2017 ᠤᠨ ᠤ ᠵᠠᠰᠠᠭ ᠤᠨ ᠤᠷᠳᠤᠨ ᠤ ᠠᠵᠢᠯ ᠤᠨ ᠢᠯᠡᠤᠡᠬᠡᠯ
ᠨᠡᠶᠢᠲᠡᠯᠡᠭᠰᠡᠨ ᠴᠠᠭ᠄
2018/5/18
 — — 2017 ᠣᠨ ᠤ 12 ᠰᠠᠷ᠎ᠠ ᠶᠢᠨ 6᠎ ᠤ ᠡᠳᠦᠷ    ᠰᠢᠨ᠎ᠡ ᠪᠠᠷᠭᠤ ᠪᠠᠷᠠᠭᠤᠨ ᠬᠤᠰᠢᠭᠤᠨ ᠤ  ᠠᠷᠪᠠᠨ ᠳᠠᠪᠣᠳᠣᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠠᠩᠬᠠᠳᠣᠭᠠᠷ  ᠣᠳᠠᠭᠠᠨ ᠤ ᠬᠤᠷᠠᠯ ᠳᠡᠭᠡᠷ᠎ᠡ ᠰᠢᠨ᠎ᠡ ᠪᠠᠷᠭᠤ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠎ ᠤ ᠣᠷᠣᠯᠠᠭᠴᠢ ᠬᠤᠰᠢᠭᠤᠨ ᠲᠠᠷᠤᠭ᠎ᠠ                               ᠪᠦᠬᠡᠪᠠᠶᠠᠷ           ᠲᠦᠯᠦᠭᠡᠯᠡᠭᠴᠢᠳ ᠡ᠄     ᠣᠳᠣ ᠪᠢ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠢ ᠲᠦᠯᠦᠭᠡᠯᠡᠨ᠂ ᠶᠡᠭᠡ ᠬᠤᠷᠠᠯ ᠳᠤ ᠠᠵᠢᠯ ᠤᠨ  ᠢᠯᠡᠳᠭᠡᠯ ᠬᠢᠶ᠎ᠡ᠂ ᠬᠢᠨᠠᠨ ᠵᠦᠪᠯᠡᠬᠦ ᠪᠣᠯᠪᠠᠣ᠂ ᠣᠯᠣᠰ ᠲᠦᠷᠦ ᠶᠢᠨ ᠵᠦᠪᠯᠡᠯᠬᠡᠨ ᠤ ᠬᠡᠰᠢᠭᠦᠳ ᠪᠣᠯᠣᠨ ᠬᠤᠷᠠᠯ ᠳᠤ  ᠰᠣᠯᠠ ᠣᠷᠣᠯᠴᠠᠭᠰᠠᠳ ᠰᠠᠨᠠᠯ ᠢᠶᠠᠨ ᠳᠣᠷᠠᠳᠬᠤ ᠪᠣᠯᠪᠠᠣ ᠃           ᠨᠢᠬᠡ᠂ ᠦᠩᠬᠡᠷᠡᠭᠰᠡᠨ ᠳᠠᠪᠣᠨ ᠵᠢᠯ ᠤᠨ ᠠᠵᠢᠯ ᠤᠨ ᠡᠷᠬᠢᠴᠡᠬᠦᠯᠦᠯ ᠦᠩᠭᠡᠷᠡᠭᠰᠡᠨ ᠳᠠᠪᠣᠨ ᠵᠢᠯ ᠪᠣᠯ ᠮᠠᠨ ᠤ ᠬᠤᠰᠢᠭᠤᠨ ᠤ ᠬᠦᠭᠵᠢᠯᠳᠡ ᠶᠢᠨ ᠠᠬᠢᠴᠠ ᠳᠣᠮᠳᠠᠬᠢ ᠲᠦᠢᠯ ᠤᠨ ᠶᠡᠷᠦ  ᠪᠣᠰᠣ ᠶᠢᠨ ᠳᠠᠪᠣᠨ ᠵᠢᠯ ᠮᠦᠨ᠃ ᠨᠠᠷᠢᠨ ᠪᠣᠳᠣᠯᠢᠶᠠᠨᠳᠠᠢ ᠬᠦᠨᠳᠦ ᠬᠡᠴᠡᠭᠦᠦ ᠠᠵᠦ ᠠᠬᠤᠢ ᠶᠢᠨ ᠪᠠᠶᠢᠳᠠᠯ ᠪᠠ  ᠬᠠᠳᠠᠭᠤ ᠪᠡᠷᠬᠡᠰᠢᠶᠡᠯᠳᠡᠢ ᠬᠦᠨᠳᠦ ᠰᠦᠷᠡᠬᠡᠢ ᠦᠬᠡᠷᠡᠴᠢᠯᠡᠯᠳᠡ ᠬᠦᠭᠵᠢᠯᠳᠡ ᠳᠣᠭᠳᠠᠭᠤᠨ ᠪᠠᠶᠢᠯᠭᠠᠬᠤ ᠡᠭᠦᠷᠬᠡ ᠵᠢᠴᠢ  ᠠᠵᠦ ᠠᠬᠤᠢ ᠳᠣᠷᠣᠭᠰᠢᠯᠠᠭᠰᠠᠨ ᠯᠣᠳᠣ ᠶᠡᠭᠡ ᠳᠠᠷᠣᠯᠳᠠ ᠪᠠ ᠪᠠᠶᠢᠭᠠᠯᠢ ᠶᠢᠨ ᠭᠠᠮᠰᠢᠭ ᠤᠨ ᠣᠯᠠᠨ ᠰᠢᠯᠭᠠᠯᠳᠠ ᠳᠤ  ᠴᠢᠭᠯᠡᠬᠦᠯᠦᠨ᠂ ᠬᠤᠰᠢᠭᠤᠨ ᠤ ᠠᠷᠪᠠᠨ ᠲᠦᠷᠪᠡᠳᠦᠭᠡᠷ ᠬᠤᠭᠤᠴᠠᠭᠠᠨ ᠤ ᠠᠷᠠᠳ ᠤᠨ ᠵᠠᠰᠠᠭ ᠎ ᠤᠨ ᠣᠷᠳᠣᠨ ᠲᠦᠪ  ᠪᠠ ᠦᠪᠡᠷᠳᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠡᠯ᠎ᠡ ᠵᠦᠢᠯ ᠤᠨ ᠰᠢᠢᠳᠪᠦᠷᠢᠳᠦ ᠪᠣᠳᠣᠯᠭ᠎ᠠ ᠶᠢᠨ  ᠪᠠᠶᠢᠷᠢᠯᠠᠭᠤᠯᠣᠯᠳᠠ ᠶᠢ ᠬᠦᠨᠵᠡᠬᠡᠢ ᠳᠣᠣᠱᠯᠠᠭᠤᠯᠣᠨ᠂ ᠬᠦᠯᠦᠨ ᠪᠣᠶᠢᠷ ᠬᠤᠳᠠ ᠶᠢᠨ ᠨᠠᠮ ᠤᠨ ᠬᠤᠷᠢᠶ᠎ᠠ᠂ ᠬᠤᠳᠠ  ᠎ ᠶᠢᠨ ᠵᠠᠰᠠᠭ ᠤᠨ ᠣᠷᠳᠣᠨ ᠪᠠ ᠬᠤᠰᠢᠭᠤ ᠨᠠᠮ ᠤᠨ ᠬᠤᠷᠢᠶᠠᠨ ᠤ ᠵᠦᠪ ᠣᠨᠣᠪᠴᠢᠳᠠᠢ ᠣᠳᠣᠷᠢᠳᠣᠯᠭ᠎ᠠ ᠳᠣᠣᠷ᠎ᠠ᠂  ᠪᠦᠬᠦ ᠬᠤᠰᠢᠭᠤᠨ ᠤ ᠦᠨᠳᠦᠰᠦᠳᠡᠨ ᠨᠦᠭᠦᠳ ᠤᠨ ᠠᠷᠠᠳ ᠲᠦᠮᠡᠨ ᠢ ᠪᠦᠯᠬᠦᠮᠳᠡᠭᠦᠯᠦᠨ ᠳᠠᠭᠠᠭᠤᠯᠵᠦ᠂ ᠠᠵᠦ  ᠠᠬᠤᠢ ᠶᠢᠨ ᠬᠦᠭᠵᠢᠯᠳᠡ ᠶᠢᠨ ᠰᠢᠨ᠎ᠡ ᠬᠡᠪ ᠪᠠᠶᠢᠳᠠᠯ ᠲᠠᠢ ᠰᠠᠨᠠᠭᠠᠴᠢᠯᠠᠭ᠎ᠠ ᠠᠴᠠ ᠪᠠᠨ ᠵᠣᠬᠢᠴᠠᠨ᠂ ᠰᠢᠨ᠎ᠡ  ᠬᠦᠭᠵᠢᠯᠳᠡ ᠶᠢᠨ ᠣᠶᠢᠯᠠᠭᠠᠭᠳᠠᠬᠤᠨ ᠢ ᠪᠦᠬᠦ ᠳᠠᠯ᠎ᠠ ᠎ ᠪᠠᠷ ᠨᠠᠶᠢᠳᠠᠪᠣᠷᠢᠵᠢᠭᠤᠯᠵᠦ᠂ ᠳᠣᠭᠳᠠᠭᠤᠨ ᠳᠣᠮᠳᠠ  ᠣᠷᠣᠭᠰᠢᠯᠠᠬᠤ ᠠᠵᠢᠯ ᠤᠨ ᠶᠡᠷᠦᠩᠬᠡᠢ ᠬᠦᠭ ᠠᠶᠠᠰ ᠢ ᠴᠢᠩᠭ᠎ᠠ ᠠᠳᠬᠤᠵᠦ᠂ ᠡᠯ᠎ᠡ ᠵᠦᠢᠯ ᠤᠨ ᠬᠦᠴᠢᠷ ᠪᠡᠷᠬᠡᠰᠢᠶᠡᠯ  ᠪᠠ ᠦᠷᠢᠰᠦᠯᠳᠦᠬᠡᠨ ᠢ ᠢᠳᠡᠪᠬᠢᠳᠡᠢ ᠠᠷᠭᠠᠴᠠᠨ᠂ ᠠᠵᠠ ᠳᠣᠬᠢᠶᠠᠯ ᠢ ᠡᠵᠡᠮᠳᠡᠨ᠂ ᠵᠣᠷᠢᠭ ᠲᠠᠢ ᠪᠠᠷ ᠣᠷᠣᠭᠰᠢᠯᠠᠵᠦ᠂ ᠳᠣᠰ ᠬᠤᠭᠤᠴᠠᠭᠠᠨ ᠤ ᠵᠠᠰᠠᠭ ᠎ ᠤᠨ ᠣᠷᠳᠣᠨ ᠤ ᠳᠣᠭᠳᠠᠭᠠᠭᠰᠠᠨ ᠭᠤᠣᠯ ᠡᠭᠦᠷᠭᠡ ᠶᠢ ᠳᠡᠭᠦᠰ ᠠᠮᠵᠢᠯᠳᠠ ᠲᠠᠢ  ᠪᠡᠶᠡᠯᠡᠬᠦᠯᠵᠦ᠂ ᠴᠢᠨᠡᠭᠡᠯᠢᠭ ᠨᠡᠶᠢᠬᠡᠮ ᠢ ᠪᠦᠬᠦ ᠳᠠᠯ᠎ᠠ ᠪᠠᠷ ᠪᠠᠶᠢᠭᠤᠯᠬᠤ ᠠᠤᠭ᠎ᠠ ᠬᠠᠷᠠᠯᠳᠠ ᠶᠢ ᠪᠡᠶᠡᠯᠡᠬᠦᠯᠬᠦ ᠳᠤ ᠪᠠᠳᠣ  ᠪᠠᠬᠢ ᠰᠠᠭᠤᠷᠢ ᠳᠠᠯᠪᠢᠭᠰᠠᠨ ᠪᠠᠶᠢᠨ᠎ᠠ᠃ — — ᠦᠩᠭᠡᠷᠡᠭᠰᠡᠨ ᠳᠠᠪᠣᠨ ᠵᠢᠯ ᠳᠤ᠂ ᠬᠤᠰᠢᠭᠤ ᠳᠠᠶᠠᠭᠠᠷ ᠬᠦᠴᠢᠷ ᠪᠡᠷᠬᠡ ᠶᠢ ᠢᠯᠠᠨ ᠳᠠᠪᠠᠵᠦ ᠬᠦᠭᠵᠢᠯᠳᠡ ᠶᠢ  ᠴᠢᠩᠭ᠎ᠠ ᠠᠳᠬᠤᠨ᠂ ᠪᠦᠬᠦ ᠬᠦᠴᠦᠨ ᠢᠶᠠᠷ ᠢᠶᠠᠨ ᠨᠡᠮᠡᠭᠳᠡᠯ ᠢ ᠪᠠᠳᠣᠯᠠᠵᠦ᠂ ᠶᠡᠷᠦᠩᠬᠡᠶᠢᠯᠡᠭᠰᠡᠨ ᠪᠣᠳᠠᠳᠣ ᠬᠦᠴᠦᠨ ᠤ  ᠳᠣᠭᠳᠠᠭᠤᠨ ᠳᠡᠭᠡᠭᠰᠢᠯᠡᠯᠳᠡ ᠶᠢ ᠪᠡᠶᠡᠯᠡᠬᠦᠯᠪᠡ᠃     2017 ᠣᠨ ᠳᠤ᠂ ᠪᠦᠬᠦ ᠬᠤᠰᠢᠭᠤᠨ ᠤ ᠣᠷᠣᠨ ᠨᠣᠳᠤᠭ ᠤᠨ  ᠦᠢᠯᠡᠳᠪᠦᠷᠢᠯᠡᠯ ᠤᠨ ᠶᠡᠷᠦᠩᠬᠡᠢ ᠦᠷᠳᠡᠭ ᠢ 86.9 ᠳ᠋ᠦᠩᠰᠢᠭᠤᠷ ᠲᠦᠬᠦᠷᠢᠭ ᠪᠡᠶᠡᠯᠡᠬᠦᠯᠵᠦ᠂ 2012 ᠣᠨ ᠤ 1. 3 ᠳᠠᠬᠢᠨ ᠪᠣᠯᠵᠦ᠂ ᠵᠢᠯ ᠳᠣᠮᠳᠠᠴᠢ 8.3%᠎ ᠪᠠᠷ ᠨᠡᠮᠡᠭᠳᠡᠪᠡ᠃ ᠡᠩ ᠤᠨ ᠣᠯᠠᠨ ᠨᠡᠶᠢᠳᠡ ᠶᠢᠨ ᠡᠳ᠋ ᠤᠨ ᠵᠠᠰᠠᠭ  ᠎ ᠤᠨ ᠲᠦᠰᠦᠪ ᠤᠨ ᠣᠷᠣᠯᠭ᠎ᠠ ᠶᠢ 8.4 ᠳ᠋ᠦᠩᠰᠢᠭᠤᠷ ᠲᠦᠬᠦᠷᠢᠭ ᠪᠡᠶᠡᠯᠡᠬᠦᠯᠵᠦ᠂ 2012 ᠣᠨ ᠤ 3.9 ᠳᠠᠬᠢᠨ  ᠪᠣᠯᠵᠦ᠂ ᠵᠢᠯ ᠳᠣᠮᠳᠠᠴᠢ 9%᠎ ᠪᠠᠷ ᠨᠡᠮᠡᠭᠳᠡᠪᠡ᠃ ᠪᠦᠬᠦ ᠨᠡᠶᠢᠬᠡᠮ ᠤᠨ ᠳᠣᠭᠳᠠᠮᠠᠯ ᠬᠦᠷᠦᠩᠬᠡ ᠶᠢᠨ ᠪᠡᠯᠡ  ᠣᠷᠣᠭᠤᠯᠣᠯᠳᠠ ᠶᠢ 31.5 ᠳ᠋ᠦᠩᠰᠢᠭᠤᠷ ᠲᠦᠬᠦᠷᠢᠭ ᠪᠡᠶᠡᠯᠡᠬᠦᠯᠵᠤ᠂2012 ᠣᠨ ᠤ 1.5 ᠳᠠᠬᠢᠨ ᠪᠣᠯᠵᠦ᠂  ᠵᠢᠯ ᠳᠣᠮᠳᠠᠴᠢ 5.3%᠎ ᠪᠠᠷ ᠨᠡᠮᠡᠭᠳᠡᠪᠡ᠃ ᠨᠡᠶᠢᠬᠡᠮ ᠤᠨ ᠬᠡᠷᠡᠭᠯᠡᠬᠡᠨ ᠤ ᠲᠠᠸᠠᠷ ᠢ ᠵᠢᠵᠢᠭᠯᠡᠨ ᠪᠣᠷᠣᠯᠠᠭᠤᠯᠣᠭᠰᠠᠨ  ᠶᠡᠷᠦᠩᠬᠡᠢ ᠳᠤᠭ᠎ᠠ ᠶᠢ 7.3 ᠳ᠋ᠦᠩᠰᠢᠭᠤᠷ ᠲᠦᠬᠦᠷᠢᠭ ᠪᠡᠶᠡᠯᠡᠬᠦᠯᠵᠦ᠂ 2012 ᠤᠨ ᠤ 1.6 ᠳᠠᠬᠢᠨ ᠪᠣᠯᠵᠦ᠂  ᠵᠢᠯ ᠲᠤᠮᠳᠠᠴᠢ 10.3%᠎ ᠪᠠᠷ ᠨᠡᠮᠡᠭᠳᠡᠪᠡ᠃ ᠬᠤᠳᠠ ᠪᠠᠯᠭᠠᠰᠣ ᠶᠢᠨ ᠪᠠᠶᠢᠩᠭᠤ ᠰᠠᠭᠤᠭ᠎ᠠ ᠰᠠᠭᠤᠭᠠᠯᠢ ᠠᠷᠠᠳ ᠤᠨ  ᠬᠦᠮᠦᠨ ᠳᠣᠮᠳᠠᠴᠢ ᠡᠵᠡᠮᠳᠡᠵᠦ ᠪᠣᠯᠬᠤ ᠣᠷᠣᠯᠭ᠎ᠠ ᠶᠢ 28632 ᠲᠦᠬᠦᠷᠢᠭ ᠪᠡᠶᠡᠯᠡᠬᠦᠯᠵᠦ᠂ 2012 ᠣᠨ ᠤ 1. 6 ᠳᠠᠬᠢᠨ ᠪᠣᠯᠵᠦ᠂ ᠵᠢᠯ ᠳᠣᠮᠳᠠᠴᠢ 12%᠎ ᠢᠶᠠᠷ ᠨᠡᠮᠡᠭᠳᠡᠪᠡ᠃ ᠮᠠᠯᠵᠢᠬᠤ ᠣᠷᠣᠨ ᠤ ᠪᠠᠶᠢᠩᠭᠤ ᠰᠠᠭᠤᠭ᠎ᠠ  ᠰᠠᠭᠤᠭᠠᠯᠢ ᠠᠷᠠᠳ ᠤᠨ ᠬᠦᠮᠦᠨ ᠳᠣᠮᠳᠠᠴᠢ ᠡᠵᠡᠮᠳᠡᠵᠦ ᠪᠣᠯᠬᠤ ᠣᠷᠣᠯᠭ᠎ᠠ ᠶᠢ 18194 ᠲᠦᠬᠦᠷᠢᠭ ᠪᠡᠶᠡᠯᠡᠬᠦᠯᠵᠦ  ᠂ 2012 ᠣᠨ ᠤ 1.5 ᠳᠠᠬᠢᠨ ᠪᠣᠯᠵᠦ᠂ ᠵᠢᠯ ᠳᠣᠮᠳᠠᠴᠢ 10%᠎ ᠪᠠᠷ ᠨᠡᠮᠡᠭᠳᠡᠪᠡ᠃ ᠭᠤᠷᠪᠠᠨ ᠠᠵᠦ ᠦᠢᠯᠡᠰ  ᠎ ᠤᠨ ᠪᠦᠳᠦᠴᠡ ᠶᠢᠨ ᠳᠣᠬᠢᠷᠠᠭᠤᠯᠣᠯᠳᠠ ᠳᠣᠰ ᠳᠣᠰ 7.5᠄ 75.8᠄ 16.7 ᠪᠣᠯᠵᠦ᠂ ᠠᠵᠦ ᠦᠢᠯᠡᠰ ᠤᠨ  ᠪᠦᠳᠦᠴᠡ ᠨᠡᠩ ᠰᠢᠯᠢᠳᠡᠭᠵᠢᠪᠡ᠃ — — ᠦᠩᠭᠡᠷᠡᠭᠰᠡᠨ ᠳᠠᠪᠣᠨ ᠵᠢᠯ ᠳᠤ᠂ ᠬᠤᠰᠢᠭᠤ ᠳᠠᠶᠠᠭᠠᠷ ᠠᠮᠢ ᠠᠬᠤᠢ ᠶᠢ ᠡᠷᠡᠰ ᠭᠤᠶᠢᠪᠢᠰᠢ ᠦᠬᠡᠢ ᠴᠢᠩᠭ᠎ᠠ  ᠠᠳᠬᠤᠨ᠂ ᠪᠦᠳᠦᠭᠡᠨ ᠪᠠᠶᠢᠭᠤᠯᠣᠯᠳᠠ ᠶᠢ ᠶᠡᠬᠡᠪᠡᠷ ᠬᠢᠵᠦ ᠬᠠᠮᠠᠭᠠᠯᠠᠯᠳᠠ ᠶᠢ ᠴᠢᠩᠭᠠᠳᠬᠠᠵᠦ᠂ ᠠᠮᠢ ᠠᠬᠤᠢ ᠶᠢᠨ  ᠣᠷᠴᠢᠨ ᠳᠣᠭᠤᠷᠢᠨ ᠤ ᠦᠷᠬᠦᠯᠵᠢᠯᠡᠨ ᠰᠠᠶᠢᠵᠢᠷᠠᠬᠤ ᠶᠢ ᠠᠬᠢᠭᠤᠯᠪᠠ᠃ ᠳᠠᠪᠣᠨ ᠵᠢᠯ ᠤᠨ ᠳᠣᠷᠰᠢ᠂ ︽ᠬᠦᠬᠡ  ᠠᠭᠤᠯᠠ ᠬᠦᠬᠡᠮᠳᠦᠭ ᠣᠰᠣ ᠪᠣᠯ ᠳᠠᠷᠣᠢ ᠠᠯᠳᠠ ᠮᠦᠩᠬᠦᠨ ᠠᠭᠤᠯᠠ︾ ᠭᠡᠳᠡᠭ ᠣᠶᠢᠯᠠᠭᠠᠭᠳᠠᠬᠤᠨ ᠢ ᠢᠮᠠᠭᠳᠠ  ᠪᠠᠷᠢᠮᠳᠠᠯᠠᠵᠦ᠂ ᠨᠡᠶᠢᠳᠡ 1.64 ᠳ᠋ᠦᠩᠰᠢᠭᠤᠷ ᠲᠦᠬᠦᠷᠢᠭ ᠤᠨ ᠪᠡᠯᠡ ᠣᠷᠣᠭᠤᠯᠵᠦ᠂ 45 ᠲᠦᠮᠡᠨ ᠮᠦ ᠨᠣᠳᠤᠭ  ᠪᠡᠯᠴᠢᠬᠡᠷ ᠢ ᠠᠮᠣᠷᠵᠢᠭᠤᠯᠣᠨ᠂ 109 ᠲᠦᠮᠡᠨ ᠮᠦ ᠨᠣᠳᠤᠭ ᠪᠡᠯᠴᠢᠬᠡᠷ ᠎ ᠲᠤ ᠡᠪᠡᠰᠦ ᠨᠦᠬᠦᠨ ᠳᠠᠷᠢᠵᠦ᠂ 210  ᠲᠦᠮᠡᠨ ᠮᠦ ᠨᠣᠳᠤᠭ ᠪᠡᠯᠴᠢᠬᠡᠷ ᠲᠤ ᠳᠣᠭᠤᠷᠢᠭ ᠬᠤᠪᠢᠶᠠᠨ ᠡᠬᠡᠯᠵᠢᠯᠡᠨ ᠮᠠᠯᠵᠢᠵᠦ᠂ 1 ᠲᠦᠮᠡᠨ ᠮᠦ ᠨᠣᠳᠤᠭ  ᠪᠡᠯᠴᠢᠬᠡᠷ ᠲᠤ ᠬᠦᠮᠦᠨ ᠤ ᠬᠦᠴᠦ ᠪᠠᠷ ᠡᠪᠡᠰᠦ ᠳᠠᠷᠢᠨ᠂ 35.2 ᠲᠦᠮᠡᠨ ᠮᠦ ᠡᠯᠡᠰᠦᠷᠬᠡᠭ ᠭᠠᠵᠠᠷ ᠢ  ᠪᠢᠳᠡᠬᠦᠮᠵᠢᠯᠡᠨ ᠣᠶᠢᠵᠢᠭᠤᠯᠬᠤ ᠪᠠ ᠳᠠᠷᠢᠵᠦ ᠣᠶᠢᠵᠢᠭᠤᠯᠬᠤ ᠶᠢ ᠬᠡᠷᠡᠭᠵᠢᠬᠦᠯᠵᠦ᠂ ᠭᠤᠣᠯᠳᠠᠯᠭ᠎ᠠ ᠲᠠᠢ ᠣᠷᠣᠨ ᠢ 1864 ᠮᠦ ᠨᠣᠭᠤᠭᠠᠷᠠᠭᠤᠯᠪᠠ᠃ ᠳᠠᠯ᠎ᠠ ᠨᠣᠳᠤᠭ ᠤᠨ ᠠᠮᠢ ᠠᠬᠤᠢ ᠶᠢᠨ ᠱᠠᠩᠨᠠᠯ ᠨᠦᠬᠦᠪᠦᠷᠢ ᠎ ᠶᠢᠨ ᠮᠦᠩᠬᠦ ᠶᠢ ᠨᠡᠶᠢᠳᠡ 7.48 ᠳ᠋ᠦᠩᠰᠢᠭᠤᠷ ᠲᠦᠬᠦᠷᠢᠭ ᠳᠠᠷᠬᠠᠭᠠᠵᠦ᠂ 1400 ᠲᠦᠮᠡᠨ ᠮᠦ ᠨᠣᠳᠤᠭ ᠪᠡᠯᠴᠢᠬᠡᠷ ᠲᠤ  ᠪᠡᠯᠴᠢᠬᠡᠷᠯᠡᠬᠦ ᠶᠢ ᠵᠣᠭᠰᠣᠭᠠᠨ᠂ ᠮᠠᠯ ᠪᠡᠯᠴᠢᠬᠡᠷ ᠢ ᠲᠡᠩᠴᠡᠭᠦᠷᠢᠳᠡᠢ ᠪᠣᠯᠭᠠᠭᠰᠠᠨ ᠨᠣᠳᠤᠭ ᠪᠡᠯᠴᠢᠭᠡᠷ 5258  ᠲᠦᠮᠡᠨ ᠮᠦ ᠳᠤ ᠬᠦᠷᠪᠡ᠃ ᠲᠦᠪᠯᠡᠷᠡᠬᠦᠯᠦᠨ ᠣᠰᠣ ᠬᠠᠩᠭᠠᠬᠤ ᠴᠡᠭ ᠢ ᠰᠢᠨ᠎ᠡ ᠪᠠᠷ 10 ᠪᠠᠶᠢᠭᠤᠯᠵᠦ᠂ ᠣᠰᠣ  ᠰᠢᠢᠳᠪᠦᠷᠢᠯᠡᠬᠦ ᠲᠦᠬᠦᠭᠡᠷᠦᠮᠵᠢ ᠶᠢ 785 ᠳᠠᠷᠬᠠᠭᠠᠵᠦ᠂ 10876 ᠬᠦᠮᠦᠨ ᠤ ᠣᠰᠣ ᠣᠮᠳᠠ ᠶᠢᠨ ᠠᠮᠣᠷ  ᠲᠦᠪᠰᠢᠨ ᠤ ᠠᠰᠠᠭᠤᠳᠠᠯ ᠢ ᠰᠢᠢᠳᠪᠦᠷᠢᠯᠡᠪᠡ᠃ 2.08 ᠳ᠋ᠦᠩᠰᠢᠭᠤᠷ ᠲᠦᠬᠦᠷᠢᠭ ᠤᠨ ᠪᠡᠯᠡ ᠣᠷᠣᠭᠤᠯᠵᠦ᠂  ᠬᠦᠯᠦᠨ ᠨᠠᠭᠤᠷ ᠤᠨ ᠣᠷᠣᠰᠬᠠᠯ ᠤᠨ ᠣᠷᠣᠨ ᠤ ᠠᠮᠢ ᠠᠬᠤᠢ ᠪᠠ ᠣᠷᠴᠢᠨ ᠳᠣᠭᠤᠷᠢᠨ ᠢ ᠶᠡᠷᠦᠩᠬᠡᠶᠢᠯᠡᠨ ᠵᠠᠰᠠᠬᠤ  ᠎ ᠶᠢ ᠲᠦᠯᠬᠢᠨ ᠠᠬᠢᠭᠤᠯᠵᠦ᠂ ᠠᠮᠢ ᠠᠬᠤᠢ ᠶᠢᠨ ᠨᠡᠬᠦᠳᠡᠯ ᠠᠷᠠᠳ ᠢ 228 ᠡᠷᠦᠬᠡ ᠨᠡᠬᠦᠯᠬᠡᠨ᠂ ᠨᠠᠭᠤᠷ ᠢ ᠳᠣᠭᠤᠷᠢᠭᠰᠠᠨ 13.2 ᠲᠦᠮᠡᠨ ᠮᠦ ᠡᠯᠡᠰᠦᠷᠬᠡᠭ ᠭᠠᠵᠠᠷ ᠢ ᠵᠠᠰᠠᠨ ᠴᠡᠭᠴᠡᠯᠡᠵᠦ᠂ ᠬᠤᠭ ᠨᠣᠪᠰᠢ ᠶᠢ  ᠬᠦᠳᠡᠷᠵᠢᠬᠦᠯᠦᠨ ᠰᠢᠳᠠᠭᠠᠬᠤ ᠵᠣᠤᠬ᠎ᠠ ᠶᠢ 9 ᠪᠠᠶᠢᠭᠤᠯᠣᠨ᠂ ᠪᠣᠵᠠᠷ ᠣᠰᠣ ᠰᠢᠢᠳᠪᠦᠷᠢᠯᠡᠬᠦ ᠳᠣᠷᠰᠢᠯᠳᠠ ᠶᠢᠨ ᠴᠡᠭ  ᠪᠠ ᠲᠦᠪᠯᠡᠷᠡᠭᠦᠯᠦᠨ ᠣᠰᠣ ᠬᠠᠩᠭᠠᠬᠤ ᠢᠨᠵᠧᠨᠧᠷᠢᠩ ᠢ ᠳᠣᠰ ᠳᠣᠰ 1 ᠪᠠᠶᠢᠭᠤᠯᠵᠦ᠂ ᠣᠰᠣ ᠰᠢᠢᠳᠪᠦᠷᠢᠯᠡᠬᠦ  ᠲᠦᠬᠦᠬᠡᠷᠦᠮᠵᠢ ᠶᠢ 231 ᠳᠠᠷᠬᠠᠭᠠᠪᠠ᠃ ᠨᠡᠶᠢᠳᠡ 948 ᠲᠦᠮᠡᠨ ᠲᠦᠬᠦᠷᠢᠭ ᠤᠨ ᠪᠡᠯᠡ ᠣᠷᠣᠭᠤᠯᠵᠦ᠂  ᠠᠭᠤᠷᠬᠠᠢ ᠶᠢᠨ ᠭᠠᠵᠠᠷ ᠰᠢᠨᠵᠢᠯᠡᠬᠡᠨ ᠤ ᠣᠷᠴᠢᠨ ᠳᠣᠭᠤᠷᠢᠨ ᠢ 116.5 ᠡᠾᠧᠺᠲ᠋ᠠᠷ ᠵᠠᠰᠠᠨ ᠴᠡᠭᠴᠡᠯᠡᠪᠡ᠃  ᠣᠷᠴᠢᠨ ᠳᠣᠭᠤᠷᠢᠨ ᠤ ᠴᠢᠨᠠᠷ ᠴᠢᠨᠰᠠᠭ᠎ᠠ ᠶᠢ ᠰᠠᠶᠢᠵᠢᠷᠠᠭᠤᠯᠬᠤ ᠪᠠᠷ ᠭᠤᠣᠯ ᠪᠣᠯᠭᠠᠨ᠂ ᠣᠷᠴᠢᠨ ᠳᠣᠭᠤᠷᠢᠨ ᠤ  ᠬᠢᠨᠠᠨ ᠬᠠᠮᠢᠶᠠᠷᠴᠣ ᠬᠠᠥᠯᠢ ᠬᠡᠷᠡᠭᠵᠢᠬᠦᠯᠬᠦ ᠠᠵᠢᠯᠯᠠᠭ᠎ᠠ ᠶᠢ ᠨᠡᠶᠢᠳᠡ 715 ᠣᠳᠠᠭ᠎ᠠ ᠦᠷᠨᠢᠬᠦᠯᠵᠦ᠂ ᠣᠷᠴᠢᠨ ᠳᠣᠭᠤᠷᠢᠨ ᠤ ᠴᠢᠨᠠᠷ ᠴᠢᠨᠰᠠᠭ᠎ᠠ ᠳᠣᠭᠳᠠᠭᠤᠨ ᠳᠣᠮᠳᠠ ᠰᠠᠶᠢᠵᠢᠷᠠᠯᠳᠠ ᠲᠠᠢ ᠪᠣᠯᠵᠦ᠂ ᠬᠦᠮᠦᠨ ᠪᠠ ᠪᠠᠶᠢᠭᠠᠯᠢ ᠡᠶ᠎ᠡ  ᠵᠣᠬᠢᠴᠠᠩᠭᠤᠢ ᠣᠷᠣᠰᠢᠬᠤ ᠣᠶᠢᠯᠠᠭᠠᠭᠳᠠᠬᠤᠨ ᠬᠦᠮᠦᠰ ᠤᠨ ᠰᠡᠳᠬᠢᠯ ᠳᠤ ᠬᠦᠨ ᠬᠠᠳᠠᠩᠰᠢᠨ᠂ ᠠᠮᠢ ᠠᠬᠤᠢ ᠶᠢᠨ  ᠪᠣᠯᠪᠠᠰᠣᠨ ᠤ ᠪᠠᠶᠢᠭᠤᠯᠣᠯᠳᠠ ᠢᠯᠡᠳᠳᠡ ᠦᠷ᠎ᠡ ᠪᠦᠳᠦᠮᠵᠢ ᠣᠯᠪᠠ᠃   — — ᠦᠩᠭᠡᠷᠡᠭᠰᠡᠨ ᠳᠠᠪᠣᠨ ᠵᠢᠯ ᠳᠤ᠂ ᠬᠤᠰᠢᠭᠤ ᠳᠠᠶᠠᠭᠠᠷ ᠠᠯᠣᠰ ᠬᠡᠳᠦ ᠶᠢᠨ ᠬᠠᠷᠠᠴᠠ ᠪᠠᠷ ᠬᠡᠯᠪᠡᠷᠢ ᠶᠢ  ᠬᠤᠪᠢᠷᠠᠭᠤᠯᠬᠤ ᠶᠢ ᠴᠢᠩᠭ᠎ᠠ ᠠᠳᠬᠤᠨ᠂ ᠪᠦᠳᠦᠴᠡ ᠶᠢ ᠳᠣᠬᠢᠷᠠᠭᠤᠯᠣᠨ ᠰᠢᠯᠢᠳᠡᠭᠵᠢᠬᠦᠯᠬᠦ ᠶᠢ ᠴᠢᠩᠭᠠᠳᠬᠠᠵᠦ᠂  ᠠᠵᠦ ᠠᠬᠤᠢ ᠶᠢᠨ ᠬᠦᠭᠵᠢᠯᠳᠡ ᠶᠢᠨ ᠴᠢᠨᠠᠷ ᠴᠢᠨᠰᠠᠭ᠎ᠠ ᠦᠷ᠎ᠡ ᠠᠰᠢᠭ ᠢ ᠨᠡᠮᠡᠭᠳᠡᠬᠦᠯᠪᠡ᠃ ᠳᠠᠪᠣᠨ ᠵᠢᠯ ᠤᠨ ᠳᠣᠷᠰᠢ  ᠂ ᠲᠦᠷᠦᠯ ᠵᠦᠢᠯ ᠤᠨ ᠪᠦᠳᠦᠭᠡᠨ ᠪᠠᠶᠢᠭᠤᠯᠣᠯᠳᠠ ᠪᠠᠷ ᠭᠠᠷᠳᠠᠨ ᠬᠢᠬᠦ ᠴᠡᠭ ᠪᠣᠯᠭᠠᠬᠤ ᠶᠢ ᠪᠠᠷᠢᠮᠳᠠᠯᠠᠨ᠂ ᠨᠡᠶᠢᠳᠡ  56 ᠳ᠋ᠦᠩᠰᠢᠭᠤᠷ ᠲᠦᠬᠦᠷᠢᠭ ᠤᠨ ᠪᠡᠯᠡ ᠣᠷᠣᠭᠤᠯᠵᠦ᠂ ᠳ᠋ᠠᠴᠢᠩ ᠤᠨ ᠴᠢᠯᠠᠭᠤᠨ ᠳᠣᠰᠣᠨ ᠤ ᠦᠷᠬᠦᠯᠵᠢᠯᠡᠯ ᠴᠢᠨᠠᠷ  ᠎ ᠲᠠᠢ ᠨᠡᠬᠡᠬᠡᠨ ᠠᠰᠢᠭᠯᠠᠬᠤ᠂ ᠳᠣᠮᠳᠠᠳᠣ ᠣᠯᠣᠰ ᠤᠨ ᠬᠤᠸᠠᠩ ᠎ ᠶᠢᠨ ᠪᠦᠯᠦᠭᠯᠡᠯ ᠤᠨ ᠦᠨᠡᠬᠡᠳᠦ ᠶᠢᠨ ᠵᠡᠰ  ᠮᠣᠯᠢᠪᠳᠧᠨ ᠤ ᠠᠭᠤᠷᠬᠠᠢ ᠶᠢᠨ ᠬᠤᠶᠠᠳᠣᠭᠠᠷ ᠬᠤᠭᠤᠴᠠᠭᠠᠨ ᠤ ᠦᠷᠭᠡᠳᠭᠡᠨ ᠪᠠᠶᠢᠭᠤᠯᠬᠤ ᠢᠨᠵᠧᠨᠧᠷᠢᠩ᠂ ᠷᠦᠩ  ᠳ᠋ᠠ ᠠᠭᠤᠷᠬᠠᠢ ᠶᠢᠨ ᠦᠢᠯᠡᠰ ᠤᠨ ᠬᠦᠨ ᠬᠡᠰᠡᠭ ᠲᠠᠬᠢ ᠡᠬᠢ ᠪᠠᠶᠠᠯᠢᠭ ᠤᠨ ᠮᠡᠷᠭᠡᠵᠢᠯ ᠢᠶᠠᠨ ᠰᠠᠶᠢᠵᠢᠷᠠᠭᠤᠯᠬᠤ᠂  ᠎ ᠶᠢᠨ ᠱᠠᠨ ᠠᠭᠤᠷᠬᠠᠢ ᠶᠢᠨ ᠦᠢᠯᠡᠰ ᠤᠨ ᠨᠢᠬᠡ ᠣᠰᠣᠳᠣ ᠬᠦᠬᠦᠷ ᠬᠦᠴᠢᠯ ᠤᠨ ᠮᠠᠩᠭᠠᠨ ᠤ ᠮᠡᠷᠭᠡᠵᠢᠯ ᠢᠶᠠᠨ  ᠰᠠᠶᠢᠵᠢᠷᠠᠭᠤᠯᠬᠤ ᠵᠡᠷᠭᠡ ᠳ᠋ᠦᠩᠰᠢᠭᠤᠷ ᠲᠦᠬᠦᠷᠢᠭ ᠠᠴᠠ ᠳᠡᠭᠡᠭᠰᠢᠬᠢ ᠭᠤᠣᠯᠳᠠᠯᠭ᠎ᠠ ᠲᠠᠢ ᠠᠵᠦ ᠦᠢᠯᠡᠳᠪᠦᠷᠢ ᠶᠢᠨ  ᠲᠦᠷᠦᠯ ᠵᠦᠢᠯ ᠢ 25 ᠭᠡᠷᠡᠭᠵᠢᠬᠦᠯᠪᠡ᠃ ᠠᠷᠠᠯᠵᠢᠶᠠᠴᠢᠨ ᠣᠷᠢᠵᠦ ᠪᠡᠯᠡ ᠣᠷᠣᠭᠤᠯᠬᠤ ᠲᠦᠷᠦᠯ ᠵᠦᠢᠯ ᠢ ᠨᠡᠶᠢᠳᠡ  131 ᠬᠡᠷᠡᠭᠵᠢᠬᠦᠯᠵᠦ᠂ ᠣᠯᠣᠰ ᠤᠨ ᠳᠣᠳᠣᠭᠠᠳᠣ ︵ᠬᠤᠳᠠ ᠶᠢᠨ ᠭᠠᠳᠠᠨᠠᠬᠢ︶᠎ ᠶᠢᠨ ᠪᠡᠯᠡ ᠮᠦᠩᠬᠦ ᠶᠢ 89  ᠳ᠋ᠦᠩᠰᠢᠭᠤᠷ ᠲᠦᠬᠦᠷᠢᠭ ᠣᠷᠣᠭᠤᠯᠣᠨ ᠠᠪᠴᠢᠷᠠᠪᠠ᠃ ᠵᠠᠬ᠎ᠠ ᠳᠡᠯᠬᠡᠬᠦᠷ ᠎ ᠤᠨ ᠭᠤᠣᠯ ᠴᠣᠭᠴᠠ ᠶᠢ ᠪᠣᠶᠢᠵᠢᠭᠤᠯᠬᠤ  ᠎ ᠶᠢ ᠲᠦᠷᠭᠡᠳᠬᠡᠨ᠂ ᠠᠯᠳ᠋ᠬᠠᠮᠡᠭᠡᠯ ᠪᠠᠯᠭᠠᠰᠣ ᠶᠢᠨ ᠵᠢᠵᠢᠭ ᠠᠵᠦ ᠠᠬᠤᠶᠢᠯᠠᠯ ᠤᠨ ᠦᠢᠯᠡᠰ ᠪᠣᠰᠬᠠᠬᠤ ᠵᠢᠱᠢᠶ᠎ᠡ  ᠦᠵᠡᠬᠦᠯᠬᠦ ᠰᠠᠭᠤᠷᠢᠨ ᠭᠠᠵᠠᠷ ᠪᠠᠶᠢᠭᠤᠯᠵᠦ᠂ ᠳᠠᠪᠣᠨ ᠵᠢᠯ ᠳᠤ᠂ 482 ᠬᠤᠪᠢ ᠶᠢᠨ ᠡᠵᠡᠩᠨᠡᠯᠳᠡ ᠶᠢᠨ ᠠᠵᠦ  ᠠᠬᠤᠶᠢᠯᠠᠯ ᠪᠠ 2216 ᠬᠤᠪᠢ ᠶᠢᠨ ᠦᠢᠯᠡᠳᠪᠦᠷᠢ ᠬᠤᠳᠠᠯᠳᠣᠭᠠᠨ ᠤ ᠡᠷᠦᠬᠡ ᠰᠢᠨ᠎ᠡ ᠪᠠᠷ ᠨᠡᠮᠡᠭᠳᠡᠪᠡ᠃  ᠣᠳᠣᠬᠢᠴᠢᠯᠠᠭᠰᠠᠨ ᠠᠮᠢ ᠠᠬᠤᠢ ᠶᠢᠨ ᠮᠠᠯ ᠠᠵᠦ ᠠᠬᠤᠢ ᠶᠢ ᠬᠦᠭᠵᠢᠯᠳᠡ ᠶᠢᠨ ᠦᠨᠳᠦᠰᠦᠨ ᠴᠢᠭᠯᠡᠯ ᠪᠣᠯᠭᠠᠬᠤ ᠶᠢ  ᠪᠠᠷᠢᠮᠳᠠᠯᠠᠨ᠂ ᠨᠡᠶᠢᠳᠡ 14.7 ᠳ᠋ᠦᠩᠰᠢᠭᠤᠷ ᠲᠦᠬᠦᠷᠢᠭ ᠤᠨ ᠪᠡᠯᠡ ᠣᠷᠣᠭᠤᠯᠵᠦ᠂ ᠮᠠᠯ ᠤᠨ ᠰᠠᠶᠢᠨ ᠡᠭᠦᠯᠳᠡᠷ ᠤᠨ  ᠨᠦᠬᠦᠪᠦᠷᠢ᠂ ᠮᠠᠯ ᠪᠡᠯᠴᠢᠭᠡᠷ ᠢ ᠲᠡᠩᠴᠡᠭᠦᠷᠢᠳᠡᠢ ᠪᠣᠯᠭᠠᠬᠤ ᠵᠡᠷᠭᠡ ᠮᠠᠯ ᠠᠵᠦ ᠠᠬᠤᠢ ᠶᠢ ᠳᠡᠮᠵᠢᠨ ᠮᠠᠯᠴᠢᠳ ᠲᠤ  ᠬᠠᠷᠠᠭᠠᠯᠵᠠᠯ ᠦᠵᠡᠬᠦᠯᠬᠦ ᠲᠦᠷᠦ ᠶᠢᠨ ᠪᠣᠳᠣᠯᠭ᠎ᠠ ᠶᠢ ᠨᠠᠶᠢᠳᠠᠪᠣᠷᠢᠵᠢᠭᠤᠯᠣᠨ᠂ 1113 ᠬᠠᠰᠢᠶ᠎ᠡ ᠰᠠᠷᠠᠪᠴᠢ᠂ 54  ᠳᠡᠵᠢᠬᠡᠯ ᠪᠣᠷᠳᠤᠭ᠎ᠠ ᠬᠠᠳᠠᠭᠠᠯᠠᠬᠤ ᠬᠦᠮᠦᠷᠭᠡ ᠶᠢ ᠰᠢᠨ᠎ᠡ ᠪᠠᠷ ᠪᠠᠶᠢᠭᠤᠯᠵᠦ᠂ ᠦᠷ᠎ᠡ ᠶᠢᠨ ᠮᠠᠯ ᠳᠡᠵᠢᠬᠡᠨ  ᠦᠷᠡᠵᠢᠬᠦᠯᠬᠦ ᠰᠠᠭᠤᠷᠢᠨ ᠭᠠᠵᠠᠷ ᠢ 11 ᠪᠠᠶᠢᠭᠤᠯᠣᠨ᠂ 1.57 ᠲᠦᠮᠡᠨ ᠮᠠᠯ ᠤᠨ ᠡᠭᠦᠯᠳᠡᠷ ᠢ ᠰᠠᠶᠢᠵᠢᠷᠠᠭᠤᠯᠵᠦ᠂  ᠡᠯ᠎ᠡ ᠵᠦᠢᠯ ᠤᠨ ᠬᠤᠷᠰᠢᠶᠠᠵᠢᠯ ᠢ 136᠂ ︽ᠲᠦᠷᠪᠡᠨ ᠬᠡᠯᠪᠡᠷᠢ︾᠎ ᠶᠢᠨ ᠠᠮᠢ ᠠᠬᠤᠢ ᠶᠢᠨ ᠭᠡᠷ ᠪᠦᠯᠢ ᠶᠢᠨ  ᠮᠠᠯᠵᠢᠯ ᠤᠨ ᠳᠠᠯᠠᠪᠠᠢ ①᠎ ᠶᠢ 41 ᠪᠠᠶᠢᠭᠤᠯᠪᠠ᠃ ︽ᠪᠠᠷᠠᠭᠤᠨ ᠬᠤᠰᠢᠭᠤᠨ ᠤ ᠬᠤᠨᠢᠨ ᠮᠢᠬ᠎ᠠ︾ ᠪᠦᠬᠦ ᠣᠷᠣᠨ  ᠎ ᠳᠤ ᠠᠯᠳᠠᠷᠰᠢᠨ᠂ ᠠᠯᠭᠤᠷ ᠠᠭᠠᠵᠢᠮ ᠢᠶᠠᠷ ᠣᠯᠣᠰ ᠳᠠᠶᠠᠭᠠᠷ ᠲᠤ ᠮᠡᠳᠡᠷᠡᠭᠳᠡᠵᠦ᠂ ᠲᠦᠷᠦᠯ ᠳᠡᠮᠳᠡᠭ ᠤᠨ ᠮᠡᠳᠡᠴᠡ  ᠎ ᠶᠢᠨ ᠨᠣᠷᠮ᠎ᠠ ᠪᠣᠯᠣᠨ ᠨᠡᠷ᠎ᠡ ᠠᠯᠳᠠᠷᠰᠢᠯ ᠤᠨ ᠬᠡᠮᠵᠢᠶ᠎ᠡ ᠳᠠᠰᠣᠷᠠᠯᠳᠠ ᠦᠬᠡᠢ ᠳᠡᠭᠡᠭᠰᠢᠯᠡᠨ᠂ ᠨᠡᠷᠡᠳᠦ ᠦᠢᠯᠡᠳᠬᠦᠨ ᠤ  ᠦᠢᠯᠡᠳᠦᠯ ᠠᠰᠢᠭ ᠦᠷᠬᠦᠯᠵᠢᠯᠡᠨ ᠪᠠᠳᠠᠷᠠᠵᠦ᠂ ᠳᠠᠪᠣᠨ ᠵᠢᠯ ᠤᠨ ᠮᠠᠯ ᠤᠨ ᠭᠠᠷᠭᠠᠯᠳᠠ ᠨᠡᠶᠢᠳᠡ 670 ᠲᠦᠮᠡᠨ  ᠳᠣᠯᠣᠭᠠᠢ ᠳᠤ ᠬᠦᠷᠴᠦ᠂ ᠦᠢᠯᠡᠳᠬᠦᠨ ᠤ ᠦᠷᠳᠡᠭ ᠢ 5.8 ᠳ᠋ᠦᠩᠰᠢᠭᠤᠷ ᠲᠦᠬᠦᠷᠢᠭ ᠪᠡᠶᠡᠯᠡᠬᠦᠯᠪᠡ᠃ ᠬᠤᠰᠢᠭᠤ  ᠳᠠᠶᠠᠭᠠᠷ ᠵᠣᠷᠢᠭ ᠢᠶᠠᠨ ᠬᠦᠪᠴᠢᠯᠡᠵᠦ᠂ ᠬᠤᠶᠠᠷ ᠵᠢᠯ ᠳᠠᠷᠠᠭᠠᠯᠠᠨ ᠴᠠᠭ ᠠᠭᠤᠷ ᠤᠨ ᠳᠡᠮᠳᠡᠭᠯᠡᠯ ᠲᠠᠢ ᠪᠣᠯᠣᠭᠰᠠᠨ  ᠎ ᠠᠴᠠ ᠨᠠᠰᠢᠬᠢ ᠣᠨᠴᠠ ᠶᠡᠭᠡ ᠭᠠᠩ ᠭᠠᠮᠰᠢᠭ ᠢ ᠠᠮᠵᠢᠯᠳᠠ ᠲᠠᠢ ᠡᠰᠡᠷᠭᠦᠴᠡᠨ᠂ ᠣᠯᠠᠨ ᠵᠢᠯ ᠤᠨ ᠳᠣᠷᠰᠢᠬᠢ ᠶᠡᠭᠡ  ᠭᠠᠮᠰᠢᠭ ᠲᠠᠢ ᠵᠢᠯ ᠪᠣᠯᠣᠭᠰᠠᠭᠠᠷ ᠯᠡ ᠶᠡᠬᠡᠪᠡᠷ ᠬᠤᠬᠢᠷᠠᠬᠤ ᠪᠠᠶᠢᠳᠠᠯ ᠢ ᠬᠤᠪᠢᠷᠠᠭᠤᠯᠪᠠ᠃ ᠣᠯᠠᠨ ᠵᠢᠯ ᠤᠨ ᠳᠣᠷᠰᠢ᠂  ᠰᠠᠭᠤᠷᠢ ᠲᠦᠬᠦᠬᠡᠷᠦᠮᠵᠢ ᠶᠢᠨ ᠪᠠᠶᠢᠭᠤᠯᠣᠯᠳᠠ ᠶᠢ ᠴᠢᠩᠭᠠᠳᠬᠠᠬᠤ᠂ ᠮᠦᠩᠬᠦᠨ ᠬᠦᠢᠯᠬᠡᠬᠡᠨ ᠤ ᠪᠡᠯᠡ ᠮᠦᠩᠭᠦ ᠪᠠᠷ  ᠲᠡᠳᠬᠦᠬᠦ᠂ ᠰᠢᠨᠵᠢᠯᠡᠭᠡ ᠮᠡᠷᠬᠡᠵᠢᠯ ᠤᠨ ᠠᠭᠤᠯᠣᠭᠳᠠᠴᠠ ᠪᠠᠷ ᠲᠦᠰᠢᠭ ᠪᠣᠯᠭᠠᠬᠤ ᠪᠠ ᠡᠵᠡᠩᠨᠡᠯᠳᠡ ᠶᠢᠨ  ᠣᠶᠢᠯᠠᠭᠠᠭᠳᠠᠬᠤᠨ ᠢ ᠬᠤᠪᠢᠷᠠᠭᠤᠯᠬᠤ ᠪᠠᠷ ᠳᠠᠮᠵᠢᠨ᠂ ᠮᠠᠨ ᠤ ᠬᠤᠰᠢᠭᠤᠨ ᠤ ᠮᠠᠯ ᠠᠵᠦ ᠠᠬᠤᠢ ᠨᠢᠬᠡᠨᠳᠡ  ᠣᠯᠠᠮᠵᠢᠯᠠᠯᠳᠣ ᠮᠠᠯ ᠠᠵᠦ ᠠᠬᠤᠢ ᠠᠴᠠ ᠣᠳᠣᠬᠢᠴᠢᠯᠠᠭᠰᠠᠨ ᠮᠠᠯ ᠠᠵᠦ ᠠᠬᠤᠢ ᠶᠢᠨ ᠬᠦᠭᠵᠢᠯᠳᠡ ᠎ ᠶᠢᠨ ᠰᠢᠨ᠎ᠡ  ᠱᠠᠳᠣᠨ ᠳᠤ ᠠᠯᠬᠤᠨ ᠣᠷᠣᠪᠡ᠃ ᠪᠦᠬᠦ ᠣᠷᠣᠨ ᠪᠦᠰᠡ ᠶᠢᠨ ᠵᠣᠭᠠᠴᠠᠯ᠂ ᠲᠦᠷᠪᠡᠨ ᠣᠯᠠᠷᠢᠯ ᠤᠨ ᠵᠣᠭᠠᠴᠠᠯ ᠤᠨ  ᠬᠦᠭᠵᠢᠯᠳᠡ ᠶᠢ ᠬᠦᠴᠦᠳᠡᠢ ᠲᠦᠯᠬᠢᠨ ᠠᠬᠢᠭᠤᠯᠵᠦ᠂ ᠵᠣᠭᠠᠴᠠᠯ ᠤᠨ ᠬᠦᠭᠵᠢᠯᠳᠡ ᠶᠢᠨ ᠵᠦᠪᠯᠡᠯ ᠪᠠᠶᠢᠭᠤᠯᠣᠨ᠂ ︽ ᠰᠢᠨ᠎ᠡ ᠪᠠᠷᠭᠤ ᠪᠠᠷᠠᠭᠤᠨ ᠬᠤᠰᠢᠭᠤᠨ ᠤ ᠪᠦᠬᠦ ᠣᠷᠣᠨ ᠪᠦᠰᠡ ᠶᠢᠨ ᠵᠣᠭᠠᠴᠠᠯ ᠤᠨ ᠲᠦᠯᠦᠪᠵᠢᠬᠦᠯᠬᠡ︾᠎ ᠶᠢ  ᠦᠨᠳᠦᠷ ᠡᠬᠢᠯᠡᠯᠳᠡ ᠦᠨᠳᠦᠷ ᠪᠠᠷᠢᠮᠵᠢᠶ᠎ᠠ ᠪᠠᠷ ᠨᠠᠶᠢᠷᠠᠭᠤᠯᠣᠨ ᠵᠣᠬᠢᠶᠠᠪᠠ᠃ ᠪᠣᠭᠳᠠᠠᠭᠤᠯᠠ ᠶᠢᠨ ᠦᠵᠡᠮᠵᠢ ᠶᠢᠨ  ᠣᠷᠣᠨ ᠂ ᠪᠣᠶᠢᠷ ᠨᠠᠭᠤᠷ ᠤᠨ ᠵᠣᠭᠠᠴᠠᠯ ᠤᠨ ᠦᠵᠡᠮᠵᠢ ᠶᠢᠨ ᠣᠷᠣᠨ᠂ ᠳᠣᠮᠳᠠᠳᠣ ᠮᠣᠩᠭᠤᠯ ᠬᠤᠶᠠᠷ ᠤᠯᠤᠰ ᠤᠨ  ᠣᠨᠴᠠᠯᠢᠭ ᠲᠠᠢ ᠬᠢᠯᠢ ᠠᠯᠣᠰᠯᠠᠭᠰᠠᠨ ᠵᠣᠭᠠᠴᠠᠯ ᠵᠡᠷᠭᠡ ᠲᠦᠷᠦᠯ ᠵᠦᠢᠯ ᠤᠨ ᠠᠭᠤᠯᠣᠭᠳᠠᠬᠤᠨ ᠳᠠᠰᠣᠷᠠᠯᠳᠠ ᠦᠬᠡᠢ  ᠪᠠᠶᠠᠯᠢᠭᠵᠢᠨ᠂ ᠬᠦᠬᠡ ᠠᠭᠤᠯᠠ ᠬᠦᠬᠡᠮᠳᠦᠭ ᠣᠰᠣ ᠨᠡᠩ ᠶᠡᠭᠡ ᠳᠠᠳᠠᠬᠤ ᠬᠦᠴᠦᠨ ᠪᠠ ᠴᠣ ᠰᠢᠨ᠎ᠡ ᠠᠮᠢᠵᠢᠷᠠᠯ ᠤᠨ  ᠬᠦᠴᠦᠨ ᠲᠠᠢ ᠪᠣᠯᠵᠦ᠂ ᠰᠢᠨ᠎ᠡ ᠪᠠᠷᠭᠤ ᠪᠠᠷᠠᠭᠤᠨ ᠬᠤᠰᠢᠭᠤᠨ ᠳᠤ ᠢᠷᠡᠵᠦ ︽ᠬᠦᠯᠦᠨ · ᠪᠣᠶᠢᠷ︾ ᠬᠤᠶᠠᠷ ᠨᠠᠭᠤᠷ  ᠎ ᠢ ᠦᠵᠡᠬᠦ᠂ ︽ᠪᠣᠭᠳᠠᠠᠭᠤᠯᠠ︾᠎ ᠶᠢᠨ ᠳᠠᠬᠢᠯᠭ᠎ᠠ ᠶᠢ ᠰᠣᠨᠢᠷᠬᠠᠬᠤ᠂ ︽0︾ ᠨᠣᠮᠧᠷᠳᠣ ᠬᠢᠯᠢ ᠶᠢᠨ ᠬᠦᠰᠢᠶ᠎ᠡ ᠪᠠᠷ  ᠵᠣᠭᠠᠴᠠᠬᠤ᠂ ᠳᠠᠯ᠎ᠠ ᠨᠣᠳᠤᠭ ᠤᠨ ᠡᠴᠢᠨ᠎ᠡ ᠬᠦᠨ ᠪᠠ ᠳᠠᠯ᠎ᠠ ᠨᠣᠳᠤᠭ ᠤᠨ ᠰᠡᠬᠡᠬᠡᠳᠡᠨ ᠤ ᠰᠣᠶᠣᠯ ᠢ ᠪᠡᠶ᠎ᠡ ᠪᠠᠷ  ᠎ ᠢᠶᠠᠨ ᠣᠶᠢᠯᠠᠭᠠᠬᠤ ᠵᠡᠷᠭᠡ ᠨᠢ ᠰᠢᠨ᠎ᠡ ᠪᠠᠷᠭᠤ ᠪᠠᠷᠠᠭᠤᠨ ᠬᠤᠰᠢᠭᠤᠨ ᠤ ᠠᠮᠢ ᠠᠬᠤᠢ ᠰᠣᠶᠣᠯ ᠵᠣᠭᠠᠴᠠᠯ ᠤᠨ ᠰᠢᠨ᠎ᠡ  ᠨᠡᠷ᠎ᠡ ᠶᠢᠨ ᠬᠠᠭᠤᠳᠠᠰᠣ ᠪᠣᠯᠣᠭᠰᠠᠨ ᠪᠠᠶᠢᠨ᠎ᠠ᠃ ᠳᠠᠪᠣᠨ ᠵᠢᠯ ᠤᠨ ᠳᠣᠷᠰᠢ᠂ ᠣᠯᠣᠰ ᠤᠨ ᠳᠣᠳᠣᠭᠠᠳᠣ ᠭᠠᠳᠠᠭᠠᠳᠣ  ᠎ ᠶᠢᠨ ᠵᠣᠭᠠᠴᠠᠭᠰᠠᠳ ᠢ ᠨᠡᠶᠢᠳᠡ 243 ᠲᠦᠮᠡᠨ ᠬᠦᠮᠦᠨ ᠣᠳᠠᠭ᠎ᠠ ᠬᠦᠯᠢᠶᠡᠨ ᠵᠣᠴᠢᠯᠠᠵᠦ᠂ ᠵᠣᠭᠠᠴᠠᠯ ᠤᠨ  ᠣᠷᠣᠯᠭ᠎ᠠ ᠶᠢ 19 ᠳ᠋ᠦᠩᠰᠢᠭᠤᠷ ᠲᠦᠬᠦᠷᠢᠭ ᠪᠡᠶᠡᠯᠡᠬᠦᠯᠪᠡ᠃ — — ᠦᠩᠭᠡᠷᠡᠭᠰᠡᠨ ᠳᠠᠪᠣᠨ ᠵᠢᠯ ᠳᠤ᠂ ᠬᠤᠰᠢᠭᠤ ᠳᠠᠶᠠᠭᠠᠷ ᠨᠢᠬᠡ ᠰᠡᠳᠬᠢᠯ ᠨᠡᠶᠢᠳᠡ ᠶᠢᠨ ᠬᠦᠴᠦᠨ ᠢᠶᠠᠷ  ᠰᠠᠭᠤᠷᠢ ᠶᠢ ᠴᠢᠩᠭ᠎ᠠ ᠠᠳᠬᠤᠨ᠂ ᠨᠢᠬᠡᠳᠦᠯᠳᠡᠢ ᠲᠦᠯᠦᠪᠯᠡᠨ ᠵᠣᠬᠢᠴᠠᠭᠤᠯᠵᠦ ᠳᠣᠳᠠᠭᠳᠠᠯ ᠢ ᠨᠦᠬᠦᠪᠦᠷᠢᠯᠡᠨ᠂  ᠬᠤᠳᠠ ᠬᠦᠳᠡᠭᠡ ᠶᠢᠨ ᠬᠦᠭᠵᠢᠯᠳᠡ ᠳᠠᠬᠢ ᠪᠦᠬᠦᠯᠢ ᠴᠣᠭᠴᠠ ᠶᠢᠨ ᠲᠦᠷᠢ ᠲᠦᠷᠬᠦ ᠶᠢ ᠰᠠᠶᠢᠵᠢᠷᠠᠭᠤᠯᠪᠠ᠃ ᠳᠠᠪᠣᠨ  ᠵᠢᠯ ᠤᠨ ᠳᠣᠷᠰᠢ᠂ ᠬᠤᠳᠠ ᠪᠠᠯᠭᠠᠰᠣᠨ ᠤ ᠶᠡᠷᠦᠩᠬᠡᠢ ᠪᠦᠳᠦᠬᠡᠨ ᠪᠠᠶᠢᠭᠤᠯᠣᠯᠳᠠ ᠶᠢᠨ ᠲᠦᠯᠦᠪᠵᠢᠬᠦᠯᠬᠡ᠂  ᠬᠢᠵᠠᠭᠠᠷᠯᠠᠬᠤ ᠴᠢᠨᠠᠷ ᠎ ᠲᠠᠢ ᠨᠠᠷᠢᠯᠢᠭ ᠲᠦᠯᠦᠪᠵᠢᠬᠦᠯᠬᠡ ᠶᠢ ᠦᠨᠳᠦᠷ ᠪᠠᠷᠢᠮᠵᠢᠶ᠎ᠠ ᠪᠠᠷ ᠨᠠᠶᠢᠷᠠᠭᠤᠯᠣᠨ ᠵᠣᠬᠢᠶᠠᠵᠦ᠂  ᠨᠡᠶᠢᠳᠡ 2.32 ᠳ᠋ᠦᠩᠰᠢᠭᠤᠷ ᠲᠦᠬᠦᠷᠢᠭ ᠤᠨ ᠪᠡᠯᠡ ᠣᠷᠣᠭᠤᠯᠵᠦ᠂ ᠬᠤᠭᠤᠯᠠᠢ ᠳᠣᠣᠷ ᠪᠠ ᠵᠡᠬᠡᠯᠢ ᠭᠤᠳᠣᠮᠵᠢ ᠶᠢ  ᠵᠠᠰᠠᠨ ᠦᠬᠡᠷᠡᠴᠢᠯᠡᠬᠦ᠂ ᠨᠣᠭᠤᠭᠠᠷᠠᠭᠤᠯᠬᠤ᠂ ᠬᠡᠷᠡᠯᠳᠦᠭᠦᠯᠬᠦ᠂ ᠣᠰᠣᠨ ᠤ ᠬᠠᠩᠭᠠᠯᠳᠠ ᠶᠢ ᠦᠷᠭᠡᠳᠬᠡᠨ ᠪᠠᠶᠢᠭᠤᠯᠬᠤ  ᠂ ᠪᠣᠵᠠᠷ ᠣᠰᠣ ᠶᠢ ᠰᠢᠢᠳᠪᠦᠷᠢᠯᠡᠬᠦ᠂ ᠰᠡᠯᠡᠬᠦᠴᠡᠬᠦ ᠠᠭᠤᠳᠠᠮ ᠳᠠᠯᠠᠪᠠᠢ ᠵᠡᠷᠭᠡ ᠬᠤᠳᠠ ᠶᠢᠨ ᠶᠠᠪᠣᠳᠠᠯ ᠤᠨ  ᠭᠤᠣᠯᠳᠠᠯᠭ᠎ᠠ ᠲᠠᠢ ᠢᠨᠵᠧᠨᠧᠷᠢᠩ ᠢ ᠬᠡᠷᠡᠭᠵᠢᠬᠦᠯᠪᠡ᠃ 5900 ᠲᠦᠮᠡᠨ ᠲᠦᠬᠦᠷᠢᠭ ᠤᠨ ᠪᠡᠯᠡ ᠣᠷᠣᠭᠤᠯᠵᠦ᠂  ᠬᠤᠳᠠ ᠣᠷᠣᠵᠦ ᠰᠠᠭᠤᠷᠢᠰᠢᠬᠤ ᠮᠠᠯᠴᠢᠳ ᠤᠨ ᠣᠷᠣᠨ ᠰᠠᠭᠤᠴᠠ ᠶᠢ ᠲᠦᠪᠬᠢᠨᠡᠬᠦᠯᠬᠦ ᠠᠰᠠᠷ᠂ ᠬᠢᠮᠳᠠ  ᠲᠦᠷᠢᠶᠡᠰᠦᠨ ᠣᠷᠣᠨ ᠰᠠᠭᠤᠴᠠ᠂ ᠣᠯᠠᠨ ᠨᠡᠶᠢᠳᠡ ᠶᠢᠨ ᠲᠦᠷᠢᠶᠡᠰᠦᠨ ᠣᠷᠣᠨ ᠰᠠᠭᠤᠴᠠ ᠵᠡᠷᠭᠡ ᠪᠠᠳᠣᠯᠠᠭ᠎ᠠ ᠶᠢᠨ  ᠴᠢᠨᠠᠷ ᠲᠠᠢ ᠣᠷᠣᠨ ᠰᠠᠭᠤᠴᠠ ᠶᠢ 375 ᠪᠠᠶᠢᠭᠤᠯᠪᠠ᠃ 9.3 ᠳ᠋ᠦᠩᠰᠢᠭᠤᠷ ᠲᠦᠬᠦᠷᠢᠭ ᠤᠨ ᠪᠡᠯᠡ ᠣᠷᠣᠭᠤᠯᠵᠦ᠂ 2215 ᠲᠦᠬᠦᠮ ᠪᠦᠳᠦᠴᠡᠳᠦ ᠣᠷᠣᠨ ᠰᠠᠭᠤᠴᠠ ᠪᠠ 1266 ᠠᠶᠣᠯᠳᠠᠢ ᠭᠡᠷ ᠪᠠᠶᠢᠰᠢᠩ ᠢ ᠵᠠᠰᠠᠨ ᠰᠢᠨᠡᠳᠬᠡᠬᠦ  ᠎ ᠶᠢ ᠬᠡᠷᠡᠭᠵᠢᠬᠦᠯᠵᠦ᠂ 294 ᠪᠣᠬᠢᠷᠳᠣᠯ ᠦᠬᠡᠢ ᠳᠣᠯᠠᠭᠠᠨ ᠬᠡᠷ ᠪᠠᠶᠢᠰᠢᠩ ᠢ ᠪᠠᠶᠢᠭᠤᠯᠪᠠ᠃ 8700 ᠲᠦᠮᠡᠨ  ᠲᠦᠬᠦᠷᠢᠭ ᠤᠨ ᠪᠡᠯᠡ ᠣᠷᠣᠭᠤᠯᠵᠦ᠂ ᠬᠦᠮᠦᠨ ᠮᠠᠯ ᠤᠨ ᠣᠰᠣ ᠣᠮᠳᠠ ᠶᠢᠨ ᠢᠨᠵᠧᠨᠧᠷᠢᠩ᠂ ᠭᠤᠸ᠎ᠠ  ᠦᠵᠡᠰᠬᠦᠯᠡᠩᠳᠦ ᠬᠦᠳᠡᠭᠡ ᠳᠣᠰᠬᠤᠨ ᠢ ᠪᠠᠶᠢᠭᠤᠯᠬᠤ ᠵᠡᠷᠭᠡ ︽ᠨᠢᠬᠡ ᠬᠡᠷᠡᠭ ᠎ ᠢ ᠨᠢᠬᠡ ᠵᠦᠪᠯᠡᠬᠦ︾ ᠲᠦᠷᠦᠯ ᠵᠦᠢᠯ ᠢ  166 ᠬᠡᠷᠡᠭᠵᠢᠬᠦᠯᠪᠡ᠃ ᠬᠤᠳᠠ ᠪᠠᠯᠭᠠᠰᠣ ᠶᠢ ᠨᠠᠷᠢᠯᠢᠭᠵᠢᠭᠤᠯᠣᠨ ᠬᠠᠮᠢᠶᠠᠷᠬᠤ ᠬᠢᠷᠢ ᠲᠦᠪᠰᠢᠨ ᠢ ᠳᠠᠰᠣᠷᠠᠯᠳᠠ  ᠦᠬᠡᠢ ᠳᠡᠭᠡᠭᠰᠢᠯᠡᠬᠦᠯᠦᠨ᠂ ︽ᠭᠤᠷᠪᠠᠨ ᠳᠣᠷ᠎ᠠ ᠪᠠᠷ ᠢᠶᠠᠨ ᠪᠠᠶᠢᠬᠤ︾ ② ᠠᠰᠠᠭᠤᠳᠠᠯ ᠢ ᠪᠦᠳᠦᠮᠵᠢᠳᠡᠢ  ᠬᠤᠷᠢᠭᠯᠠᠵᠦ᠂ ᠴᠢᠳᠠᠪᠬᠢ ᠨᠢ ᠪᠦᠷᠢᠨ ᠲᠡᠭᠦᠯᠳᠡᠷ᠂ ᠣᠷᠴᠢᠨ ᠳᠣᠭᠤᠷᠢᠨ ᠨᠢ ᠳᠣᠬᠢᠯᠢᠭ ᠳᠠᠭᠠᠯᠠᠮᠵᠢᠳᠠᠢ᠂ ᠠᠷᠢᠭᠤᠨ  ᠴᠡᠪᠡᠷ ᠳᠡᠷᠢ ᠳᠡᠭᠰᠢ᠂ ᠣᠷᠣᠰᠢᠨ ᠰᠠᠭᠤᠬᠤ ᠳᠤ ᠳᠣᠬᠢᠷᠠᠮᠵᠢᠳᠠᠢ ᠬᠤᠳᠠ ᠬᠦᠳᠡᠭᠡ ᠶᠢᠨ ᠴᠣ ᠰᠢᠨ᠎ᠡ ᠲᠦᠷᠰᠦ  ᠪᠠᠶᠢᠳᠠᠯ ᠨᠢᠬᠡᠨᠳᠡ ᠪᠦᠷᠢᠯᠳᠦᠪᠡ᠃ 220 ᠺᠢᠯᠤᠸᠣᠯᠲ ᠤᠨ ᠬᠦᠴᠦᠳᠡᠯ ᠦᠬᠡᠷᠡᠴᠢᠯᠡᠬᠦ ᠦᠷᠳᠡᠭᠡ ᠶᠢ 1  ᠪᠠᠶᠢᠭᠤᠯᠵᠦ᠂ ᠬᠤᠳᠠ ᠬᠦᠳᠡᠭᠡ ᠶᠢᠨ ᠴᠠᠬᠢᠯᠭᠠᠨ ᠳᠣᠣᠷ ᠢ ᠨᠡᠶᠢᠳᠡ 371 ᠺᠢᠯᠣᠮᠧᠲᠷ ᠵᠠᠰᠠᠨ ᠦᠬᠡᠷᠡᠴᠢᠯᠡᠵᠦ᠂  ᠰᠠᠯᠬᠢᠨ ᠨᠠᠷᠠᠨ ᠤ ᠡᠨᠧᠷᠬᠢ ᠶᠢ ᠬᠠᠷᠢᠯᠴᠠᠨ ᠨᠦᠬᠦᠪᠦᠷᠢᠯᠡᠨ ᠴᠠᠬᠢᠯᠭᠠᠨ ᠭᠠᠷᠭᠠᠬᠤ ᠲᠦᠬᠦᠭᠡᠷᠦᠮᠵᠢ ᠶᠢ 3017  ᠲᠠᠷᠬᠠᠭᠠᠪᠠ᠃ 43.4 ᠳ᠋ᠦᠩᠰᠢᠭᠤᠷ ᠲᠦᠬᠦᠷᠢᠭ ᠤᠨ ᠪᠡᠯᠡ ᠣᠷᠣᠭᠤᠯᠵᠦ᠂ G331 ︵S203 ᠱᠣᠭᠤᠮ︶᠂  ᠠᠯᠳ᠋ᠬᠠᠮᠡᠭᠡᠯ ᠪᠠᠯᠭᠠᠰᠣ ᠠᠴᠠ ᠠᠷᠣᠬᠠᠰᠢᠶᠠᠳᠣ ᠪᠣᠭᠤᠮᠳᠠ ᠬᠦᠷᠬᠦ ᠪᠠ ᠪᠣᠭᠳᠠᠠᠭᠤᠯᠠ ᠰᠣᠮᠣ ᠠᠴᠠ ᠪᠣᠶᠢᠷ ᠰᠣᠮᠣ  ᠬᠦᠷᠬᠦ ᠵᠡᠷᠭᠡ ᠭᠤᠣᠯᠳᠠᠯᠭ᠎ᠠ ᠲᠠᠢ ᠵᠠᠰᠠᠮᠠᠯ ᠵᠠᠮ ᠢ 383 ᠺᠢᠯᠣᠮᠧᠲᠷ᠂ ᠬᠦᠳᠡᠭᠡ ᠳᠣᠰᠬᠤᠨ ᠤ ᠵᠠᠰᠠᠮᠠᠯ ᠵᠠᠮ ᠢ  459 ᠺᠢᠯᠣᠮᠧᠲᠷ ᠪᠦᠳᠦᠭᠡᠨ ᠪᠠᠶᠢᠭᠤᠯᠵᠦ᠂ ᠵᠠᠰᠠᠭ ᠵᠠᠬᠢᠷᠭᠠᠨ ᠤ ᠭᠠᠴᠠᠭ᠎ᠠ ᠳᠣᠰᠬᠤᠨ ᠤ ᠵᠡᠬᠡᠯᠢ ᠭᠤᠳᠣᠮᠵᠢ ᠶᠢᠨ  ᠵᠠᠮ ᠢ 95.4 ᠺᠢᠯᠣᠮᠧᠲᠷ ᠱᠦᠢᠨᠢᠳᠡᠵᠦ᠂ ᠪᠦᠬᠦ ᠬᠤᠰᠢᠭᠤᠨ ᠤ ᠬᠢᠯᠢ ᠳᠠᠭᠠᠣ ᠵᠠᠰᠠᠮᠠᠯ ᠵᠠᠮ ᠤᠨ ᠶᠡᠷᠦᠩᠬᠡᠢ ᠣᠷᠳᠣ  ᠎ ᠨᠢ 658.5 ᠺᠢᠯᠣᠮᠧᠲᠷ᠂ ᠵᠠᠰᠠᠮᠠᠯ ᠵᠠᠮ ᠤᠨ ᠵᠠᠮ ᠰᠦᠯᠵᠢᠶᠡᠨ ᠤ ᠶᠡᠷᠦᠩᠬᠡᠢ ᠣᠷᠳᠣ ᠨᠢ 1254 ᠺᠢᠯᠣᠮᠧᠲᠷ ᠲᠤ  ᠬᠦᠷᠴᠦ᠂ ᠠᠷᠠᠳ ᠣᠯᠠᠨ ᠤ ᠬᠦᠯᠢᠶᠡᠵᠦ ᠣᠳᠠᠭᠰᠠᠨ ᠪᠣᠭᠳᠠᠠᠭᠤᠯᠠ ᠨᠡᠶᠢᠳᠡᠮ ᠬᠡᠷᠡᠭᠯᠡᠬᠦ ᠨᠢᠰᠬᠡᠯ ᠤᠨ ᠪᠠᠭᠤᠳᠠᠯ  ᠠᠶᠠᠯᠠᠯ ᠨᠡᠪᠳᠡᠷᠡᠵᠦ᠂ ︽ᠨᠢᠬᠡ ᠳᠣᠭᠤᠷᠢᠭ ᠲᠦᠷᠪᠡᠨ ᠱᠣᠭᠤᠮ +︾ ③ ᠪᠣᠰᠤᠭ᠎ᠠ ᠴᠣᠭᠴᠠᠳᠣ ᠵᠠᠮ  ᠬᠠᠷᠢᠯᠴᠠᠭᠠᠨ ᠎ ᠤ ᠳᠣᠣᠷ ᠢ ᠪᠦᠬᠦ ᠳᠠᠯ᠎ᠠ ᠪᠠᠷ ᠨᠡᠪᠳᠡᠷᠡᠭᠦᠯᠦᠨ᠂ ᠣᠯᠠᠨ ᠲᠦᠮᠡᠨ ᠤ ᠶᠠᠪᠣᠵᠦ ᠰᠠᠭᠤᠬᠤ ᠳᠤ ᠨᠡᠩ  ᠲᠦᠬᠦᠮ ᠲᠦᠳᠡ ᠪᠣᠯᠪᠠ᠃  — — ᠦᠩᠭᠡᠷᠡᠭᠰᠡᠨ ᠳᠠᠪᠣᠨ ᠵᠢᠯ ᠳᠤ᠂ ᠬᠤᠰᠢᠭᠤ ᠳᠠᠶᠠᠭᠠᠷ ᠢᠳᠡᠪᠬᠢᠳᠡᠢ ᠪᠦᠬᠡᠳ ᠯᠠᠪᠳᠠᠭᠤᠨ ᠢᠶᠠᠷ  ᠦᠬᠡᠷᠡᠴᠢᠯᠡᠯᠳᠡ ᠶᠢ ᠴᠢᠩᠭ᠎ᠠ ᠠᠳᠬᠤᠨ᠂ ᠳᠠᠪᠠᠭᠤᠯᠢᠭ ᠢ ᠡᠵᠡᠮᠳᠡᠨ ᠨᠡᠬᠡᠬᠡᠯᠳᠡ ᠶᠢ ᠠᠬᠢᠭᠤᠯᠵᠦ᠂ ᠣᠷᠣᠨ ᠨᠣᠳᠤᠭ  ᠎ ᠤᠨ ᠬᠦᠭᠵᠢᠯᠳᠡ ᠶᠢᠨ ᠬᠦᠳᠡᠯᠬᠡᠭᠴᠢ ᠬᠦᠴᠦᠨ ᠪᠠ ᠠᠮᠢᠵᠢᠷᠠᠯ ᠤᠨ ᠬᠦᠴᠦᠨ ᠢ ᠨᠡᠮᠡᠭᠳᠡᠬᠦᠯᠪᠡ᠃ ᠳᠠᠪᠣᠨ ᠵᠢᠯ ᠤᠨ  ᠳᠣᠷᠰᠢ᠂ ᠠᠵᠦ ᠠᠬᠤᠢ ᠶᠢᠨ ᠪᠠᠶᠢᠭᠤᠯᠣᠮᠵᠢ ᠪᠠ ᠠᠮᠢ ᠠᠬᠤᠢ ᠶᠢᠨ ᠪᠣᠯᠪᠠᠰᠣᠨ ᠤ ᠪᠠᠶᠢᠭᠤᠯᠣᠮᠵᠢ ᠶᠢᠨ  ᠦᠬᠡᠷᠡᠴᠢᠯᠡᠯᠳᠡ ᠶᠢ ᠬᠦᠨᠵᠡᠬᠡᠶᠢᠷᠡᠭᠦᠯᠵᠦ᠂ ᠪᠦᠬᠦ ᠬᠤᠳᠠ ᠳᠤ ︽1 + X︾ ᠰᠣᠮᠣ ᠪᠠᠯᠭᠠᠰᠣᠨ ᠤ  ᠶᠡᠷᠦᠩᠬᠡᠶᠢᠯᠡᠭᠰᠡᠨ ᠬᠠᠥᠯᠢ ᠬᠡᠷᠡᠭᠵᠢᠬᠦᠯᠬᠦ ᠪᠠᠶᠢᠭᠤᠯᠣᠮᠵᠢ ᠶᠢᠨ ᠦᠬᠡᠷᠡᠴᠢᠯᠡᠯᠳᠡ ④᠂ ᠣᠢ ᠰᠢᠭᠤᠢ ᠳᠠᠯ᠎ᠠ ᠨᠣᠳᠤᠭ  ᠎ ᠤᠨ ᠬᠠᠥᠯᠢ ᠬᠡᠷᠡᠭᠵᠢᠬᠦᠯᠬᠦ ᠶᠢ ᠨᠢᠬᠡ ᠴᠣᠭᠴᠠᠵᠢᠭᠤᠯᠣᠭᠰᠠᠨ ᠦᠬᠡᠷᠡᠴᠢᠯᠡᠯᠳᠡ ᠪᠠ ᠮᠠᠯᠴᠢᠳ ᠤᠨ ᠡᠵᠡᠩᠨᠡᠯᠳᠡ  ᠬᠠᠮᠢᠶᠠᠷᠣᠯᠳᠠ ᠶᠢᠨ ᠪᠠᠶᠢᠭᠤᠯᠣᠮᠵᠢ ᠶᠢᠨ ᠦᠬᠡᠷᠡᠴᠢᠯᠡᠯᠳᠡ ᠶᠢ ᠡᠩ ᠲᠡᠷᠢᠬᠦᠨ ᠳᠤ ᠬᠡᠷᠡᠭᠵᠢᠬᠦᠯᠦᠨ᠂ ᠡᠯ᠎ᠡ ᠵᠦᠢᠯ ᠤᠨ  ᠦᠭᠡᠷᠡᠴᠢᠯᠡᠯᠳᠡ ᠶᠢᠨ ᠡᠭᠦᠷᠭᠡ ᠶᠢ ᠨᠡᠶᠢᠳᠡ 136 ᠪᠡᠶᠡᠯᠡᠭᠦᠯᠪᠡ᠃ ᠭᠠᠳᠠᠭᠠᠳᠣ ᠨᠡᠬᠡᠬᠡᠯᠳᠡ ᠶᠢ ᠦᠷᠬᠦᠯᠵᠢᠯᠡᠨ  ᠬᠦᠨᠵᠡᠭᠡᠶᠢᠷᠡᠭᠦᠯᠵᠦ᠂ ᠳᠣᠮᠳᠠᠳᠣ ᠣᠷᠣᠰ ᠮᠣᠩᠭᠤᠯ ᠭᠤᠷᠪᠠᠨ ᠣᠯᠣᠰ ᠤᠨ ᠠᠵᠦ ᠠᠬᠤᠢ ᠠᠷᠠᠯᠵᠢᠶᠠᠨ ᠤ  ᠵᠦᠪᠳᠡᠯᠴᠡᠭᠡᠨ ᠤ ᠬᠤᠷᠠᠯ᠂ ᠬᠠᠮᠳᠣᠷᠠᠯᠴᠠᠭ᠎ᠠ ᠬᠦᠭᠵᠢᠯᠳᠡ ᠶᠢᠨ ᠶᠠᠷᠢᠶᠠᠨ ᠤ ᠳᠠᠪᠴᠠᠩ᠂ ᠠᠷᠠᠯᠵᠢᠶᠠᠴᠢᠨ ᠣᠷᠢᠵᠦ  ᠪᠡᠯᠡ ᠣᠷᠣᠭᠤᠯᠬᠤ ᠵᠦᠪᠳᠡᠯᠴᠡᠭᠡᠨ ᠤ ᠬᠤᠷᠠᠯ ᠵᠡᠷᠭᠡ ᠠᠵᠦ ᠠᠬᠤᠢ ᠠᠷᠠᠯᠵᠢᠶᠠᠨ ᠤ ᠬᠤᠷᠠᠯ ᠢ ᠠᠮᠵᠢᠯᠳᠠ ᠲᠠᠢ  ᠬᠤᠷᠠᠯᠳᠣᠭᠤᠯᠣᠨ᠂ ᠣᠷᠣᠰ ᠮᠣᠩᠭᠤᠯ ᠬᠤᠶᠠᠷ ᠣᠯᠣᠰ ᠤᠨ ᠬᠦᠷᠰᠢ ᠵᠡᠷᠭᠡᠯᠡᠳᠡᠭᠡ ᠭᠠᠵᠠᠷ ᠣᠷᠣᠨ ᠯᠤᠭ᠎ᠠ ᠶᠢᠨ  ᠠᠷᠠᠯᠵᠢᠶ᠎ᠠ ᠬᠤᠳᠠᠯᠳᠤᠭ᠎ᠠ᠂ ᠰᠢᠨᠵᠢᠯᠡᠭᠡ ᠮᠡᠷᠭᠡᠵᠢᠯ ᠵᠡᠷᠭᠡ ᠣᠯᠠᠨ ᠬᠦᠷᠢᠶ᠎ᠡ ᠬᠡᠪᠴᠢᠶᠡᠨ ᠳᠠᠬᠢ ᠰᠣᠯᠢᠯᠴᠠᠭ᠎ᠠ ᠪᠠ  ᠬᠠᠮᠳᠣᠷᠠᠯᠴᠠᠭ᠎ᠠ ᠶᠢ ᠬᠦᠴᠦᠳᠡᠢ ᠠᠬᠢᠭᠤᠯᠪᠠ᠃ ︽ᠣᠮᠠᠷᠠᠰᠢ ᠨᠡᠬᠡᠬᠡᠯᠳᠡ ᠬᠢᠬᠦ︾ ᠬᠦᠬᠦᠷᠭᠡᠨ ᠪᠠᠬᠢᠯᠡᠯᠳᠡ ᠶᠢ  ᠴᠢᠷᠮᠠᠶᠢᠨ ᠪᠣᠢ ᠪᠣᠯᠭᠠᠵᠦ᠂ ᠠᠷᠣᠬᠠᠰᠢᠶᠠᠳᠣ ᠪᠣᠭᠤᠮᠳᠠ ᠶᠢᠨ ᠰᠠᠭᠤᠷᠢ ᠲᠦᠬᠦᠬᠡᠷᠦᠮᠵᠢ ᠶᠢ ᠲᠡᠭᠦᠯᠳᠡᠷᠵᠢᠬᠦᠯᠦᠨ᠂  ᠵᠣᠭᠠᠴᠠᠭᠰᠠᠳ ᠪᠠ ᠡᠳ᠋ ᠪᠠᠷᠠᠭ᠎ᠠ ᠶᠢ ᠪᠠᠶᠢᠴᠠᠭᠠᠬᠤ ᠠᠰᠠᠷ ᠤᠨ ᠪᠠᠷᠢᠯᠭ᠎ᠠ ᠶᠢ ᠳᠠᠭᠤᠰᠬᠠᠵᠦ᠂ ᠪᠣᠭᠤᠮᠳᠠ ᠶᠢ ᠵᠢᠯ  ᠳᠣᠷᠰᠢᠳᠠ ᠨᠡᠬᠡᠬᠡᠬᠦ᠂ ᠳᠣᠮᠳᠠᠳᠣ ᠮᠣᠩᠭᠤᠯ ᠬᠤᠶᠠᠷ ᠤᠯᠤᠰ ᠤᠨ ᠬᠢᠯᠢ ᠶᠢᠨ ᠠᠷᠠᠳ ᠤᠨ ᠵᠠᠬ᠎ᠠ ᠶᠢᠨ ᠠᠷᠠᠯᠵᠢᠶᠠᠨ ᠤ  ᠳᠣᠭᠤᠷᠢᠭ ᠪᠠᠶᠢᠭᠤᠯᠬᠤ ᠂ ᠭᠠᠶᠢᠯᠢ ᠬᠡᠯᠳᠦᠷᠢᠭᠦᠯᠬᠦ ᠳᠡᠯᠬᠡᠬᠦᠷ ᠪᠠ ᠡᠯᠧᠺᠲᠷᠤᠨᠴᠢᠯᠠᠭᠰᠠᠨ ᠪᠣᠭᠤᠮᠳᠠ ᠶᠢᠨ ᠪᠦᠳᠦᠬᠡᠨ  ᠪᠠᠶᠢᠭᠤᠯᠣᠯᠳᠠ ᠪᠣᠳᠠᠳᠣ ᠠᠬᠢᠯᠳᠠ ᠲᠠᠢ ᠪᠣᠯᠪᠠ᠃ ᠳᠠᠪᠣᠨ ᠵᠢᠯ ᠤᠨ ᠳᠣᠷᠰᠢ᠂ ᠪᠣᠭᠤᠮᠳᠠ ᠪᠠᠷ ᠣᠷᠣᠭᠤᠯᠵᠦ  ᠭᠠᠷᠭᠠᠭᠰᠠᠨ ᠡᠳ᠋ ᠪᠠᠷᠠᠭᠠᠨ ᠤ ᠶᠡᠷᠦᠩᠬᠡᠢ ᠬᠡᠮᠵᠢᠶ᠎ᠡ 60 ᠲᠦᠮᠡᠨ ᠳᠣᠨ ᠳᠤ ᠬᠦᠷᠴᠦ᠂ ᠪᠣᠭᠤᠮᠳᠠ ᠪᠠᠷ  ᠣᠷᠣᠭᠤᠯᠵᠦ ᠭᠠᠷᠭᠠᠭᠰᠠᠨ ᠡᠳ᠋ ᠪᠠᠷᠠᠭᠠᠨ ᠤ ᠠᠷᠠᠯᠵᠢᠶᠠᠨ ᠤ ᠶᠡᠷᠦᠩᠬᠡᠢ ᠬᠡᠮᠵᠢᠶ᠎ᠡ 3.9 ᠳ᠋ᠦᠩᠰᠢᠭᠤᠷ ᠳ᠋ᠣᠯᠯᠠᠷ ᠲᠤ  ᠬᠦᠷᠴᠦ᠂ ᠪᠣᠭᠤᠮᠳᠠ ᠪᠠᠷ ᠣᠷᠣᠵᠦ ᠭᠠᠷᠣᠭᠰᠠᠨ ᠠᠶᠠᠨᠴᠢᠳ ᠎ ᠤᠨ ᠳᠤᠭ᠎ᠠ 29.8 ᠲᠦᠮᠡᠨ ᠬᠦᠮᠦᠨ ᠣᠳᠠᠭ᠎ᠠ ᠳᠤ  ᠬᠦᠷᠴᠦ᠂ ᠪᠣᠭᠤᠮᠳᠠ ᠪᠠᠷ ᠣᠷᠣᠵᠦ ᠭᠠᠷᠣᠭᠰᠠᠨ ᠮᠠᠰᠢᠨ 5.6 ᠲᠦᠮᠡᠨ ᠲᠡᠷᠬᠡ ᠣᠳᠠᠭ᠎ᠠ ᠳᠤ ᠬᠦᠷᠴᠦ᠂  ᠣᠨᠴᠠᠭᠠᠶᠢᠯᠠᠨ 2016 ᠣᠨ ᠳᠤ᠂ ᠪᠣᠭᠤᠮᠳᠠ ᠪᠠᠷ ᠣᠷᠣᠵᠦ ᠭᠠᠷᠣᠭᠰᠠᠨ ᠬᠦᠮᠦᠨ ᠤ ᠳᠤᠭ᠎ᠠ ᠲᠡᠦᠬᠡᠳᠦ ᠴᠢᠨᠠᠷ  ᠎ ᠲᠠᠢ ᠰᠢᠪᠳᠣᠯᠣᠯᠳᠠ ᠲᠠᠢ ᠪᠣᠯᠵᠦ᠂ 10 ᠲᠦᠮᠡᠨ ᠬᠦᠮᠦᠨ ᠣᠳᠠᠭ᠎ᠠ ᠶᠢ ᠳᠠᠪᠠᠭᠰᠠᠨ ᠪᠠᠶᠢᠨ᠎ᠠ᠃   — — ᠦᠩᠭᠡᠷᠡᠭᠰᠡᠨ ᠳᠠᠪᠣᠨ ᠵᠢᠯ ᠳᠤ᠂ ᠬᠤᠰᠢᠭᠤ ᠳᠠᠶᠠᠭᠠᠷ ᠠᠷᠠᠳ ᠤᠨ ᠠᠮᠢᠳᠣᠷᠠᠯ ᠤᠨ ᠰᠠᠶᠢᠵᠢᠷᠠᠯᠳᠠ ᠶᠢ  ᠴᠦᠬᠦᠷᠡᠰᠢ ᠦᠬᠡᠢ ᠪᠠᠷ ᠴᠢᠩᠭ᠎ᠠ ᠠᠳᠬᠤᠨ᠂ ᠳᠣᠭᠳᠠᠭᠤᠨ ᠪᠠᠶᠢᠳᠠᠯ ᠢ ᠪᠦᠬᠦ ᠬᠦᠴᠦᠨ ᠢᠶᠠᠷ ᠪᠠᠳᠣᠯᠠᠵᠦ᠂  ᠬᠠᠮᠳᠣᠪᠠᠷ ᠡᠳ᠋ᠯᠡᠬᠦ ᠬᠦᠭᠵᠢᠯᠳᠡ ᠶᠢᠨ ᠳᠡᠰ ᠳᠠᠪᠬᠤᠷᠭ᠎ᠠ ᠪᠠ ᠬᠢᠷᠢ ᠲᠦᠪᠰᠢᠨ ᠢ ᠳᠡᠭᠡᠭᠰᠢᠯᠡᠬᠦᠯᠪᠡ᠃ ᠳᠠᠪᠣᠨ ᠵᠢᠯ  ᠎ ᠤᠨ ᠳᠣᠷᠰᠢ᠂ ᠠᠷᠠᠳ ᠤᠨ ᠠᠮᠢᠳᠣᠷᠠᠯ ᠤᠨ ᠦᠢᠯᠡᠰ ᠪᠣᠯ ᠬᠠᠮᠤᠭ ᠤᠨ ᠶᠡᠭᠡ ᠪᠣᠶᠠᠨᠳᠣ ᠵᠠᠰᠠᠭ ᠤᠨ ᠢᠨᠵᠧᠨᠧᠷᠢᠩ  ᠪᠣᠯᠬᠤ ᠶᠢ ᠪᠠᠷᠢᠮᠳᠠᠯᠠᠵᠦ᠂ ᠠᠷᠠᠳ ᠤᠨ ᠠᠮᠢᠳᠣᠷᠠᠯ ᠤᠨ ᠲᠦᠷᠦᠯ ᠵᠦᠢᠯ ᠳᠤ ᠵᠠᠷᠣᠴᠠᠭᠤᠯᠣᠭᠰᠠᠨ ᠵᠣᠭᠤᠰ 36  ᠳ᠋ᠦᠩᠰᠢᠭᠤᠷ ᠲᠦᠬᠦᠷᠢᠭ ᠲᠤ ᠬᠦᠷᠴᠦ᠂ ᠡᠩ ᠤᠨ ᠣᠯᠠᠨ ᠨᠡᠶᠢᠳᠡ ᠶᠢᠨ ᠲᠦᠰᠦᠪ ᠤᠨ ᠵᠠᠷᠣᠯᠭ᠎ᠠ ᠶᠢᠨ 61.9%  ᠎ ᠶᠢ ᠡᠵᠡᠯᠡᠨ᠂ ᠠᠷᠠᠳ ᠲᠦᠮᠡᠨ ᠤ ᠬᠦᠷᠳᠡᠮᠵᠢ ᠶᠢᠨ ᠲᠦᠷᠦᠭᠳᠡᠯ ᠢᠯᠡᠳᠳᠡ ᠳᠡᠭᠡᠭᠰᠢᠯᠡᠪᠡ᠃ ᠶᠠᠳᠠᠭᠤ ᠠᠴᠠ  ᠠᠩᠬᠢᠵᠢᠷᠠᠭᠤᠯᠬᠤ ᠪᠠᠬᠢᠯᠡᠯᠳᠡ ᠰᠢᠪᠳᠣᠯᠬᠤ ᠠᠵᠢᠯ ᠱᠠᠳᠣᠴᠢ ᠴᠢᠨᠠᠷ ᠲᠠᠢ ᠢᠯᠠᠯᠳᠠ ᠣᠯᠪᠠ᠃ ᠶᠠᠳᠠᠭᠤ ᠠᠴᠠ  ᠠᠩᠬᠢᠵᠢᠷᠠᠭᠤᠯᠬᠤ ᠪᠠᠬᠢᠯᠡᠯᠳᠡ ᠰᠢᠪᠳᠣᠯᠬᠤ ᠠᠵᠢᠯ ᠎ ᠢ ᠬᠠᠮᠤᠭ ᠤᠨ ᠶᠡᠭᠡ ᠣᠯᠣᠰ ᠲᠦᠷᠦ ᠶᠢᠨ ᠡᠭᠦᠷᠬᠡ ᠪᠣᠯᠭᠠᠬᠤ ᠶᠢ  ᠪᠠᠷᠢᠮᠳᠠᠯᠠᠵᠦ᠂ ᠨᠠᠷᠢᠯᠢᠭ ᠣᠨᠣᠪᠴᠢᠳᠠᠢ ᠢᠯᠭᠠᠨ ᠳᠠᠨᠢᠵᠦ᠂ ᠨᠠᠷᠢᠯᠢᠭ ᠣᠨᠣᠪᠴᠢᠳᠠᠢ ᠬᠠᠪᠰᠣᠷᠣᠨ ᠳᠡᠳᠬᠦᠵᠦ᠂  ᠣᠯᠣᠰ᠂ ᠦᠪᠡᠷᠳᠡᠭᠡᠨ ᠵᠠᠰᠠᠬᠤ ᠣᠷᠣᠨ ᠪᠠ ᠬᠦᠯᠦᠨ ᠪᠣᠶᠢᠷ ᠬᠤᠳᠠ ᠶᠢᠨ ᠡᠯ᠎ᠡ ᠵᠦᠢᠯ ᠤᠨ ᠠᠵᠢᠯ ᠤᠨ  ᠪᠠᠶᠢᠷᠢᠯᠠᠭᠤᠯᠣᠯᠳᠠ ᠶᠢᠨ ᠱᠠᠭᠠᠷᠳᠠᠯᠭ᠎ᠠ ᠶᠢ ᠬᠢᠨᠠᠮᠠᠭᠠᠢ ᠨᠠᠶᠢᠳᠠᠪᠣᠷᠢᠵᠢᠭᠤᠯᠵᠦ᠂ ᠠᠵᠦ ᠦᠢᠯᠡᠰ ᠢ ᠬᠦᠭᠵᠢᠬᠦᠯᠦᠨ ᠬᠡᠰᠡᠭ ᠬᠦᠮᠦᠰ ᠢ ᠶᠠᠳᠠᠭᠤ ᠠᠴᠠ ᠠᠩᠬᠢᠵᠢᠷᠠᠭᠤᠯᠬᠤ᠂ ᠣᠨᠳᠣᠣ ᠭᠠᠵᠠᠷ ᠲᠤ ᠨᠡᠬᠦᠯᠬᠡᠨ ᠭᠡᠰᠡᠭ ᠬᠦᠮᠦᠰ ᠢ ᠶᠠᠳᠠᠭᠤ  ᠎ ᠠᠴᠠ ᠠᠩᠬᠢᠵᠢᠷᠠᠭᠤᠯᠬᠤ᠂ ᠰᠣᠷᠭᠠᠨ ᠬᠦᠮᠦᠵᠢᠯ ᠢ ᠬᠦᠭᠵᠢᠬᠦᠯᠦᠨ ᠬᠡᠰᠡᠭ ᠬᠦᠮᠦᠰ ᠢ ᠶᠠᠳᠠᠭᠤ ᠠᠴᠠ  ᠠᠩᠬᠢᠵᠢᠷᠠᠭᠤᠯᠬᠤ᠂ ᠠᠮᠢ ᠠᠬᠤᠢ ᠶᠢᠨ ᠱᠠᠩᠨᠠᠯ ᠨᠦᠬᠦᠪᠦᠷᠢ ᠪᠠᠷ ᠬᠡᠰᠡᠭ ᠬᠦᠮᠦᠰ ᠢ ᠶᠠᠳᠠᠭᠤ ᠠᠴᠠ  ᠠᠩᠬᠢᠵᠢᠷᠠᠭᠤᠯᠬᠤ ᠪᠠ ᠨᠡᠶᠢᠬᠡᠮ ᠤᠨ ᠪᠠᠳᠣᠯᠠᠭ᠎ᠠ ᠪᠠᠷ ᠬᠡᠰᠡᠭ ᠬᠦᠮᠦᠰ ᠢ ᠵᠠᠪᠠᠯ ᠶᠠᠳᠠᠭᠤ ᠠᠴᠠ ᠠᠩᠬᠢᠵᠢᠷᠠᠭᠤᠯᠬᠤ  ᠎ ᠪᠠᠷ ᠳᠠᠮᠵᠢᠨ᠂ ᠳᠣᠬᠢᠷᠠᠮᠵᠢᠳᠠᠢ ᠭᠠᠵᠠᠷ ᠲᠤ ᠨᠡᠭᠦᠯᠬᠡᠨ ᠶᠠᠳᠠᠭᠤ ᠶᠢ ᠳᠡᠳᠬᠦᠬᠦ ᠪᠠ ︽ᠭᠤᠷᠪᠠ ᠶᠢ ᠳᠣᠰᠬᠤᠨ ᠪᠠ  ᠡᠷᠦᠬᠡ ᠳᠤ ᠬᠦᠷᠬᠡᠬᠦ︾ ⑤ ᠲᠦᠷᠦᠯ ᠵᠦᠢᠯ ᠤᠨ 4288 ᠲᠦᠮᠡᠨ ᠲᠦᠬᠦᠷᠢᠭ ᠤᠨ ᠪᠡᠯᠡ ᠮᠦᠩᠭᠦ ᠶᠢ ᠨᠢᠬᠡᠳᠬᠡᠨ  ᠂ ᠮᠦᠩᠬᠦᠨ ᠬᠦᠢᠯᠬᠡᠬᠡᠨ ᠤ ᠪᠠᠶᠢᠭᠤᠯᠣᠮᠵᠢ ᠶᠢ ᠬᠦᠳᠦᠯᠦᠨ ᠵᠢᠯᠣᠭᠤᠳᠴᠣ᠂ ︽ᠮᠦᠩᠬᠦᠨ ᠬᠦᠢᠯᠬᠡᠬᠡ︾᠎ ᠪᠠᠷ  ᠶᠠᠳᠠᠭᠤ ᠶᠢ ᠳᠡᠳᠬᠦᠬᠦ ᠳᠠᠮ ᠬᠦᠦ ᠲᠠᠢ ᠵᠢᠭᠡᠯᠡᠯᠬᠡ ᠶᠢ 3327 ᠲᠦᠮᠡᠨ ᠲᠦᠬᠦᠷᠢᠭ ᠳᠠᠯᠪᠢᠪᠠ᠃ 5400 ᠲᠦᠮᠡᠨ  ᠲᠦᠬᠦᠷᠢᠭ ᠤᠨ ᠪᠡᠯᠡ ᠣᠷᠣᠭᠤᠯᠵᠦ᠂ ︽ᠬᠢᠯᠢ ᠬᠢᠵᠠᠭᠠᠷ ᠢᠶᠠᠨ ᠮᠠᠨᠳᠣᠭᠤᠯᠣᠨ ᠠᠷᠠᠳ ᠢ ᠪᠠᠶᠠᠵᠢᠭᠤᠯᠬᠤ︾ ᠲᠦᠷᠦᠯ  ᠵᠦᠢᠯ ᠢ 55 ᠬᠡᠷᠡᠭᠵᠢᠬᠦᠯᠪᠡ᠃ ᠶᠠᠳᠠᠭᠤᠷᠠᠯ ᠤᠨ ᠨᠣᠷᠮ᠎ᠠ 6.4% ᠪᠠᠶᠢᠭᠰᠠᠨ ᠠᠴᠠ ᠪᠠᠨ 1.36% ᠪᠤᠯᠵᠦ  ᠪᠠᠭᠤᠷᠠᠪᠠ᠃ ᠨᠡᠶᠢᠬᠡᠮ ᠤᠨ ᠪᠠᠳᠣᠯᠠᠭ᠎ᠠ ᠶᠢᠨ ᠬᠡᠪᠴᠢᠶ᠎ᠡ ᠶᠢ ᠦᠷᠭᠡᠳᠭᠡᠨ ᠦᠷ᠎ᠡ ᠠᠰᠢᠭ ᠢ ᠨᠡᠮᠡᠭᠳᠡᠭᠦᠯᠪᠡ᠃ ᠬᠤᠳᠠ  ᠪᠠᠯᠭᠠᠰᠣ ᠶᠢᠨ ᠰᠢᠨ᠎ᠡ ᠪᠠᠷ ᠨᠡᠮᠡᠭᠳᠡᠭᠰᠡᠨ ᠠᠵᠢᠯ ᠣᠯᠣᠭᠰᠠᠳ 3322 ᠬᠦᠮᠦᠨ ᠪᠣᠯᠵᠦ᠂ 497 ᠮᠠᠯᠴᠢᠨ  ᠳᠠᠷᠢᠶᠠᠴᠢᠳ ᠢ ᠰᠢᠯᠵᠢᠬᠦᠯᠦᠨ ᠠᠵᠢᠯ ᠣᠯᠭᠤᠵᠦ᠂ ᠬᠤᠳᠠ ᠪᠠᠯᠭᠠᠰᠣ ᠶᠢᠨ ᠳᠠᠩᠰᠠᠯᠠᠭᠤᠯᠣᠭᠰᠠᠨ ᠠᠵᠢᠯ  ᠠᠯᠳᠠᠭᠰᠠᠳ ᠤᠨ ᠨᠣᠷᠮ᠎ᠠ ᠶᠢ ᠢᠮᠠᠭᠳᠠ 4% ᠳᠣᠳᠣᠷ᠎ᠠ ᠬᠢᠵᠠᠭᠠᠷᠯᠠᠭᠰᠠᠭᠠᠷ ᠢᠷᠡᠪᠡ᠃ ᠨᠠᠰᠣᠵᠢᠯ ᠤᠨ ᠳᠠᠭᠠᠳᠬᠠᠯ  ᠂ ᠡᠮ ᠡᠮᠨᠡᠯᠬᠡ ᠶᠢᠨ ᠳᠠᠭᠠᠳᠬᠠᠯ ᠤᠨ ᠲᠦᠷᠢᠮ ᠤᠨ ᠪᠦᠷᠬᠦᠯᠳᠡ ᠶᠢ ᠪᠡᠶᠡᠯᠡᠬᠦᠯᠵᠦ᠂ ᠣᠯᠠᠨ ᠳᠡᠰ ᠳᠠᠪᠬᠤᠷᠭ᠎ᠠ ᠶᠢᠨ  ᠨᠡᠶᠢᠬᠡᠮ ᠤᠨ ᠳᠠᠭᠠᠳᠬᠠᠯ ᠤᠨ ᠲᠦᠷᠢᠮ ᠠᠩᠬ᠎ᠠ ᠠᠯᠬᠤᠮ ᠪᠦᠷᠢᠯᠳᠦᠪᠡ᠃ 80 ᠨᠠᠰᠣᠨ ᠠᠴᠠ ᠳᠡᠭᠡᠭᠰᠢᠬᠢ  ᠨᠠᠰᠣᠳᠠᠳ ᠲᠤ ᠦᠳᠡᠯᠦᠭᠡ ᠨᠠᠰᠤᠨ ᠤ ᠨᠦᠬᠦᠪᠦᠷᠢ ᠦᠭᠬᠦ ᠲᠦᠷᠦ ᠶᠢᠨ ᠪᠣᠳᠣᠯᠭ᠎ᠠ ᠶᠢ ᠪᠦᠬᠦ ᠳᠠᠯ᠎ᠠ ᠪᠠᠷ  ᠬᠡᠷᠡᠭᠵᠢᠬᠦᠯᠵᠦ᠂ 60 ᠨᠠᠰᠣᠨ ᠠᠴᠠ ᠳᠡᠭᠡᠭᠰᠢᠬᠢ ᠨᠠᠰᠣᠳᠠᠳ ᠲᠤ ᠠᠳᠡᠭᠳᠡᠯ ᠤᠨ ᠳᠠᠭᠠᠳᠬᠠᠯ ᠳᠣᠰᠢᠶᠠᠬᠤ ᠶᠢ ᠡᠳ᠋  ᠎ ᠤᠨ ᠵᠠᠰᠠᠭ ᠤᠨ ᠲᠦᠰᠦᠪ ᠲᠤ ᠣᠷᠣᠭᠤᠯᠪᠠ᠃ ᠨᠠᠭᠠᠳᠣ ᠵᠠᠬ᠎ᠠ ᠶᠢᠨ ᠠᠮᠢᠳᠣᠷᠠᠯ ᠤᠨ ᠪᠠᠳᠣᠯᠠᠭ᠎ᠠ ᠶᠢᠨ ᠪᠠᠷᠢᠮᠵᠢᠶ᠎ᠠ  ᠎ ᠶᠢ ᠳᠡᠭᠡᠭᠰᠢᠯᠡᠬᠦᠯᠦᠨ᠂ 2268 ᠨᠡᠷᠡᠰ ᠨᠠᠭᠠᠳᠣ ᠵᠠᠬ᠎ᠠ ᠶᠢᠨ ᠠᠮᠢᠳᠣᠷᠠᠯ ᠤᠨ ᠪᠠᠳᠣᠯᠠᠭ᠎ᠠ ᠶᠢᠨ ᠡᠳᠡᠭᠡᠳ ᠲᠤ  7717 ᠲᠦᠮᠡᠨ ᠲᠦᠬᠦᠷᠢᠭ ᠤᠨ ᠪᠠᠳᠣᠯᠠᠭ᠎ᠠ ᠶᠢᠨ ᠮᠦᠩᠬᠦ ᠳᠠᠷᠬᠠᠭᠠᠪᠠ᠃ ᠰᠣᠷᠭᠠᠭᠤᠯᠢ ᠡᠷᠬᠢᠯᠡᠬᠦ ᠨᠦᠬᠦᠴᠡᠯ  ᠢᠯᠡᠳᠳᠡ ᠰᠠᠶᠢᠵᠢᠷᠠᠪᠠ᠃ ᠨᠡᠶᠢᠳᠡ 1 ᠳ᠋ᠦᠩᠰᠢᠭᠤᠷ ᠲᠦᠬᠦᠷᠢᠭ ᠤᠨ ᠪᠡᠯᠡ ᠣᠷᠣᠭᠤᠯᠵᠦ᠂ ᠨᠢᠬᠡᠳᠦᠭᠡᠷ  ᠦᠨᠳᠦᠰᠦᠳᠡᠨ ᠤ ᠬᠡᠤᠬᠡᠳ ᠤᠨ ᠴᠡᠴᠡᠷᠯᠢᠭ᠂ ᠳᠣᠮᠳᠠᠳᠣ ᠣᠷᠣᠰ ᠮᠣᠩᠭᠤᠯ ᠭᠤᠷᠪᠠᠨ ᠣᠯᠣᠰ ᠤᠨ ᠬᠦᠯ ᠪᠦᠮᠪᠦᠭᠡ  ᠎ ᠶᠢᠨ ᠪᠣᠯᠪᠠᠰᠣᠷᠠᠯ ᠤᠨ ᠰᠣᠯᠢᠯᠴᠠᠭᠠᠨ ᠤ ᠰᠠᠭᠤᠷᠢᠨ ᠭᠠᠵᠠᠷ᠂ ᠪᠡᠶ᠎ᠡ ᠶᠢᠨ ᠳᠠᠮᠢᠷ ᠤᠨ ᠣᠷᠳᠣᠨ᠂ ᠪᠠᠶᠢᠷᠢ ᠶᠢᠨ ᠠᠰᠠᠷ  ᠵᠡᠷᠭᠡ ᠲᠦᠷᠦᠯ ᠵᠦᠢᠯ ᠢ 37 ᠪᠠᠶᠢᠭᠤᠯᠪᠠ᠃ ᠬᠤᠰᠢᠭᠤᠨ ᠤ ᠵᠠᠰᠠᠭ ᠤᠨ ᠣᠷᠳᠣᠨ ᠪᠠᠭᠰᠢ ᠶᠢ ᠬᠦᠨᠳᠦᠳᠭᠡᠵᠦ  ᠰᠣᠷᠭᠠᠨ ᠬᠦᠮᠦᠵᠢᠯ ᠢ ᠴᠢᠬᠤᠯᠠᠴᠢᠯᠠᠭᠰᠠᠨ ᠬᠠᠮᠤᠭ ᠤᠨ ᠦᠨᠳᠦᠷ ᠱᠠᠩᠨᠠᠯ ᠪᠣᠯᠬᠤ︽ᠴᠡᠴᠡᠷᠯᠢᠭᠴᠢ ᠶᠢᠨ  ᠱᠠᠩᠨᠠᠯ ︾᠎ ᠢ ᠪᠦᠳᠦᠭᠡᠯᠴᠢ ᠪᠠᠷ ᠳᠣᠬᠢᠷᠠᠭᠤᠯᠪᠠ᠃ ᠰᠣᠷᠭᠠᠭᠤᠯᠢ ᠶᠢᠨ ᠬᠦᠷᠢᠶᠡᠨ ᠤ ᠵᠠᠭᠤᠨ ᠰᠠᠶ᠎ᠠ ᠭᠡᠷᠡᠯ ᠰᠢᠷᠬᠡᠭ ᠢ  ᠪᠦᠬᠦᠨ ᠢ ᠪᠦᠷᠬᠦᠬᠦᠯᠬᠦ ᠪᠠ ᠳᠣᠮᠳᠠᠳᠣ ᠪᠠᠭ᠎ᠠ ᠰᠣᠷᠭᠠᠭᠤᠯᠢ ᠶᠢᠨ ᠬᠢᠴᠢᠶᠡᠯ ᠤᠨ ᠲᠢᠩᠬᠢᠮ ᠤᠨ ᠵᠢᠭᠠᠨ ᠰᠣᠷᠭᠠᠯᠳᠠ  ᠎ ᠶᠢ ᠪᠦᠬᠦᠨ ᠢ ᠳᠣᠭᠠᠴᠢᠯᠠᠬᠤ ᠶᠢ ᠪᠡᠶᠡᠯᠡᠬᠦᠯᠵᠦ᠂ ᠣᠯᠣᠰ ᠤᠨ ︽ᠠᠯᠪᠠᠨ ᠵᠢᠷᠣᠮ ᠤᠨ ᠰᠣᠷᠭᠠᠨ ᠬᠦᠮᠦᠵᠢᠯ ᠢ ᠦᠨᠳᠦᠰᠦᠨ ᠳᠡᠭᠡᠨ ᠳᠡᠩᠴᠡᠭᠦᠷᠢᠳᠡᠢ ᠬᠦᠭᠵᠢᠬᠦᠯᠦᠭᠰᠡᠨ ᠬᠤᠰᠢᠭᠤ ᠰᠢᠶᠠᠨ︾᠎ ᠤ ᠰᠢᠯᠭᠠᠷᠠᠭᠤᠯᠣᠯᠳᠠ ᠶᠢ ᠠᠮᠵᠢᠯᠳᠠ  ᠎ ᠲᠠᠢ ᠦᠩᠬᠡᠷᠡᠭᠦᠯᠦᠨ᠂ ᠰᠣᠷᠬᠤ ᠨᠠᠰᠣᠨ ᠠᠴᠠ ᠡᠮᠦᠨᠡᠬᠢ ᠰᠣᠷᠭᠠᠨ ᠬᠦᠮᠦᠵᠢᠯ ᠤᠨ ᠴᠡᠴᠡᠷᠯᠢᠭ ᠲᠤ ᠣᠷᠣᠭᠰᠠᠨ  ᠨᠣᠷᠮ᠎ᠠ 98%᠎ ᠠᠴᠠ ᠳᠡᠭᠡᠭᠰᠢ ᠪᠣᠯᠵᠦ᠂ ᠳᠣᠮᠳᠠᠳᠣ ᠪᠠᠭ᠎ᠠ ᠰᠣᠷᠭᠠᠭᠤᠯᠢ ᠶᠢᠨ ᠰᠣᠷᠭᠠᠭᠤᠯᠢ ᠳᠤ ᠤᠷᠤᠭᠰᠠᠨ  ᠨᠣᠷᠮ᠎ᠠ 100%᠎ ᠳᠤ ᠬᠦᠷᠪᠡ᠃ ᠰᠣᠶᠣᠯ ᠳᠠᠮᠢᠷ ᠤᠨ ᠦᠢᠯᠡᠰ ᠲᠤ ᠴᠡᠴᠡᠭ ᠪᠦᠬᠦᠨ ᠢ ᠵᠡᠷᠭᠡᠪᠡᠷ ᠳᠡᠯᠭᠡᠷᠡᠭᠦᠯᠪᠡ᠃ 600 ᠲᠦᠮᠡᠨ ᠲᠦᠬᠦᠷᠢᠭ ᠤᠨ ᠪᠡᠯᠡ ᠣᠷᠣᠭᠤᠯᠵᠦ᠂ 10000 ᠡᠷᠦᠬᠡ ᠳᠤ ︽ᠡᠷᠦᠬᠡ ᠪᠣᠯᠭᠠᠨ ᠳᠤ  ᠨᠡᠪᠳᠡᠷᠡᠭᠦᠯᠬᠦ︾ ᠢᠨᠵᠧᠨᠧᠷᠢᠩ ᠢ ᠬᠡᠷᠡᠭᠵᠢᠬᠦᠯᠵᠦ᠂ ᠭᠠᠵᠠᠷ ᠤᠨ ᠭᠠᠳᠠᠷᠭᠤ ᠶᠢᠨ ᠳᠣᠭᠠᠴᠢᠯᠠᠭᠰᠠᠨ ᠲᠧᠯᠸᠢᠰ ᠤᠨ  ᠢᠨᠵᠧᠨᠧᠷᠢᠩ ᠢ 6000 ᠣᠭᠰᠠᠷᠠᠵᠦ᠂ ᠬᠤᠰᠢᠭᠤᠨ ᠤ ᠦᠪᠡᠷ ᠢᠶᠠᠨ ᠦᠢᠯᠡᠳᠦᠭᠰᠡᠨ ᠲᠧᠯᠸᠢᠰ ᠫᠷᠣᠭ᠍ᠷᠠᠮ ᠤᠨ  ᠪᠦᠷᠬᠦᠴᠡ ᠶᠢᠨ ᠨᠣᠷᠮ᠎ᠠ 42% ᠪᠠᠶᠢᠭᠰᠠᠨ ᠠᠴᠠ ᠪᠠᠨ 95% ᠪᠣᠯᠳᠠᠯ᠎ᠠ ᠳᠡᠭᠡᠭᠰᠢᠯᠡᠪᠡ᠃ 33 ᠵᠦᠢᠯ ᠤᠨ  ᠪᠣᠳᠠᠰ ᠎ ᠤᠨ ᠪᠣᠰᠣ ᠰᠣᠶᠣᠯ ᠤᠨ ᠦᠪ ᠢ ᠡᠮᠬᠢᠳᠬᠡᠨ ᠴᠣᠭᠯᠠᠭᠤᠯᠪᠠ᠃ ᠦᠯᠢᠭᠡᠷᠳᠦ ᠺᠢᠨᠣ᠋ ︽ᠦᠬᠡᠷᠳᠦ ᠬᠦᠢᠳᠡᠨ︾  ᠦᠪᠡᠷᠳᠡᠬᠡᠨ ᠵᠠᠰᠠᠬᠤ ᠣᠷᠣᠨ ᠤ ︽ᠳᠠᠪᠦ‍ ᠨᠢᠬᠡ ᠶᠢᠨ ᠢᠨᠵᠧᠨᠧᠷᠢᠩ︾᠎ ᠤᠨ ᠱᠠᠩᠨᠠᠯ ᠬᠦᠷᠳᠡᠪᠡ᠃ ᠨᠠᠢᠮᠠᠨ ᠮᠣᠵᠢ  ᠣᠷᠣᠨ ᠤ ᠬᠤᠶᠠᠳᠣᠭᠠᠷ ᠬᠤᠭᠤᠴᠠᠭᠠᠨ ᠤ ︽ᠬᠡᠷᠦᠯᠦᠨ ᠬᠤᠨᠳᠠᠭᠠᠳᠣ︾ ᠮᠣᠩᠭᠤᠯ ᠦᠨᠳᠦᠰᠦᠳᠡᠨ ᠤ ᠭᠠᠷ ᠣᠷᠠᠯᠠᠯ  ᠎ ᠤᠨ ᠪᠦᠳᠦᠬᠡᠯ ᠤᠨ ᠣᠷᠣᠯᠳᠣᠭᠠᠨ᠂ ᠪᠠᠭᠠᠴᠣᠳ ᠤᠨ ᠵᠢᠣᠳᠣᠣ ᠪᠦᠬᠡ ᠶᠢᠨ ᠣᠯᠠᠨ ᠣᠯᠣᠰ ᠤᠨ ᠣᠷᠢᠯᠭ᠎ᠠ ᠶᠢᠨ  ᠣᠷᠣᠯᠳᠣᠭᠠᠨ᠂ ᠣᠷᠣᠨ ᠨᠣᠳᠤᠭ ᠪᠠ ᠠᠵᠦ ᠠᠬᠤᠶᠢᠯᠠᠯ ᠤᠨ ︽ᠬᠠᠮᠳᠣ ᠪᠠᠷ ᠪᠠᠶᠢᠭᠤᠯᠬᠤ ᠬᠤᠨᠳᠠᠭᠠᠳᠣ︾  ᠰᠠᠭᠰᠣᠨ ᠪᠦᠮᠪᠦᠭᠡ ᠪᠠ ᠫᠢᠩᠫᠣᠩ ᠪᠦᠮᠪᠦᠭᠡ ᠶᠢᠨ ᠣᠷᠣᠯᠳᠣᠭᠠᠨ ᠵᠡᠷᠭᠡ ᠡᠯ᠎ᠡ ᠵᠦᠢᠯ ᠤᠨ ᠰᠣᠶᠣᠯ ᠳᠠᠮᠢᠷ ᠤᠨ  ᠣᠷᠣᠯᠳᠣᠭᠠᠨ ᠢ ᠡᠷᠬᠢᠯᠡᠨ ᠬᠢᠵᠦ᠂ ᠪᠦᠬᠦ ᠬᠤᠳᠠ ᠶᠢᠨ ᠵᠢᠣᠳᠣᠣ ᠪᠦᠬᠡ ᠶᠢᠨ ᠪᠣᠯᠪᠠᠰᠣᠷᠠᠯ ᠤᠨ ᠰᠠᠭᠤᠷᠢᠨ ᠭᠠᠵᠠᠷ ᠢ  ᠮᠠᠨ ᠤ ᠬᠤᠰᠢᠭᠤᠨ ᠳᠤ ᠪᠠᠶᠢᠭᠤᠯᠪᠠ᠃ ᠡᠮ ᠡᠮᠨᠡᠯᠭᠡ ᠡᠷᠡᠭᠦᠯ ᠬᠠᠮᠠᠭᠠᠯᠠᠯ ᠤᠨ ᠦᠢᠯᠡᠴᠢᠯᠡᠭᠡ ᠢᠯᠡᠳᠳᠡ  ᠴᠢᠩᠭᠠᠷᠠᠪᠠ᠃ ᠡᠮ ᠡᠮᠨᠡᠯᠬᠡ ᠡᠷᠡᠬᠦᠯ ᠬᠠᠮᠠᠭᠠᠯᠠᠯ ᠤᠨ ᠪᠠᠶᠢᠭᠤᠯᠣᠯ ᠪᠠ ᠠᠯᠪᠠᠨ ᠠᠴᠠ ᠪᠠᠶᠢᠭᠤᠯᠣᠭᠰᠠᠨ ᠡᠮᠨᠡᠯᠬᠡ ᠶᠢᠨ  ᠬᠤᠷᠢᠶᠠᠨ ᠤ ᠦᠭᠡᠷᠡᠴᠢᠯᠡᠯᠳᠡ ᠶᠢ ᠬᠦᠨᠵᠡᠬᠡᠶᠢᠷᠡᠬᠦᠯᠵᠦ᠂ ᠰᠢᠨ᠎ᠡ ᠮᠠᠶ᠋ᠢᠭ ᠤᠨ ᠬᠦᠳᠡᠭᠡ ᠳᠣᠰᠬᠤᠨ ᠮᠠᠯᠵᠢᠬᠤ ᠣᠷᠣᠨ  ᠎ ᠤ ᠬᠤᠷᠰᠢᠭᠰᠠᠨ ᠡᠮ ᠡᠮᠨᠡᠯᠬᠡ ᠶᠢ ᠲᠦᠯᠬᠢᠨ ᠠᠬᠢᠭᠤᠯᠵᠦ᠂ ᠬᠤᠷᠰᠢᠭᠰᠠᠨ ᠡᠮ ᠡᠮᠨᠡᠯᠬᠡ ᠳᠤ ᠣᠷᠣᠯᠴᠠᠭᠰᠠᠨ ᠨᠣᠷᠮ᠎ᠠ  99%᠎ ᠠᠴᠠ ᠳᠡᠭᠡᠭᠰᠢ ᠪᠣᠯᠪᠠ᠃ 3332 ᠲᠦᠮᠡᠨ ᠲᠦᠬᠦᠷᠢᠭ ᠤᠨ ᠪᠡᠯᠡ ᠣᠷᠣᠭᠤᠯᠵᠦ᠂ ᠮᠣᠩᠭᠤᠯ ᠡᠮᠨᠡᠯᠬᠡ ᠶᠢᠨ  ᠬᠤᠷᠢᠶᠠᠨ ᠤ ᠶᠡᠷᠦᠩᠬᠡᠶᠢᠯᠡᠭᠰᠡᠨ ᠠᠰᠠᠷ ᠤᠨ ᠡᠮ ᠨᠠᠶᠢᠷᠠᠭᠤᠯᠬᠤ ᠳᠠᠰᠤᠭ ᠤᠨ ᠲᠦᠷᠦᠯ ᠵᠦᠢᠯ᠂ ᠵᠡᠮᠳᠡᠭᠴᠣᠳ ᠢ  ᠨᠠᠶᠢᠳᠠᠨ ᠠᠰᠠᠷᠠᠭᠤᠯᠬᠤ ᠪᠠ ᠶᠡᠷᠦᠩᠬᠡᠶᠢᠯᠡᠭᠰᠡᠨ ᠦᠢᠯᠡᠴᠢᠯᠡᠬᠡᠨ ᠤ ᠲᠦᠪ ᠤᠨ ᠲᠦᠷᠦᠯ ᠵᠦᠢᠯ ᠢ ᠬᠡᠷᠡᠭᠵᠢᠬᠦᠯᠪᠡ᠃  3000 ᠲᠦᠮᠡᠨ ᠲᠦᠬᠦᠷᠢᠭ ᠤᠨ ᠪᠡᠯᠡ ᠤᠷᠤᠭᠤᠯᠵᠦ᠂ ᠬᠤᠰᠢᠭᠤᠨ ᠤ ᠡᠷᠡᠬᠦᠯ ᠬᠠᠮᠠᠭᠠᠯᠠᠯ ᠤᠨ ᠬᠢᠨᠠᠯᠳᠠ  ᠳᠠᠯᠪᠢᠬᠤ ᠭᠠᠵᠠᠷ ᠵᠢᠴᠢ ᠲᠦᠷᠭᠡᠨ ᠠᠪᠤᠷᠠᠬᠤ ᠲᠦᠪ ᠂ ᠡᠬᠡ ᠨᠢᠯᠬᠠᠰ ᠤᠨ ᠡᠷᠡᠬᠦᠯᠵᠢᠯ ᠪᠠ ᠲᠦᠯᠦᠪᠯᠡᠭᠡᠳᠦ ᠦᠷᠡᠵᠢᠯ  ᠎ ᠤᠨ ᠦᠢᠯᠡᠴᠢᠯᠡᠭᠡᠨ ᠤ ᠲᠦᠪ ᠪᠤᠯᠤᠨ ᠦᠨᠳᠦᠰᠦᠨ ᠱᠠᠳᠤᠨ ᠤ 11 ᠡᠷᠡᠬᠦᠯ ᠬᠠᠮᠠᠭᠠᠯᠠᠯ ᠤᠨ ᠬᠤᠷᠢᠶ᠎ᠠ ︵ᠭᠡᠷ︶᠎ ᠶᠢ  ᠰᠢᠨ᠎ᠡ ᠪᠠᠷ ᠪᠠᠶᠢᠭᠤᠯᠤᠭᠰᠠᠨ ᠤ ᠬᠠᠮᠳᠦ᠂ ᠨᠡᠬᠦᠳᠡᠯ ᠡᠮ ᠡᠮᠨᠡᠯᠭᠡ ᠡᠷᠡᠬᠦᠯ ᠬᠠᠮᠠᠭᠠᠯᠠᠯ ᠤᠨ ᠦᠢᠯᠡᠴᠢᠯᠡᠭᠡᠨ ᠤ ᠳᠡᠷᠭᠡ  ᠎ ᠶᠢ ᠲᠤᠬᠢᠷᠠᠭᠤᠯᠤᠨ ᠦᠭᠴᠦ᠂ ᠰᠤᠮᠤ ᠪᠠᠯᠭᠠᠰᠦ ᠶᠢᠨ ᠡᠷᠡᠬᠦᠯ ᠬᠠᠮᠠᠭᠠᠯᠠᠯ ᠤᠨ ᠦᠢᠯᠡᠴᠢᠯᠡᠭᠡᠨ ᠤ ᠭᠠᠵᠠᠷ ᠠᠴᠠ 2  ᠺᠢᠯᠤᠮᠧᠲᠷ ᠠᠴᠠ ᠬᠤᠯᠠ ᠪᠠᠶᠢᠭ᠎ᠠ ᠮᠠᠯᠴᠢᠳ ᠲᠤ ︽ᠡᠷᠡᠬᠦᠯ ᠮᠡᠨᠳᠦ ᠶᠢ ᠪᠠᠳᠤᠯᠠᠬᠤ ᠵᠢᠵᠢᠭ ᠡᠮ ᠤᠨ ᠬᠠᠶᠢᠷᠴᠠᠭ︾  ᠎ ᠢ ᠪᠦᠷᠬᠦᠬᠦᠯᠦᠨ᠂ ︽ᠡᠷᠡᠬᠦᠯ ᠴᠢᠬᠢᠷᠠᠭ ᠲᠤᠮᠳᠠᠳᠦ ᠤᠯᠤᠰ︾᠎ ᠤᠨ ᠠᠵᠢᠯ ᠤᠨ ᠰᠠᠭᠤᠷᠢ ᠶᠢ ᠴᠢᠨᠠᠭᠰᠢᠳᠠ  ᠪᠠᠬᠢᠵᠢᠬᠦᠯᠵᠦ᠂ ᠠᠷᠠᠳ ᠤᠯᠠᠨ ᠤ ᠠᠮᠢ ᠨᠠᠰᠤᠨ ᠤ ᠡᠷᠡᠬᠦᠯ ᠴᠢᠬᠢᠷᠠᠭ ᠢ ᠪᠦᠳᠦᠮᠵᠢᠳᠠᠢ ᠪᠠᠳᠤᠯᠠᠪᠠ᠃ ᠬᠤᠶᠠᠷ  ᠬᠡᠤᠬᠡᠳ ᠠᠪᠬᠤ ᠲᠦᠷᠦ ᠶᠢᠨ ᠪᠤᠳᠤᠯᠭ᠎ᠠ ᠶᠢ ᠪᠦᠬᠦ ᠳᠠᠯ᠎ᠠ ᠪᠠᠷ ᠭᠡᠷᠡᠭᠵᠢᠬᠦᠯᠵᠦ᠂ ᠲᠦᠷᠦ ᠶᠢᠨ ᠪᠤᠳᠤᠯᠭ᠎ᠠ ᠳᠤ  ᠨᠡᠶᠢᠴᠡᠭᠰᠡᠨ ᠦᠷᠡᠵᠢᠯ ᠤᠨ ᠨᠤᠷᠮ᠎ᠠ 99.2%᠎ ᠲᠤ ᠬᠦᠷᠪᠡ᠃ ᠨᠡᠶᠢᠬᠡᠮ ᠤᠨ ᠵᠠᠰᠠᠨ ᠴᠡᠭᠴᠡᠯᠡᠬᠦ ᠠᠵᠢᠯ ᠳᠤ  ᠪᠤᠳᠠᠳᠦ ᠦᠷ᠎ᠡ ᠪᠦᠳᠦᠮᠵᠢ ᠤᠯᠪᠠ᠃ ᠳᠠᠯᠳᠠ ᠬᠡᠮ ᠢ ᠵᠢᠠᠠᠰᠠᠭᠠᠨ ᠪᠠᠶᠢᠴᠠᠭᠠᠵᠦ ᠵᠠᠰᠠᠨ ᠴᠡᠭᠴᠡᠯᠡᠬᠦ ᠶᠢ ᠴᠢᠩᠭᠠᠳᠬᠠᠨ  ᠂ ᠠᠶᠦᠯᠬᠦᠢ ᠦᠢᠯᠡᠳᠪᠦᠷᠢᠯᠡᠯ ᠎ ᠤᠨ ᠪᠠᠶᠢᠳᠠᠯ ᠲᠤᠭᠳᠠᠭᠤᠨ ᠪᠦᠭᠡᠳ ᠰᠠᠶᠢᠵᠢᠷᠠᠯᠳᠠ ᠲᠠᠢ ᠪᠤᠯᠪᠠ᠃ ᠢᠳᠡᠭᠡᠨ ᠪᠠ ᠡᠮ  ᠎ ᠤᠨ ᠵᠦᠢᠯ ᠤᠨ ᠠᠮᠦᠷ ᠲᠦᠪᠰᠢᠨ ᠤ ᠬᠢᠨᠠᠨ ᠬᠠᠮᠢᠶᠠᠷᠤᠯᠳᠠ ᠶᠢᠨ ᠪᠡᠯᠡ ᠮᠦᠩᠬᠦ ᠵᠢᠯ ᠳᠠᠷᠠᠭᠠᠯᠠᠨ ᠨᠡᠮᠡᠭᠳᠡᠨ᠂ ᠬᠢᠷᠢ  ᠲᠦᠪᠰᠢᠨ ᠢ ᠪᠦᠬᠦ ᠳᠠᠯ᠎ᠠ ᠪᠠᠷ ᠲᠡᠭᠡᠭᠰᠢᠯᠡᠬᠦᠯᠬᠦ ᠶᠢ ᠪᠠᠳᠤᠯᠠᠵᠦ᠂ ᠢᠳᠡᠭᠡᠨ ᠪᠠ ᠡᠮ ᠤᠨ ᠵᠦᠢᠯ ᠤᠨ ᠲᠤᠤᠷ  ᠬᠦᠰᠦᠨᠦᠭᠵᠢᠯᠳᠡ ᠪᠠ ᠡᠯᠧᠺᠲᠷᠤᠨᠴᠢᠯᠠᠬᠤ ᠬᠢᠨᠠᠨ ᠬᠠᠮᠢᠶᠠᠷᠤᠯᠳᠠ ᠶᠢ ᠪᠡᠶᠡᠯᠡᠬᠦᠯᠪᠡ᠃ ᠨᠡᠶᠢᠬᠡᠮ ᠤᠨ ᠠᠶᠤᠯ  ᠲᠦᠭᠰᠢᠬᠦᠷᠢ ᠶᠢ ᠰᠡᠷᠭᠡᠶᠢᠯᠡᠨ ᠡᠵᠡᠮᠳᠡᠬᠦ ᠬᠦᠴᠦᠯᠡᠴᠡ ᠎ ᠶᠢ ᠨᠡᠮᠡᠭᠳᠡᠬᠦᠯᠵᠦ᠂ ᠬᠦᠴᠦᠨ ᠢᠶᠠᠨ ᠲᠦᠪᠯᠡᠷᠡᠬᠦᠯᠦᠨ᠂  ᠨᠤᠲᠤᠭ ᠪᠡᠯᠴᠢᠭᠡᠷ ᠤᠨ ᠵᠢᠭᠤᠷᠠᠭᠠᠨ᠂ ᠴᠡᠷᠢᠭ ᠠᠴᠠ ᠬᠠᠯᠠᠭᠳᠠᠭᠰᠠᠳ᠂ ᠲᠤᠮᠳᠠ ᠵᠡᠷᠭᠡ ᠶᠢᠨ ᠲᠤᠰᠬᠠᠢ ᠮᠡᠷᠭᠡᠵᠢᠯ  ᠎ ᠤᠨ ᠰᠤᠷᠭᠠᠭᠤᠯᠢ ᠳᠡᠬᠦᠰᠦᠭᠰᠡᠨ ᠤᠶᠤᠳᠠᠳ ᠲᠤ ᠠᠵᠢᠯ ᠤᠯᠭᠤᠬᠤ᠂ ᠭᠠᠵᠠᠷ ᠰᠢᠷᠤᠢ ᠳᠠᠳᠠᠪᠦᠷᠢᠯᠡᠨ ᠨᠤᠷᠠᠭᠠᠵᠦ  ᠨᠡᠬᠦᠯᠭᠡᠬᠦ ᠵᠡᠷᠭᠡ ᠤᠯᠠᠨ ᠵᠢᠯ ᠦᠯᠡᠳᠡᠭᠳᠡᠵᠦ ᠢᠷᠡᠭᠰᠡᠨ ᠲᠦᠪᠡᠭ ᠪᠤᠳᠤᠯᠢᠶᠠᠨᠳᠠᠢ ᠵᠠᠬᠢᠳᠠᠯ ᠰᠤᠷᠪᠤᠯᠵᠢᠯᠠᠭ᠎ᠠ ᠶᠢᠨ  ᠭᠡᠷᠡᠭ ᠢ ᠪᠦᠳᠦᠮᠵᠢᠳᠠᠢ ᠰᠢᠢᠳᠪᠦᠷᠢᠯᠡᠵᠦ᠂ ᠭᠡᠷᠡᠭ ᠬᠦᠢᠴᠡᠳᠭᠡᠭᠰᠡᠨ ᠨᠤᠷᠮ᠎ᠠ 95%᠎ ᠠᠴᠠ ᠲᠡᠭᠡᠭᠰᠢ ᠳᠤ ᠬᠦᠷᠪᠠ᠃ ᠮᠤᠩᠭᠤᠯ ᠭᠡᠷ ᠪᠤᠯ ᠬᠠᠷᠠᠭᠤᠯ ᠤᠨ ᠭᠠᠵᠠᠷ᠂ ᠮᠠᠯᠴᠢᠳ ᠪᠤᠯ ᠬᠠᠷᠠᠭᠤᠯ ᠤᠨ ᠴᠡᠷᠢᠭ ᠵᠡᠷᠭᠡ ᠡᠷᠦᠬᠡ ᠶᠢᠨ ᠴᠡᠷᠢᠭ  ᠎ ᠤᠨ ᠬᠦᠴᠦᠨ ᠬᠢᠭᠡᠳ ᠰᠠᠭᠤᠭ᠎ᠠ ᠴᠡᠷᠢᠭ ᠠᠩᠬᠢ᠂ ᠳᠤᠳᠤᠭᠠᠳᠦ ᠶᠢ ᠬᠠᠮᠠᠭᠠᠯᠠᠬᠤ ᠬᠢᠯᠢ ᠶᠢᠨ ᠬᠠᠮᠠᠭᠠᠯᠠᠯᠳᠠ ᠪᠠ  ᠳᠠᠯ᠎ᠠ ᠨᠤᠲᠤᠭ ᠤᠨ 110᠎ ᠨᠢ ᠬᠤᠯᠪᠤᠭᠠᠯᠠᠨ ᠰᠡᠷᠭᠡᠶᠢᠯᠡᠬᠦ ᠪᠠᠳᠦ ᠪᠠᠬᠢ ᠰᠢᠰᠲ᠋ᠧᠮ ᠪᠤᠯᠤᠨ ᠪᠦᠷᠢᠯᠳᠦᠵᠦ᠂ ᠡᠬᠡ  ᠤᠯᠤᠰ ᠤᠨ ᠮᠢᠩᠭᠠᠨ ᠭᠠᠵᠠᠷ ᠤᠨ ᠬᠢᠯᠢ ᠶᠢᠨ ᠬᠠᠮᠠᠭᠠᠯᠠᠯᠳᠠ ᠶᠢ ᠬᠠᠮᠳᠤᠪᠡᠷ ᠰᠠᠬᠢᠨ ᠬᠠᠮᠠᠭᠠᠯᠠᠭᠰᠠᠭᠠᠷ ᠢᠷᠡᠪᠡ᠃ ︽ ᠪᠣᠯᠢᠶᠠᠨ ᠳᠡᠭᠡᠷᠡᠮᠳᠡᠬᠦ᠂ ᠬᠤᠯᠠᠭᠠᠶᠢᠯᠠᠬᠤ᠂ ᠮᠡᠬᠡᠯᠡᠬᠦ᠂ ᠱᠠᠯᠢᠭ ᠵᠠᠪᠠᠭ᠋ᠠᠢ᠂ ᠵᠤᠭᠤᠰ ᠮᠦᠷᠦᠶᠢᠴᠡᠬᠦ ᠪᠠ ᠬᠤᠤᠷ  ᠠᠷᠠᠯᠵᠢᠶᠠᠯᠠᠬᠤ︾ ᠵᠡᠷᠭᠡ ᠬᠠᠤᠯᠢ ᠠᠴᠠ ᠵᠦᠷᠢᠴᠡᠭᠰᠡᠨ ᠡᠯ᠎ᠡ ᠵᠦᠢᠯ ᠤᠨ ᠶᠠᠯᠠᠳᠦ ᠠᠵᠢᠯᠯᠠᠭ᠎ᠠ ᠳᠤ ᠴᠢᠩᠭ᠎ᠠ  ᠴᠤᠬᠢᠯᠳᠠ ᠦᠭᠴᠦ᠂ ᠨᠡᠶᠢᠬᠡᠮ ᠤᠨ ᠠᠮᠦᠷ ᠲᠤᠭᠳᠠᠭᠤᠨ ᠢ ᠶᠡᠷᠦᠩᠭᠡᠶᠢᠯᠡᠨ ᠵᠠᠰᠠᠭᠰᠠᠨ ᠦᠷ᠎ᠡ ᠪᠦᠳᠦᠮᠵᠢ ᠶᠢ  ᠪᠠᠬᠢᠵᠢᠬᠦᠯᠦᠨ᠂ ᠤᠯᠠᠨ ᠲᠦᠮᠡᠨ ᠤ ᠠᠮᠦᠷ ᠲᠦᠪᠰᠢᠨ ᠤ ᠰᠡᠳᠬᠢᠯᠭᠡ ᠪᠠ ᠬᠠᠨᠤᠮᠵᠢ ᠶᠢᠨ ᠬᠡᠮᠵᠢᠶ᠎ᠡ ᠦᠷᠬᠦᠯᠵᠢᠯᠡᠨ  ᠳᠡᠭᠡᠭᠰᠢᠯᠡᠪᠡ᠃    — — ᠦᠩᠭᠡᠷᠡᠭᠰᠡᠨ ᠳᠠᠪᠤᠨ ᠵᠢᠯ ᠳᠤ᠂ ᠬᠤᠰᠢᠭᠤ ᠳᠠᠶᠠᠭᠠᠷ ᠵᠤᠷᠢᠭᠳᠠᠢ ᠪᠠᠷ ᠤᠷᠤᠭᠰᠢᠯᠠᠨ ᠳᠠᠪᠰᠢᠵᠦ  ᠲᠤᠰᠢᠶᠠᠯ ᠬᠦᠢᠴᠡᠳᠭᠡᠬᠦ ᠶᠢ ᠴᠢᠩᠭ᠎ᠠ ᠠᠳᠬᠤᠨ᠂ ᠤᠪᠤᠷ ᠰᠤᠷᠳᠠᠯ ᠢ ᠲᠦᠪ ᠴᠢᠩᠭ᠎ᠠ ᠪᠣᠯᠭᠠᠨ ᠬᠤᠪᠢᠷᠠᠭᠤᠯᠵᠦ᠂  ᠵᠠᠰᠠᠭ ᠤᠨ ᠤᠷᠳᠤᠨ ᠤ ᠲᠤᠰ ᠪᠡᠶ᠎ᠡ ᠶᠢᠨ ᠦᠢᠯᠡᠴᠢᠯᠡᠭᠡᠨ ᠤ ᠰᠢᠨ᠎ᠡ ᠶᠢ ᠡᠭᠦᠳᠬᠦ ᠶᠢ ᠳᠦᠯᠬᠢᠨ ᠠᠬᠢᠭᠤᠯᠪᠠ᠃  ᠳᠠᠪᠤᠨ ᠵᠢᠯ ᠤᠨ ᠲᠤᠷᠰᠢ᠂ ᠲᠦᠪ ᠤᠨ  ︽ᠨᠠᠢᠮᠠᠨ ᠵᠦᠢᠯ ᠤᠨ ᠲᠤᠭᠳᠠᠭᠠᠯ︾᠎ ᠤᠨ ᠵᠤᠷᠢᠭ ᠰᠠᠨᠠᠭ᠎ᠠ ᠶᠢ ᠴᠢᠩᠭ᠎ᠠ  ᠨᠠᠶᠢᠳᠠᠪᠦᠷᠢᠵᠢᠭᠤᠯᠵᠦ᠂ ᠤᠯᠠᠨ ᠲᠦᠮᠡᠨᠴᠢ ᠱᠤᠭᠤᠮ ᠤᠨ ᠬᠦᠮᠦᠵᠢᠯ ᠦᠢᠯᠡᠳᠦᠯᠭᠡ ᠶᠢᠨ ᠠᠵᠢᠯᠯᠠᠭ᠎ᠠ᠂ ︽ᠭᠤᠷᠪᠠᠨ  ᠴᠢᠩᠭ᠎ᠠ ᠭᠤᠷᠪᠠᠨ ᠪᠤᠳᠠᠳᠠᠢ︾ ᠪᠠᠶᠢᠬᠤ ᠲᠤᠰᠬᠠᠢ ᠰᠡᠳᠦᠪᠳᠦ ᠬᠦᠮᠦᠵᠢᠯ ᠤᠨ ᠦᠷ᠎ᠡ ᠪᠦᠳᠦᠭᠡᠯ ᠢ ᠪᠠᠬᠢᠵᠢᠬᠦᠯᠦᠨ  ᠳᠡᠭᠡᠭᠰᠢᠯᠡᠬᠦᠯᠵᠦ᠂ ᠬᠠᠳᠠᠭᠤ ᠪᠡᠷᠭᠡ ᠠᠴᠠ ᠠᠶᠤᠬᠤ ᠦᠬᠡᠢ ᠵᠤᠷᠢᠭ ᠢᠶᠠᠷ  ︽ᠲᠦᠷᠪᠡᠨ ᠰᠤᠷᠳᠠᠯ︾᠎ ᠢ ᠬᠤᠷᠢᠭᠯᠠᠨ᠂ ᠤᠪᠤᠷ ᠰᠤᠷᠳᠠᠯ ᠢ ᠬᠤᠪᠢᠷᠠᠭᠤᠯᠬᠤ ᠪᠠᠷ ᠰᠢᠨᠳᠠᠷᠠᠰᠢ ᠦᠬᠡᠢ ᠴᠢᠷᠮᠠᠶᠢᠵᠦ᠂ ᠪᠠᠶᠢᠭᠤᠯᠭ᠎ᠠ ᠶᠢᠨ ᠺᠠᠳ᠋ᠷᠴᠤᠳ ᠤᠨ  ᠤᠪᠤᠷ ᠰᠤᠷᠳᠠᠯ ᠢᠯᠡᠷᠭᠡᠢ ᠰᠠᠶᠢᠵᠢᠷᠠᠨ᠂ ︽ᠠᠯᠪᠠᠨ ᠤ ᠭᠤᠷᠪᠠᠨ ᠵᠠᠷᠤᠳᠠᠯ︾ ᠵᠢᠯ ᠲᠤᠮᠳᠠᠴᠢ 15%᠎ ᠪᠠᠷ  ᠪᠠᠭᠤᠷᠠᠪᠠ᠃ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠰᠢᠰᠲ᠋ᠧᠮ ᠢ ᠳᠡᠬᠦᠯᠳᠡᠷᠵᠢᠬᠦᠯᠵᠦ᠂ ᠵᠠᠰᠠᠭ ᠵᠠᠬᠢᠷᠭᠠᠨ ᠤ  ᠬᠢᠨᠠᠨ ᠵᠦᠪᠰᠢᠶᠡᠷᠡᠯ ᠤᠨ ︽ᠭᠤᠷᠪᠠ ᠶᠢ ᠲᠦᠪᠯᠡᠷᠡᠬᠦᠯᠬᠦ᠂ ᠭᠤᠷᠪᠠ ᠶᠢ ᠨᠠᠶᠢᠳᠠᠪᠦᠷᠢᠵᠢᠭᠤᠯᠬᠤ︾ ᠦᠭᠡᠷᠡᠴᠢᠯᠡᠯᠳᠡ  ᠎ ᠶᠢ ᠳᠦᠯᠬᠢᠨ ᠠᠬᠢᠭᠤᠯᠵᠦ᠂ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠢᠩᠬᠢᠮ ᠢ ᠠᠰᠢᠭᠯᠠᠯᠳᠠ ᠳᠤ  ᠤᠷᠤᠭᠤᠯᠪᠠ᠃ ᠠᠷᠠᠳᠴᠢᠯᠠᠯ ᠬᠠᠤᠯᠢ ᠲᠦᠷᠢᠮ ᠤᠨ ᠪᠠᠶᠢᠭᠤᠯᠤᠯᠳᠠ ᠶᠢ ᠬᠦᠨᠵᠡᠬᠡᠢ ᠠᠬᠢᠭᠤᠯᠤᠨ᠂ ᠠᠷᠠᠳ ᠤᠨ  ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠬᠠᠤᠯᠢ ᠴᠠᠭᠠᠵᠠ ᠶᠢᠨ ᠬᠢᠨᠠᠯᠳᠠ᠂ ᠤᠯᠤᠰ  ᠲᠦᠷᠦ ᠶᠢᠨ ᠵᠦᠪᠯᠡᠯᠭᠡᠨ ᠤ ᠠᠷᠠᠳᠴᠢᠯᠠᠯ ᠤᠨ ᠬᠢᠨᠠᠯᠳᠠ ᠪᠠ ᠨᠡᠶᠢᠬᠡᠮ ᠤᠨ ᠶᠠᠷᠢᠶ᠎ᠠ ᠬᠡᠯᠡᠯᠴᠡᠭᠡᠨ ᠤ ᠬᠢᠨᠠᠯᠳᠠ ᠶᠢ  ᠤᠬᠠᠮᠰᠠᠷ ᠠᠴᠠ ᠪᠠᠨ ᠬᠦᠯᠢᠶᠡᠵᠦ᠂ 4879 ᠡᠷᠭᠡ ᠬᠠᠷᠢᠭᠤᠴᠠᠯᠭ᠎ᠠ ᠶᠢᠨ ᠶᠠᠪᠤᠳᠠᠯ ᠢ ᠡᠮᠬᠢᠯᠡᠨ ᠪᠠᠶᠢᠴᠠᠭᠠᠵᠦ᠂  ᠨᠡᠶᠢᠭᠡᠮ ᠨᠡᠶᠢᠳᠡ ᠳᠤ ᠡᠷᠭᠡ ᠶᠢᠨ ᠨᠠᠷᠢᠨ ᠳᠠᠩᠰᠠ ᠶᠢ ᠨᠡᠶᠢᠳᠡᠯᠡᠪᠡ᠃ ᠲᠠᠪᠤᠨ ᠵᠢᠯ ᠤᠨ ᠲᠤᠷᠰᠢ᠂ ᠠᠷᠠᠳ ᠤᠨ  ᠲᠦᠯᠦᠭᠡᠯᠡᠭᠴᠢᠳ ᠤᠨ ᠰᠠᠨᠠᠯ ᠵᠦᠪᠯᠡᠯᠭᠡ ᠶᠢ 337 ᠬᠤᠪᠢ ᠡᠷᠬᠢᠯᠡᠨ ᠬᠦᠢᠴᠡᠳᠭᠡᠵᠦ᠂ ᠬᠦᠢᠴᠡᠳᠭᠡᠨ ᠬᠠᠷᠢᠭᠤᠯᠳᠠ  ᠦᠭᠬᠦᠭᠰᠡᠨ ᠨᠤᠷᠮ᠎ᠠ ᠪᠠ ᠬᠠᠨᠤᠮᠵᠢ ᠶᠢᠨ ᠨᠤᠷᠮ᠎ᠠ ᠴᠦᠮ 100%᠎ ᠳᠤ ᠬᠦᠷᠴᠦ᠂ ᠤᠯᠤᠰ ᠲᠦᠷᠦ ᠶᠢᠨ  ᠵᠦᠪᠯᠡᠯᠭᠡᠨ ᠤ ᠭᠡᠰᠢᠬᠦᠳ ᠤᠨ ᠰᠠᠨᠠᠯ ᠳᠤᠷᠠᠳᠤᠯᠭ᠎ᠠ ᠶᠢ ᠨᠡᠶᠢᠳᠡ 463 ᠬᠤᠪᠢ ᠡᠷᠬᠢᠯᠡᠨ ᠬᠦᠢᠴᠡᠳᠭᠡᠵᠦ᠂  ᠬᠦᠢᠴᠡᠳᠭᠡᠨ ᠬᠠᠷᠢᠭᠤᠯᠳᠠ ᠦᠭᠬᠦᠭᠰᠡᠨ ᠨᠤᠷᠮ᠎ᠠ 100%᠎ ᠳᠤ ᠬᠦᠷᠴᠦ᠂ ᠬᠠᠨᠤᠮᠵᠢ ᠶᠢᠨ ᠨᠤᠷᠮ᠎ᠠ 97% ᠎ ᠳᠤ  ᠬᠦᠷᠪᠡ᠃ ᠵᠠᠰᠠᠭ ᠤᠨ ᠤᠷᠳᠤᠨ ᠤ ᠰᠦᠯᠵᠢᠶᠡᠨ ᠤ ᠦᠷᠲᠡᠭᠡ ᠪᠠ ᠰᠢᠨ᠎ᠡ ᠵᠠᠭᠤᠴᠢᠯᠠᠭᠤᠷ ᠤᠨ ᠪᠠᠶᠢᠭᠤᠯᠤᠯᠳᠠ ᠶᠢ  ᠳᠡᠬᠦᠯᠳᠡᠷᠵᠢᠬᠦᠯᠵᠦ᠂ ᠵᠠᠰᠠᠭ ᠤᠨ ᠤᠷᠳᠤᠨ ᠤ ᠰᠤᠷᠠᠭ ᠵᠠᠩᠬᠢ ᠪᠠ ᠵᠠᠰᠠᠭ ᠤᠨ ᠶᠠᠪᠤᠳᠠᠯ ᠢ ᠢᠯᠡ ᠪᠤᠯᠭᠠᠬᠤ ᠠᠵᠢᠯ  ᠎ ᠢ ᠦᠷᠬᠦᠯᠵᠢᠯᠡᠨ ᠳᠦᠯᠬᠢᠨ ᠠᠬᠢᠭᠤᠯᠪᠠ᠃ ᠲᠦᠯᠦᠪᠵᠢᠬᠦᠯᠦᠨ ᠪᠦᠲᠦᠭᠡᠨ ᠪᠠᠶᠢᠭᠤᠯᠬᠤ᠂ ᠭᠠᠵᠠᠷ ᠰᠢᠷᠤᠢ ᠶᠢ  ᠰᠢᠯᠵᠢᠬᠦᠯᠦᠨ ᠦᠭᠬᠦ᠂ ᠵᠠᠰᠠᠭ ᠤᠨ ᠤᠷᠳᠤᠨ ᠤ ᠬᠤᠳᠠᠯᠳᠤᠨ ᠠᠪᠬᠤ ᠵᠢᠴᠢ ᠢᠨᠵᠧᠨᠧᠷᠢᠩ ᠤᠨ ᠳᠠᠭᠠᠭᠠᠴᠢᠯᠠᠯᠳᠠ  ᠵᠠᠷᠯᠠᠬᠤ ᠪᠠ ᠳᠠᠭᠠᠭᠠᠴᠢᠯᠠᠯᠳᠠ ᠬᠦᠯᠢᠶᠡᠬᠦ ᠵᠡᠷᠭᠡ ᠭᠤᠤᠯᠳᠠᠯᠭ᠎ᠠ ᠲᠠᠢ ᠬᠦᠷᠢᠶ᠎ᠡ ᠬᠡᠪᠴᠢᠶᠡᠨ ᠳᠠᠬᠢ ᠬᠢᠨᠠᠨ  ᠬᠠᠮᠢᠶᠠᠷᠤᠯᠳᠠ ᠶᠢ ᠴᠢᠩᠭᠠᠳᠬᠠᠵᠦ᠂ 97 ᠬᠢᠨᠠᠨ ᠪᠤᠳᠤᠬᠤ ᠲᠦᠷᠦᠯ ᠵᠦᠢᠯ ᠢ ᠪᠡᠶᠡᠯᠡᠬᠦᠯᠵᠦ᠂ 333 ᠢᠨᠵᠧᠨᠧᠷᠢᠩ  ᠎ ᠤᠨ ᠵᠦᠢᠯ ᠳᠤ ᠬᠢᠨᠠᠨ ᠪᠤᠳᠤᠯᠳᠠ ᠬᠢᠵᠦ᠂ 7080 ᠲᠦᠮᠡᠨ ᠲᠦᠬᠦᠷᠢᠭ ᠤᠨ ᠪᠡᠯᠡ ᠮᠦᠩᠬᠦ ᠶᠢ ᠬᠢᠨᠠᠨ ᠬᠠᠰᠤᠪᠠ᠃ ᠨᠠᠮ ᠤᠨ ᠰᠤᠷᠳᠠᠯ ᠴᠢᠭᠡᠴᠢ ᠵᠠᠰᠠᠭ ᠤᠨ ᠪᠦᠲᠦᠭᠡᠨ ᠪᠠᠶᠢᠭᠤᠯᠤᠯᠳᠠ ᠶᠢᠨ ︽ᠬᠤᠶᠠᠷ ᠬᠠᠷᠢᠭᠤᠴᠠᠯᠭ᠎ᠠ︾᠎ ᠶᠢ ᠪᠦᠬᠦ  ᠳᠠᠯ᠎ᠠ ᠪᠠᠷ ᠨᠠᠶᠢᠳᠠᠪᠣᠷᠢᠵᠢᠭᠤᠯᠣᠨ ᠂ ᠤᠯᠠᠨ ᠲᠦᠮᠡᠨ ᠤ ᠳᠡᠷᠭᠡᠳᠡ ᠡᠭᠦᠰᠦᠭᠰᠡᠨ ᠢᠯᠵᠠᠷᠠᠯ ᠤᠨ ᠠᠰᠠᠭᠤᠳᠠᠯ ᠢ  ᠴᠢᠩᠭ᠎ᠠ ᠪᠠᠶᠢᠴᠠᠭᠠᠨ ᠢᠯᠡᠷᠡᠬᠦᠯᠵᠦ᠂ ᠵᠠᠰᠠᠭ ᠤᠨ ᠤᠷᠳᠤᠨ ᠤ ᠰᠢᠰᠲ᠋ᠧᠮ ᠤᠨ ᠢᠯᠵᠠᠷᠠᠯ ᠢ ᠡᠰᠡᠷᠬᠦᠴᠡᠨ ᠠᠷᠢᠭᠤᠨ  ᠴᠢᠭᠡᠴᠢ ᠶᠢ ᠡᠷᠬᠢᠮᠯᠡᠬᠦ ᠠᠵᠢᠯ ᠯᠠᠪᠳᠠᠭᠤᠨ ᠪᠠᠳᠤᠳᠠᠢ ᠶᠠᠪᠣᠭᠳᠠᠨ᠂ ᠵᠠᠰᠠᠭ ᠵᠠᠬᠢᠷᠭᠠᠨ ᠤ ᠡᠭᠦᠷᠭᠡ ᠴᠢᠳᠠᠪᠦᠷᠢ ᠪᠤᠯᠤᠨ  ᠵᠠᠰᠠᠭ ᠎ ᠤᠨ ᠤᠷᠳᠤᠨ ᠤ ᠬᠦᠢᠴᠡᠳᠭᠡᠬᠦ ᠬᠦᠴᠦᠨ ᠪᠦᠬᠦ ᠳᠠᠯ᠎ᠠ ᠪᠠᠷ ᠳᠡᠭᠡᠭᠰᠢᠯᠡᠪᠠ᠃        ᠲᠠᠪᠤᠨ ᠵᠢᠯ ᠤᠨ ᠲᠤᠷᠰᠢ᠂ ᠪᠢᠳᠡ ᠤᠯᠤᠰ ᠤᠨ ᠪᠠᠳᠤᠯᠠᠨ ᠬᠠᠮᠠᠭᠠᠯᠠᠯᠳᠠ ᠶᠢᠨ ᠬᠦᠮᠦᠵᠢᠯ ᠪᠠ ︽ᠬᠤᠶᠠᠷ  ᠎ ᠢ ᠬᠦᠷᠢᠶᠡᠯᠡᠵᠦ︾ ᠬᠠᠮᠳᠤ ᠪᠠᠷ ᠪᠠᠶᠢᠭᠤᠯᠬᠤ ᠠᠵᠢᠯᠯᠠᠭ᠎ᠠ ᠶᠢ ᠬᠦᠨᠵᠡᠬᠡᠢ ᠦᠷᠨᠢᠬᠦᠯᠦᠨ᠂ ᠬᠤᠶᠠᠷ ᠢ ᠬᠦᠷᠢᠶᠡᠯᠡᠨ  ᠲᠦᠪᠬᠢᠨᠡᠬᠦᠯᠬᠦ ᠪᠡᠯᠡ ᠮᠦᠩᠬᠦ ᠶᠢ ᠨᠡᠶᠢᠳᠡ 2000 ᠲᠦᠮᠡᠨ ᠲᠦᠬᠦᠷᠢᠭ ᠲᠠᠷᠬᠠᠭᠠᠵᠦ᠂ ᠴᠡᠷᠢᠭ ᠠᠷᠠᠳ ᠤᠨ  ᠬᠠᠷᠢᠴᠠᠭ᠎ᠠ ᠡᠶ᠎ᠡ ᠨᠠᠶᠢᠷᠰᠠᠭ ᠪᠠᠶᠢᠵᠦ᠂ ᠤᠯᠤᠰ ᠤᠨ ᠪᠠᠳᠤᠯᠠᠨ ᠬᠠᠮᠠᠭᠠᠯᠠᠯᠳᠠ ᠶᠢᠨ ᠳᠠᠶᠢᠴᠢᠯᠠᠯᠳᠠ ᠪᠠ ᠨᠦᠭᠡᠴᠡ  ᠬᠦᠴᠦᠨ ᠤ ᠪᠠᠶᠢᠭᠤᠯᠤᠯᠳᠠ ᠳᠠᠰᠤᠷᠠᠯᠳᠠ ᠦᠬᠡᠢ ᠴᠢᠩᠭᠠᠷᠠᠪᠠ᠃ ᠦᠨᠳᠦᠰᠦᠳᠡᠨ ᠱᠠᠰᠢᠨ ᠰᠤᠷᠳᠠᠬᠤᠨ᠂ ᠠᠵᠢᠯᠳᠠᠨ  ᠎ ᠤ ᠶᠠᠪᠤᠳᠠᠯ᠂ ᠭᠠᠳᠠᠭᠠᠳᠦ ᠶᠢᠨ ᠬᠠᠷᠢᠶᠠᠳᠦ᠂ ᠵᠡᠮᠳᠡᠭᠴᠤᠳ ᠎ ᠤᠨ ᠬᠤᠯᠪᠤᠭ᠎ᠠ᠂ ᠤᠯᠠᠭᠠᠨ ᠵᠠᠭᠠᠯᠮᠠᠶᠢᠳᠠᠨ ᠤ ᠨᠡᠶᠢᠬᠡᠮᠯᠢᠭ  ᠂ ᠠᠬᠠᠮᠠᠳ ᠺᠠᠳ᠋ᠷ᠂ ᠰᠢᠨᠵᠢᠯᠡᠭᠡ ᠮᠡᠷᠭᠡᠵᠢᠯ᠂ ᠭᠠᠯ ᠤᠨᠳᠠᠷᠠᠭᠠᠬᠤ᠂ ᠨᠢᠭᠤᠴᠠ ᠶᠢ ᠬᠠᠮᠠᠭᠠᠯᠠᠬᠤ᠂ ᠳᠠᠩᠰᠠ ᠡᠪᠬᠡᠮᠡᠯ  ᠴᠠᠳᠢᠭ᠂ ᠴᠠᠭ ᠠᠭᠤᠷ᠂ ᠴᠢᠯᠠᠭᠤᠨ ᠳᠤᠰᠤ᠂ ᠳᠠᠮᠠᠬᠢᠨ ᠤ ᠦᠢᠯᠡᠰ᠂ ᠳᠠᠭᠠᠳᠬᠠᠯ᠂ ᠰᠢᠤᠳᠠᠨ ᠶᠠᠪᠤᠳᠠᠯ᠂ ᠴᠢᠮᠡᠭᠡ  ᠬᠤᠯᠪᠤᠭ᠎ᠠ ᠵᠡᠷᠭᠡ ᠡᠯ᠎ᠡ ᠵᠦᠢᠯ ᠤᠨ ᠠᠵᠢᠯ ᠢ ᠯᠠᠪᠳᠠᠭᠤᠨ ᠪᠠᠳᠤᠳᠠᠢ ᠠᠬᠢᠭᠤᠯᠵᠦ᠂ ᠠᠵᠢᠯᠴᠢᠨ ᠤ ᠡᠪᠯᠡᠯ᠂ ᠡᠪ  ᠬᠠᠮᠳᠦ ᠵᠠᠯᠠᠭᠤᠴᠤᠳ ᠤᠨ ᠡᠪᠯᠡᠯ᠂ ᠡᠮᠡᠭᠳᠡᠶᠢᠴᠦᠳ ᠪᠠᠭᠠᠴᠤᠳ᠂ ᠦᠢᠯᠡᠳᠪᠦᠷᠢ ᠬᠤᠳᠠᠯᠳᠤᠭᠠᠨ ᠤ ᠬᠤᠯᠪᠤᠭ᠎ᠠ  ᠵᠡᠷᠭᠡ ᠡᠯ᠎ᠡ ᠵᠦᠢᠯ ᠤᠨ ᠦᠢᠯᠡᠰ ᠪᠦᠬᠦ ᠳᠠᠯ᠎ᠠ ᠪᠠᠷ ᠬᠦᠭᠵᠢᠪᠡ᠃ ᠤᠷᠢᠳ ᠬᠤᠵᠢᠳ ᠪᠦᠬᠦ ᠤᠯᠤᠰ ᠤᠨ ᠪᠤᠯᠪᠠᠰᠤᠨ  ᠬᠤᠰᠢᠭᠤ᠂ ᠪᠦᠬᠦ ᠬᠤᠳᠠ ᠶᠢᠨ ᠭᠠᠵᠠᠭᠤ ᠨᠤᠮᠯᠠᠯ ᠦᠬᠡᠢ ᠪᠠᠶᠢᠬᠤ ᠶᠢ ᠪᠡᠶᠡᠯᠡᠬᠦᠯᠦᠭᠰᠡᠨ ᠬᠤᠰᠢᠭᠤ᠂ ᠪᠦᠬᠦ ᠤᠯᠤᠰ  ᠎ ᠤᠨ ᠠᠵᠢᠯᠴᠢᠨ ᠤ ᠬᠤᠰᠢᠭᠤᠴᠢ᠂ ᠦᠪᠡᠷᠲᠡᠭᠡᠨ ᠵᠠᠰᠠᠬᠤ ᠤᠷᠤᠨ ᠤ ᠦᠨᠳᠦᠰᠦᠳᠡᠨ ᠤ ᠪᠦᠯᠬᠦᠮᠳᠡᠯ ᠳᠠᠪᠰᠢᠯᠳᠠ  ᠎ ᠶᠢᠨ ᠵᠢᠱᠢᠶ᠎ᠡ ᠦᠵᠡᠬᠦᠯᠬᠦ ᠬᠤᠰᠢᠭᠤ᠂ ᠦᠪᠡᠷᠲᠡᠭᠡᠨ ᠵᠠᠰᠠᠬᠤ ᠤᠷᠤᠨ ᠤ ᠠᠷᠢᠭᠤᠨ ᠴᠡᠪᠡᠷ ᠬᠤᠰᠢᠭᠤ᠂ ᠦᠪᠡᠷᠲᠡᠭᠡᠨ  ᠵᠠᠰᠠᠬᠤ ᠤᠷᠤᠨ ᠤ ᠬᠤᠶᠠᠷ ᠢ ᠬᠦᠷᠢᠶᠡᠯᠡᠭᠰᠡᠨ ᠵᠢᠱᠢᠶᠡᠴᠢ ᠬᠤᠰᠢᠭᠤ᠂ ᠪᠦᠬᠦ ᠬᠤᠳᠠ ᠶᠢᠨ ︽ᠵᠢᠷᠭᠤᠳᠤᠭᠠᠷ ᠲᠠᠪᠤᠨ  ᠵᠢᠯ︾ ᠎ ᠤᠨ ᠬᠠᠤᠯᠢ ᠲᠦᠭᠡᠮᠡᠯᠵᠢᠬᠦᠯᠦᠭᠰᠡᠨ ᠲᠡᠷᠢᠬᠦᠨ ᠤ ᠬᠤᠰᠢᠭᠤ ᠵᠡᠷᠭᠡ ᠡᠯ᠎ᠡ ᠱᠠᠳᠤᠨ ᠤ ᠡᠯ᠎ᠡ ᠲᠦᠷᠦᠯ ᠤᠨ  ᠢᠷᠠᠭᠤ ᠠᠯᠳᠠᠷ ᠤᠨ ᠴᠤᠯᠠ ᠶᠢ 51 ᠬᠦᠷᠲᠡᠭᠰᠡᠨ ᠤ ᠬᠠᠮᠳᠦ ᠪᠦᠬᠦ ᠬᠤᠳᠠ ᠶᠢᠨ ᠴᠤᠷ ᠤᠨ ᠭᠠᠭᠴᠠ ︽ᠪᠦᠬᠦ  ᠤᠯᠤᠰ ᠤᠨ ᠠᠮᠢ ᠠᠬᠤᠢ ᠶᠢᠨ ᠪᠤᠯᠪᠠᠰᠤᠨ ᠤ ᠵᠢᠱᠢᠶ᠎ᠡ ᠦᠵᠡᠬᠦᠯᠬᠦ ᠢᠨᠵᠧᠨᠧᠷᠢᠩ ᠤᠨ ᠲᠤᠷᠰᠢᠯᠳᠠ ᠶᠢᠨ ᠴᠡᠭ︾  ᠎ ᠢᠶᠠᠷ ᠳᠣᠭᠳᠠᠭᠠᠭᠳᠠᠭᠰᠠᠨ ᠣᠷᠣᠨ ᠪᠣᠯᠪᠠ᠃            ᠲᠦᠯᠦᠭᠡᠯᠡᠭᠴᠢᠳ ᠡ᠄ ᠦᠩᠭᠡᠷᠡᠭᠰᠡᠨ ᠲᠠᠪᠤᠨ ᠵᠢᠯ ᠳᠤ᠂ ᠪᠢᠳᠡ ᠰᠢᠨ᠎ᠡ ᠪᠠᠷᠭᠤ ᠪᠠᠷᠠᠭᠤᠨ ᠬᠤᠰᠢᠭᠤᠨ ᠤ  ᠦᠰᠦᠨ ᠪᠤᠶᠢᠵᠢᠯᠳᠠ ᠬᠢᠭᠡᠳ ᠬᠦᠭᠵᠢᠯᠳᠡ ᠳᠠᠪᠰᠢᠯᠳᠠ ᠳᠤ ᠬᠠᠮᠳᠤᠪᠡᠷ ᠤᠷᠤᠯᠴᠠᠵᠦ᠂ ᠰᠢᠨ᠎ᠡ ᠪᠠᠷᠭᠤ ᠪᠠᠷᠠᠭᠤᠨ  ᠬᠤᠰᠢᠭᠤᠨ ᠤ ᠬᠦᠭᠵᠢᠯᠳᠡ ᠬᠢᠭᠡᠳ ᠬᠤᠪᠢᠷᠠᠯᠳᠠ ᠶᠢ ᠬᠠᠮᠳᠤᠪᠡᠷ ᠭᠡᠷᠡᠴᠢᠯᠡᠭᠰᠡᠨ ᠶᠤᠮ᠃ ᠲᠠᠪᠤᠨ ᠵᠢᠯ ᠤᠨ  ᠤᠷᠤᠭᠰᠢᠯᠠᠯᠳᠠ ᠳᠠᠪᠰᠢᠯᠳᠠ ᠶᠢᠨ ᠠᠯᠬᠤᠭ᠎ᠠ ᠮᠠᠨᠢ ᠪᠠᠳᠦ ᠪᠠᠬᠢ᠂ ᠲᠠᠪᠤᠨ ᠵᠢᠯ ᠤᠨ ᠯᠤᠳᠦ ᠶᠡᠭᠡ ᠬᠤᠪᠢᠷᠠᠯᠳᠠ ᠳᠤ  ᠪᠢᠳᠡᠨ ᠤ ᠰᠢᠷᠭᠠᠭᠤ ᠴᠢᠷᠮᠠᠶᠢᠯᠭ᠎ᠠ ᠠᠭᠤᠯᠤᠭᠳᠠᠵᠦ ᠪᠠᠶᠢᠬᠤ ᠪᠦᠭᠡᠳ ᠲᠠᠪᠤᠨ ᠵᠢᠯ ᠳᠤ ᠤᠯᠤᠭᠰᠠᠨ ᠦᠷ᠎ᠡ ᠳ᠋ᠦᠩ  ᠬᠦᠮᠦᠰ ᠤᠨ ᠰᠡᠳᠬᠢᠯ ᠢ ᠲᠤᠭᠳᠤᠯᠤᠭᠤᠯᠤᠨ᠎ᠠ︕ ᠡᠳᠡᠭᠡᠷ ᠠᠮᠵᠢᠯᠳᠠ ᠪᠤᠯ ᠬᠤᠳᠠ ᠶᠢᠨ ᠨᠠᠮ ᠤᠨ ᠬᠤᠷᠢᠶ᠎ᠠ᠂  ᠵᠠᠰᠠᠭ ᠤᠨ ᠤᠷᠳᠤᠨ ᠪᠤᠯᠤᠨ ᠬᠤᠰᠢᠭᠤ ᠨᠠᠮ ᠤᠨ ᠬᠤᠷᠢᠶᠠᠨ ᠤ ᠵᠦᠪ ᠤᠨᠤᠪᠴᠢᠳᠠᠢ ᠤᠳᠤᠷᠢᠳᠤᠭᠰᠠᠨ ᠤ ᠦᠷ᠎ᠡ  ᠳ᠋ᠦᠩ ᠪᠤᠯᠬᠤ ᠪᠦᠭᠡᠳ ᠬᠤᠰᠢᠭᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ᠂ ᠤᠯᠤᠰ ᠲᠦᠷᠦ ᠶᠢᠨ  ᠵᠦᠪᠯᠡᠯᠭᠡᠨ ᠤ ᠬᠦᠴᠦᠳᠠᠢ ᠬᠢᠨᠠᠯᠳᠠ ᠳᠠᠯᠪᠢᠭᠰᠠᠨ ᠤ ᠦᠷ᠎ᠡ ᠳ᠋ᠦᠩ ᠪᠤᠯᠬᠤ ᠶᠤᠮ᠃ ᠬᠤᠭᠤᠴᠠᠭ᠎ᠠ ᠪᠦᠷᠢ ᠶᠢᠨ  ᠤᠳᠤᠷᠢᠳᠬᠤ ᠪᠠᠭ ᠤᠨ ᠴᠢᠷᠮᠠᠶᠢᠯᠭ᠎ᠠ᠂ ᠦᠷᠭᠡᠨ ᠤᠯᠠᠨ ᠺᠠᠳ᠋ᠷ ᠤᠯᠠᠨ ᠲᠦᠮᠡᠨ ᠤ ᠬᠠᠳᠠᠨ ᠵᠤᠷᠢᠭ᠂ ᠪᠦᠬᠦ  ᠬᠤᠰᠢᠭᠤᠨ ᠤ ᠠᠷᠠᠳ ᠲᠦᠮᠡᠨ ᠤ ᠡᠭᠦᠳᠦᠨ ᠪᠦᠳᠦᠭᠡᠯᠳᠡ ᠵᠢᠴᠢ ᠨᠡᠶᠢᠬᠡᠮ ᠤᠨ ᠡᠯ᠎ᠡ ᠡᠳᠡᠭᠡᠳ ᠤᠨ ᠤᠶᠤᠨ  ᠤᠬᠠᠭᠠᠨ ᠪᠠ ᠬᠦᠴᠦ ᠬᠦᠯᠦᠰᠦ ᠠᠴᠠ ᠰᠠᠯᠵᠦ ᠴᠢᠳᠠᠰᠢ ᠦᠬᠡᠢ ᠶᠤᠮ᠃ ᠡᠭᠦᠨ ᠳᠤ᠂ ᠤᠷᠳᠦ ᠬᠤᠭᠤᠴᠠᠭᠠᠨ ᠤ  ᠲᠤᠷᠰᠢ ᠰᠢᠨ᠎ᠡ ᠪᠠᠷᠭᠤ ᠪᠠᠷᠠᠭᠤᠨ ᠬᠤᠰᠢᠭᠤᠨ ᠤ ᠬᠦᠭᠵᠢᠯᠳᠡ ᠶᠢ ᠬᠠᠯᠠᠮᠵᠢᠯᠠᠭᠰᠠᠨ ᠡᠯ᠎ᠡ ᠱᠠᠳᠤᠨ ᠤ  ᠤᠳᠤᠷᠢᠳᠤᠯᠭ᠎ᠠ᠂ ᠡᠯ᠎ᠡ ᠡᠳᠡᠭᠡᠳ ᠤᠨ ᠨᠠᠶᠢᠵᠠ ᠨᠦᠬᠦᠳ᠂ ᠰᠢᠨ᠎ᠡ ᠪᠠᠷᠭᠤ ᠪᠠᠷᠠᠭᠤᠨ ᠬᠤᠰᠢᠭᠤᠨ ᠤ ᠬᠦᠭᠵᠢᠯᠳᠡ  ᠳᠠᠪᠰᠢᠯᠳᠠ ᠳᠤ ᠬᠦᠴᠦᠨ ᠴᠢᠳᠠᠯ ᠢᠶᠠᠨ ᠡᠷᠬᠦᠵᠦ᠂ ᠬᠦᠴᠦ ᠬᠦᠯᠦᠰᠦ ᠪᠠᠨ ᠤᠷᠤᠰᠬᠠᠬᠰᠠᠨ ᠬᠤᠭᠤᠴᠠᠭ᠎ᠠ ᠪᠦᠷᠢ  ᠎ ᠶᠢᠨ ᠠᠬᠠᠮᠠᠳ ᠺᠠᠳ᠋ᠷ ᠪᠤᠯᠤᠨ ᠠᠵᠢᠯ ᠨᠢᠭᠡᠳᠡᠳ᠂ ᠰᠢᠨ᠎ᠡ ᠪᠠᠷᠭᠤ ᠪᠠᠷᠠᠭᠤᠨ ᠬᠤᠰᠢᠭᠤᠨ ᠤ ᠦᠭᠡᠷᠡᠴᠢᠯᠡᠯᠳᠡ  ᠬᠦᠭᠵᠢᠯᠳᠡ ᠶᠢ ᠳᠡᠮᠵᠢᠭᠰᠡᠨ ᠬᠤᠰᠢᠭᠤᠨ ᠤ ᠠᠷᠠᠳ ᠤᠨ ᠲᠦᠯᠦᠭᠡᠯᠡᠭᠴᠢ᠂ ᠤᠯᠤᠰ ᠲᠦᠷᠦ ᠶᠢᠨ ᠵᠦᠪᠯᠡᠯᠭᠡᠨ ᠤ  ᠭᠡᠰᠢᠬᠦᠳ ᠪᠤᠯᠤᠨ ᠡᠯ᠎ᠡ ᠡᠳᠡᠭᠡᠳ ᠤᠨ ᠬᠢᠨ᠂ ᠪᠦᠬᠦ ᠬᠤᠰᠢᠭᠤᠨ ᠤ ᠡᠯ᠎ᠡ ᠹᠷᠤᠨᠲ ᠲᠤ ᠰᠢᠷᠭᠠᠭᠤ ᠠᠵᠢᠯᠯᠠᠵᠦ  ᠪᠠᠶᠢᠭ᠎ᠠ ᠦᠷᠭᠡᠨ ᠤᠯᠠᠨ ᠺᠠᠳ᠋ᠷ ᠠᠵᠢᠯᠳᠠᠨ ᠪᠤᠯᠤᠨ ᠠᠷᠠᠳ ᠤᠯᠠᠨ ᠢ ᠪᠢᠳᠡ ᠡᠭᠦᠷᠢᠳᠡ ᠪᠠᠳᠦ ᠴᠡᠭᠡᠵᠢᠯᠡᠬᠦ ᠭᠡᠷᠡᠭᠳᠡᠢ᠃ ᠡᠭᠦᠨ ᠳᠤ᠂ ᠪᠢ ᠲᠤᠰ ᠬᠤᠭᠤᠴᠠᠭᠠᠨ ᠤ ᠠᠷᠠᠳ ᠤᠨ ᠵᠠᠰᠠᠭ ᠤᠨ ᠤᠷᠳᠤᠨ ᠢ ᠲᠦᠯᠦᠭᠡᠯᠡᠨ᠂ ᠲᠠ ᠨᠠᠷ ᠲᠠᠭᠠᠨ  ᠴᠢᠩ ᠰᠡᠳᠬᠢᠯ ᠤᠨ ᠳᠠᠯᠠᠷᠬᠠᠯ ᠪᠤᠯᠤᠨ ᠬᠠᠮᠤᠭ ᠤᠨ ᠡᠷᠬᠢᠮ ᠳᠡᠭᠡᠳᠦ ᠮᠡᠨᠳᠦᠴᠢᠯᠡᠯ ᠢᠶᠠᠨ ᠳᠡᠪᠰᠢᠬᠦᠯᠦᠶ᠎ᠡ︕ ᠲᠠᠪᠤᠨ ᠵᠢᠯ ᠤᠨ ᠳᠡᠮᠡᠴᠡᠯ ᠤᠨ ᠦᠩᠭᠡᠷᠡᠯᠳᠡ ᠶᠢ ᠡᠷᠬᠢᠴᠡᠬᠦᠯᠬᠦᠶ᠎ᠡ᠂ ᠪᠢᠳᠡᠨ ᠳᠤ ᠮᠠᠰᠢ ᠤᠯᠠᠨ ᠬᠦᠨᠵᠡᠬᠡᠢ  ᠤᠶᠢᠯᠠᠭᠠᠯᠳᠠ ᠪᠠ ᠰᠡᠩᠭᠡᠷᠡᠬᠦᠯᠦᠯ ᠲᠠᠢ ᠪᠤᠯᠤᠭᠰᠠᠨ ᠪᠠᠶᠢᠨ᠎ᠠ᠂ ᠡᠨᠡ ᠨᠢ ᠲᠠᠷᠤᠢ᠄ ᠲᠤᠭ ᠳᠡᠮᠳᠡᠭ ᠳᠤᠳᠤᠷᠬᠠᠢ ᠪᠠᠷ  ᠤᠯᠤᠰ ᠲᠦᠷᠦ ᠶᠢ ᠡᠷᠬᠢᠮᠯᠡᠬᠦ ᠶᠢ ᠡᠷᠭᠡᠪᠰᠢ ᠢᠮᠠᠭᠳᠠ ᠪᠠᠷᠢᠮᠳᠠᠯᠠᠵᠦ᠂ ᠨᠠᠶᠢᠳᠠᠪᠦᠷᠢᠵᠢᠭᠤᠯᠤᠯᠳᠠ ᠶᠢ ᠰᠤᠯᠠᠷᠠᠰᠢ  ᠦᠬᠡᠢ ᠴᠢᠩᠭ᠎ᠠ ᠠᠳᠬᠤᠬᠤ ᠭᠡᠷᠡᠭᠳᠡᠢ᠃ ᠲᠦᠪ᠂ ᠦᠪᠡᠷᠲᠡᠭᠡᠨ ᠵᠠᠰᠠᠬᠤ ᠤᠷᠤᠨ᠂ ᠬᠦᠯᠦᠨ ᠪᠤᠶᠢᠷ ᠬᠤᠳᠠ ᠪᠠ  ᠬᠤᠰᠢᠭᠤ ᠨᠠᠮ ᠤᠨ ᠬᠤᠷᠢᠶᠠᠨ ᠤ ᠡᠯ᠎ᠡ ᠵᠦᠢᠯ ᠤᠨ ᠰᠢᠢᠳᠪᠦᠷᠢᠳᠦ ᠪᠤᠳᠤᠯᠭ᠎ᠠ ᠶᠢᠨ ᠪᠠᠶᠢᠷᠢᠯᠠᠭᠤᠯᠤᠯᠳᠠ ᠶᠢ ᠴᠢᠩᠭ᠎ᠠ  ᠨᠠᠶᠢᠳᠠᠪᠦᠷᠢᠵᠢᠭᠤᠯᠵᠦ᠂ ᠨᠢᠭᠡ ᠤᠴᠢᠷ ᠶᠠᠪᠤᠳᠠᠯ ᠢ ᠨᠢᠭᠡ ᠰᠢᠢᠳᠪᠦᠷᠢᠯᠡᠨ᠂ ᠨᠢᠭᠡ ᠨᠢᠭᠡ ᠵᠢᠯ ᠢᠶᠠᠷ ᠵᠠᠯᠭᠠᠨ ᠬᠢᠵᠦ᠂  ᠨᠢᠭᠡ ᠵᠢᠷᠤᠭ ᠲᠦᠯᠦᠪᠯᠡᠭᠡ ᠶᠢ ᠡᠴᠦᠰ ᠲᠤᠨᠢ ᠲᠤᠯᠳᠠᠯ᠎ᠠ ᠬᠦᠢᠴᠡᠳᠬᠡᠵᠦ᠂ ᠰᠢᠨ᠎ᠡ ᠪᠠᠶᠢᠳᠠᠯ ᠢ ᠴᠢᠷᠮᠠᠶᠢᠨ ᠡᠭᠦᠳᠬᠦ  ᠭᠡᠷᠡᠭᠳᠡᠢ᠃ ᠬᠦᠭᠵᠢᠯᠳᠡ ᠶᠢ ᠲᠦᠷᠭᠡᠳᠭᠡᠬᠦ ᠶᠢ ᠡᠷᠭᠡᠪᠰᠢ ᠢᠮᠠᠭᠳᠠ ᠪᠠᠷᠢᠮᠳᠠᠯᠠᠵᠦ᠂ ᠨᠢᠭᠡᠯᠡ ᠰᠡᠳᠬᠢᠯ ᠢᠶᠠᠷ ᠬᠡᠯᠪᠡᠷᠢ  ᠎ ᠶᠢ ᠬᠤᠪᠢᠷᠠᠭᠤᠯᠤᠨ ᠲᠡᠰ ᠳᠡᠪᠰᠢᠬᠦᠯᠬᠦ ᠭᠡᠷᠡᠭᠳᠡᠢ᠃ ᠬᠦᠭᠵᠢᠯᠳᠡ ᠶᠢ ᠲᠡᠷᠢᠬᠦᠨ ᠴᠢᠬᠤᠯᠠ ᠪᠠᠶᠢᠷᠢᠨ ᠳᠤ ᠳᠠᠯᠪᠢᠬᠤ  ᠎ ᠶᠢ ᠪᠠᠷᠢᠮᠳᠠᠯᠠᠨ᠂ ︽ᠳᠠᠪᠤ ᠶᠢ ᠨᠢᠭᠡ ᠴᠤᠭᠴᠠᠵᠢᠭᠤᠯᠬᠤ︾ ᠶᠡᠷᠦᠩᠭᠡᠢ ᠪᠠᠶᠢᠷᠢᠰᠢᠭᠤᠯᠤᠯᠳᠠ ᠪᠤᠯᠤᠨ ︽ᠲᠦᠷᠪᠡᠨ  ᠪᠦᠬᠦ ᠳᠠᠯ᠎ᠠ︾᠎ ᠶᠢᠨ ᠪᠠᠶᠢᠯᠳᠤᠬᠤ ᠪᠤᠳᠤᠯᠭ᠎ᠠ ᠶᠢᠨ ᠪᠠᠶᠢᠷᠢᠰᠢᠭᠤᠯᠤᠯᠳᠠ ᠶᠢ ᠨᠢᠭᠡᠳᠦᠯᠳᠡᠢ ᠲᠦᠯᠦᠪᠵᠢᠬᠦᠯᠦᠨ  ᠠᠬᠢᠭᠤᠯᠵᠦ᠂ ᠲᠦᠷᠦᠯ ᠵᠦᠢᠯ ᠢ ᠪᠦᠬᠦ ᠬᠦᠴᠦᠨ ᠴᠢᠳᠠᠯ ᠢᠶᠠᠷ ᠢᠶᠠᠨ ᠠᠳᠬᠤᠨ᠂ ᠪᠦᠳᠦᠴᠡ ᠶᠢ ᠳᠤᠬᠢᠷᠠᠭᠤᠯᠤᠨ  ᠠᠷᠭ᠎ᠠ ᠮᠠᠶ᠋ᠢᠭ ᠢ ᠬᠤᠪᠢᠷᠠᠭᠤᠯᠵᠦ᠂ ᠬᠡᠯᠪᠡᠷᠢ ᠎ ᠶᠢ ᠬᠤᠪᠢᠷᠠᠭᠤᠯᠤᠨ ᠨᠡᠮᠡᠭᠳᠡᠯ ᠢ ᠠᠬᠢᠭᠤᠯᠵᠦ᠂ ᠬᠤᠷᠳᠤᠴᠠ ᠪᠠᠨ  ᠦᠯᠦ ᠬᠤᠪᠢᠷᠠᠭᠤᠯᠤᠨ᠂ ᠲᠤᠭ᠎ᠠ ᠬᠡᠮᠵᠢᠶ᠎ᠡ ᠶᠢ ᠨᠡᠮᠡᠭᠳᠡᠬᠦᠯᠬᠦ ᠮᠦᠷᠲᠡᠭᠡᠨ ᠴᠢᠨᠠᠷ ᠢ ᠨᠡᠩ ᠰᠢᠯᠢᠳᠡᠭᠵᠢᠬᠦᠯᠬᠦ ᠭᠡᠷᠡᠭᠳᠡᠢ᠃ ᠦᠵᠡᠯ ᠰᠠᠨᠠᠭ᠎ᠠ ᠪᠠᠨ ᠴᠢᠯᠦᠭᠡᠯᠡᠬᠦ ᠶᠢ ᠡᠷᠭᠡᠪᠰᠢ ᠢᠮᠠᠭᠳᠠ ᠪᠠᠷᠢᠮᠳᠠᠯᠠᠵᠦ᠂ ᠦᠭᠡᠷᠡᠴᠢᠯᠡᠯᠳᠡ ᠬᠢᠵᠦ ᠰᠢᠨ᠎ᠡ ᠶᠢ  ᠡᠭᠦᠳᠬᠦ ᠶᠢ ᠭᠡᠵᠢᠶᠡᠳᠡ ᠪᠠᠷᠢᠮᠳᠠᠯᠠᠬᠤ ᠭᠡᠷᠡᠭᠳᠡᠢ᠃ ᠦᠵᠡᠯ ᠰᠠᠨᠠᠭ᠎ᠠ ᠪᠠᠨ ᠴᠢᠯᠦᠭᠡᠯᠡᠬᠦ ᠪᠠᠷ ᠤᠳᠤᠷᠢᠳᠤᠮᠵᠢ ᠪᠤᠯᠭᠠᠨ᠂ ᠵᠦᠪ ᠴᠢᠭᠯᠡᠯ᠂ ᠠᠰᠠᠭᠤᠳᠠᠯ ᠤᠨ ᠵᠢᠯᠤᠭᠤᠳᠤᠮᠵᠢ᠂ ᠠᠷᠠᠳ ᠤᠨ ᠲᠦᠯᠦᠭᠡ ᠵᠢᠳᠬᠦᠬᠦ ᠵᠤᠷᠢᠯᠳᠠ ᠶᠢ ᠪᠠᠷᠢᠮᠳᠠᠯᠠᠨ᠂  ᠠᠵᠢᠯ ᠢᠶᠠᠨ ᠪᠦᠳᠦᠭᠡᠯᠴᠢ ᠪᠠᠷ ᠦᠷᠨᠢᠬᠦᠯᠵᠦ᠂ ᠬᠦᠭᠵᠢᠯᠳᠡ ᠶᠢᠨ ᠬᠦᠳᠡᠯᠭᠡᠭᠴᠢ ᠬᠦᠴᠦᠨ ᠬᠢᠭᠡᠳ ᠠᠮᠢᠵᠢᠷᠠᠯ ᠤᠨ  ᠬᠦᠴᠦᠨ ᠢ ᠳᠠᠰᠤᠷᠠᠯᠳᠠ ᠦᠬᠡᠢ ᠨᠡᠮᠡᠭᠳᠡᠬᠦᠯᠬᠦ ᠭᠡᠷᠡᠭᠳᠡᠢ᠃ ᠠᠮᠢ ᠠᠬᠤᠢ ᠶᠢ ᠬᠠᠮᠠᠭᠠᠯᠠᠬᠤ ᠬᠢᠵᠠᠭᠠᠷᠳᠦ ᠱᠤᠭᠤᠮ ᠢ  ᠡᠷᠭᠡᠪᠰᠢ ᠢᠮᠠᠭᠳᠠ ᠪᠠᠷᠢᠮᠳᠠᠯᠠᠵᠦ᠂ ᠬᠦᠬᠡ ᠠᠭᠤᠯᠠ ᠬᠦᠬᠡᠮᠳᠦᠭ ᠤᠰᠤ ᠶᠢ ᠡᠭᠦᠷᠢᠳᠡ ᠬᠠᠮᠠᠭᠠᠯᠠᠬᠤ ᠭᠡᠷᠡᠭᠳᠡᠢ᠃  ᠠᠮᠢ ᠠᠬᠤᠢ ᠶᠢ ᠠᠵᠦ ᠦᠢᠯᠡᠰᠵᠢᠬᠦᠯᠬᠦ᠂ ᠠᠵᠦ ᠦᠢᠯᠡᠰ ᠢ ᠠᠮᠢ ᠠᠬᠤᠶᠢᠴᠢᠯᠠᠬᠤ ᠶᠢ ᠪᠠᠷᠢᠮᠳᠠᠯᠠᠨ᠂ ᠮᠠᠯᠴᠢᠨ  ᠲᠦᠮᠡᠨ ᠢ ᠪᠠᠶᠠᠵᠢᠨ ᠴᠢᠨᠡᠭᠡᠯᠢᠭᠵᠢᠬᠦᠯᠬᠦ ᠬᠢᠭᠡᠳ ᠠᠮᠢ ᠠᠬᠤᠢ ᠶᠢ ᠭᠤᠶᠤ ᠰᠠᠶᠢᠬᠠᠨ ᠪᠤᠯᠭᠠᠬᠤ ᠶᠢ ᠨᠡᠩ ᠤᠷᠭᠠᠨᠢᠭ  ᠎ ᠢᠶᠠᠷ ᠤᠶᠠᠯᠳᠤᠭᠤᠯᠬᠤ ᠶᠢ ᠪᠡᠶᠡᠯᠡᠬᠦᠯᠬᠦ ᠭᠡᠷᠡᠭᠳᠡᠢ᠃ ᠬᠦᠮᠦᠨ ᠢᠶᠠᠷ ᠦᠨᠳᠦᠰᠦ ᠪᠤᠯᠭᠠᠬᠤ ᠶᠢ ᠡᠷᠭᠡᠪᠰᠢ ᠢᠮᠠᠭᠳᠠ  ᠪᠠᠷᠢᠮᠳᠠᠯᠠᠵᠦ᠂ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠶᠢ ᠭᠤᠶᠢᠪᠢᠰᠢ ᠦᠬᠡᠢ ᠴᠢᠩᠭ᠎ᠠ ᠠᠳᠬᠤᠬᠤ ᠭᠡᠷᠡᠭᠳᠡᠢ᠃ ᠠᠷᠠᠳ ᠲᠦᠮᠡᠨ ᠤ ᠰᠠᠶᠢᠨ ᠰᠠᠶᠢᠬᠠᠨ ᠠᠮᠢᠳᠤᠷᠠᠯ ᠤᠨ ᠬᠦᠰᠡᠯ ᠡᠷᠡᠮᠡᠯᠵᠡᠯ ᠢᠶᠠᠷ ᠲᠡᠮᠡᠴᠡᠬᠦ ᠬᠠᠷᠠᠯᠳᠠ ᠪᠠᠨ ᠪᠣᠯᠭᠠᠨ᠂  ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠳᠤ ᠦᠢᠯᠡᠴᠢᠯᠡᠬᠦ ᠡᠨᠡᠬᠦ ᠭᠤᠤᠯᠳᠠᠯᠭ᠎ᠠ ᠶᠢ ᠪᠠᠳᠦ ᠡᠵᠡᠮᠳᠡᠵᠦ᠂ ᠠᠷᠠᠳ  ᠲᠦᠮᠡᠨ ᠎ ᠤ ᠠᠮᠢᠳᠤᠷᠠᠯ ᠤᠨ ᠬᠢᠷᠢ ᠲᠦᠪᠰᠢᠨ ᠪᠠ ᠴᠢᠨᠠᠷ ᠴᠢᠨᠰᠠᠭ᠎ᠠ ᠶᠢ ᠴᠢᠷᠮᠠᠶᠢᠨ ᠳᠡᠭᠡᠭᠰᠢᠯᠡᠬᠦᠯᠬᠦ ᠭᠡᠷᠡᠭᠳᠡᠢ᠃  ᠦᠨᠳᠦᠰᠦᠳᠡᠨ ᠤ ᠪᠦᠯᠬᠦᠮᠳᠡᠯ ᠬᠢᠯᠢ ᠬᠢᠵᠠᠭᠠᠷ ᠢ ᠪᠠᠬᠢᠵᠢᠬᠦᠯᠬᠦ ᠶᠢ ᠡᠷᠭᠡᠪᠰᠢ ᠢᠮᠠᠭᠳᠠ ᠪᠠᠷᠢᠮᠳᠠᠯᠠᠵᠦ᠂ ᠬᠠᠷᠢᠯᠴᠠᠨ  ᠬᠠᠪᠰᠤᠷᠤᠯᠴᠠᠨ ᠡᠶ᠎ᠡ ᠵᠤᠬᠢᠴᠠᠩᠭᠤᠢ ᠪᠠᠶᠢᠬᠤ ᠶᠢ ᠠᠬᠢᠭᠤᠯᠬᠤ ᠭᠡᠷᠡᠭᠳᠡᠢ᠃ ᠦᠨᠳᠦᠰᠦᠳᠡᠨ ᠤ ᠪᠦᠯᠬᠦᠮᠳᠡᠯ ᠭᠡᠳᠡᠭ  ᠡᠨᠡᠬᠦ ᠢᠯᠠᠯᠳᠠ ᠤᠯᠬᠤ ᠡᠷᠳᠡᠨᠢ ᠶᠢ ᠪᠠᠳᠦ ᠡᠵᠡᠮᠳᠡᠨ᠂ ᠬᠢᠯᠢ ᠬᠢᠵᠠᠭᠠᠷ ᠠᠮᠦᠷ ᠲᠤᠭᠳᠠᠭᠤᠨ ᠰᠠᠶᠢᠨ ᠰᠠᠶᠢᠬᠠᠨ  ᠤᠯᠤᠰ ᠲᠦᠷᠦ ᠶᠢᠨ ᠠᠮᠢ ᠠᠬᠤᠢ ᠶᠢ ᠳᠠᠰᠤᠷᠠᠯᠳᠠ ᠦᠬᠡᠢ ᠪᠠᠬᠢᠵᠢᠬᠦᠯᠵᠦ᠂ ᠡᠬᠡ ᠤᠯᠤᠰ ᠤᠨ ᠤᠮᠠᠷᠠᠳᠦ ᠬᠢᠯᠢ ᠶᠢᠨ  ᠭᠤᠸ᠎ᠠ ᠦᠵᠡᠰᠬᠦᠯᠡᠩᠳᠦ ᠦᠵᠡᠮᠵᠢ ᠶᠢᠨ ᠱᠤᠭᠤᠮ ᠢ ᠪᠤᠢ ᠪᠤᠯᠭᠠᠬᠤ ᠳᠤ ᠪᠠᠳᠦ ᠪᠠᠬᠢ ᠰᠠᠭᠤᠷᠢ ᠳᠠᠯᠪᠢᠵᠦ ᠦᠭᠬᠦ  ᠭᠡᠷᠡᠭᠳᠡᠢ᠃ ᠤᠪᠤᠷ ᠰᠤᠷᠳᠠᠯ ᠢ ᠬᠤᠪᠢᠷᠠᠭᠤᠯᠤᠨ ᠰᠢᠷᠪᠤᠰᠦ ᠰᠢᠨᠳᠠᠰᠦ ᠪᠠᠨ ᠴᠢᠩᠭᠠᠯᠠᠬᠤ ᠶᠢ ᠡᠷᠭᠡᠪᠰᠢ ᠢᠮᠠᠭᠳᠠ  ᠪᠠᠷᠢᠮᠳᠠᠯᠠᠵᠦ᠂ ︽ᠲᠦᠷᠪᠡᠨ ᠰᠤᠷᠳᠠᠯ︾᠎ ᠢ ᠵᠠᠰᠠᠨ ᠴᠡᠭᠴᠡᠯᠡᠬᠦ ᠶᠢ ᠦᠭᠡᠷᠡᠳᠦᠬᠦᠯᠦᠨ ᠬᠤᠪᠢᠷᠠᠭᠤᠯᠬᠤ ᠦᠬᠡᠢ  ᠪᠠᠶᠢᠬᠤ ᠭᠡᠷᠡᠭᠳᠡᠢ᠃ ᠴᠢᠯᠠᠭᠤᠨ ᠳᠤ ᠮᠦᠷ ᠲᠠᠢ᠂ ᠲᠡᠮᠦᠷ ᠲᠤ ᠤᠷᠤ ᠲᠠᠢ ᠪᠠᠶᠢᠬᠤ ᠵᠤᠷᠢᠭ ᠰᠦᠰᠦ ᠪᠠᠷ ᠵᠠᠰᠠᠭ ᠤᠨ  ᠤᠷᠳᠤᠨ ᠤ ᠲᠤᠰ ᠪᠡᠶ᠎ᠡ ᠶᠢᠨ ᠦᠭᠡᠷᠡᠴᠢᠯᠡᠯᠳᠡ ᠶᠢ ᠳᠦᠯᠬᠢᠨ ᠠᠬᠢᠭᠤᠯᠵᠦ᠂ ᠵᠠᠰᠠᠭ ᠤᠨ ᠤᠷᠳᠤᠨ ᠤ ᠵᠠᠰᠠᠨ  ᠴᠡᠭᠴᠡᠯᠡᠯᠳᠡ ᠶᠢᠨ ᠰᠢᠰᠲ᠋ᠧᠮ ᠪᠤᠯᠤᠨ ᠴᠢᠳᠠᠪᠦᠷᠢ ᠶᠢ ᠳᠠᠰᠤᠷᠠᠯᠳᠠ ᠦᠬᠡᠢ ᠳᠡᠭᠡᠭᠰᠢᠯᠡᠬᠦᠯᠬᠦ ᠭᠡᠷᠡᠭᠳᠡᠢ᠃ ᠡᠨᠡ ︽ ᠳᠤᠯᠤᠭᠠᠨ ᠡᠷᠭᠡᠪᠰᠢ ᠢᠮᠠᠭᠳᠠ ᠪᠠᠷᠢᠮᠳᠠᠯᠠᠬᠤ︾ ᠪᠤᠯ ᠪᠢᠳᠡᠨ ᠤ ᠦᠩᠭᠡᠷᠡᠭᠰᠡᠨ ᠲᠠᠪᠤᠨ ᠵᠢᠯ ᠤᠨ  ᠬᠤᠷᠠᠮᠳᠤᠭᠤᠯᠤᠭᠰᠠᠨ ᠨᠠᠨᠳᠢᠨ ᠳᠤᠷᠰᠢᠯᠭ᠎ᠠ ᠪᠤᠯᠬᠤ ᠮᠦᠷᠲᠡᠭᠡᠨ ᠪᠠᠰᠠᠴᠣ ᠵᠠᠰᠠᠭ ᠤᠨ ᠤᠷᠳᠤᠨ ᠤ ᠬᠤᠶᠢᠰᠢᠳᠠ ᠶᠢᠨ  ᠠᠵᠢᠯ ᠤᠨ ᠴᠢᠬᠤᠯᠠ ᠵᠢᠷᠤᠮᠯᠠᠯ ᠪᠤᠯᠤᠨ᠎ᠠ᠃              ᠦᠩᠭᠡᠷᠡᠭᠰᠡᠨ ᠳᠠᠪᠤᠨ ᠵᠢᠯ ᠤᠨ ᠠᠵᠢᠯ ᠢ ᠨᠠᠷᠢᠨ ᠬᠢᠨᠠᠮᠠᠭᠠᠢ ᠳ᠋ᠦᠩᠨᠡᠬᠦ ᠶᠢᠨ ᠬᠠᠮᠳᠦ᠂ ᠪᠦᠬᠦ ᠬᠤᠰᠢᠭᠤᠨ  ᠎ ᠤ ᠠᠵᠦ ᠠᠬᠤᠢ ᠨᠡᠶᠢᠬᠡᠮ ᠤᠨ ᠬᠦᠭᠵᠢᠯᠳᠡ ᠳᠤ ᠮᠦᠨᠴᠦ ᠮᠠᠰᠢ ᠤᠯᠠᠨ ᠬᠦᠴᠢᠷᠳᠠᠯ ᠪᠠ ᠠᠰᠠᠭᠤᠳᠠᠯ ᠲᠤᠯᠭᠠᠷᠠᠵᠦ  ᠪᠠᠶᠢᠬᠤ ᠶᠢ ᠪᠢᠳᠡ ᠪᠠᠰᠠ ᠰᠡᠷᠭᠡᠭ ᠢᠶᠠᠷ ᠳᠠᠨᠢᠵᠦ ᠤᠯᠬᠤ ᠭᠡᠷᠡᠭᠳᠡᠢ᠃ ᠡᠭᠦᠨ ᠳᠤ ᠭᠤᠤᠯᠳᠠᠭᠤ᠄ ᠠᠵᠦ ᠠᠬᠤᠢ ᠶᠢᠨ  ᠪᠦᠳᠦᠴᠡ ᠨᠢ ᠰᠢᠯᠢᠳᠡᠭ ᠪᠢᠰᠢ᠂ ᠠᠵᠦ ᠦᠢᠯᠡᠰ ᠤᠨ ᠬᠦᠭᠵᠢᠯᠳᠡ ᠳᠡᠩᠴᠡᠬᠦᠷᠢ ᠦᠬᠡᠢ᠂ ᠰᠢᠨ᠎ᠡ ᠶᠢ ᠡᠭᠦᠳᠬᠦ  ᠬᠦᠳᠡᠯᠭᠡᠬᠦ ᠬᠦᠴᠦᠨ ᠬᠦᠷᠦᠯᠴᠡᠬᠦ ᠦᠬᠡᠢ᠂ ᠲᠤᠮᠤ ᠲᠦᠷᠦᠯ ᠵᠦᠢᠯ ᠪᠠ ᠰᠠᠶᠢᠨ ᠲᠦᠷᠦᠯ ᠵᠦᠢᠯ ᠴᠦᠬᠡᠨ ᠪᠠᠶᠢᠬᠤ᠂  ᠲᠤᠮᠳᠠ ᠵᠢᠵᠢᠭ ᠠᠵᠦ ᠠᠬᠤᠶᠢᠯᠠᠯ ᠤᠨ ᠦᠰᠦᠨ ᠪᠤᠶᠢᠵᠢᠯᠳᠠ ᠬᠦᠴᠢᠷ ᠪᠡᠷᠭᠡᠰᠢᠶᠡᠯ ᠲᠠᠢ᠃ ᠠᠵᠦ ᠦᠢᠯᠡᠳᠪᠦᠷᠢ ᠨᠢ  ᠡᠬᠢ ᠪᠡᠶᠠᠯᠢᠭ ᠤᠨ ᠭᠠᠷᠭᠠᠯᠳᠠ ᠳᠤ ᠲᠦᠰᠢᠭᠯᠡᠵᠦ᠂ ᠠᠵᠦ ᠦᠢᠯᠡᠰ ᠤᠨ ᠬᠢᠨᠵᠢ ᠨᠢ ᠤᠬᠤᠷ᠂ ᠠᠴᠢᠶᠠᠯᠠᠪᠦᠷᠢ ᠶᠢᠨ  ᠴᠢᠳᠠᠪᠦᠷᠢ ᠲᠤᠤᠷ᠎ᠠ᠃ ᠰᠤᠶᠤᠯ ᠵᠣᠭᠠᠴᠠᠯ ᠤᠨ ᠠᠵᠦ ᠦᠢᠯᠡᠰ ᠠᠮᠢᠵᠢᠷᠠᠯ ᠤᠨ ᠬᠦᠴᠦᠨ ᠢᠶᠠᠷ ᠪᠠᠭᠤᠷᠠᠢ᠂  ᠦᠢᠯᠡᠴᠢᠯᠡᠭᠡᠨ ᠤ ᠦᠢᠯᠡᠰ ᠤᠨ ᠬᠦᠭᠵᠢᠯᠳᠡ ᠠᠯᠭᠤᠷ ᠤᠳᠠᠭᠠᠨ᠃ ᠡᠳ᠋ ᠤᠨ ᠵᠠᠰᠠᠭ ᠤᠨ ᠤᠷᠤᠯᠭ᠎ᠠ ᠵᠠᠷᠤᠯᠭ᠎ᠠ ᠶᠢᠨ  ᠵᠦᠷᠢᠴᠡᠯ ᠲᠤᠪᠤᠶᠢᠮ᠎ᠠ ᠪᠦᠭᠡᠳ ᠡᠳ᠋ ᠤᠨ ᠵᠠᠰᠠᠭ ᠤᠨ ᠭᠠᠶᠢᠯᠢ ᠶᠢᠨ ᠤᠷᠤᠯᠭ᠎ᠠ ᠶᠢ ᠦᠷᠬᠦᠯᠵᠢᠯᠡᠨ ᠨᠡᠮᠡᠭᠳᠡᠬᠦᠯᠬᠦ  ᠬᠦᠴᠦᠨ ᠢᠶᠠᠷ ᠳᠤᠳᠠᠮᠠᠭ᠃ ᠭᠠᠮᠰᠢᠭ ᠢ ᠰᠡᠷᠭᠡᠶᠢᠯᠡᠨ ᠪᠠᠭᠠᠰᠬᠠᠬᠤ᠂ ᠠᠮᠦᠷ ᠲᠤᠭᠳᠠᠭᠤᠨ ᠪᠠᠶᠢᠯᠭᠠᠬᠤ᠂ ᠠᠮᠢ ᠠᠬᠤᠢ  ᠎ ᠶᠢᠨ ᠤᠷᠴᠢᠨ ᠳᠤᠭᠤᠷᠢᠨ ᠢ ᠬᠠᠮᠠᠭᠠᠯᠠᠬᠤ ᠡᠭᠦᠷᠭᠡ ᠲᠤᠶᠢᠯ ᠤᠨ ᠬᠦᠨᠳᠦ᠃ ᠠᠷᠠᠳ ᠤᠨ ᠠᠮᠢᠳᠤᠷᠠᠯ ᠢ  ᠰᠠᠶᠢᠵᠢᠷᠠᠭᠤᠯᠬᠤ ᠪᠠ ᠨᠡᠶᠢᠬᠡᠮ ᠤᠨ ᠵᠠᠰᠠᠨ ᠴᠡᠭᠴᠡᠯᠡᠯᠳᠡ ᠎ ᠨᠢ ᠠᠷᠠᠳ ᠤᠯᠠᠨ ᠤ ᠬᠦᠰᠡᠯ ᠱᠠᠭᠠᠷᠳᠠᠯᠭ᠎ᠠ ᠠᠴᠠ ᠪᠠᠰᠠ  ᠵᠤᠬᠢᠬᠤ ᠵᠦᠷᠢᠶ᠎ᠡ ᠲᠠᠢ ᠪᠠᠶᠢᠭᠰᠠᠭᠠᠷ᠃ ᠴᠦᠬᠡᠨ ᠲᠤᠭᠠᠨ ᠤ ᠺᠠᠳ᠋ᠷ ᠤᠨ ᠠᠵᠢᠯᠯᠠᠬᠤ ᠤᠪᠤᠷ ᠰᠤᠷᠳᠠᠯ ᠲᠦᠪ ᠪᠤᠰᠤ᠂  ᠤᠷᠤᠭᠰᠢᠯᠠᠨ ᠳᠠᠪᠰᠢᠬᠤ ᠪᠤᠳᠤᠯ ᠰᠡᠳᠬᠢᠯ ᠦᠬᠡᠢ᠂ ᠨᠠᠶᠢᠳᠠᠪᠦᠷᠢᠵᠢᠭᠤᠯᠤᠯᠳᠠ ᠶᠢ ᠲᠦᠯᠬᠢᠨ ᠠᠬᠢᠭᠤᠯᠬᠤ ᠬᠦᠴᠦᠨ  ᠪᠠᠭᠤᠷᠠᠢ ᠪᠠᠶᠢᠵᠦ᠂ ᠰᠢᠨ᠎ᠡ ᠪᠠᠷᠭᠤ ᠪᠠᠷᠠᠭᠤᠨ ᠬᠤᠰᠢᠭᠤᠨ ᠤ ᠬᠦᠭᠵᠢᠯᠳᠡ ᠶᠢ ᠲᠦᠷᠭᠡᠳᠭᠡᠬᠦ ᠳᠤᠯᠭᠠᠮ᠎ᠠ  ᠱᠠᠭᠠᠷᠳᠠᠯᠭ᠎ᠠ ᠲᠠᠢ ᠵᠤᠬᠢᠴᠠᠯᠳᠤᠬᠤ ᠦᠬᠡᠢ᠃ ︽ᠲᠦᠷᠪᠡᠨ ᠰᠤᠷᠳᠠᠯ︾᠎ ᠤᠨ ᠠᠰᠠᠭᠤᠳᠠᠯ ᠢ ᠬᠤᠷᠢᠭᠯᠠᠵᠦ ᠪᠠᠶᠢᠪᠠᠴᠦ  ᠵᠤᠭᠰᠤᠭᠠᠵᠦ ᠳᠡᠶᠢᠯᠬᠦ ᠦᠬᠡᠢ ᠪᠠᠶᠢᠵᠦ᠂ ︽ᠦᠩᠭᠡᠷᠡᠬᠦ ᠭᠠᠯᠠᠭᠤᠨ ᠤ ᠦᠳᠦ ᠶᠢ ᠰᠤᠭᠤᠯᠬᠤ︾ ᠵᠡᠷᠭᠡ ᠰᠠᠬᠢᠯᠭ᠎ᠠ  ᠪᠠᠳᠦ ᠎ ᠶᠢ ᠵᠦᠷᠢᠴᠡᠭᠰᠡᠨ ᠠᠰᠠᠭᠤᠳᠠᠯ ᠮᠦᠨ ᠤᠷᠤᠰᠢᠭᠰᠠᠭᠠᠷ ᠪᠠᠶᠢᠨ᠎ᠠ᠃ ᠡᠭᠦᠨ ᠳᠤ᠂ ᠪᠢᠳᠡ ᠡᠷᠬᠡᠪᠰᠢ  ᠦᠷᠢᠰᠦᠯᠳᠦᠭᠡᠨ ᠳᠤ ᠵᠤᠷᠢᠭᠳᠠᠢ ᠪᠠᠷ ᠬᠠᠨᠳᠤᠨ᠂ ᠵᠤᠷᠢᠭᠳᠠᠢ ᠎ ᠪᠠᠷ ᠬᠠᠷᠢᠭᠤᠴᠠᠯᠭ᠎ᠠ ᠡᠭᠦᠷᠭᠡᠯᠡᠵᠦ᠂ ᠬᠤᠶᠢᠰᠢᠳᠠ ᠶᠢᠨ  ᠠᠵᠢᠯ ᠲᠤᠮᠳᠠ ᠠᠰᠠᠭᠤᠳᠠᠯ ᠤᠨ ᠵᠢᠯᠤᠭᠤᠳᠤᠮᠵᠢ ᠶᠢ ᠪᠠᠷᠢᠮᠳᠠᠯᠠᠨ᠂ ᠠᠩᠬᠠᠷᠤᠯ ᠢᠶᠠᠨ ᠲᠦᠪᠯᠡᠷᠡᠬᠦᠯᠦᠨ ᠠᠰᠠᠭᠤᠳᠠᠯ ᠢ  ᠰᠢᠢᠳᠪᠦᠷᠢᠯᠡᠬᠦ ᠪᠠᠷ ᠬᠦᠴᠦᠯᠡᠨ ᠴᠢᠷᠮᠠᠶᠢᠵᠦ᠂ ᠵᠠᠰᠠᠭ ᠤᠨ ᠤᠷᠳᠤᠨ ᠤ ᠠᠵᠢᠯ ᠢ ᠪᠦᠬᠦ ᠬᠦᠴᠦᠨ ᠢᠶᠠᠷ ᠢᠶᠠᠨ  ᠰᠠᠶᠢᠳᠦᠷ ᠬᠢᠵᠦ᠂ ᠲᠡᠤᠭᠡᠨ ᠡᠭᠦᠷᠭᠡ ᠎ ᠶᠢ ᠭᠤᠳᠤᠭᠠᠬᠤ ᠦᠬᠡᠢ ᠮᠦᠷᠲᠡᠭᠡᠨ ᠠᠷᠠᠳ ᠲᠦᠮᠡᠨ ᠤ ᠬᠦᠨᠳᠦ ᠨᠠᠶᠢᠳᠠᠯᠭ᠎ᠠ  ᠎ ᠶᠢ ᠬᠦᠰᠡᠷᠳᠡᠬᠦᠯᠬᠦ ᠦᠬᠡᠢ ᠪᠠᠷ ᠴᠢᠷᠮᠠᠶᠢᠬᠤ ᠭᠡᠷᠡᠭᠳᠡᠢ᠃
ᠢᠷᠡᠯᠲᠡ᠄ ᠰᠢᠨ᠎ᠡ ᠪᠠᠷᠭᠤ ᠪᠠᠷᠠᠭᠤᠨ ᠬᠤᠰᠢᠭᠤᠨ ᠤ ᠵᠠᠰᠠᠭ ᠤᠨ ᠤᠷᠳᠤᠨ ᠤ ᠤᠷᠴᠢᠭᠤᠯᠭ᠎ᠠ ᠶᠢᠨ ᠲᠤᠪᠴᠢᠶ᠎ᠠ