ᠲᠠᠯᠠ ᠶᠢ ᠲᠠᠪᠠᠭᠰᠠᠨ ᠨᠠᠰᠤᠲᠠᠨ 7 ᠲᠥᠮᠡᠨ ᠤ ᠥᠷᠢ ᠪᠠᠨ ᠪᠥᠭᠯᠡᠯ᠎ᠡ
ᠨᠡᠶᠢᠲᠡᠯᠡᠭᠰᠡᠨ ᠴᠠᠭ᠄
2018/2/28
      ᠬᠠᠬᠢᠷ ᠡᠪᠥᠯ ᠤᠨ ᠵᠢᠪᠠᠷ ᠬᠠᠴᠠᠷ ᠨᠢᠭᠤᠷ ᠢ ᠵᠥᠰᠥᠭᠰᠡᠨ ᠬᠦᠢᠲᠡᠨ ᠤ ᠤᠯᠠᠷᠢᠯ ᠢᠶᠠᠷ ᠬᠦᠮᠤᠰ ᠤᠨ ᠰᠡᠳᠬᠢᠯ  ᠢ ᠲᠤᠭᠳᠤᠯᠤᠮ᠎ᠠ ᠶᠠᠳᠠᠭᠤ ᠠᠴᠠ ᠠᠩᠭᠢᠵᠢᠷᠠᠭᠰᠠᠨ ᠵᠢᠱᠢᠶ᠎ᠡ ᠠᠲᠡ ᠲᠡᠨᠲᠡ ᠥᠭᠡᠢ ᠲᠤᠭᠤᠯᠳᠠᠵᠤ ᠴᠢᠬᠢᠨ ᠴᠢᠮᠡᠭ ᠪᠤᠯᠤᠨ᠎ᠠ᠃      ᠰᠥᠨᠢᠳ ᠪᠠᠷᠠᠭᠤᠨ ᠬᠤᠰᠢᠭᠤᠨ ᠤ ᠠᠴᠠᠲᠤ ᠠᠭᠤᠯᠠ ᠰᠤᠮᠤᠨ ᠤ ᠳ᠋ᠥᠰᠢ ᠠᠭᠤᠯᠠ ᠭᠠᠴᠠᠭᠠᠨ ᠤ ᠮᠠᠯᠴᠢᠨ ᠵᠠᠮᠪᠠᠯ ᠭᠤᠸᠠᠢ ᠪᠤᠯ 2015 ᠤᠨ ᠤ ᠰᠡᠭᠦᠯᠴᠢ ᠳᠤ ᠲᠠᠩᠰᠠᠯᠠᠨ ᠺᠠᠷᠲᠯᠠᠭᠰᠠᠨ ᠤᠯᠤᠰ ᠤᠨ ᠲᠡᠰ ᠤᠨ ᠶᠠᠳᠠᠭᠤ ᠬᠦᠴᠢᠷᠳᠡᠯᠲᠠᠢ ᠡᠷᠦᠬᠡ ᠶᠤᠮ᠃      ᠬᠤᠰᠢᠭᠤ ᠠᠵᠤ ᠠᠬᠤᠢ ᠰᠤᠷᠠᠭ ᠵᠠᠩᠭᠢᠵᠢᠯᠲᠠ ᠶᠢᠨ ᠲᠤᠪᠴᠢᠶᠠᠨ ᠠᠴᠠ ᠲᠤᠰ ᠭᠠᠴᠠᠭᠠᠨ ᠳᠤ ᠲᠤᠮᠢᠯᠠᠭᠳᠠᠭᠰᠠᠨ ᠨᠢᠭᠡᠳᠦᠭᠡᠷ ᠱᠥᠵᠢ ᠡᠷᠳᠡᠮᠳᠤ ᠡᠪᠦᠷ ᠲᠡᠮᠳᠡᠭᠯᠡᠯ ᠢᠶᠠᠨ ᠰᠡᠬᠦᠵᠤ ᠲᠡᠳᠡᠨᠡᠶᠢᠬᠢᠨ ᠳᠤ ᠨᠢᠭᠡᠳᠦᠭᠡᠷ ᠤᠯᠠᠷᠢᠯ ᠤᠨ ᠲᠠᠩᠰᠠ ᠲᠤᠭᠠᠴᠠᠭ᠎ᠠ ᠶᠢ ᠨᠢ ᠪᠤᠳᠤᠬᠤ ᠢᠶᠠᠷ ᠶᠠᠭᠠᠷᠠᠨ᠎ᠠ  ᠁      ᠥᠶ᠎ᠡ ︵ᠭᠠᠵᠠᠷ ᠤᠨ ᠨᠡᠷ᠎ᠡ︶ ᠶᠢᠨ ᠵᠠᠮᠪᠠᠯ ᠤᠨ ᠬᠢᠨ ᠭᠡᠪᠡᠯ ᠨᠤᠳᠤᠭ ᠤᠰᠤᠨ ᠲᠠᠭᠠᠨ ᠠᠵᠢᠯᠴᠢ ᠬᠦᠳᠡᠯᠮᠥᠷᠢᠴᠢ ᠥᠭᠡᠳᠡᠷᠬᠡᠭ ᠲᠠᠩᠰᠤᠭ ᠠᠮᠢᠳᠤᠷᠠᠯ ᠲᠠᠢ ᠠᠶᠢᠯ ᠪᠠᠶᠢᠯ᠎ᠠ᠂ ᠭᠠᠢ ᠭᠠᠵᠠᠷ ᠲᠤᠤᠷ᠎ᠠ ᠠᠴᠠ ᠭᠡᠳᠡᠭᠴᠢᠯᠡᠨ 1998 ᠤᠨ ᠳᠤ ᠲᠡᠭᠦᠨ ᠤ ᠡᠬᠡᠨᠡᠷ ᠨᠢ ᠠᠵᠢᠯ ᠤᠨ ᠲᠤᠮᠲᠠ ᠤᠪᠠᠶᠢᠨ ᠳᠤ ᠥᠭᠡᠢ ᠢᠶᠠᠷ ᠪᠥᠳᠥᠭᠦᠨ ᠭᠤᠶ᠎ᠠ ᠪᠠᠨ ᠪᠡᠷᠳᠡᠭᠡᠵᠤ᠂ ᠲᠤᠮᠲᠠ ᠴᠢᠮᠥᠭᠡᠨ ᠶᠠᠰᠤᠨ ᠤ ᠰᠥᠢᠷᠡᠯ ᠤᠨ ᠡᠪᠡᠳᠴᠢᠨ ᠢᠶᠠᠷ ᠤᠨᠤᠰᠢᠯᠠᠭᠳᠠᠵᠤ ᠠᠷᠪᠠᠭᠠᠳ ᠵᠢᠯ ᠤᠨ ᠲᠤᠷᠰᠢ ᠤᠷᠢᠳ ᠬᠤᠵᠢᠳ ᠲᠠᠪᠤ ᠤᠳᠠᠭᠠᠨ ᠤ ᠶᠡᠭᠡ ᠮᠡᠰᠡ ᠵᠠᠰᠠᠯ ᠬᠢᠵᠤ ᠮᠥᠩᠭᠦ ᠵᠤᠭᠤᠰ ᠶᠡᠭᠡᠪᠡᠷ ᠵᠠᠷᠤᠴᠠᠭᠤᠯᠤᠭᠰᠠᠨ ᠵᠢᠴᠢ ᠵᠢᠯ ᠥᠷᠭᠦᠯᠵᠢᠯᠡᠭᠰᠡᠨ ᠪᠠᠶᠢᠭᠠᠯᠢ ᠶᠢᠨ ᠭᠠᠮᠰᠢᠭ ᠢᠶᠠᠷ ᠶᠠᠳᠠᠭᠤᠷᠠᠭᠰᠠᠨ ᠪᠠᠶᠢᠨ᠎ᠠ᠂ ᠡᠭᠦᠨ ᠤ ᠤᠯᠠᠮ ᠢᠶᠠᠷ ᠲᠡᠭᠦᠨ ᠤ ᠬᠦᠤ ᠨᠢ ᠴᠤ ᠠᠮᠢᠳᠤᠷᠠᠯ ᠢᠶᠠᠨ ᠠᠷᠭᠠᠴᠠᠬᠤ ᠢᠶᠠᠷ ᠭᠠᠳᠠᠭᠰᠢ ᠭᠠᠷᠴᠤ ᠠᠵᠢᠯ ᠬᠢᠬᠦ ᠪᠤᠯᠤᠭᠰᠠᠨ ᠠᠴᠠ ᠮᠠᠯ ᠠᠬᠤᠢ ᠢᠶᠠᠨ ᠲᠤᠳᠤᠮᠲᠠᠬᠤ ᠨᠢ ᠡᠷᠬᠡ ᠥᠭᠡᠢ ᠯᠡ ᠵᠠᠮᠪᠠᠯ ᠤᠨ ᠶᠠᠪᠤᠳᠠᠯ ᠪᠤᠯᠤᠯ᠎ᠠ᠂ ᠲᠡᠷᠡ ᠠᠯᠠᠭ᠎ᠠ ᠢᠶᠠᠨ ᠨᠤᠬᠤᠯᠵᠤ ᠠᠷᠤᠨᠰᠢ ᠰᠠᠭᠤᠭᠰᠠᠨ ᠥᠭᠡᠢ᠂ ᠨᠠᠮ ᠤᠨ ᠠᠷᠠᠳ ᠢ ᠪᠠᠶᠠᠵᠢᠭᠤᠯᠬᠤ ᠲᠥᠷᠥ ᠶᠢᠨ ᠪᠤᠳᠤᠯᠭ᠎ᠠ ᠶᠢ ᠢᠳᠡᠪᠬᠢᠲᠠᠢ ᠴᠤᠤᠷᠢᠶᠠᠳᠤᠨ ᠲᠠᠭᠠᠵᠤ᠂ ᠭᠠᠴᠠᠭᠠᠨ ᠳᠤ ᠪᠠᠭᠤᠭᠰᠠᠨ ᠨᠢᠭᠡᠳᠦᠭᠡᠷ ᠱᠦᠵᠢ ᠡᠷᠳᠡᠮᠳᠤ  ᠶᠢᠨ ᠵᠤᠬᠢᠴᠠᠭᠤᠯᠭ᠎ᠠ ᠢᠶᠠᠷ ᠤᠨᠢᠨ ᠲᠡᠭᠡᠷ᠎ᠡ ᠨᠢ ᠲᠡᠳᠬᠦᠵᠤ ᠤᠨᠢᠨ ᠲᠡᠭᠡᠷ᠎ᠡ ᠨᠢ ᠶᠠᠳᠠᠭᠤ ᠠᠴᠠ ᠠᠩᠭᠢᠵᠢᠷᠠᠭᠤᠯᠬᠤ ᠲᠥᠷᠦ ᠶᠢᠨ ᠪᠤᠳᠤᠯᠭ᠎ᠠ ᠶᠢᠨ ᠲᠥᠷᠦᠯ ᠵᠥᠢᠯ ᠢᠶᠠᠷ 2016 ᠤᠨ ᠤ ᠵᠤᠨ ᠲᠠᠪᠤᠨ ᠲᠤᠯᠤᠭᠠᠢ ᠥᠬᠢᠨ ᠬᠤᠨᠢ ᠬᠤᠪᠢᠶᠠᠷᠢᠯᠠᠨ ᠤᠯᠤᠭᠰᠠᠨ ᠤ ᠬᠠᠮᠲᠤ᠂ 2017 ᠤᠨ ᠤ ᠬᠠᠪᠤᠷ ᠡᠳᠡᠨᠡᠶᠢᠬᠢᠨ ᠤᠤᠯ ᠤᠨ ᠪᠤᠭ ᠮᠠᠯ ᠠᠴᠠ ᠢᠶᠠᠨ 72 ᠲᠥᠯ ᠲᠤᠰᠴᠤ ᠤᠨᠳᠤᠷᠤᠯᠲᠠ ᠪᠤᠶᠢᠵᠢᠯᠲᠠ ᠶᠢᠨ ᠨᠤᠷᠮ᠎ᠠ ᠵᠠᠭᠤᠨ ᠤ ᠵᠠᠭᠤ ᠳᠤ ᠬᠦᠷᠴᠤ᠂ ᠨᠠᠮᠤᠷ ᠨᠢ ᠬᠤᠷᠠᠭ᠎ᠠ ᠪᠦᠷᠢ ᠶᠢ ᠲᠡᠭᠰᠢᠳᠬᠡᠭᠡᠳ 690 ᠲᠥᠭᠦᠷᠢᠭ ᠬᠦᠷᠭᠡᠵᠤ ᠴᠡᠪᠡᠷ 4 ᠲᠥᠮᠡᠨ ᠲᠥᠭᠦᠷᠢᠭ ᠤᠨ ᠤᠷᠤᠯᠭ᠎ᠠ ᠤᠯᠤᠭᠰᠠᠨ ᠪᠠᠶᠢᠨ᠎ᠠ᠂ ᠡᠭᠦᠨ ᠤ ᠬᠠᠮᠳᠤ᠄ ᠤᠶᠢᠷ᠎ᠠ ᠵᠡᠷᠭᠡᠯᠳᠡᠭᠡ ᠠᠶᠢᠯ ᠬᠤᠲᠠᠨ ᠤ ᠢᠶᠠᠨ 90 ᠲᠤᠯᠤᠭᠠᠢ ᠥᠷ᠎ᠡ  ᠶᠢᠨ ᠮᠠᠯ ᠢ ᠲᠠᠭᠠᠭᠠᠴᠠᠯᠠᠵᠤ ᠤᠬᠤᠨ᠎ᠠ ᠬᠤᠴᠠ ᠶᠢᠨ ᠢᠯᠭᠠᠯ ᠢᠶᠠᠷ ᠰᠠᠷ᠎ᠡ ᠶᠢᠨ 180  — 50 ᠲᠥᠭᠦᠷᠢᠭ  ᠢᠶᠠᠷ ᠭᠠᠳᠠᠭᠰᠢ ᠲᠥᠷᠢᠶᠡᠰᠦᠯᠡᠵᠤ ᠨᠤᠤᠰᠤ ᠨᠤᠤᠯᠤᠷ ᠪᠠ ᠮᠠᠯᠵᠢᠬᠤ ᠬᠦᠯᠥᠰᠤ ᠢᠶᠠᠷ ᠢᠶᠠᠨ ᠤᠷᠤᠯᠭ᠎ᠠ ᠪᠤᠯᠭᠠᠵᠤ᠂ ᠪᠠᠰᠠ ᠭᠤᠷᠪᠠᠨ ᠠᠶᠢᠯ ᠤᠨ ᠬᠤᠨᠢᠨ ᠰᠥᠷᠥᠭ ᠢ ᠰᠥᠷᠥᠭ ᠲᠠᠭᠠᠭᠠᠴᠢᠯᠠᠨ ᠨᠤᠳᠤᠭ ᠪᠡᠯᠴᠡᠭᠡᠷ ᠲᠡᠭᠡᠷ᠎ᠡ ᠢᠶᠠᠨ ᠮᠠᠯᠵᠢᠵᠤ 7 ᠲᠥᠮᠡᠨ ᠲᠥᠭᠦᠷᠢᠭ ᠤᠨ ᠤᠷᠤᠯᠭ᠎ᠠ ᠡᠭᠦᠳᠦᠭᠰᠡᠨ ᠪᠠᠶᠢᠨ᠎ᠠ᠃ ᠡᠶᠢᠨᠬᠦ᠄ ᠮᠥᠩᠭᠦᠨ ᠭᠦᠯᠭᠡᠭᠡᠨ ᠤ ᠶᠠᠳᠠᠭᠤ ᠶᠢ ᠲᠡᠳᠬᠦᠬᠦ 5 ᠲᠥᠮᠡᠨ ᠲᠥᠭᠦᠷᠢᠭ ᠤᠨ ᠵᠢᠭᠡᠯᠡᠯᠭᠡ ᠪᠠ ᠡᠪᠡᠰᠤ ᠪᠤᠷᠳᠤᠭᠠᠨ ᠳᠤ ᠵᠠᠷᠤᠴᠠᠭᠤᠯᠤᠭᠰᠠᠨ ᠥᠷᠢ ᠪᠠᠨ ᠪᠥᠬᠦᠨ ᠢ ᠪᠤᠴᠠᠭᠠᠭᠰᠠᠨ ᠪᠠᠶᠢᠨ᠎ᠠ᠃ ᠨᠢᠳᠤᠨᠤᠨ ᠲᠡᠳᠡᠨ ᠤ 2016 ᠤᠨ ᠳᠤ ᠶᠠᠳᠠᠭᠤ ᠶᠢ ᠲᠡᠳᠬᠦᠬᠦ ᠲᠥᠷᠥᠯ ᠵᠥᠢᠯ ᠤᠨ 5 ᠲᠤᠯᠤᠭᠠᠢ ᠲᠥᠯᠯᠡᠬᠦ ᠨᠠᠰᠤᠨ ᠤ ᠥᠬᠢᠨ ᠬᠤᠨᠢ ᠬᠤᠪᠢᠶᠠᠷᠢᠯᠠᠨ ᠠᠪᠤᠭᠰᠠᠨ ᠲᠥᠯ ᠤᠨ ᠭᠠᠷᠭᠠᠯᠲᠠ ᠪᠠ 2017 ᠤᠨ ᠤ ᠡᠴᠥᠰ ᠳᠤ ᠶᠠᠳᠠᠭᠤ ᠶᠢ ᠲᠡᠳᠬᠦᠬᠦ ᠮᠥᠩᠭᠦ ᠪᠠᠨ ᠠᠵᠤ ᠠᠬᠤᠶᠢᠯᠠᠯ ᠳᠤ ᠪᠡᠯᠡ ᠤᠷᠤᠭᠤᠯᠤᠭᠰᠠᠨ ᠨᠤᠷᠮ᠎ᠠ ᠪᠠᠷ ᠢᠶᠠᠨ 1800 ᠲᠥᠭᠦᠷᠢᠭ ᠤᠨ ᠠᠰᠢᠭ ᠤᠯᠵᠠᠪᠤᠷᠢ ᠬᠤᠪᠢᠶᠠᠷᠢᠯᠠᠵᠤ ᠢᠳᠡᠭᠡᠮᠵᠢ ᠶᠢᠨ ᠬᠤᠷᠰᠢᠶᠠᠨ ᠤ 5 ᠲᠥᠮᠡᠨ ᠲᠥᠭᠦᠷᠢᠭ ᠤᠨ ᠵᠢᠭᠡᠯᠡᠯᠭᠡ ᠪᠠᠨ ᠴᠤ ᠪᠤᠴᠠᠭᠠᠭᠰᠠᠨ ᠪᠠᠶᠢᠨ᠎ᠠ᠃ ᠤᠷᠴᠢᠮ ᠭᠠᠳᠠᠭᠰᠢ ᠭᠠᠷᠴᠤ ᠭᠠᠩᠨᠠᠭᠤᠷ ᠤᠨ ᠮᠡᠷᠭᠡᠵᠢᠯ ᠬᠢᠵᠤ ᠪᠠᠶᠢᠭᠰᠠᠨ ᠬᠥᠤ ᠨᠢ ᠴᠤ ᠨᠤᠳᠤᠭ ᠪᠤᠴᠠᠵᠤ ᠨᠢᠭᠡᠳᠦᠭᠡᠷ ᠱᠥᠵᠢ ᠡᠷᠳᠡᠮᠲᠤ ᠶᠠᠳᠠᠭᠤ ᠠᠴᠠ ᠠᠩᠭᠢᠵᠢᠷᠠᠭᠤᠯᠬᠤ ᠠᠵᠢᠯᠯᠠᠬᠤ ᠲᠤᠭᠤᠶᠢᠯᠠᠩ ᠤᠨ ᠬᠢᠨ ᠲᠠᠢ ᠬᠠᠷᠢᠴᠠᠵᠤ ᠨᠢᠭᠡ ᠪᠥᠯᠥᠭ ᠭᠠᠩᠨᠠᠭᠤᠷ ᠡᠷᠬᠢᠯᠡᠬᠦ ᠲᠤᠨᠤᠭ ᠲᠥᠬᠦᠭᠡᠷᠥᠮᠵᠢ ᠶᠢ ᠪᠥᠷᠢᠰᠢᠭᠦᠯᠬᠦ ᠪᠠᠷ ᠪᠤᠯᠤᠭᠰᠠᠨ ᠪᠠᠶᠢᠨ᠎ᠠ᠃      ᠵᠠᠮᠪᠠᠯ ᠭᠤᠸᠠᠢ ᠬᠡᠯᠡᠬᠦ ᠳᠡᠭᠡᠨ᠄ ︽ᠥᠷᠢ ᠥᠭᠡᠢ ᠪᠤᠯ ᠪᠠᠶᠠᠨ᠂ ᠡᠪᠡᠳᠴᠢᠨ ᠥᠭᠡᠢ ᠪᠤᠯ ᠵᠢᠷᠭᠠᠯ᠂ ᠭᠡᠳᠡᠭ  ᠢᠶᠠᠷ ᠡᠮᠡᠭᠡᠨ ᠤ ᠪᠡᠶ᠎ᠡ ᠪᠠᠰᠠ ᠨᠡᠯᠢᠶᠡᠳ ᠢᠯᠡᠷᠡᠶᠢᠰᠢᠴᠢᠬᠡᠯ᠎ᠡ᠂ ᠪᠢᠳᠠ ᠬᠤᠶᠠᠷ ᠴᠥᠮ ᠬᠠᠮᠤᠭ ᠲᠤᠤᠷ᠎ᠠ ᠠᠮᠢᠳᠤᠷᠠᠯ  ᠤᠨ ᠪᠠᠳᠤᠯᠭᠠᠨ ᠳᠤ ᠪᠠᠶᠢᠬᠤ ᠲᠤᠯᠠ ᠠᠮᠢᠳᠤᠷᠠᠯ ᠤᠨ ᠵᠠᠷᠤᠯᠭ᠎ᠠ ᠭᠦᠢᠴᠡᠴᠢᠬᠡᠨ᠎ᠡ᠂ ᠬᠠᠷᠢᠨ ᠡᠨᠡ ᠵᠢᠯ ᠠᠴᠠ ᠪᠤᠯᠪᠠᠯ ᠪᠠᠰᠠ 4 ᠲᠥᠮᠡᠨ ᠲᠥᠭᠦᠷᠢᠭ ᠤᠨ ᠪᠠᠩᠭᠢ ᠶᠢᠨ ᠵᠢᠭᠡᠯᠡᠯᠭᠡ ᠢᠶᠠᠨ ᠪᠤᠴᠠᠭᠠᠴᠢᠬᠠᠪᠠᠯ ᠪᠠᠶᠠᠵᠢᠯ᠎ᠠ ᠯᠡ ᠭᠡᠰᠡᠨ ᠥᠭᠡ︾ ᠂ ᠨᠠᠮ ᠵᠠᠰᠠᠭ ᠲᠠᠭᠠᠨ ᠥᠷᠢ ᠲᠠᠢ ᠠᠮᠢᠳᠤᠷᠠᠵᠤ ᠶᠠᠭᠠᠬᠢᠭᠰᠠᠨ ᠴᠤ ᠪᠤᠯᠬᠤ ᠥᠭᠡᠢ ᠰᠢᠤ ᠭᠡᠵᠤ ᠤᠴᠢᠷᠲᠠᠶᠢᠬᠠᠨ ᠶᠠᠷᠢᠵᠤ ᠪᠠᠶᠢᠯ᠎ᠠ᠃                                         ᠴᠢᠮᠡᠭᠡᠯᠡᠭᠴᠢ ᠤᠶᠤᠨᠪᠢᠯᠢᠭ᠌ ᠠᠴᠠ ᠮᠡᠳᠡᠭᠡᠯᠡᠪᠡ᠃
 
ᠢᠷᠡᠯᠲᠡ᠄ ᠲᠦᠪ ᠲᠧᠯᠸᠢᠰ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号