠦᠨ ᠨᠡᠭᠦᠯᠭᠡᠵᠤ ᠨᠢᠭᠡ ᠪᠦᠯᠦᠭ ᠢ ᠶᠠᠳᠠᠭᠤ ᠡᠴᠠ‌ᠠᠩᠬᠢᠵᠢᠷᠠᠭᠤᠯᠬᠤ᠂ ᠠᠮᠢ ᠠᠬᠤᠢ ᠶᠢᠨ ᠨᠦᠭᠦᠪᠤᠷᠢ ᠦᠭᠴᠤ ᠨᠢᠭᠡ ᠪᠦᠯᠦᠭ ᠎ ᠢ ᠶᠠᠳᠠᠭᠤ ᠠᠴᠠ ᠠᠩᠬᠢᠵᠢᠷᠠᠭᠤᠯᠬᠤ᠂ ᠰᠤᠷᠭᠠᠨ ᠬᠦᠮᠦᠵᠢᠯ ᠢ ᠭᠦᠭᠵᠢᠭᠦᠯᠵᠤ ᠨᠢᠭᠡ ᠪᠦᠯᠦᠭ ᠢ ᠶᠠᠳᠠᠭᠤ ᠠᠴᠠ ᠠᠩᠬᠢᠵᠢᠷᠠᠭᠤᠯᠬᠤ᠂ ᠨᠡᠶᠢᠭᠡᠮ ᠤᠨ ᠪᠠᠳᠤᠯᠠᠭ᠎ᠠ ᠪᠠᠷ ᠨᠢᠭᠡ ᠪᠦᠯᠦᠭ ᠢ ᠠᠷᠭᠠᠴᠠᠨ᠎ᠠ᠃ ︽ᠵᠢᠷᠭᠤᠭᠠᠨ ᠨᠠᠷᠢᠯᠢᠭ ᠤᠨᠤᠪᠴᠢᠳᠠᠢ︾᠎ ᠨᠢ ᠲᠡᠳᠭᠦᠭᠦ ᠡᠳᠡᠭᠡᠳ ᠤᠨᠤᠪᠴᠢᠳᠠᠢ᠂ ᠲᠦᠷᠦᠯ ᠵᠦᠢᠯ ᠢ ᠤᠨᠤᠪᠴᠢᠳᠠᠢ ᠲᠤᠬᠢᠷᠠᠭᠤᠯᠬᠤ᠂ ᠪᠡᠯᠡ ᠮᠦᠩᠭᠦ ᠶᠢ ᠤᠨᠤᠪᠴᠢᠳᠠᠢ ᠭᠡᠷᠡᠭᠯᠡᠬᠦ᠂ ᠠᠷᠭ᠎ᠠ ᠭᠡᠮᠵᠢᠶ᠎ᠡ ᠶᠢ ᠡᠷᠦᠭᠡ ᠳᠤ ᠤᠨᠤᠪᠴᠢᠳᠠᠢ ᠭᠦᠷᠭᠡᠭᠦ᠂ ᠲᠤᠰᠬᠤᠨ ᠤ ᠪᠠᠶᠢᠳᠠᠯ ᠢᠶᠠᠷ ᠤᠨᠤᠪᠴᠢᠳᠠᠢ ᠬᠦᠮᠦᠨ ᠲᠤᠮᠢᠯᠠᠬᠤ᠂ ᠶᠠᠳᠠᠭᠤ ᠠᠴᠠ ᠠᠩᠬᠢᠵᠢᠷᠠᠭᠤᠯᠬᠤ ᠦᠷ᠎ᠡ ᠠᠰᠢᠭ ᠤᠨᠤᠪᠴᠢᠳᠠᠢ ᠪᠠᠶᠢᠬᠤ ᠶᠢ ᠵᠢᠭᠠᠨ᠎ᠠ᠃      ⑥ ︽ᠵᠤᠷᠯᠤᠩ ᠤᠨ ᠬᠤᠪᠢᠰᠬᠠᠯ︾᠄ ᠵᠤᠷᠯᠤᠩ ᠪᠤᠯ ᠭᠠᠵᠠᠷ ᠤᠷᠤᠨ ᠤ ᠪᠤᠯᠪᠠᠰᠤᠨ ᠢ ᠬᠡᠮᠵᠢᠶᠡᠯᠡᠬᠦ ᠴᠢᠬᠤᠯᠠ ᠲᠡᠮᠳᠡᠭ ᠪᠤᠯᠤᠨ᠎ᠠ᠂ ᠵᠤᠷᠯᠤᠩ ᠤᠨ ᠡᠷᠡᠭᠦᠯ ᠬᠠᠮᠠᠭᠠᠠᠯᠠᠯ ᠤᠨ ᠪᠠᠶᠢᠳᠠᠯ ᠢ ᠰᠠᠶᠢᠵᠢᠷᠠᠭᠤᠯᠬᠤ ᠨᠢ ᠠᠷᠠᠳ ᠲᠦᠮᠡᠨ ᠤ ᠡᠷᠡᠬᠦᠯ ᠴᠢᠬᠢᠷᠠᠭ ᠪᠠ ᠤᠷᠴᠢᠨ ᠲᠤᠭᠤᠷᠢᠨ ᠤ ᠪᠠᠶᠢᠳᠠᠯ ᠲᠠᠢ ᠰᠢᠭᠤᠳ ᠬᠤᠯᠪᠤᠭᠳᠠᠵᠤ ᠪᠠᠶᠢᠳᠠᠭ᠃ ᠰᠢ ᠶᠢᠨ ᠫᠢᠩ ᠶᠡᠷᠥᠩᠭᠡᠢ ᠱᠦᠵᠢ ᠵᠢᠭᠠᠭᠰᠠᠨ ᠨᠢ᠂ ᠵᠤᠷᠯᠤᠩ ᠤᠨ ᠠᠰᠠᠭᠤᠳᠠᠯ ᠨᠢ ᠪᠠᠭ᠎ᠠ ᠤᠴᠢᠷ ᠪᠢᠰᠢ᠂ ᠲᠡᠷᠡ ᠨᠢ ᠬᠤᠳᠠ ᠬᠦᠳᠡᠭᠡ ᠶᠢᠨ ᠪᠤᠯᠪᠠᠰᠤᠨ ᠤ ᠪᠠᠶᠢᠭᠤᠯᠤᠯᠳᠠ ᠶᠢᠨ ᠴᠢᠬᠤᠯᠠ ᠲᠠᠯ᠎ᠠ ᠪᠠᠶᠢᠵᠤ᠂ ᠦᠵᠡᠮᠵᠢ ᠶᠢᠨ ᠤᠷᠤᠨ ᠪᠠ ᠬᠤᠳᠠ ᠰᠠᠶᠢᠳᠤᠷ ᠠᠳᠬᠤᠬᠤ ᠪᠠᠷ ᠪᠠᠷᠠᠬᠤ ᠦᠭᠡᠢ ᠬᠦᠳᠡᠭᠡ ᠲᠤᠰᠬᠤᠨ ᠴᠦ ᠰᠠᠶᠢᠳᠤᠷ ᠠᠳᠬᠤᠵᠤ᠂ ᠡᠨᠡᠬᠦ ᠲᠦᠷᠦᠯ ᠤᠨ ᠠᠵᠢᠯ ᠢ ᠬᠦᠳᠡᠭᠡ ᠲᠤᠰᠬᠤᠨ ᠢ ᠬᠦᠭᠵᠢᠬᠦᠯᠤᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢᠨ ᠨᠢᠭᠡ ᠲᠦᠷᠦᠯ ᠤᠨ ᠪᠤᠳᠠᠳᠤ ᠠᠵᠢᠯ ᠪᠤᠯᠭᠠᠨ ᠲᠦᠯᠬᠢᠨ ᠠᠬᠢᠭᠤᠯᠵᠤ᠂ ᠡᠨᠡ ᠭᠡᠰᠡᠭ ᠤᠯᠠᠨ ᠲᠦᠮᠡᠨ ᠤ ᠠᠮᠢᠳᠤᠷᠠᠯ ᠤᠨ ᠴᠢᠨᠠᠷ ᠴᠢᠨᠰᠠᠭ᠎ᠠ ᠳᠠᠬᠢ ᠲᠤᠳᠠᠭᠤᠳᠠᠯ ᠢ ᠴᠢᠷᠮᠡᠶᠢᠨ ᠨᠦᠭᠦᠪᠦᠷᠢᠯᠡᠬᠦ ᠶᠢ ᠵᠢᠭᠠᠨ᠎ᠠ᠃      ⑦ ︽ᠭᠤᠷᠪᠠᠨ ᠪᠦᠳᠦᠭᠡᠭᠳᠡᠬᠦᠨ ᠨᠢᠬᠡ ᠰᠢᠨᠵᠢ ᠳᠡᠮᠳᠡᠭ︾᠄ ︽ᠭᠤᠷᠪᠠᠨ ᠪᠦᠳᠦᠭᠡᠭᠳᠡᠬᠦᠨ︾ ᠭᠡᠳᠡᠭ ᠨᠢ ᠬᠤᠤᠷᠳᠠᠯ ᠦᠬᠡᠢ ᠳᠠᠷᠢᠶᠠᠯᠠᠩ ᠤᠨ ᠪᠦᠳᠦᠭᠡᠭᠳᠡᠬᠦᠨ᠂ ᠪᠣᠬᠢᠷᠳᠣᠯ ᠦᠬᠡᠢ ᠢᠳᠡᠭᠡᠨ᠂ ᠣᠷᠭᠠᠨᠢᠭ ᠳᠠᠷᠢᠶᠠᠯᠠᠩ ᠤᠨ ᠪᠦᠳᠦᠭᠡᠭᠳᠡᠬᠦᠨ ᠪᠠ ᠮᠠᠯ ᠤᠨ ᠠᠰᠢᠭ ᠰᠢᠮ᠎ᠡ ᠶᠢ ᠵᠢᠭᠠᠨ᠎ᠠ᠃ ︽ᠨᠢᠬᠡ ᠰᠢᠨᠵᠢ ᠳᠡᠮᠳᠡᠭ︾ ᠭᠡᠳᠡᠭ ᠨᠢ ᠳᠠᠷᠢᠶᠠᠯᠠᠩ ᠤᠨ ᠪᠦᠳᠦᠭᠡᠭᠳᠡᠬᠦᠨ ᠪᠠ ᠮᠠᠯ ᠤᠨ ᠠᠰᠢᠭ ᠰᠢᠮ᠎ᠡ ᠶᠢᠨ ᠭᠠᠵᠠᠷ ᠵᠦᠢ ᠶᠢᠨ ᠰᠢᠨᠵᠢ ᠳᠡᠮᠳᠡᠭ ᠢ ᠵᠢᠭᠠᠨ᠎ᠠ᠃      ⑧ ︽ᠳᠣᠯᠣᠭᠠᠨ ᠬᠡᠯᠪᠡᠷᠢ︾  ᠠᠭᠤᠷᠬᠠᠢ᠄ ︽ᠪᠣᠬᠢᠷᠳᠣᠯ ᠦᠬᠡᠢ᠂ ᠠᠮᠢ ᠠᠬᠤᠶᠢᠴᠢ᠂ ᠣᠷᠴᠢᠨ ᠳᠣᠭᠤᠷᠢᠨ ᠢ ᠬᠠᠮᠠᠭᠠᠯᠠᠭᠰᠠᠨ᠂ ᠰᠢᠨᠵᠢᠯᠡᠭᠡ ᠮᠡᠷᠭᠡᠵᠢᠯ᠂  ᠰᠤᠶᠤᠯ ᠢᠷᠭᠡᠨᠰᠢᠯ᠂ ᠡᠶ᠎ᠡ ᠵᠣᠬᠢᠴᠠᠩᠭᠤᠢ᠂ ᠠᠶᠣᠯᠬᠦᠢ︾ ᠠᠭᠤᠷᠬᠠᠢ ᠶᠢ ᠪᠦᠳᠦᠭᠡᠨ ᠪᠠᠶᠢᠭᠤᠯᠬᠤ ᠶᠢ ᠵᠢᠭᠠᠨ᠎ᠠ᠃      ⑨ ︽ᠨᠢᠬᠡ ᠣᠷᠣᠨ ᠬᠤᠶᠠᠷ ᠰᠠᠭᠤᠷᠢᠨ ᠭᠠᠵᠠᠷ ᠲᠦᠷᠪᠡᠨ ᠰᠣᠷᠭᠠᠭᠤᠯᠢ ᠳᠠᠪᠣᠵᠢᠭᠤᠯᠬᠤ︾᠄ ᠨᠢᠬᠡ ᠣᠷᠣᠨ ᠬᠡᠳᠡᠭ ᠨᠢ ᠠᠯᠪᠠᠨ ᠵᠢᠷᠣᠮ ᠤᠨ ᠰᠣᠷᠭᠠᠨ ᠬᠦᠮᠦᠵᠢᠯ ᠢ ᠲᠡᠩᠴᠡᠭᠦᠷᠢᠳᠡᠢ ᠬᠦᠭᠵᠢᠬᠦᠯᠦᠭᠰᠡᠨ ᠵᠢᠱᠢᠶ᠎ᠡ ᠦᠵᠡᠬᠦᠯᠬᠦ ᠣᠷᠣᠨ ᠢ ᠵᠢᠭᠠᠨ᠎ᠠ᠃ ᠬᠤᠶᠠᠷ ᠰᠠᠭᠤᠷᠢᠨ ᠭᠠᠵᠠᠷ ᠬᠡᠳᠡᠭ ᠨᠢ ᠬᠡᠪ ᠴᠢᠨᠠᠷ ᠤᠨ ᠰᠣᠷᠭᠠᠨ ᠬᠦᠮᠦᠵᠢᠯ ᠢ ᠦᠢᠯᠡᠳᠦᠯᠬᠡᠵᠢᠬᠦᠯᠬᠦ ᠰᠠᠭᠤᠷᠢᠨ ᠭᠠᠵᠠᠷ ᠪᠠ ᠰᠣᠷᠭᠠᠭᠤᠯᠢ ᠶᠢᠨ ᠬᠦᠷᠢᠶᠡᠨ ᠤ ᠬᠦᠯ ᠪᠦᠮᠪᠦᠭᠡ ᠶᠢᠨ ᠰᠠᠭᠤᠷᠢᠨ ᠭᠠᠵᠠᠷ ᠪᠠᠶᠢᠭᠤᠯᠬᠤ ᠶᠢ ᠵᠢᠭᠠᠨ᠎ᠠ᠃ ᠲᠦᠷᠪᠡᠨ ᠰᠣᠷᠭᠠᠭᠤᠯᠢ ᠬᠡᠳᠡᠭ ᠨᠢ ᠦᠨᠳᠦᠰᠦᠳᠡᠨ ᠤ ᠣᠯᠠᠮᠵᠢᠯᠠᠯᠳᠣ ᠰᠣᠶᠣᠯ ᠤᠨ ᠰᠣᠷᠭᠠᠭᠤᠯᠢ᠂ ᠪᠢᠴᠢᠭ ᠤᠨ ᠦᠨᠦᠷ ᠬᠠᠩᠬᠤᠯᠣᠭᠰᠠᠨ ᠰᠣᠷᠭᠠᠭᠤᠯᠢ᠂ ᠪᠣᠯᠪᠠᠰᠣᠨ ᠰᠣᠷᠭᠠᠭᠤᠯᠢ ᠪᠠ ᠣᠶᠣᠨᠴᠢ ᠰᠣᠷᠭᠠᠭᠤᠯᠢ ᠶᠢ ᠵᠢᠭᠠᠨ᠎ᠠ᠃ ᠳᠠᠪᠣᠵᠢᠭᠤᠯᠬᠤ ᠬᠡᠳᠡᠭ ᠨᠢ ᠰᠣᠷᠭᠠᠨ ᠬᠦᠮᠦᠵᠢᠯ ᠢ ᠲᠡᠩᠴᠡᠭᠦᠷᠢᠰᠢᠬᠦᠯᠬᠦ᠂ ᠰᠢᠯᠢᠳᠡᠭᠵᠢᠬᠦᠯᠬᠦ᠂ ᠣᠨᠴᠠᠯᠢᠭᠵᠢᠭᠤᠯᠬᠤ᠂ ᠣᠳᠣᠬᠢᠴᠢᠯᠠᠬᠤ ᠪᠠ ᠲᠡᠯᠡᠬᠡᠶᠢᠴᠢᠯᠡᠬᠦ ᠶᠢ ᠨᠢᠬᠡ ᠴᠣᠭᠴᠠᠵᠢᠭᠤᠯᠣᠨ ᠬᠤᠯᠪᠣᠭᠠᠯᠠᠨ ᠬᠦᠭᠵᠢᠬᠦᠯᠬᠦ ᠶᠢ ᠵᠢᠭᠠᠨ᠎ᠠ᠃      ⑩ ︽ᠭᠤᠷᠪᠠ ᠶᠢ ᠪᠠᠭᠠᠰᠬᠠᠬᠤ ᠨᠢᠭᠡ ᠶᠢ ᠪᠠᠭᠤᠷᠠᠭᠤᠯᠬᠤ ᠨᠢᠭᠡ ᠶᠢ ᠨᠦᠭᠦᠪᠦᠷᠢᠯᠡᠬᠦ︾᠄ ᠰᠢ ᠶᠢᠨ ᠫᠢᠩ ᠶᠡᠷᠥᠩᠭᠡᠢ ᠱᠦᠵᠢ ᠬᠠᠩᠭᠠᠯᠭ᠎ᠠ ᠶᠢᠨ ᠲᠠᠯ᠎ᠠ ᠶᠢᠨ ᠪᠦᠳᠦᠴᠡ ᠶᠢᠨ ᠴᠢᠨᠠᠷᠳᠠᠢ ᠦᠭᠡᠷᠡᠴᠢᠯᠡᠯᠳᠡ ᠶᠢ ᠦᠨᠳᠦᠰᠦᠯᠡᠨ ᠲᠤᠷᠠᠳᠤᠭᠰᠠᠨ ᠶᠤᠮ᠃ ᠬᠠᠩᠭᠠᠯᠭ᠎ᠠ ᠶᠢᠨ ᠪᠦᠳᠦᠴᠨ ᠶᠢᠨ ᠦᠭᠡᠷᠡᠴᠢᠯᠡᠯᠳᠡ ᠨᠢ ᠭᠤᠤᠯᠳᠠᠭᠤ ᠦᠢᠯᠡᠳᠪᠤᠷᠢᠯᠡᠬᠦ ᠴᠢᠳᠠᠪᠤᠷᠢ ᠢᠯᠡᠭᠦᠳᠡᠭᠦ᠂ ᠠᠰᠠᠷᠳᠤ ᠬᠤᠳᠠ ᠶᠢᠨ ᠬᠦᠮᠦᠷᠬᠡᠯᠡᠯᠳᠡ ᠶᠡᠭᠡ᠂ ᠦᠭᠴᠡᠭᠡ ᠦᠨᠳᠦᠷ ᠠᠵᠤ ᠠᠬᠤᠶᠢᠯᠠᠯ ᠪᠤᠯᠬᠤ ᠭᠤᠷᠪᠠᠨ ᠲᠠᠯ᠎ᠠ ᠲᠠᠢ ᠬᠤᠯᠪᠤᠭᠳᠠᠵᠤ᠂ ᠡᠨᠡᠬᠦ ᠠᠰᠠᠭᠤᠳᠠᠯ ᠢ ᠰᠢᠢᠳᠪᠤᠷᠢᠯᠡᠬᠦ ᠶᠢᠨ ᠲᠦᠯᠦᠭᠡ᠂ ︽ᠭᠤᠷᠪᠠ ᠶᠢ ᠪᠠᠭᠠᠰᠬᠠᠬᠤ ᠨᠢᠭᠡ ᠶᠢ ᠪᠠᠭᠤᠷᠠᠭᠤᠯᠬᠤ ᠨᠢᠭᠡ ᠶᠢ ᠨᠦᠭᠦᠪᠦᠷᠢᠯᠡᠬᠦ︾ ᠲᠦᠷᠦ ᠎ ᠶᠢᠨ ᠪᠤᠳᠤᠯᠭ᠎ᠠ ᠶᠢᠨ ᠭᠡᠷᠡᠭᠵᠢᠭᠦᠯᠵᠤ᠂ ᠦᠢᠯᠡᠳᠪᠤᠷᠢᠯᠡᠬᠦ ᠴᠢᠳᠠᠪᠦᠷᠢ ᠶᠢ ᠪᠠᠭᠠᠰᠬᠠᠬᠤ᠂ ᠬᠦᠮᠦᠷᠬᠡᠯᠡᠯᠳᠡ ᠶᠢ ᠪᠠᠭᠠᠰᠬᠠᠬᠤ᠂ ᠬᠦᠰᠢᠬᠦᠷᠭᠡ ᠶᠢ ᠪᠠᠭᠠᠰᠬᠠᠬᠤ᠂ ᠦᠪᠡᠷ ᠤᠨ ᠦᠷᠳᠡᠭ ᠢ ᠪᠠᠭᠤᠷᠠᠭᠤᠯᠬᠤ᠂ ᠲᠤᠳᠠᠭᠤᠳᠠᠯ ᠢ ᠨᠦᠬᠦᠪᠦᠷᠢᠯᠡᠬᠦ ᠲᠡᠪᠤᠨ ᠶᠡᠭᠡ ᠡᠭᠦᠷᠭᠡ ᠶᠢ ᠵᠢᠭᠠᠨ᠎ᠠ᠃  
ᠢᠷᠡᠯᠲᠡ᠄ ᠰᠢᠨ᠎ᠡ ᠪᠠᠷᠭᠤ ᠪᠠᠷᠠᠭᠤᠨ ᠬᠤᠰᠢᠭᠤᠨ ᠤ ᠵᠠᠰᠠᠭ ᠤᠨ ᠣᠷᠳᠣᠨ ᠤ ᠤᠷᠴᠢᠭᠤᠯᠭ᠎ᠠ ᠶᠢᠨ ᠲᠤᠪᠴᠢᠶ᠎ᠠ