ᠬᠠᠶᠢᠯᠡᠷ ᠲᠠᠬᠢ ᠨᠢᠬᠡᠳᠤᠬᠡᠷ ᠳᠤᠮᠳᠡᠳᠦ ᠰᠤᠷᠭᠠᠭᠤᠯᠢ ᠶᠢᠨ ᠠᠷᠪᠡᠨ ᠭᠤᠷᠪᠠᠳᠤᠭᠠᠷ ᠬᠤᠭᠤᠴᠠᠭᠠᠨ ᠤ ᠰᠤᠷᠭᠠᠭᠤᠯᠢ ᠶᠢᠨ ᠬᠦᠷᠢᠶᠡᠨ ᠤ ᠰᠤᠶᠤᠯ ᠤᠷᠡᠯᠢᠬ ᠤᠨ ᠨᠠᠶᠢᠷ ᠵᠢᠴᠢ ᠰᠤᠷᠭᠠᠭᠤᠯᠢ ᠶᠢᠨ ᠬᠦᠷᠢᠶᠡᠨ ᠤ ︽ᠰᠢᠨ᠎ᠡ ᠤᠳᠤᠨ︾ ᠳᠠᠭᠤᠤ ᠪᠦᠵᠢᠭ ᠤᠨ ᠰᠢᠢᠳᠪᠦᠷᠢᠳᠦ ᠤᠷᠤᠯᠳᠤᠭᠠᠨ ᠠᠮᠵᠢᠯᠳᠡᠳᠠᠢ ᠶᠠᠪᠤᠬᠳᠡᠯ᠎ᠠ
ᠨᠡᠶᠢᠲᠡᠯᠡᠭᠰᠡᠨ ᠴᠠᠭ᠄
2018/5/25
      5 ᠰᠠᠷ᠎ᠡ ᠶᠢᠨ 25 ᠤ ᠤᠷᠤᠢ᠂ ᠰᠤᠷᠭᠠᠭᠤᠯᠢ ᠪᠠᠶᠢᠭᠤᠯᠤᠬᠳᠡᠬᠰᠡᠨ 95 ᠵᠢᠯ ᠤᠨ ᠤᠢ ᠶᠢᠨ ᠳᠠᠰᠢᠷᠡᠮ ᠢᠶᠠᠷ᠂ ᠬᠠᠶᠢᠯᠡᠷ ᠲᠠᠬᠢ ᠨᠢᠬᠡᠳᠤᠬᠡᠷ ᠳᠤᠮᠳᠡᠳᠦ ᠰᠤᠷᠭᠠᠭᠤᠯᠢ ᠶᠢᠨ ᠠᠷᠪᠡᠨ ᠭᠤᠷᠪᠠᠳᠤᠭᠠᠷ ᠬᠤᠭᠤᠴᠠᠭᠠᠨ ᠤ ᠰᠤᠷᠭᠠᠭᠤᠯᠢ ᠶᠢᠨ ᠬᠦᠷᠢᠶᠡᠨ ᠤ ᠰᠤᠶᠤᠯ ᠤᠷᠡᠯᠢᠬ ᠤᠨ ᠨᠠᠶᠢᠷ ᠵᠢᠴᠢ ᠰᠤᠷᠭᠠᠭᠤᠯᠢ ᠶᠢᠨ ᠬᠦᠷᠢᠶᠡᠨ ᠤ ︽ᠰᠢᠨ᠎ᠡ ᠤᠳᠤᠨ︾ ᠳᠠᠭᠤᠤ ᠪᠦᠵᠢᠭ ᠤᠨ ᠰᠢᠢᠳᠪᠦᠷᠢᠳᠦ ᠤᠷᠤᠯᠳᠤᠭᠠᠨ ᠲᠤᠰ ᠰᠤᠷᠭᠠᠭᠤᠯᠢ ᠶᠢᠨ ᠶᠤᠰᠤᠯᠠᠯ ᠤᠨ ᠳᠠᠩᠬᠢᠮ ᠳᠤ ᠠᠮᠵᠢᠯᠳᠡᠳᠠᠢ ᠶᠠᠪᠤᠬᠳᠡᠪᠠ᠃ ᠳᠤᠰ ᠤᠳᠠᠭᠠᠨ ᠤ ᠰᠤᠷᠭᠠᠭᠤᠯᠢ ᠶᠢᠨ ᠬᠦᠷᠢᠶᠡᠨ ᠤ ᠰᠤᠶᠤᠯ ᠤᠷᠡᠯᠢᠬ ᠤᠨ ᠨᠠᠶᠢᠷ ᠵᠢᠴᠢ ︽ᠰᠢᠨ᠎ᠡ ᠤᠳᠤᠨ︾ ᠳᠠᠭᠤᠤ ᠪᠦᠵᠢᠭ ᠤᠨ ᠰᠢᠢᠳᠪᠦᠷᠢᠳᠦ ᠤᠷᠤᠯᠳᠤᠭᠠᠨ ᠨᠢ ᠰᠤᠷᠭᠠᠭᠤᠯᠢ ᠶᠢᠨ ᠬᠦᠷᠢᠶᠡᠨ ᠤ ᠰᠤᠶᠤᠯ ᠤᠨ ᠪᠠᠶᠢᠭᠤᠯᠤᠯᠳᠡ ᠶᠢ ᠪᠠᠶᠠᠯᠢᠬᠵᠢᠭᠤᠯᠵᠦ᠂ ᠰᠤᠷᠭᠠᠭᠤᠯᠢ ᠶᠢᠨ ᠬᠦᠷᠢᠶᠡᠨ ᠤ ᠵᠠᠯᠠᠭᠤᠴᠤᠳ ᠤᠨ ᠢᠳᠡᠬᠡᠯ ᠵᠤᠷᠢᠬ ᠪᠠ ᠤᠷ᠎ᠡ ᠠᠪᠢᠶᠠᠰ ᠤᠨ ᠳᠠᠪᠠᠭᠤᠯᠢᠬ ᠢ ᠬᠦᠢᠴᠡᠳ ᠢᠯᠡᠷᠡᠬᠦᠯᠵᠦ᠂ ᠰᠤᠷᠭᠠᠭᠤᠯᠢ ᠶᠢᠨ ᠢᠶᠠᠨ ᠰᠤᠶᠤᠯ ᠤᠨ ᠤᠨᠴᠠᠯᠢᠬ ᠪᠠ ᠰᠤᠶᠤᠯ ᠤᠨ ᠤᠯᠡᠨ ᠶᠠᠩᠵᠦᠳᠦ ᠴᠢᠨᠡᠷ ᠢ ᠳᠤᠰᠬᠠᠵᠦ᠂ ᠰᠤᠷᠤᠬᠴᠢᠳ ᠤᠨ ᠪᠦᠬᠦ ᠳᠠᠯ᠎ᠡ ᠶᠢᠨ ᠬᠦᠭᠵᠢᠯᠳᠡ ᠶᠢ ᠳᠦᠯᠬᠢᠨ ᠠᠬᠢᠭᠤᠯᠬᠤ ᠪᠠᠷ ᠵᠤᠷᠢᠯᠳᠡ ᠪᠤᠯᠭᠠᠵᠦ᠂ ︽ᠦᠨᠳᠦᠰᠦᠳᠡᠨ ᠤ ᠰᠤᠶᠤᠯ ᠢᠶᠠᠨ ᠤᠯᠡᠮᠵᠢᠯᠡᠵᠦ᠂ ᠰᠤᠷᠭᠠᠭᠤᠯᠢ ᠡᠷᠬᠢᠯᠡᠭᠰᠡᠨ ᠤᠨᠴᠠᠯᠢᠬ ᠢᠶᠠᠨ ᠢᠯᠡᠷᠡᠬᠦᠯᠬᠦ︾ ᠪᠠᠷ ᠭᠤᠤᠯ ᠰᠡᠳᠦᠪ ᠪᠤᠯᠭᠠᠵᠠᠢ᠃      ᠳᠤᠰ ᠤᠳᠠᠭᠠᠨ ᠤ ᠰᠤᠷᠭᠠᠭᠤᠯᠢ ᠶᠢᠨ ᠬᠦᠷᠢᠶᠡᠨ ᠤ ᠨᠠᠶᠢᠷ ᠲᠤ᠂ ᠬᠠᠶᠢᠯᠡᠷ ᠲᠠᠬᠢ ᠨᠢᠬᠡᠳᠤᠬᠡᠷ ᠳᠤᠮᠳᠡᠳᠦ ᠰᠤᠷᠭᠠᠭᠤᠯᠢ ᠶᠢᠨ ᠨᠠᠮ ᠤᠨ ᠬᠤᠷᠢᠶᠠᠨ ᠤ ᠱᠦᠵᠢ ᠬᠦᠭᠵᠢᠯ ᠰᠤᠷᠭᠠᠭᠤᠯᠢ ᠪᠠᠶᠢᠭᠤᠯᠤᠬᠳᠠᠬᠰᠡᠨ 95 ᠵᠢᠯ ᠤᠨ ᠳᠤᠷᠰᠢᠬᠢ ᠰᠤᠷᠭᠠᠭᠤᠯᠢ ᠶᠢᠨ ᠬᠦᠷᠢᠶᠡᠨ ᠤ ᠦᠬᠡᠷᠡᠴᠢᠯᠡᠯᠳᠡ ᠬᠦᠭᠵᠢᠯᠳᠡ᠂ ᠪᠠᠭᠰᠢ ᠰᠤᠷᠤᠬᠴᠢᠳ ᠤᠨ ᠬᠤᠭᠤᠷᠤᠳᠦᠬᠢ ᠬᠠᠶᠢᠷ᠎ᠡ ᠰᠡᠳᠬᠢᠯᠬᠡ᠂ ᠰᠤᠷᠭᠠᠭᠤᠯᠢ ᠶᠢᠨ ᠢᠷᠡᠬᠡᠳᠦᠢ ᠶᠢᠨ ᠰᠤᠷᠭᠠᠨ ᠬᠦᠮᠦᠵᠢᠯ ᠪᠠ ᠦᠬᠡᠷᠡᠴᠢᠯᠡᠯᠳᠡ ᠶᠢᠨ ᠠᠤᠭ᠎ᠠ ᠳᠦᠰᠦᠪ ᠤᠨ ᠳᠤᠬᠠᠢ ᠶᠡᠷᠢᠶ᠎ᠡ ᠳᠠᠯᠪᠢᠵᠠᠢ᠃ ᠰᠢᠢᠳᠪᠦᠷᠢᠳᠦ ᠤᠷᠤᠯᠳᠤᠭᠠᠨ ᠨᠢ ᠬᠠᠮᠳᠦ ᠶᠢᠨ ᠳᠠᠭᠤᠤ᠂ ᠬᠦᠭᠵᠢᠮ᠂ ᠭᠤᠴᠤᠯᠠᠯ ᠪᠦᠵᠢᠭ᠂ ᠬᠠᠮᠳᠦ ᠶᠢᠨ ᠪᠦᠵᠢᠭ ᠵᠡᠷᠭᠡ ᠲᠦᠷᠪᠡᠨ ᠠᠭᠤᠯᠭ᠎ᠠ ᠪᠠᠷ ᠲᠤᠭᠤᠢᠢᠯᠠᠩ ᠬᠤᠪᠢᠶᠠᠨ ᠬᠤᠷᠴᠡ ᠰᠢᠷᠦᠬᠦᠨ ᠶᠠᠪᠤᠬᠳᠡᠪᠠ᠃      ᠤᠢᠢᠯᠠᠭᠠᠬᠰᠡᠨ ᠢᠶᠠᠷ᠂ ︽ᠰᠢᠨ᠎ᠡ ᠤᠳᠤᠨ︾ ᠰᠢᠢᠳᠪᠦᠷᠢᠳᠦ ᠤᠷᠤᠯᠳᠤᠭᠠᠨ ᠨᠢ ᠬᠠᠶᠢᠯᠡᠷ ᠲᠠᠬᠢ ᠨᠢᠬᠡᠳᠤᠬᠡᠷ ᠳᠤᠮᠳᠡᠳᠦ ᠰᠤᠷᠭᠠᠭᠤᠯᠢ ᠶᠢᠨ 4 ᠰᠠᠷ᠎ᠡ ᠶᠢᠨ 13 — 6 ᠰᠠᠷ᠎ᠡ ᠶᠢᠨ 15 ᠤ ᠡᠳᠦᠷ ᠪᠤᠯᠳᠠᠯ᠎ᠠ ᠶᠠᠪᠤᠬᠳᠠᠬᠤ ᠠᠷᠪᠡᠨ ᠨᠢᠬᠡᠳᠤᠬᠡᠷ ᠬᠤᠭᠤᠴᠠᠭᠠᠨ ᠤ ︽ᠡᠷᠬᠦᠨ᠎ᠡ ᠬᠤᠨ ᠬᠤᠨᠳᠠᠭᠠᠳᠦ︾ ᠦᠨᠳᠦᠰᠦᠳᠡᠨ ᠤ ᠳᠠᠭᠤᠤ ᠪᠦᠵᠢᠭ ᠤᠨ ᠦᠵᠡᠬᠦᠯᠦᠯᠬᠡ ᠶᠢᠨ ᠰᠢᠷᠢᠰ ᠠᠵᠢᠯᠯᠠᠭ᠎ᠠ ᠶᠢᠨ ᠨᠢᠬᠡ ᠠᠭᠤᠯᠭ᠎ᠠ ᠪᠤᠯᠤᠨ᠎ᠡ᠃                                  ᠵᠣᠬᠢᠶᠠᠭᠴᠢ᠄ ᠬᠠᠰᠡᠷᠳᠡᠨᠢ᠂ ᠰᠢᠨ᠎ᠠ
 
ᠢᠷᠡᠯᠲᠡ᠄ ᠬᠦᠯᠤᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号