ᠡᠪᠡᠳᠭᠡᠯ ᠦᠭᠡᠢ ᠬᠦᠡᠭᠭᠡᠵᠢᠬᠦᠯᠬᠦ ᠮᠡᠷᠭᠡᠵᠢᠯ ᠶᠠᠭᠠᠬᠢᠬᠤ ᠳᠠᠭᠠᠨ ᠲᠡᠯᠭᠡᠷᠡᠵᠤ ᠲᠡᠶᠢᠯᠬᠦ ᠦᠭᠡᠢ ᠪᠠᠶᠢᠬᠤ ᠪᠤᠢ︖
ᠨᠡᠶᠢᠲᠡᠯᠡᠭᠰᠡᠨ ᠴᠠᠭ᠄
2018/5/21
     ᠤᠳᠤ ᠴᠠᠭ ᠲᠤ᠂ ᠡᠪᠡᠳᠭᠡᠯ ᠦᠭᠡᠢ ᠬᠦᠡᠭᠭᠡᠵᠢᠬᠦᠯᠬᠦ ᠮᠡᠷᠭᠡᠵᠢᠯ ᠨᠢᠭᠡᠨᠲᠡ ᠬᠦᠡᠭᠭᠡᠵᠢᠯᠲᠡ ᠶᠢᠨ ᠵᠤᠪᠠᠭᠤᠷᠢᠯᠠᠯ ᠢ ᠪᠦᠲᠦᠮᠵᠢᠲᠠᠢ  ᠨᠠᠮᠳᠠᠭᠠᠵᠤ ᠲᠡᠶᠢᠯᠬᠦ  ᠪᠤᠯᠵᠠᠢ᠃  ᠬᠡᠪᠡᠴᠦ ᠤᠯᠠᠮᠵᠢᠯᠠᠯᠳᠤ  ᠦᠵᠡᠯ ᠤᠨ ᠬᠢᠵᠠᠭᠠᠷᠯᠠᠯ᠂ ᠮᠢᠨᠴᠦᠬᠦᠷᠡᠬᠦᠯᠬᠦ‌‍ᠴᠢᠳᠠᠪᠤᠷᠢᠲᠠᠨ ᠴᠦᠭᠡᠨ ᠪᠠᠶᠢᠬᠤ᠂ ᠲᠦᠷᠦ ᠶᠢᠨ ᠪᠤᠳᠤᠯᠭ᠎ᠠ ᠲᠡᠬᠦᠯᠳᠡᠷᠵᠢᠭᠡ ᠦᠭᠡᠢ ᠪᠠᠶᠢᠬᠤ ᠵᠡᠷᠭᠡ ᠰᠢᠯᠲᠠᠭᠠᠨ ᠠᠴᠠ  ᠪᠤᠯᠵᠤ᠂ ᠤᠯᠤᠰ ᠤᠨ ᠲᠤᠳᠤᠭᠠᠳᠤ ᠶᠢᠨ ᠡᠪᠡᠳᠭᠡᠯ ᠦᠭᠡᠢ ᠬᠦᠡᠭᠭᠡᠵᠢᠬᠦᠯᠬᠦ ᠨᠤᠷᠮ᠎ᠠ 10% ᠬᠦᠷᠬᠦ ᠦᠭᠡᠢ ᠪᠠᠶᠢᠬᠤ ᠮᠦᠷᠲᠡᠭᠡᠨ ᠵᠡᠬᠦᠨ ᠪᠠᠷᠠᠭᠤᠨ ᠬᠡᠰᠡᠭ᠂ ᠬᠤᠲᠠ ᠬᠦᠲᠡᠭᠡ ᠶᠢᠨ ᠵᠦᠷᠢᠶ᠎ᠡ ᠮᠠᠰᠢ ᠶᠡᠭᠡ ᠪᠠᠶᠢᠭᠰᠠᠭᠠᠷ᠃ ᠲᠤᠰᠬᠠᠢ  ᠮᠡᠷᠭᠡᠵᠢᠯᠲᠡᠨ ᠤ ᠰᠠᠨᠠᠭᠤᠯᠤᠭᠰᠠᠨ‌ᠵᠢᠡᠷ᠂ ᠴᠢᠳᠠᠪᠤᠷᠢᠲᠠᠨ ᠲᠤᠳᠠᠭᠳᠠᠵᠤ ᠪᠠᠶᠢᠬᠤ ᠠᠰᠠᠭᠤᠳᠠᠯ ᠢ ᠰᠢᠢᠳᠪᠤᠷᠢᠯᠡᠵᠤ᠂ ᠮᠢᠨᠴᠦᠬᠦᠷᠡᠬᠦᠯᠦᠭᠴᠢ᠂ ᠬᠦᠡᠭᠭᠡᠵᠢᠬᠦᠯᠦᠭᠴᠢ ᠶᠢᠨ ᠬᠦᠯᠦᠰᠦ‌ᠬᠠᠷᠠᠮᠵᠢ ᠶᠢ ᠰᠠᠶᠢᠵᠢᠷᠠᠭᠤᠯᠬᠤ ᠬᠡᠷᠡᠭᠲᠠᠢ ᠪᠦᠭᠡᠳ  ᠡᠪᠡᠳᠭᠡᠯ  ᠦᠭᠡᠢ  ᠬᠦᠡᠭᠭᠡᠵᠢᠬᠦᠯᠬᠦ  ᠮᠡᠷᠭᠡᠵᠢᠯ ᠢ  ᠦᠨᠳᠦᠰᠦᠨ‌ᠡᠮᠴᠢᠯᠡᠭᠡᠨ ᠤ ᠬᠡᠷᠡᠭᠴᠡᠭᠡ ᠪᠤᠯᠭᠠᠨ ᠪᠤᠳᠤᠯᠬᠢᠯᠠᠵᠤ᠂ ᠡᠮ ᠡᠮᠨᠡᠯᠭᠡ ᠶᠢᠨ ᠲᠠᠭᠠᠳᠬᠠᠯ ᠤᠨ ᠲᠦᠷᠢᠮ ᠳᠤ ᠤᠷᠤᠭᠤᠯᠬᠤ ᠬᠡᠷᠡᠭᠲᠠᠢ᠃          ᠲᠡᠯᠡᠭᠡᠢ ᠲᠡᠭᠡᠷ᠎ᠡ᠂ ᠡᠪᠡᠳᠭᠡᠯ ᠦᠭᠡᠢ ᠬᠦᠡᠭᠭᠡᠵᠢᠬᠦᠯᠬᠦ ᠮᠡᠷᠭᠡᠵᠢᠯ ᠠᠯᠢ  ᠡᠷᠲᠡ  ᠪᠤᠯᠪᠠᠰᠤᠷᠠᠩᠭᠤᠢ ᠪᠤᠯᠵᠤ᠂  ᠵᠠᠷᠢᠮ‌ᠤᠯᠤᠰ ᠤᠨ ᠡᠪᠡᠳᠭᠡᠯ ᠦᠭᠡᠢ ᠬᠦᠡᠭᠭᠡᠵᠢᠬᠦᠯᠬᠦ ᠨᠤᠷᠮ᠎ᠠ ᠨᠢᠭᠡᠨᠲᠡ 90% ᠶᠢ ᠲᠠᠪᠠᠵᠠᠢ᠂ ᠬᠠᠷᠢᠨ ᠮᠠᠨ ᠤ ᠤᠯᠤᠰ ᠲᠤ 10%ᠬᠦᠷᠦᠭᠡᠳᠤᠢ ᠪᠠᠶᠢᠨ᠎ᠠ᠃ ᠬᠦᠡᠭᠭᠡᠵᠢᠯᠲᠡ ᠶᠢᠨ ᠰᠠᠯᠠᠭᠠᠨ ᠤ ᠲᠤᠰᠬᠠᠢ ᠮᠡᠷᠭᠡᠵᠢᠯᠲᠡᠨ ᠤ ᠰᠠᠨᠠᠭᠤᠯᠤᠭᠰᠠᠨ ᠢᠶᠠᠷ᠂ ᠠᠮᠢᠳᠤᠷᠠᠯ ᠤᠨ  ᠰᠠᠶᠢᠵᠢᠷᠠᠯᠲᠠ ᠪᠠ ᠡᠮᠴᠢᠯᠡᠭᠡᠨ ᠤ ᠲᠠᠪᠰᠢᠯᠲᠠ ᠶᠢ  ᠲᠠᠭᠠᠯᠳᠤᠨ ᠡᠮᠡᠭᠲᠠᠶᠢᠴᠤᠳ ᠤᠨ ᠬᠦᠡᠭᠭᠡᠵᠢᠬᠦ  ᠦᠶ᠎ᠡ ᠶᠢᠨ  ᠵᠤᠪᠠᠭᠤᠷᠢᠯᠠᠯ  ᠬᠦᠨᠳᠦᠷᠡᠬᠦ‌ᠬᠠᠨᠳᠤᠰᠢ ᠲᠠᠢ ᠪᠤᠯᠵᠠᠢ᠃ ᠤᠯᠠᠩᠬᠢ ᠵᠢᠷᠮᠦᠰᠦᠨ ᠪᠦᠰᠡᠬᠦ᠋ᠢᠴᠤᠳ ᠤᠨ ᠰᠢᠮ᠎ᠡ ᠲᠡᠵᠢᠭᠡᠯ ᠠᠬᠠᠳᠠᠵᠤ᠂ ᠬᠦᠳᠡᠯᠭᠡᠭᠡᠨ  ᠬᠢᠬᠦ ᠨᠢ ᠪᠠᠭᠠᠰᠴᠦ᠂ ᠨᠡᠩ ᠴᠦ ᠪᠡᠶ᠎ᠡ  ᠶᠢᠨ ᠬᠦᠳᠡᠯᠮᠦᠷᠢ ᠳᠤ ᠤᠷᠤᠯᠴᠠᠬᠤ ᠦᠭᠡᠢ ᠪᠤᠯᠤᠭᠰᠠᠨ ᠤ ᠲᠡᠭᠡᠷ᠎ᠡ ᠬᠦᠮᠦᠰ  ᠶᠡᠷᠦᠨᠢ ᠮᠠᠷᠢᠶᠠᠯᠢᠭ ᠴᠢᠮᠪᠠᠢ ᠬᠡᠦᠭᠡᠳ ᠲᠦᠷᠦᠬᠦᠯᠬᠦ ᠶᠢ ᠬᠦᠰᠡᠳᠡᠭ ᠪᠤᠯᠬᠤᠷ ᠰᠠᠶ᠋ᠶ ᠲᠦᠷᠦᠬᠦ ᠬᠡᠦᠭᠡᠳ ᠤᠨ ᠪᠡᠶ᠎ᠡ ᠪᠢᠯᠳᠠᠷ ᠨᠢ‌‍ᠲ᠋ᠤᠮᠤ  ᠮᠦᠷᠲᠡᠭᠡᠨ‌‍ᠲ᠋ᠤᠯᠤᠭᠠᠢ  ᠶᠢᠨ ᠶᠠᠰᠤᠨ ᠤ ᠬᠢᠨᠢ ᠪᠤᠶᠢᠵᠢᠯᠲᠠ‌ᠨᠢ ᠬᠤᠷᠳᠤᠨ ᠮᠦᠷᠲᠡᠭᠡᠨ ᠤᠯᠠᠮ ᠬᠠᠳᠠᠭᠤ ᠪᠤᠯᠵᠤ ᠪᠠᠶᠢᠨ᠎ᠠ᠂ ᠭᠡᠳᠡᠯ᠎ᠡ‌ᠡᠮᠡᠭᠲᠠᠶᠢᠴᠤᠳ ᠤᠨ ᠠᠭᠠᠷᠴᠠᠭ ᠤᠨ ᠶᠠᠰᠤ ᠨᠢ ᠡᠨᠡ ᠬᠦ ︽ᠬᠤᠪᠢᠰᠤᠯ︾ ᠠᠴᠠ ᠪᠤᠯᠵᠤ ᠲᠤᠮᠤᠷᠠᠳᠠᠭ ᠦᠭᠡᠢ ᠪᠤᠯᠬᠤᠷ ᠬᠦᠡᠭᠭᠡᠵᠢᠬᠦ ᠦᠶ᠎ᠡ ᠳᠤ ᠨᠡᠩ ᠢᠯᠡᠬᠦᠦ ᠵᠤᠪᠠᠭᠤᠷᠢᠯᠠᠬᠤ ᠪᠤᠯᠵᠠᠢ᠃ ᠠᠶᠠᠨᠳᠠᠭᠠᠨ ᠬᠦᠡᠭᠭᠡᠵᠢᠬᠦ ᠶᠢ ᠦᠷᠦᠭᠡᠰᠤᠭᠡᠯ  ᠵᠢᠡᠷ‌‍ᠬᠦ᠋ᠭᠡᠭᠡᠴᠡᠯᠳᠦᠵᠤ᠂ ᠤᠳᠤ ᠦᠶ᠎ᠡ ᠶᠢᠨ ᠡᠮᠨᠡᠯᠭᠡ   ᠶᠢᠨ ᠮᠡᠷᠭᠡᠵᠢᠯ ᠳᠤ ᠲᠦᠰᠢᠭᠯᠡᠬᠦ ᠦᠭᠡᠢ ᠪᠠᠶᠢᠳᠠᠭ ᠨᠢ ᠦᠨᠡᠨ ᠳᠡᠭᠡᠨ ᠬᠦᠡᠭᠭᠡᠵᠢᠬᠦ ᠪᠦᠰᠡᠬᠦ᠋ᠢᠴᠤᠳ ᠤᠨ ᠠᠮᠢ ᠨᠠᠰᠤ ᠪᠠ ᠨᠡᠷ᠎ᠡ ᠬᠦᠨᠳᠤ ᠶᠢ ᠤᠮᠳᠤᠭᠠᠢᠢᠯᠠᠵᠤ ᠪᠠᠶᠢᠭ᠎ᠠ ᠶᠠᠪᠤᠳᠠᠯ ᠮᠦᠨ᠃              ᠭᠠᠭᠴᠠ ᠬᠡᠦᠭᠡᠳ ᠠᠪᠬᠤ ᠲᠦᠷᠦ ᠶᠢᠨ ᠪᠤᠳᠤᠯᠭ᠎ᠠ  ᠵᠢᠴᠢ  ᠬᠦᠡᠭᠭᠡᠵᠢᠯᠲᠡ   ᠶᠢᠨ  ᠵᠤᠪᠠᠭᠤᠷᠢᠯᠠᠯ   ᠠᠴᠠ  ᠪᠤᠯᠵᠤ᠂ᠦᠡᠭᠭᠡᠷᠡᠭᠰᠡᠨ ᠳᠤ ᠮᠠᠨ ᠤ ᠤᠯᠤᠰ ᠤᠨ ᠡᠮᠨᠡᠯᠭᠡ ᠶᠢᠨ ᠬᠤᠷᠢᠶ᠎ᠠ ᠳᠤ ᠮᠡᠰᠡ ᠵᠠᠰᠠᠯ ᠬᠢᠵᠤ ᠬᠦᠡᠭᠭᠡᠵᠢᠬᠦᠯᠬᠦ ᠨᠤᠷᠮ᠎ᠠ 50%  ᠵᠢ‌‍ᠲ᠋ᠠᠪᠠᠵᠤ ᠪᠠᠶᠢᠵᠠᠢ᠃ ᠤᠢᠢᠷ᠎ᠠ ᠶᠢᠨ ᠵᠢᠯ ᠳᠤ᠂ ᠡᠮᠨᠡᠯᠭᠡ ᠶᠢᠨ ᠬᠤᠷᠢᠶ᠎ᠠ ᠠᠴᠠ  ᠠᠪᠤᠭᠠᠳ ᠭᠡᠷ  ᠪᠦᠯᠢ ᠶᠢᠨ ᠬᠢᠨ ᠴᠦᠮ ᠠᠶᠠᠨᠳᠠᠭᠠᠨ ᠬᠦᠡᠭᠭᠡᠵᠢᠬᠦ ᠶᠢ ᠡᠷᠬᠢᠮᠯᠡᠵᠤ᠂ ᠠᠶᠠᠨᠳᠠᠭᠠᠨ ᠬᠦᠡᠭᠭᠡᠵᠢᠬᠦ ᠨᠢ ᠮᠡᠰᠡ  ᠵᠠᠰᠠᠯ ᠤᠨ ᠲᠦᠭᠰᠢᠬᠦᠷᠢ᠂ ᠮᠡᠰᠡ ᠵᠠᠰᠠᠯ ᠬᠢᠭᠰᠡᠨ ᠤ ᠲᠠᠷᠠᠭᠠᠬᠢ ᠢᠯᠠᠷᠢᠰᠢᠯ ᠪᠠ ᠬᠡᠦᠭᠡᠳ‌‍ᠤᠨ ᠪᠤᠶᠢᠵᠢᠯᠲᠠ ᠵᠡᠷᠭᠡ ᠲᠠᠯ᠎ᠠ ᠪᠠᠷ ᠴᠦᠮ ᠲᠠᠪᠠᠭᠤᠯᠢᠭ ᠲᠠᠯ᠎ᠠ ᠲᠠᠢ ᠭᠡᠵᠤ ᠦᠵᠡᠳᠡᠭ ᠪᠤᠯᠵᠤ ᠪᠠᠶᠢᠨ᠎ᠠ᠃ ᠲᠡᠭᠡᠬᠦ ᠳᠤ ᠬᠦᠮᠦᠰ ᠠᠶᠠᠨᠳᠠᠭᠠᠨ ᠬᠦᠡᠭᠭᠡᠵᠢᠬᠦ  ᠶᠢ ᠶᠡᠷᠦ ᠠᠴᠠ ᠮᠢᠨᠴᠦᠬᠦᠷᠡᠬᠦᠯᠬᠦ ᠠᠷᠭ᠎ᠠ᠂ ᠮᠠᠰᠢᠨ‌ᠮᠢᠬᠠᠨᠢᠭ ᠵᠡᠷᠭᠡ ᠳᠤ ᠲᠦᠰᠢᠭᠯᠡᠬᠦ ᠦᠭᠡᠢ ︽ᠴᠤᠯ ᠪᠠᠶᠢᠭᠠᠯᠢᠯᠢᠭ︾ ᠬᠦᠡᠭᠭᠡᠵᠢᠯᠲᠡ ᠭᠡᠵᠤ ᠪᠤᠷᠤᠭᠤ ᠤᠢᠢᠯᠠᠭᠠᠳᠠᠭ᠃               ︽ᠠᠶᠠᠨᠳᠠᠭᠠᠨ ᠭᠡᠳᠡᠭ ᠨᠢ  ᠨᠡᠶᠢᠬᠡᠮ ᠤᠨ ᠬᠦᠭᠵᠢᠯᠲᠡ ᠶᠢᠨ ᠱᠠᠳᠤ ᠦᠶ᠎ᠡ ᠲᠠᠢ ᠵᠤᠬᠢᠴᠠᠭᠰᠠᠨ  ᠪᠠᠶᠢᠬᠤ  ᠬᠡᠷᠡᠭᠲᠠᠢ᠃ᠡᠮᠴᠢᠯᠡᠭᠡᠨ ᠤ ᠮᠡᠷᠭᠡᠵᠢᠯ ᠤᠨ ᠲᠠᠪᠰᠢᠯᠲᠠ ᠨᠢ ᠬᠦᠡᠭᠭᠡᠵᠢᠯᠲᠡ ᠶᠢ ᠨᠡᠩ ᠠᠮᠤᠷ ᠲᠦᠪᠰᠢᠨ᠂ ᠨᠡᠩ ᠵᠤᠪᠠᠭᠤᠷᠢᠯᠠᠯ ᠦᠭᠡᠢ ᠪᠤᠯᠭᠠᠬᠤ‌ᠵᠢᠨ ᠲᠦᠯᠦᠭᠡ ᠶᠤᠮ᠃︾ ᠱᠠᠩᠬᠠᠢ ᠶᠢᠨ ᠨᠢᠭᠡᠳᠦᠭᠡᠷ ᠡᠭᠡ ᠨᠢᠯᠬᠠᠰ ᠤᠨ ᠡᠷᠡᠬᠦᠯᠵᠢᠯ ᠤᠨ ᠬᠤᠷᠢᠶᠠᠨ ᠤ ᠬᠦᠡᠭᠭᠡᠵᠢᠯᠲᠡ ᠶᠢᠨ ᠰᠠᠯᠠᠭᠠᠨ ᠤ ᠡᠷᠬᠢᠯᠡᠭᠴᠢ ᠶᠢᠩ ᠬᠤᠤ ᠶᠢᠨ ᠦᠵᠡᠬᠦ ᠪᠠᠷ᠂ ᠡᠮ ᠢᠶᠠᠷ ᠡᠪᠡᠳᠬᠦ ᠶᠢ ᠵᠤᠭᠰᠤᠭᠠᠵᠤ ᠬᠦᠡᠭᠭᠡᠵᠢᠬᠦᠯᠬᠦ ᠮᠡᠷᠭᠡᠵᠢᠯ ᠢ ᠲᠡᠯᠭᠡᠷᠡᠬᠦᠯᠪᠡᠯ᠂  ᠵᠢᠷᠮᠦᠰᠦᠨ ᠡᠮᠡᠭᠲᠠᠶᠢᠴᠤᠳ ᠤᠨ ᠮᠡᠰᠡ ᠵᠠᠰᠠᠯ  ᠬᠢᠯᠭᠡᠵᠤ ᠬᠦᠡᠭᠭᠡᠵᠢᠬᠦ ᠨᠢ ᠴᠦᠭᠡᠷᠡᠵᠤ᠂  ᠠᠶᠠᠨᠳᠠᠭᠠᠨ‌‍ᠬᠦ᠋ᠡᠭᠭᠡᠵᠢᠬᠦ ᠨᠢ ᠨᠡᠩ ᠤᠯᠠᠨ ᠪᠤᠯᠤᠨ᠎ᠠ᠃              ᠲᠤᠰᠬᠠᠢ ᠮᠡᠷᠭᠡᠵᠢᠯᠲᠡᠨ ᠪᠠᠰᠠ᠂ ᠤᠢᠢᠯᠠᠭᠠᠯᠲᠠ ᠶᠢᠨ ᠲᠠᠯ᠎ᠠ ᠶᠢᠨ ᠠᠳᠡᠬᠦᠷᠡᠯ ᠠᠴᠠ ᠴᠦ ᠵᠠᠶᠢᠯᠠᠰᠬᠢᠬᠦ ᠬᠡᠷᠡᠭᠲᠠᠢ ᠭᠡᠵᠤ ᠰᠠᠨᠠᠭᠤᠯᠵᠤ ᠪᠠᠶᠢᠨ᠎ᠠ᠃ ︽ᠡᠪᠡᠳᠭᠡᠯ ᠦᠭᠡᠢ ᠬᠦᠡᠭᠭᠡᠵᠢᠬᠦᠯᠬᠦ︾ ᠭᠡᠳᠡᠭ ᠨᠢ ᠡᠪᠡᠳᠬᠦ ᠶᠢ ᠨᠠᠮᠳᠠᠭᠠᠬᠤ ᠯᠡ ᠲᠡᠳᠤᠢ᠂ ᠵᠢᠱᠢᠶᠡᠯᠡᠪᠡᠯ ᠡᠸᠦ᠋ᠷᠤᠫᠠᠴᠤᠳ ᠤᠨ ᠬᠢᠨ ︽ᠬᠠᠳᠠᠭᠤ  ᠪᠦᠷᠬᠦᠪᠴᠢ ᠶᠢᠨ ᠭᠠᠳᠠᠨ᠎ᠠ ᠮᠢᠨᠴᠦᠬᠦᠷᠡᠬᠦᠯᠬᠦ︾ ᠪᠠᠷᠢᠮᠵᠢᠶ᠎ᠠ  ᠶᠢ ᠬᠡᠷᠡᠭᠵᠢᠬᠦᠯᠵᠤ ᠪᠠᠶᠢᠨ᠎ᠠ᠂ ᠲᠡᠷᠡ ᠮᠦᠷᠲᠡᠭᠡᠨ ᠵᠤᠬᠢᠬᠤ ᠬᠡᠮᠵᠢᠶᠡᠨ ᠳᠤ ᠡᠪᠡᠳᠬᠦ ᠨᠢ ᠬᠦᠡᠭᠭᠡᠵᠢᠯᠲᠡ ᠳᠤ ᠠᠰᠢᠭᠲᠠᠢ᠃       ᠪᠦᠬᠦ ᠤᠯᠤᠰ ᠤᠨ ᠬᠡᠪᠴᠢᠶᠡᠨ   ᠠᠴᠠ ᠦᠵᠡᠪᠡᠯ᠂  ᠡᠪᠡᠳᠬᠦ   ᠶᠢ ᠵᠤᠭᠰᠤᠭᠠᠵᠤ  ᠬᠦᠡᠭᠭᠡᠵᠢᠬᠦᠯᠬᠦ  ᠮᠡᠷᠭᠡᠵᠢᠯ ‍ᠤᠨ‌ᠠᠰᠢᠭᠯᠠᠯᠲᠠ ᠲᠡᠶᠢᠮᠦ ᠰᠠᠶᠢᠨ ᠪᠢᠰᠢ ᠪᠠᠶᠢᠨ᠎ᠠ᠃ ᠡᠮ ᠢᠶᠠᠷ ᠡᠪᠡᠳᠬᠦ ᠶᠢ ᠵᠤᠭᠰᠤᠭᠠᠵᠤ  ᠬᠦᠡᠭᠭᠡᠵᠢᠬᠦᠯᠬᠦ  ᠮᠡᠷᠭᠡᠵᠢᠯ ᠤᠨ  ᠲᠠᠯ᠎ᠠ ᠪᠠᠷ᠂ ᠲᠤᠷᠤᠨᠠᠳᠤ ᠤᠷᠤᠨ ᠬᠠᠮᠤᠭ ᠤᠨ ᠲᠦᠷᠦᠬᠦᠨ ᠳᠤ ᠤᠷᠤᠵᠤ᠂ ᠪᠠᠷᠤᠭ  30%   ᠶᠢ ᠡᠵᠡᠯᠡᠵᠤ  ᠪᠠᠶᠢᠨ᠎ᠠ︔ ᠤᠮᠠᠷᠠᠳᠤ ᠤᠷᠤᠨ᠂ ᠡᠮᠦᠨᠡᠳᠤ ᠤᠷᠤᠨ ᠪᠠᠷᠤᠭ 10% ᠶᠢ ᠡᠵᠡᠯᠡᠵᠤ ᠪᠠᠶᠢᠨ᠎ᠠ︔ ᠬᠠᠷᠢᠴᠠᠯ  ᠢᠶᠠᠷ ᠬᠠᠮᠤᠭ ᠤᠨ ᠲᠤᠤᠷ᠎ᠠ ᠨᠢ ᠪᠠᠷᠠᠭᠤᠨ ᠬᠤᠶᠢᠳᠤ ᠤᠷᠤᠨ ᠪᠠᠶᠢᠵᠤ᠂ 3% ᠬᠦᠷᠬᠦ ᠦᠭᠡᠢ ᠪᠠᠶᠢᠨ᠎ᠠ᠃
 
ᠢᠷᠡᠯᠲᠡ᠄ ᠠᠷᠠᠤᠨ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号