ᠨᠡᠭᠦᠳᠡᠯ ᠰᠤᠶᠤᠯ ᠤᠨ ᠦᠪ ᠤᠯᠠᠮᠵᠢᠯᠠᠯ ᠢᠶᠠᠨ ᠰᠤᠷᠭᠠᠬᠰᠡᠨ ᠠᠮᠢᠳᠤᠯᠢᠭ ᠪᠤᠳᠠᠳᠠᠢ ᠨᠢᠭᠡ ᠡᠳᠦᠷ ᠤᠨ ᠬᠢᠴᠢᠶᠡᠯ
ᠨᠡᠶᠢᠲᠡᠯᠡᠭᠰᠡᠨ ᠴᠠᠭ᠄
2018/5/16
     ᠰᠢᠨᠬᠤᠧᠠ ᠮᠤᠩᠭᠤᠯ ᠨᠧᠲ ᠬᠦᠬᠡᠬᠤᠳᠠ ᠶᠢᠨ 5 ᠰᠠᠷ᠎ᠠ ᠶᠢᠨ 16 ᠤ ᠡᠳᠦᠷ ᠤᠨ ᠴᠠᠬᠢᠯᠭᠠᠨ ᠮᠡᠳᠡᠭᠡ 5 ᠰᠠᠷ᠎ᠠ ᠶᠢᠨ 11 ᠤ ᠦᠷᠯᠦᠭᠡ᠂ ᠦᠪᠦᠷ ᠮᠤᠩᠭᠤᠯ ᠤᠨ ᠰᠢᠯᠢᠩᠬᠤᠳᠠ ᠶᠢᠨ ᠮᠤᠩᠭᠤᠯ ᠦᠨᠳᠦᠰᠦᠳᠡᠨ ᠤ ᠬᠤᠶᠠᠳᠤᠭᠠᠷ ᠪᠠᠭ᠎ᠠ ᠰᠤᠷᠭᠠᠭᠤᠯᠢ ᠶᠢᠨ ᠭᠤᠷᠪᠠᠳᠤᠭᠠᠷ ᠤᠨ ᠤ ᠭᠤᠷᠪᠠᠨ ᠠᠩᠭᠢ ᠶᠢᠨ ᠵᠠᠭᠤ ᠭᠠᠷᠤᠢ ᠰᠤᠷᠤᠬᠴᠢ᠂ ᠪᠠᠭᠰᠢ ᠨᠠᠷ ᠤᠨ ᠢᠶᠠᠨ ᠳᠠᠭᠠᠭᠤᠯᠭ᠎ᠠ ᠪᠠᠷ ᠨᠡᠭᠦᠳᠡᠯ ᠮᠠᠯᠵᠢᠬᠤ ᠰᠤᠶᠤᠯ ᠤᠨ ᠨᠢᠭᠡ ᠠᠭᠤᠯᠭ᠎ᠠ ᠪᠤᠯᠬᠤ ᠬᠤᠷᠠᠭ᠎ᠠ ᠢᠮᠨᠡᠬᠦ᠂ ᠮᠤᠩᠭᠤᠯ ᠭᠡᠷ ᠪᠤᠰᠬᠠᠬᠤ ᠵᠡᠷᠭᠡ ᠵᠠᠩ ᠦᠢᠯᠡ ᠢᠶᠠᠨ ᠦᠪᠯᠡᠨ ᠰᠤᠷᠴᠦ᠂ ᠮᠠᠯᠵᠢᠬᠤ ᠦᠢᠯᠡᠳᠪᠦᠷᠢᠯᠡᠯ ᠠᠮᠢᠳᠤᠷᠠᠯ ᠳᠤ ᠪᠡᠶᠡᠴᠢᠯᠡᠨ ᠤᠷᠤᠯᠴᠠᠬᠤ ᠪᠠᠷ ᠰᠢᠯᠢᠩᠬᠤᠳᠠ ᠶᠢᠨ ᠪᠤᠯᠠᠭᠠᠨ ᠰᠤᠮᠤᠨ ᠤ ᠰᠠᠷᠠᠭᠤᠯᠳᠠᠯ᠎ᠠ ᠭᠠᠴᠠᠭᠠᠨ ᠤ ᠡᠩᠬᠡᠪᠡᠳᠦ ᠶᠢᠨ ᠬᠢ ᠶᠢ ᠵᠤᠷᠢᠯ᠎ᠠ᠃
     ᠵᠤᠨ ᠤ ᠡᠬᠢᠨ ᠰᠠᠷ᠎ᠠ ᠳᠤ ᠪᠠᠶᠢᠭᠠᠯᠢ ᠳᠡᠯᠡᠬᠡᠢ ᠰᠡᠷᠭᠦᠨ ᠲᠦᠯᠵᠢᠵᠦ᠂ ᠠᠭᠤᠯᠠ ᠰᠢᠯᠢ ᠪᠠᠷ ᠬᠤᠨᠢ ᠦᠬᠡᠷ ᠠᠯᠠᠬᠯᠠᠨ ᠪᠡᠯᠴᠢᠵᠦ᠂ ᠤᠨᠠᠭ᠎ᠠ ᠲᠤᠭᠤᠯ ᠰᠦᠷᠦᠭ ᠤᠨ ᠳᠡᠷᠭᠡᠳᠠ ᠲᠤᠬᠯᠠᠯᠳᠤᠨ᠎ᠠ᠃ ᠬᠡᠤᠬᠡᠳ ᠤᠳ ᠪᠠᠶᠠᠰᠤᠨ ᠳᠠᠭᠤᠯᠠᠵᠦ᠂ ᠱᠤᠯᠤᠭᠠᠨᠠᠨ ᠬᠦᠭᠡᠷᠦᠯᠳᠦᠵᠦ ᠲᠡᠷᠭᠡ ᠳᠦᠭᠦᠷᠡᠩ ᠢᠨᠢᠶᠡᠳᠦ ᠪᠠᠶᠠᠷ ᠤᠨ ᠳᠤᠮᠳᠠ ᠡᠩᠭᠡᠪᠡᠳᠦ ᠶᠢᠨ ᠭᠠᠳᠠᠭ᠎ᠠ ᠬᠦᠷᠴᠦ ᠢᠷᠡᠯ᠎ᠡ᠃ ᠡᠩᠭᠡᠪᠡᠳᠦ᠂ ᠭᠡᠷᠭᠡᠢ ᠵᠤᠯᠠ ᠲᠠᠢ ᠪᠠᠨ ᠬᠤᠶᠠᠭᠤᠯᠠ ᠪᠠᠭᠰᠢ ᠰᠤᠷᠤᠬᠴᠢᠳ ᠢ ᠬᠠᠯᠠᠭᠤᠨ ᠢᠶᠠᠷ ᠤᠬᠳᠦᠵᠦ ᠬᠤᠷᠠᠭ᠎ᠠ ᠢᠮᠨᠡᠬᠦ ᠠᠵᠢᠯ ᠡᠬᠢᠯᠡᠪᠡ᠃ ᠮᠤᠩᠭᠤᠯᠴᠤᠳ ᠲᠦᠯ ᠮᠠᠯ ᠢᠶᠠᠨ ᠢᠮᠨᠡᠬᠦ ᠳᠤ ᠪᠠᠨ ᠠᠶᠢᠯ ᠠᠶᠢᠯ ᠠᠳᠠᠯᠢ ᠪᠤᠰᠤ ᠢᠮ ᠳᠡᠮᠳᠡᠭ ᠰᠤᠩᠭᠤᠵᠦ᠂ ᠡᠳᠦᠷ ᠤᠨ ᠰᠠᠶᠢᠨ ᠲᠡᠭᠷᠢ ᠶᠢᠨ ᠰᠠᠶᠢᠬᠠᠨ ᠢ ᠳᠤᠬᠢᠶᠠᠯᠳᠤᠭᠤᠯᠤᠨ ᠢᠮᠨᠡᠳᠡᠭ᠃ ᠡᠳᠡᠨ ᠤ ᠬᠤᠨᠢ ᠨᠢ ᠬᠤᠶᠠᠷ ᠴᠢᠬᠢᠨ ᠠᠴᠠ ᠪᠠᠨ ᠴᠤᠭᠤᠯᠪᠤᠷᠢ ᠢᠮ ᠲᠠᠢ ᠶᠤᠮ ᠪᠠᠶᠢᠨ᠎ᠠ᠃      ᠰᠠᠷᠠᠭᠤᠯᠳᠠᠯ᠎ᠠ ᠭᠠᠴᠠᠭ᠎ᠠ ᠪᠤᠯ ᠠᠯᠳᠠᠷᠳᠦ ᠳᠠᠷᠬᠠᠨ ᠳᠠᠭᠤᠴᠢᠨ ᠯᠾᠠᠵᠠᠪ ᠭᠤᠸᠠᠢ ᠶᠢᠨ ᠲᠦᠷᠦᠭᠰᠡᠨ ᠨᠤᠳᠤᠭ ᠪᠤᠯᠬᠤᠷ ᠯᠾᠠᠵᠠᠪ ᠤᠨ ᠳᠤᠷᠠᠰᠬᠠᠯ ᠤᠨ ᠤᠷᠳᠤᠨ ᠲᠤᠰ ᠭᠠᠴᠠᠭᠠᠨ ᠤ ᠲᠦᠪ ᠲᠤ ᠪᠠᠶᠢᠷᠢᠯᠠᠵᠦ ᠪᠠᠶᠢᠳᠠᠭ᠃ ᠬᠤᠷᠠᠭ᠎ᠠ ᠢᠮᠨᠡᠬᠦ ᠠᠵᠢᠯ ᠢᠶᠠᠨ ᠳᠠᠭᠤᠰᠬᠠᠭᠠᠳ᠂ ᠪᠦᠭᠦᠳᠡᠭᠡᠷ ᠳᠠᠷᠬᠠᠨ ᠳᠠᠭᠤᠴᠢᠨ ᠤ ᠪᠠᠨ ᠠᠯᠳᠠᠷ ᠲᠡᠤᠬᠡ ᠶᠢ ᠤᠶᠢᠯᠠᠭᠠᠬᠤ ᠪᠠᠷ ᠳᠤᠷᠠᠰᠬᠠᠯ ᠤᠨ ᠤᠷᠳᠤᠨ ᠳᠤᠨᠢ ᠬᠦᠷᠴᠦ ᠲᠤᠭᠤᠷᠢᠨ ᠦᠵᠡᠵᠡᠭᠡᠯ᠎ᠡ᠃ ᠳᠤᠷᠠᠰᠬᠠᠯ ᠤᠨ ᠤᠷᠳᠤᠨ ᠳᠤ ᠯᠾᠠᠵᠠᠪ ᠭᠤᠸᠠᠢ ᠶᠢᠨ ︽ᠡᠪᠦᠭᠡᠨ ᠰᠢᠪᠠᠭᠤ︾ ᠬᠡᠮᠡᠬᠦ ᠤᠷᠳᠤ ᠶᠢᠨ ᠳᠠᠭᠤᠤ ᠤᠶᠠᠩᠭᠠᠷᠠᠨ ᠳᠠᠭᠤᠷᠢᠰᠴᠦ᠂ ᠰᠤᠷᠤᠬᠴᠢᠳ ᠲᠠᠶᠢᠯᠪᠤᠷᠢᠯᠠᠬᠴᠢ ᠶᠢᠨ ᠶᠠᠷᠢᠬᠤ ᠠᠴᠠ ᠳᠠᠷᠬᠠᠨ ᠳᠠᠭᠤᠴᠢᠨ ᠤ ᠡᠯ᠎ᠠ ᠴᠠᠭ ᠦᠶ᠎ᠠ ᠶᠢᠨ ᠭᠡᠷᠡᠯ ᠵᠢᠷᠤᠭ᠂ ᠦᠯᠢᠭᠡᠷ ᠲᠡᠤᠬᠡ᠂ ᠤᠴᠢᠷ ᠤᠳᠬ᠎ᠠ ᠶᠢ ᠨᠢᠯᠬ᠎ᠠ ᠪᠠᠯᠴᠢᠷ ᠤᠶᠤᠨ ᠲᠠᠷᠢᠬᠢᠨ ᠳᠤ ᠪᠠᠨ ᠳᠤᠬᠳᠠᠭᠠᠵᠦ ᠠᠪᠤᠷᠭᠤ ᠪᠦᠳᠦᠭᠡᠯ ᠤᠳ ᠢ ᠨᠢ ᠪᠢᠰᠢᠷᠡᠨ ᠪᠠᠭ᠋ᠠᠳᠤᠵᠦ ᠪᠠᠶᠢᠪᠠ᠃      ᠦᠳᠠ ᠠᠴᠠ ᠬᠤᠶᠢᠨ᠎ᠠ᠂ ᠡᠩᠭᠡᠪᠡᠲᠦ ᠶᠢᠨ ᠬᠦᠷᠢᠶᠡᠨ ᠳᠤ ᠮᠤᠩᠭᠤᠯ ᠭᠡᠷ ᠪᠤᠰᠬᠠᠵᠤ᠂ ᠳᠡᠬᠦᠨ ᠤ ᠪᠦᠳᠦᠴᠠ ᠠᠴᠠ ᠡᠬᠢᠯᠡᠭᠡᠳ ᠶᠠᠭᠠᠬᠢᠵᠦ ᠪᠠᠷᠢᠬᠤ ᠶᠤᠰᠦ ᠵᠠᠶ᠋᠊ᠢᠭ ᠲᠠᠢ ᠨᠠᠷᠢᠨ ᠲᠠᠨᠢᠯᠴᠠᠨ ᠲᠡᠳᠡᠨ ᠢᠶᠠᠷ ᠬᠠᠮᠵᠢᠭᠤᠯᠤᠨ ᠪᠡᠶᠡᠳᠡᠨ ᠤᠶᠢᠯᠠᠭᠠᠭᠤᠯᠤᠯ᠎ᠠ᠃ ᠵᠤᠯᠠ᠄ ︽ᠮᠤᠩᠭᠤᠯ ᠭᠡᠷ ᠤᠨ ᠲᠤᠭᠤᠨᠤ᠂ ᠤᠨᠢ᠂ ᠬᠠᠨ᠎ᠠ᠂ ᠬᠠᠭᠠᠯᠭ᠎ᠠ ᠪᠣᠯ ᠪᠦᠷ ᠮᠤᠳᠤᠨ ᠪᠦᠳᠦᠴᠠ ᠲᠠᠢ᠃ ᠡᠷᠦᠬᠡ᠂ ᠳᠡᠭᠡᠪᠦᠷ᠂ ᠲᠤᠭᠤᠷᠭ᠎ᠠ ᠶᠢ ᠪᠣᠯ ᠢᠰᠡᠭᠡᠢ ᠪᠠᠷ ᠬᠢᠳᠡᠭ᠂ ᠤᠭᠤᠰᠤᠷ᠂ ᠪᠦᠰᠡᠯᠡᠭᠦᠷ᠂ ᠦᠳᠡᠭᠡᠷᠢ ᠶᠢ ᠪᠣᠯ ᠬᠠᠷᠢᠨ ᠳᠡᠭᠡᠰᠦ᠂ ᠰᠤᠷ ᠢᠶᠠᠷ ᠬᠢᠳᠡᠭ ᠶᠤᠮ᠃ ᠮᠤᠩᠭᠤᠯ ᠭᠡᠷ ᠪᠤᠰᠬᠠᠬᠤ ᠳᠤ ᠪᠠᠨ ᠬᠠᠮᠤᠭ ᠤᠷᠢᠳᠠᠪᠠᠷ ᠬᠠᠭᠠᠯᠭ᠎ᠠ ᠪᠠᠨ ᠰᠠᠶᠢᠬᠠᠨ ᠬᠠᠷᠠᠭ᠎ᠠ ᠲᠠᠭᠠᠷᠠᠭᠤᠯᠤᠨ᠎ᠠ᠂ ᠠᠭᠤᠯᠠ ᠶᠢᠨ ᠠᠮᠠ ᠪᠤᠶᠤ ᠪᠤᠷᠤᠭᠤ ᠬᠠᠵᠠᠭᠤ ᠳᠡᠰᠢ ᠬᠠᠷᠠᠭᠤᠯᠬᠤ ᠶᠢ ᠴᠡᠭᠡᠷᠡᠯᠳᠡᠭ᠃ ᠲᠡᠭᠡᠭᠡᠳ ᠬᠠᠨ᠎ᠠ ᠪᠠᠨ ᠳᠡᠯᠭᠡᠵᠦ᠂ ᠲᠤᠭᠤᠨᠤ ᠪᠠᠨ ᠡᠷᠭᠦᠵᠦ᠂ ᠤᠨᠢ ᠪᠠᠨ ᠬᠠᠳᠬᠤᠨ᠎ᠠ᠃ ᠭᠡᠷ ᠪᠤᠰᠬᠠᠬᠤ ᠳᠤ ᠪᠠᠨ ᠪᠠᠷᠠᠭᠤᠨ ᠤᠷᠢᠳᠦ ᠲᠠᠯ᠎ᠠ ᠠᠴᠠ ᠨᠢ ᠡᠬᠢᠯᠡᠵᠦ᠂ ᠵᠡᠭᠦᠨ ᠤᠷᠢᠳᠤ ᠲᠠᠯ᠎ᠠ ᠳᠤᠨᠢ ᠭᠦᠢᠴᠡᠭᠡᠳᠡᠭ ᠰᠢᠤ ᠁︾ ᠭᠡᠵᠦ ᠰᠤᠷᠤᠬᠴᠢᠳ ᠲᠤ ᠨᠠᠷᠢᠨ ᠲᠠᠶᠢᠯᠪᠤᠷᠢᠯᠠᠵᠦ ᠦᠭᠭᠦᠨ᠎ᠠ᠃ ᠤᠳᠠᠯ ᠦᠭᠡᠢ ᠡᠳᠡᠨ ᠤ ᠬᠦᠷᠢᠶᠡᠨ ᠳᠤ ᠲᠠᠪᠤᠨ ᠬᠠᠨ᠎ᠠ ᠲᠠᠢ ᠪᠦᠮᠪᠦᠭᠡᠷ ᠴᠠᠭᠠᠨ ᠮᠤᠩᠭᠤᠯ ᠭᠡᠷ ᠪᠤᠰᠴᠦ᠂ ᠬᠡᠤᠬᠡᠳ ᠤᠳ ᠤᠷᠤᠵᠦ ᠭᠠᠷᠤᠨ ᠬᠦᠭᠡᠷᠦᠯᠳᠤᠨ ᠭᠦᠶᠦᠯᠳᠦᠨ᠎ᠠ᠃
 
ᠢᠷᠡᠯᠲᠡ᠄ ᠰᠢᠨᠬᠤᠧᠠ ᠮᠤᠩᠭᠤᠯ ᠨᠧᠲ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号