ᠮᠠᠨ ᠤ ᠬᠤᠳᠡ ᠶᠢᠨ ᠠᠷᠡᠤᠨ ᠤᠨ ᠠᠮᠢᠳᠤᠷᠡᠯ ᠳᠤ ᠬᠤᠯᠪᠤᠡᠡᠳ᠋ᠬᠠᠰᠡᠨ ᠵᠠᠷᠤᠯᠭ᠎ᠠ 327 ᠳ᠋ᠦᠡᠭᠰᠢᠭᠤᠷ ᠲᠦᠬᠦᠷᠢᠭ ᠲᠤ ᠬᠦᠷᠪᠡ
ᠨᠡᠶᠢᠲᠡᠯᠡᠭᠰᠡᠨ ᠴᠠᠭ᠄
2018/2/27
    ᠤᠢᠢᠷ᠎ᠠ ᠶᠢᠨ ᠵᠢᠯ ᠳᠤ᠂ ᠮᠠᠨ ᠤ ᠬᠤᠳᠡ ᠨᠢᠭᠡ ᠪᠦᠯᠦᠭ ᠠᠷᠡᠤᠨ ᠤᠨ ᠠᠮᠢᠳᠤᠷᠡᠯ ᠤᠨ ᠢᠨᠵᠧᠨᠧᠷᠢᠩ ᠤᠨ ᠲᠦᠷᠤᠯ ᠵᠦᠢᠯ ᠢ ᠭᠡᠷᠡᠭᠵᠢᠬᠦᠯᠵᠤ ᠲᠤᠪᠤᠶᠢᠮ᠎ᠠ ᠠᠮᠵᠢᠯᠳᠡ ᠤᠯᠵᠡᠢ᠃ 2017 ᠤᠨ ᠳᠤ᠂ ᠪᠦᠬᠦ ᠬᠤᠳᠡ ᠶᠢᠨ ᠰᠤᠷᠭᠠᠨ ᠬᠦᠮᠤᠵᠢᠯ᠂ ᠨᠠᠶᠢᠭᠡᠮ ᠤᠨ ᠪᠡᠳᠤᠯᠡᠪᠤᠷᠢ ᠪᠡ ᠠᠵᠢᠯ ᠤᠯᠭᠤᠬᠤ᠂ ᠮᠠᠯ ᠠᠵᠤ ᠠᠬᠤᠢ ᠲᠠᠷᠢᠶᠠᠯᠠᠩ ᠤᠢ ᠰᠢᠭᠤᠢ᠂ ᠡᠮ ᠡᠮᠨᠡᠯᠭᠡ ᠡᠷᠡᠬᠦᠯ ᠬᠠᠮᠠᠭᠠᠯᠠᠯ᠂ ᠡᠨᠧᠷᠬᠢ ᠠᠷᠪᠢᠯᠠᠵᠤ ᠤᠷᠴᠢᠨ ᠲᠤᠭᠤᠷᠢᠨ ᠢ ᠬᠠᠮᠠᠭᠠᠯᠠᠬᠤ ᠪᠡ ᠤᠷᠤᠨ ᠰᠠᠭᠤᠴᠠ ᠶᠢᠨ ᠪᠠᠳᠤᠯᠠᠪᠤᠷᠢ ᠵᠡᠷᠭᠡ ᠡᠯ ᠎ᠠ ᠲᠦᠷᠤᠯ ᠤᠨ ᠠᠷᠡᠤᠨ ᠤᠨ ᠠᠮᠢᠳᠤᠷᠡᠯ ᠳᠤ ᠬᠤᠯᠪᠤᠡᠡᠳ᠋ᠬᠠᠰᠡᠨ ᠵᠠᠷᠤᠯᠭ᠎ᠠ  327 ᠳ᠋ᠦᠡᠭᠰᠢᠭᠤᠷ ᠭᠠᠷᠤᠢ ᠲᠦᠬᠦᠷᠢᠭ ᠲᠤ ᠬᠦᠷᠴᠤ᠂ ᠡᠩ ᠤᠨ ᠤᠯᠡᠨ ᠨᠠᠶᠢᠳᠡ ᠶᠢᠨ ᠲᠦᠰᠤᠪ ᠤᠨ  ᠵᠠᠷᠤᠯᠭ᠎ᠠ ᠶᠢᠨ 75.36% ᠶᠢ ᠡᠵᠡᠯᠡᠪᠡ᠃ ᠦᠢᠯᠠᠭᠠᠬᠰᠠᠨ ᠢᠶᠠᠷ᠂ ᠮᠠᠨ ᠤ ᠬᠤᠳᠡ ᠠᠷᠡᠤᠨ ᠤᠨ ᠬᠠᠮᠤᠭ ᠠᠴᠠ ᠠᠩᠬᠠᠷᠴᠤ ᠪᠠᠶᠢᠭ᠎ᠠ᠂ ᠬᠠᠮᠤᠭ ᠰᠢᠭᠤᠤᠨ᠂ ᠬᠠᠮᠤᠭ ᠪᠤᠳᠡᠳᠡᠢ ᠠᠰᠢᠭ ᠲᠤᠰᠠ ᠲᠠᠢ ᠬᠤᠯᠪᠤᠬᠳᠠᠬᠰᠠᠨ ᠠᠰᠠᠭᠤᠳᠡᠯ ᠢ ᠰᠢᠢᠤᠡᠪᠤᠷᠢᠯᠡᠭᠡᠤᠨ᠂ ᠰᠤᠷᠭᠠᠨ ᠬᠦᠮᠤᠵᠢᠯ ᠤᠨ ᠦᠢᠯᠡᠰ ᠡᠷᠡᠬᠦᠯ ᠢᠶᠠᠷ ᠬᠦᠭᠵᠢᠵᠤ᠂ ᠬᠤᠳᠡ ᠬᠦᠳᠡᠭᠡ ᠶᠢᠨ ᠰᠠᠭᠤᠭᠠᠯᠢ ᠠᠷᠡᠤᠨ ᠤᠨ ᠨᠠᠰᠤᠵᠢᠯ ᠤᠨ ᠪᠡᠳᠤᠯᠠᠪᠤᠷᠢ ᠨᠡᠩ ᠰᠠᠶᠢᠵᠢᠷᠠᠨ᠂ ᠡᠪᠡᠤᠡᠴᠢᠨ ᠦᠵᠡᠬᠦᠯᠬᠦ ᠳᠤ ᠬᠦᠴᠢᠷ᠂ ᠡᠪᠡᠤᠡᠴᠢᠨ ᠦᠵᠡᠬᠦᠯᠬᠦ ᠳᠤ ᠦᠨ᠎ᠡ ᠲᠠᠢ ᠠᠰᠠᠭᠤᠳᠡᠯ ᠰᠢᠢᠤᠡᠪᠤᠷᠢᠯᠡᠭᠳᠡᠵᠤ᠂ ᠠᠵᠢᠯ ᠤᠯᠭᠤᠬᠤ ᠠᠷᠭ᠎ᠠ ᠵᠠᠮ ᠨᠡᠩ ᠦᠷᠭᠡᠵᠢᠵᠤ᠂ ᠡᠯ᠎ᠠ ᠲᠦᠷᠤᠯ ᠤᠨ ᠠᠷᠡᠤᠨ ᠤᠨ ᠠᠮᠢᠳᠤᠷᠡᠯ ᠤᠨ ᠠᠵᠢᠯ ᠱᠠᠳᠤᠴᠢ ᠴᠢᠨᠠᠷᠳᠠᠢ ᠠᠮᠵᠢᠯᠳᠡ ᠤᠯᠪᠡ᠃ ᠰᠤᠷᠭᠠᠨ ᠬᠦᠮᠤᠵᠢᠯ ᠤᠨ ᠦᠢᠯᠡᠰ ᠦᠷᠨᠢᠨ ᠬᠦᠭᠵᠢᠵᠡᠢ᠃ 2014 — 2017 ᠤᠨ ᠪᠤᠯᠳᠡᠯ᠎ᠠ ᠲᠦᠪ ᠪᠡ ᠦᠪᠡᠷᠳᠡᠭᠡᠨ ᠵᠠᠰᠠᠬᠤ ᠤᠷᠤᠨ ᠠᠴᠠ ᠰᠤᠷᠭᠠᠨ ᠬᠦᠮᠤᠵᠢᠯ ᠤᠨ ᠲᠦᠷᠤᠯ ᠵᠦᠢᠯ ᠤᠨ ᠪᠡᠯᠠ ᠮᠦᠡᠭᠬᠦ ᠶᠢ  14.11 ᠳ᠋ᠦᠡᠭᠰᠢᠭᠤᠷ ᠲᠦᠬᠦᠷᠢᠭ ᠭᠤᠶᠤᠴᠢᠯᠠᠨ ᠤᠯᠵᠤ᠂ ᠤᠷᠤᠨ ᠨᠤᠳᠤᠭ ᠠᠴᠠ ᠪᠡᠯᠡ ᠤᠷᠤᠭᠤᠯᠤᠬᠰᠠᠨ ᠲᠠᠢ ᠨᠡᠶᠢᠯᠡᠭᠦᠯᠪᠡᠯ ᠡᠯ᠎ᠠ ᠲᠦᠷᠤᠯ ᠵᠦᠢᠯ ᠤᠨ ᠪᠡᠯᠨ ᠮᠦᠡᠭᠬᠦ 23 ᠳ᠋ᠦᠡᠭᠰᠢᠭᠤᠷ ᠲᠦᠬᠦᠷᠢᠭ ᠲᠤ ᠬᠦᠷᠴᠤ᠂ ᠲᠤᠮᠳᠡᠳᠤ  ᠪᠠᠭ᠎ᠠ ᠰᠤᠷᠭᠠᠭᠤᠯᠢ ᠶᠢᠨ ᠰᠤᠷᠭᠠᠭᠤᠯᠢ ᠡᠷᠬᠢᠯᠡᠬᠦ ᠨᠦᠬᠦᠴᠡᠯ ᠢᠯᠡᠤᠡᠳᠠ ᠲᠡᠭᠡᠭᠰᠢᠯᠡᠪᠡ᠃ ᠪᠦᠬᠦ ᠬᠤᠳᠡ ᠶᠢᠨ 95% ᠶᠢᠨ ᠠᠯᠪᠡᠨ ᠵᠢᠷᠤᠮ ᠤᠨ ᠰᠤᠷᠭᠠᠭᠤᠯᠢ ᠦᠪᠡᠷᠳᠡᠭᠡᠨ ᠵᠠᠰᠠᠬᠤ ᠤᠷᠤᠨ ᠤ ᠪᠠᠷᠢᠮᠵᠢᠶᠡᠵᠢᠠᠡᠰᠡᠨ ᠰᠤᠷᠭᠠᠭᠤᠯᠢ ᠶᠢᠨ ᠪᠠᠷᠢᠮᠵᠢᠶ᠎ᠠ ᠳᠤ ᠬᠦᠷᠴᠡᠢ᠃ ᠤᠢᠢᠷ᠎ᠠ ᠶᠢᠨ ᠵᠢᠯ ᠳᠤ᠂ ᠰᠤᠷᠭᠠᠭᠤᠯᠢ ᠶᠢᠨ ᠮᠡᠳᠡᠭᠡ ᠵᠠᠩᠬᠢ ᠶᠢᠨ  ᠪᠦᠳᠤᠭᠡᠨ ᠪᠠᠶᠢᠭᠤᠯᠤᠯᠳᠡ ᠶᠢᠨ ᠪᠡᠯᠨ ᠤᠷᠤᠭᠤᠯᠤᠯᠳᠡ 3 ᠳ᠋ᠦᠡᠭᠰᠢᠭᠤᠷ ᠲᠦᠬᠦᠷᠢᠭ ᠲᠤ ᠬᠦᠷᠴᠤ᠂ ᠪᠦᠬᠦ ᠬᠤᠳᠡ ᠶᠢᠨ ᠲᠤᠮᠳᠡᠳᠤ ᠪᠠᠭ᠎ᠠ ᠰᠤᠷᠭᠠᠭᠤᠯᠢ ᠳᠤ ᠢᠨᠲ᠋ᠧᠷ ᠰᠦᠯᠵᠢᠶ᠎ᠠ ᠶᠢ ᠪᠦᠷᠬᠦᠬᠦᠯᠵᠦ᠂ ᠬᠢᠴᠢᠶᠡᠯ ᠤᠨ ᠭᠡᠷ ᠲᠤ ᠤᠯᠡᠨ ᠵᠠᠭᠤᠴᠢᠳᠤ ᠲᠤᠨᠤᠭ ᠲᠦᠬᠦᠭᠡᠷᠤᠮᠵᠢ ᠶᠢ ᠲᠦᠬᠦᠷᠵᠢᠬᠦᠯᠦᠭᠰᠡᠨ ᠨᠤᠷᠮ᠎ᠠ 100% ᠳᠤ ᠬᠦᠷᠪᠡ᠃ ᠡᠮ ᠡᠮᠨᠡᠯᠭᠡ ᠶᠢᠨ ᠲᠠᠯ᠎ᠠ ᠪᠠᠷ᠂ ᠡᠮᠨᠡᠯᠭᠡ ᠳᠤ ᠰᠠᠭᠤᠡᠡᠰᠡᠨ ᠰᠦᠢᠤᠡᠭᠡᠯ ᠢ ᠤᠡᠳᠤᠤ ᠭᠠᠵᠡᠷ ᠳ᠋ᠦᠡᠭᠨᠡᠨ  ᠪᠤᠳᠤᠬᠤ ᠶᠢ ᠪᠡᠶᠡᠯᠡᠬᠦᠯᠵᠤ᠂ ᠡᠪᠡᠤᠡᠴᠢᠳᠡᠨ ᠳᠤ ᠲᠦᠬᠦᠮ ᠦᠵᠡᠬᠦᠯᠵᠡᠢ᠃ 2017 ᠤᠨ ᠳᠤ ᠮᠠᠨ ᠤ ᠬᠤᠳᠡ ᠶᠢᠨ  ᠲᠤᠡᠡᠳ᠋ᠬᠠᠰᠡᠨ ᠴᠡᠭ ᠤᠨ ᠡᠮ ᠡᠮᠨᠡᠯᠭᠡ ᠶᠢᠨ ᠪᠠᠶᠢᠭᠤᠯᠤᠮᠵᠢ ᠤᠷᠤᠨ ᠤ ᠲᠤᠳᠤᠷ᠎ᠠ ᠤᠡᠳᠤᠤ ᠭᠠᠵᠡᠷ ᠡᠮᠨᠡᠬᠦᠯᠦᠭᠰᠡᠨ ᠰᠦᠢᠤᠡᠭᠡᠯ ᠢ ᠰᠢᠭᠤᠤᠨ ᠳ᠋ᠦᠡᠭᠨᠡᠨ ᠪᠤᠳᠤᠵᠤ ᠦᠭᠬᠦᠭᠰᠡᠨ ᠬᠦᠮᠤᠨ ᠤ ᠲᠤᠭ᠎ᠠ 1.51 ᠲᠦᠮᠡᠨ ᠬᠦᠮᠤᠨ  ᠤᠳᠠᠭ᠎ᠠ ᠳᠤ ᠬᠦᠷᠴᠤ᠂ ᠲᠠᠩᠰᠡᠨ ᠠᠴᠠ ᠲᠠᠶᠢᠯᠤᠬᠰᠠᠨ ᠪᠡᠯᠨ ᠮᠦᠡᠭᠬᠦ 255.5 ᠲᠦᠮᠡᠨ ᠲᠦᠬᠦᠷᠢᠭ ᠲᠤ ᠬᠦᠷᠴᠡᠢ᠃ ᠡᠬᠦᠨ ᠤ ᠲᠠᠭᠠᠤ ᠮᠤᠵᠢ ᠠᠯᠤᠰᠯᠠᠨ ᠳ᠋ᠦᠡᠭᠨᠡᠨ ᠪᠤᠳᠤᠬᠤ ᠶᠢ ᠴᠤ ᠪᠡᠶᠡᠯᠡᠬᠦᠯᠵᠤ᠂ ᠨᠢᠳᠤᠨᠤᠨ ᠵᠢᠯ ᠭᠠᠳᠠᠨ᠎ᠠ ᠮᠤᠵᠢ  ᠤᠷᠤᠨ ᠤ 6 ᠡᠮᠨᠠᠯᠭᠡ ᠶᠢᠨ ᠬᠤᠷᠢᠶᠠᠨ ᠳᠤ ᠰᠠᠭᠤᠡᠡᠰᠡᠨ ᠡᠪᠡᠤᠡᠴᠢᠳᠡᠨ ᠤ ᠰᠦᠢᠤᠡᠭᠡᠯ ᠢ ᠨᠢ ᠰᠢᠭᠤᠤᠨ ᠳ᠋ᠦᠡᠭᠨᠡᠨ  ᠪᠤᠳᠤᠵᠤ ᠦᠭᠬᠦᠭᠰᠡᠨ ᠪᠡ ᠮᠠᠨ ᠤ ᠬᠤᠳᠡ ᠶᠢᠨ 125 ᠬᠦᠮᠤᠨ ᠤᠳᠠᠭ᠎ᠠ ᠰᠠᠭᠤᠭᠠᠯᠢ ᠠᠷᠡᠤᠨ ᠤᠨ ᠮᠤᠵᠢ  ᠠᠯᠤᠰᠯᠠᠨ ᠡᠮᠨᠡᠬᠦᠯᠦᠭᠰᠡᠨ ᠰᠦᠢᠤᠡᠭᠡᠯ ᠢ ᠰᠢᠭᠤᠤᠨ ᠳ᠋ᠦᠡᠭᠨᠡᠨ ᠪᠤᠳᠤᠵᠤ᠂ ᠲᠠᠩᠰᠡᠨ ᠠᠴᠠ ᠲᠠᠶᠢᠯᠤᠬᠰᠠᠨ ᠪᠡᠯᠨ ᠮᠦᠡᠭᠬᠦ 129.77 ᠲᠦᠮᠡᠨ ᠲᠦᠬᠦᠷᠢᠭ ᠲᠤ ᠬᠦᠷᠪᠡ᠃ ᠨᠠᠰᠤᠵᠢᠯ ᠤᠨ ᠠᠰᠠᠷᠠᠮᠵᠢ ᠶᠢᠨ ᠲᠠᠯ᠎ᠠ ᠪᠠᠷ ᠠᠰᠠᠷᠠᠵᠤ  ᠡᠮᠨᠡᠬᠦᠯᠬᠦ ᠶᠢ ᠤᠶᠠᠯᠳᠤᠭᠤᠯᠤᠭᠠᠳ ᠢᠯᠡᠤᠡᠳᠠ ᠠᠮᠵᠢᠯᠳᠡ ᠤᠯᠵᠡᠢ᠃ 2017 ᠤᠨ ᠳᠤ ᠠᠵᠤ ᠠᠬᠤᠢᠢᠯᠡᠯ ᠤᠨ ᠠᠵᠢᠯ ᠤᠨ ᠪᠠᠶᠢᠷᠢ ᠠᠴᠠ ᠠᠮᠠᠷᠠᠭᠰᠠᠨ ᠠᠵᠢᠯᠳᠡᠤᠨ ᠤᠨ ᠨᠡᠰᠤᠵᠢᠯ ᠤᠨ ᠲᠠᠭᠠᠤᠠᠬᠠᠯ ᠤᠨ ᠮᠦᠡᠭᠬᠦ ᠶᠢ ᠲᠡᠬᠢᠨᠳᠠ  ᠬᠦᠮᠤᠨ ᠪᠦᠷᠢ ᠳᠤ 134 ᠲᠦᠬᠦᠷᠢᠭ ᠦᠰᠭᠡᠵᠤ᠂ ᠨᠠᠶᠢᠳᠡ 17 ᠲᠦᠮᠡᠨ ᠠᠵᠢᠯᠳᠡᠨ ᠠᠰᠢᠭ ᠬᠦᠷᠳᠡᠵᠡᠢ᠃ ᠭᠡᠷ ᠪᠦᠯᠢ ᠶᠢᠨ ᠡᠮᠴᠢ ᠭᠡᠷ᠎ᠠ ᠲᠤᠡᠡᠳᠡᠵᠤ ᠦᠢᠯᠡᠴᠢᠯᠡᠭᠡ ᠬᠢᠬᠦ ᠶᠢ ᠪᠦᠬᠦ ᠲᠡᠯ᠎ᠠ ᠪᠠᠷ ᠭᠡᠷᠡᠭᠵᠢᠬᠦᠯᠵᠤ᠂ ᠪᠦᠬᠦ ᠬᠤᠳᠡ ᠶᠢᠨ 65 ᠨᠡᠰᠤᠨ ᠠᠴᠠ ᠲᠡᠭᠡᠭᠰᠢᠬᠢ ᠨᠡᠰᠤᠳᠡᠶᠢᠴᠤᠤᠨ ᠤᠨ ᠭᠡᠷ᠎ᠠ ᠲᠤᠡᠡᠳ᠋ᠬᠠᠰᠡᠨ ᠨᠤᠷᠮ᠎ᠠ 68% ᠳᠤ ᠬᠦᠷᠴᠤ᠂ ᠤᠡᠴᠠᠭᠠᠢ ᠭᠡᠷ ᠪᠦᠯᠢ ᠶᠢᠨ ᠭᠡᠷ᠎ᠠ ᠲᠤᠡᠡᠳ᠋ᠬᠠᠰᠡᠨ ᠨᠤᠷᠮ᠎ᠠ 100% ᠳᠤ ᠬᠦᠷᠴᠡᠢ᠃ ︽ᠵᠢᠵᠢᠭ ᠡᠮ ᠤᠨ  ᠬᠠᠶᠢᠷᠴᠠᠭ︾ ᠤᠨ ᠢᠨᠵᠧᠨᠧᠷᠢᠩ ᠢ ᠭᠡᠷᠡᠭᠵᠢᠬᠦᠯᠵᠤ᠂ ᠪᠦᠬᠦ ᠬᠤᠳᠡ ᠳᠤ ᠨᠠᠶᠢᠳᠡ 13980 ︽ᠵᠢᠵᠢᠭ ᠡᠮ ᠤᠨ ᠬᠠᠶᠢᠷᠴᠠᠭ︾ ᠲᠠᠷᠬᠠᠭᠠᠵᠤ᠂ ᠮᠠᠯᠵᠢᠬᠤ ᠲᠦᠷᠪᠡᠨ ᠬᠤᠰᠢᠭᠤ ᠶᠢ ᠪᠦᠷᠬᠦᠬᠦᠯᠪᠡ᠃ ᠪᠦᠬᠦ ᠬᠤᠳᠡ ᠳᠤ ᠬᠠᠶᠢᠯᠡᠷ ᠤᠨ ᠴᠠᠩ ᠵᠸᠡᠭ ᠡᠷᠡᠬᠦᠯᠵᠢᠯ ᠤᠨ ᠡᠮᠨᠡᠯᠭᠡ ᠶᠢᠨ ᠬᠤᠷᠢᠶ᠎ᠠ ᠵᠡᠷᠭᠡ 3 ᠡᠮᠨᠡᠯᠭᠡ ᠶᠢᠨ ᠬᠤᠷᠢᠶ᠎ᠠ ᠶᠢ ᠡᠮᠨᠡᠬᠦᠯᠬᠦ ᠪᠡ ᠠᠰᠡᠷᠠᠬᠤ ᠶᠢ ᠤᠶᠡᠯᠳᠤᠭᠤᠯᠤᠡᠡᠰᠡᠨ ᠵᠢᠱᠢᠶ᠎ᠠ ᠦᠵᠡᠬᠦᠯᠬᠦ ᠡᠮᠨᠡᠯᠭᠡ ᠶᠢᠨ ᠬᠤᠷᠢᠶ᠎ᠠ ᠪᠠᠷ ᠲᠤᠡᠡᠳᠠᠭᠠᠵᠤ᠂ ᠡᠸᠡᠩᠬᠢ  ᠬᠤᠰᠢᠭᠤᠨ ᠤ ᠹᠦ᠋ ᠱᠦ ᠠᠨ ᠨᠡᠰᠤᠳᠡᠨ ᠤ ᠠᠰᠠᠷᠠᠮᠵᠢ ᠶᠢᠨ ᠬᠦᠷᠢᠶᠠᠯᠠᠩ ᠵᠡᠷᠭᠡ 6 ᠨᠡᠰᠤᠳᠡᠶᠢᠴᠤᠤᠨ ᠤᠨ ᠠᠰᠡᠷᠡᠮᠵᠢ ᠶᠢᠨ ᠬᠦᠷᠢᠶᠠᠯᠠᠩ ᠢ ᠡᠮᠨᠡᠬᠦᠯᠬᠦ ᠪᠡ ᠠᠰᠠᠷᠠᠬᠤ ᠶᠢ ᠤᠶᠡᠯᠳᠤᠭᠤᠯᠤᠡᠡᠰᠡᠨ ᠵᠢᠱᠢᠶ᠎ᠠ ᠦᠵᠡᠬᠦᠯᠬᠦ ᠨᠡᠰᠤᠳᠡᠨ ᠤ ᠠᠰᠠᠷᠠᠮᠵᠢ ᠶᠢᠨ ᠬᠦᠷᠢᠶᠠᠯᠠᠩ ᠢᠶᠠᠷ ᠲᠤᠡᠡᠳᠠᠭᠠᠪᠡ᠃ ᠦᠢᠯᠡᠰ ᠪᠤᠰᠠᠬᠬᠤ ᠠᠵᠢᠯ ᠤᠯᠭᠤᠬᠤ ᠠᠵᠢᠯ ᠢ ᠬᠦᠡᠵᠡᠭᠡᠢ ᠦᠷᠨᠢᠬᠦᠯᠵᠡᠢ᠃ 2017 ᠤᠨ ᠳᠤ ᠬᠤᠳᠡ ᠪᠠᠯᠭᠠᠰᠤᠨ ᠳᠤ 31397 ᠬᠦᠮᠤᠨ ᠳᠤ ᠰᠢᠨ᠎ᠠ ᠪᠠᠷ ᠠᠵᠢᠯ ᠤᠯᠭᠤᠵᠤ ᠂ 7542 ᠠᠵᠢᠯ ᠠᠯᠳ᠋ᠬᠠᠰᠡᠤᠨ ᠲᠡᠬᠢᠨ ᠠᠵᠢᠯ ᠤᠯᠵᠤ᠂ ᠠᠵᠢᠯ ᠤᠯᠬᠤ ᠳᠤ ᠬᠦᠴᠢᠷᠳᠡᠯᠲᠡᠢ 7639 ᠬᠦᠮᠤᠰ ᠲᠡᠬᠢᠨ ᠠᠵᠢᠯ ᠤᠯᠬᠤ ᠶᠢ ᠪᠡᠶᠡᠯᠡᠬᠦᠯᠵᠤ᠂  62377 ᠮᠠᠯᠴᠢᠨ ᠲᠠᠷᠢᠶᠡᠴᠢᠨ ᠢ ᠰᠢᠯᠵᠢᠬᠦᠯᠤᠨ ᠠᠵᠢᠯ ᠤᠯᠭᠤᠵᠡᠢ᠃ ᠮᠠᠨ ᠤ ᠬᠤᠳᠡ ᠭᠤᠤᠯᠳᠠᠭᠤ ᠦᠢᠯᠡᠰ ᠪᠤᠰᠠᠬᠬᠤ ᠪᠠᠷ ᠠᠵᠢᠯ ᠤᠯᠭᠤᠬᠤ ᠶᠢ ᠲᠠᠶᠢᠴᠢᠯᠡᠪᠡ᠃ ᠪᠦᠬᠦ ᠬᠤᠳᠡ ᠳᠤ ᠭᠡᠷᠡᠴᠢ ᠦᠨᠡᠮᠯᠡᠯ ᠲᠠᠢ ᠬᠦᠷᠢᠶᠠᠯᠠᠩ  ᠲᠤᠭᠤᠷᠢᠭ᠂ ᠦᠢᠯᠡᠰ ᠪᠤᠰᠠᠬᠬᠤ ᠰᠠᠭᠤᠷᠢᠨ 57 ᠪᠠᠶᠢᠵᠤ᠂ ᠠᠳᠠ ᠨᠤᠳᠤᠡᠡᠰᠢᠡᠡᠰᠡᠨ ᠠᠵᠤ ᠠᠬᠤᠢᠢᠯᠡᠯ 3045 ᠡᠷᠤᠭᠡ ᠪᠠᠶᠢᠵᠤ᠂ ᠨᠠᠶᠢᠳᠡ 3 ᠲᠦᠮᠡ ᠭᠠᠷᠤᠢ ᠬᠦᠮᠤᠨ ᠢ ᠲᠠᠶᠢᠴᠢᠯᠡᠨ ᠠᠵᠢᠯ ᠤᠯᠭᠤᠵᠡᠢ᠃ 2017 ᠤᠨ ᠳᠤ 5537 ᠲᠦᠮᠡᠨ ᠲᠦᠬᠦᠷᠢᠭ ᠤᠨ ᠪᠠᠭ᠎ᠠ ᠲᠤᠭᠠᠨ ᠤ ᠵᠢᠭᠡᠯᠡᠯᠭᠡ ᠲᠠᠯᠪᠢᠵᠤ ᠂ 2183 ᠠᠵᠢᠯ ᠠᠯᠳ᠋ᠬᠠᠰᠡᠤᠨ ᠪᠠᠭ᠎ᠠ ᠲᠤᠭᠠᠨ ᠤ ᠵᠢᠭᠡᠯᠡᠯᠭᠡ ᠳᠤ ᠲᠦᠰᠢᠵᠤ ᠦᠢᠯᠡᠰ ᠪᠤᠰᠬᠠᠵᠤ ᠠᠵᠢᠯ ᠤᠯᠬᠤ ᠶᠢ ᠪᠡᠶᠡᠯᠡᠬᠦᠯᠪᠡ᠃ ᠡᠬᠦᠨ ᠤ ᠲᠠᠭᠠᠤ ᠮᠡᠷᠭᠡᠵᠢᠯ ᠤᠨ ᠪᠤᠯᠪᠡᠰᠤᠷᠡᠯ ᠬᠦᠷᠳᠡᠭᠡᠬᠦ ᠪᠠᠷ ᠲᠠᠮᠵᠢᠨ 5686 ᠬᠦᠮᠤᠨ ᠠᠵᠢᠯ ᠤᠯᠬᠤ ᠶᠢ ᠪᠡᠶᠡᠯᠡᠬᠦᠯᠵᠡᠢ᠃
 
ᠢᠷᠡᠯᠲᠡ᠄ ᠬᠦᠯᠤᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号