ᠲᠡᠯᠡᠬᠡᠢ ᠶᠢᠨ ᠬᠠᠮᠤᠭ ᠤᠨ ᠲᠤᠮᠤ ᠲᠡᠩᠬᠡᠯᠢᠭ ᠦᠭᠡᠢ ᠬᠦᠷᠲᠦ ᠠᠯᠪᠠᠨ ᠶᠤᠰᠤᠭᠠᠷ ᠠᠰᠢᠭᠯᠠᠯᠲᠠ ᠳᠤ ᠤᠷᠤᠪᠠ
ᠨᠡᠶᠢᠲᠡᠯᠡᠭᠰᠡᠨ ᠴᠠᠭ᠄
2018/5/21
     ᠱᠠᠨᠳᠦ᠋ᠩ ᠤᠨ ᠸᠧᠢ ᠹᠠᠩ ᠤᠨ ᠪᠢᠨ ᠬᠠᠢ ᠲᠤᠭᠤᠷᠢᠭ ᠤᠨ ᠪᠠᠢ ᠯᠠᠩ ᠭᠤᠤᠯ ᠤᠨ ᠴᠢᠳᠬᠤᠯᠠᠩ ᠤᠨ ᠠᠮᠠᠨ‌‍ᠳᠤ ᠪᠠᠶᠢᠷᠢᠯᠠᠬᠤ ︽ᠪᠦᠧᠧᠬᠠᠢ ᠶᠢᠨ ᠨᠢᠲᠦ︾ ᠬᠡᠮᠡᠭᠲᠡᠭᠰᠡᠨ ᠲᠡᠯᠡᠬᠡᠢ ᠶᠢᠨ ᠬᠠᠮᠤᠭ ᠤᠨ ᠲᠤᠮᠤ ᠲᠡᠩᠬᠡᠯᠢᠭ ᠦᠭᠡᠢ ᠬᠦᠷᠲᠦ 5 ᠰᠠᠷ᠎ᠠ ᠶᠢᠨ 16 ᠤ ᠡᠲᠦᠷ ᠠᠴᠠ ᠡᠬᠢᠯᠡᠨ ᠠᠯᠪᠠᠨ ᠶᠤᠰᠤᠭᠠᠷ ᠠᠰᠢᠭᠯᠠᠯᠲᠠ ᠳᠤ ᠤᠷᠤᠪᠠ᠃ ᠠᠵᠢᠯᠲᠠᠨ ᠤ ᠲᠠᠨᠢᠯᠴᠠᠭᠤᠯᠤᠭᠰᠠᠨ ᠢᠶᠠᠷ ᠡᠨᠡᠬᠦ ᠬᠦᠷᠳᠦ ᠨᠢ ᠬᠦᠬᠦᠷᠭᠡ ᠪᠤᠯᠤᠨ ᠬᠦᠷᠲᠦ ᠪᠠᠷ ᠪᠦᠷᠢᠯᠲᠦᠵᠦ᠂ ᠪᠦᠬᠦ ᠤᠷᠲᠤ ᠨᠢ 540 ᠮᠧᠲᠷ ᠪᠤᠯᠤᠨ᠎ᠠ᠃ ᠬᠦᠷᠲᠦ ᠨᠢ ᠬᠦᠬᠦᠷᠭᠡ ᠶᠢᠨ ᠠᠰ ᠲᠤᠮᠲᠠ ᠨᠢ ᠪᠠᠶᠢᠵᠤ᠂ ᠳ᠋ᠢᠶᠠᠮᠧᠲᠷ ᠨᠢ 125 ᠮᠧᠲᠷ᠂ ᠶᠡᠷᠦᠩᠬᠡᠢ ᠦᠨᠳᠦᠷ ᠨᠢ 145 ᠮᠧᠲᠷ᠂ 36 ᠲᠠᠰᠤᠯᠭ᠎ᠠ ᠸᠠᠭᠤᠨ ᠲᠠᠢ᠂ ᠸᠠᠭᠤᠨ ᠪᠦᠷᠢ ᠳᠤ ᠨᠢ 8 ᠠᠴᠠ 10 ᠬᠦᠮᠦᠨ ᠰᠠᠭᠤᠵᠤ ᠪᠠᠭᠲᠠᠨ᠎ᠠ᠂ ᠪᠦᠲᠦᠨ ᠡᠷᠬᠢᠬᠦ ᠳᠤ ᠪᠠᠷᠤᠭ 30 ᠮᠢᠨᠦ᠋ᠲ ᠬᠡᠷᠡᠭᠰᠡᠬᠦ ᠶᠤᠮ᠃ ᠵᠢᠭᠤᠯᠴᠢᠯᠠᠭᠴᠢᠳ ᠡᠨᠡᠬᠦ ᠬᠦᠷᠲᠦᠨ ᠳᠤ ᠰᠠᠭᠤᠵᠤ ᠲᠠᠯᠠᠢ ᠶᠢᠨ ᠦᠵᠡᠮᠵᠢ ᠰᠤᠨᠢᠷᠬᠠᠬᠤ ᠠᠴᠠ ᠭᠠᠲᠠᠨ᠎ᠠ ᠬᠦᠬᠦᠷᠭᠡᠨ ᠲᠤᠤᠷᠠᠬᠢ ᠲᠤᠭᠯᠠᠭᠠᠮ ᠤᠨ ᠦᠷᠦᠭᠡᠨ ᠳᠤ ᠨᠠᠭᠠᠳᠴᠤ ᠪᠤᠯᠲᠠᠭ᠃
 
ᠢᠷᠡᠯᠲᠡ᠄ ᠲᠤᠮᠲᠠᠲᠤ ᠤᠯᠤᠰ ᠤᠨ ᠰᠤᠨᠢᠨ ᠮᠡᠲᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号