ᠲᠠᠯᠠᠢ ᠰᠤᠮᠤᠨ ᠤ ᠨᠤᠳᠤᠭ ᠤᠨ ᠡᠮᠤᠨ᠎ᠡ ᠵᠠᠬ᠎ᠠ ᠳᠤ ᠬᠢ ᠬᠦᠯᠤᠨ ᠨᠠᠭᠤᠷ ᠤᠨ ᠬᠦᠪᠡᠬᠡᠨ ᠤ ᠬᠠᠨᠠᠨ ᠬᠠᠳᠠᠨ ᠠᠴᠠ ᠲᠤᠳᠤᠭᠰᠢ ᠠᠷᠪᠠᠭᠠᠤᠨ ᠮᠧᠲᠷ ᠵᠠᠶᠢᠳᠠᠢ | ᠨᠠᠭᠤᠷ ᠤᠨ ᠤᠰᠤᠨ ᠲᠤᠳᠤᠷ᠎ᠠ ᠦᠨᠳᠤᠷ ᠢᠶᠠᠷ ᠢᠶᠠᠨ ᠠᠷᠪᠠᠭᠠᠤᠨ ᠮᠧᠲᠷ ᠲᠤᠭᠤᠷᠢᠭ ᠤᠨ ᠬᠡᠮᠵᠢᠶ᠎ᠡ 15 ᠮᠧᠲᠷ ᠤᠷᠴᠢᠮ᠂ ᠲᠡᠭᠡᠬᠦᠷ ᠢᠶᠠᠨ ᠨᠠᠷᠢᠪᠳᠤᠷ᠂ ᠲᠤᠤᠭᠤᠷ | ᠢᠶᠠᠨ ᠪᠦᠳᠤᠬᠦᠪᠳᠤᠷ ᠪᠤᠰᠤᠭ᠎ᠠ ᠬᠠᠳᠠ ᠪᠠᠶᠢᠳᠠᠭ᠃ ᠡᠨᠡ ᠨᠢ ᠲᠠᠷᠤᠢ ᠤᠯᠠᠮᠵᠢᠯᠠᠯ ᠶᠠᠷᠢᠶᠠᠨ ᠳᠤ ᠭᠠᠷᠳᠠᠭ ︽ᠴᠢᠩᠬᠢᠰ ᠤᠨ ᠮᠤᠷᠢᠨ ᠤ ᠤᠶᠠᠭ᠎ᠠ︾ ᠪᠤᠯᠤᠨ᠎ᠠ᠃ | ᠡᠷᠳᠡᠨ ᠤ ᠬᠦᠮᠤᠰ ᠪᠠ ᠬᠦᠯᠤᠭ᠌ ᠮᠤᠷᠢᠤᠨ ᠤᠨ ᠬᠢᠨᠢ ᠪᠡᠶ᠎ᠡ ᠪᠢᠯᠳᠠᠷ ᠤᠳᠤ ᠶᠢᠨ ᠬᠦᠮᠤᠰ ᠪᠠ ᠤᠨᠤᠭ᠎ᠠ ᠬᠦᠯᠤᠭ᠌ ᠢ ᠪᠤᠳᠤᠪᠠᠯ ᠬᠦᠳᠡᠷ ᠪᠦᠳᠤᠬᠦᠨ ᠪᠠᠶᠢᠵᠤ ᠪᠤᠯᠬᠤ | ᠪᠤᠯᠪᠠᠴᠤ ᠡᠨᠡ ᠬᠦ ᠦᠨᠳᠤᠷ ᠪᠦᠳᠤᠬᠦᠨ ᠬᠠᠳᠠᠨ ᠳᠤ ᠠᠷᠠᠢ ᠴᠦ ᠮᠤᠷᠢ ᠤᠶᠠᠬᠤ ᠪᠤᠯᠤᠮᠵᠢ ᠦᠬᠡᠢ ᠰᠢᠭ ᠰᠠᠨᠠᠭᠳᠠᠨ᠎ᠠ᠃ ᠬᠠᠷᠢᠨ ᠴᠢᠩᠬᠢᠰ ᠬᠠᠭᠠᠨ ᠠᠶᠠᠨ ᠲᠠᠶᠢᠨ | ᠬᠢᠵᠤ᠂ ᠨᠠᠭᠠᠰᠢ ᠴᠠᠭᠠᠰᠢ ᠦᠩᠬᠡᠷᠡᠬᠦ ᠳᠤ ᠪᠠᠨ ᠬᠦᠯᠤᠨ ᠨᠠᠭᠤᠷ ᠤᠨ ᠬᠦᠪᠡᠬᠡᠨ ᠳᠤ᠂ ᠡᠨᠡ ᠬᠦ ᠪᠤᠰᠤᠭ᠎ᠠ ᠬᠠᠳᠠᠨ ᠤ ᠲᠡᠷᠭᠡᠳᠡ ᠪᠠᠭᠤᠳᠠᠯᠯᠠᠨ ᠰᠡᠷᠢᠬᠦᠴᠡᠵᠤ᠂ | ᠴᠡᠷᠢᠭ ᠮᠤᠷᠢ ᠪᠠᠨ ᠠᠮᠠᠷᠠᠭᠤᠯᠵᠤ᠂ ᠠᠭᠳᠠ ᠬᠦᠯᠤᠭ᠌ ᠢᠶᠠᠨ ᠤᠮᠳᠠᠯᠠᠵᠤ ᠶᠠᠪᠤᠭᠰᠠᠨ ᠨᠢ ᠤᠷᠤ ᠲᠠᠢ ᠪᠠᠶᠢᠵᠤ ᠪᠤᠯᠬᠤ ᠪᠦᠬᠡᠤᠨ ᠬᠤᠵᠢᠮ ᠬᠤᠶᠢᠴᠢ ᠶᠢᠨ ᠬᠦᠮᠤᠨ᠂ | ᠡᠵᠡᠨ ᠴᠢᠩᠬᠢᠰ ᠤᠨ ᠠᠯᠳᠠᠷ ᠭᠠᠪᠢᠶ᠎ᠠ ᠶᠢ ᠲᠤᠷᠠᠰᠬᠠᠬᠤ ᠶᠢᠨ ᠲᠦᠯᠤᠬᠡ ᠡᠷᠳᠡᠨ ᠤ ᠰᠤᠶᠤᠯ ᠤᠨ ᠤᠯᠠ ᠮᠦᠷ ᠪᠤᠯᠤᠭᠰᠠᠨ ᠡᠨᠡ ᠪᠤᠰᠤᠭ᠎ᠠ ᠬᠠᠳᠠ ᠶᠢ ︽ᠴᠢᠩᠬᠢᠰ | ᠤᠨ ᠮᠤᠷᠢᠨ ᠤ ᠤᠶᠠᠭ᠎ᠠ︾ ᠬᠡᠰᠡᠨ ᠦᠯᠢᠬᠡᠷ ᠲᠤᠮᠤᠭ ᠮᠡᠳᠤ ᠦᠶ᠎ᠡ ᠲᠠᠮᠵᠢᠭᠰᠠᠨ ᠤᠯᠠᠮᠵᠢᠯᠠᠯ ᠶᠠᠷᠢᠶ᠎ᠠ ᠪᠤᠢ᠃ ᠡᠬᠦᠨᠴᠢᠯᠡᠨ ᠬᠦᠯᠤᠨ ᠨᠠᠭᠤᠷ ᠤᠨ ᠡᠮᠤᠨ᠎ᠡ ᠵᠠᠬ᠎ᠠ | ᠤᠷᠱᠤᠨ ᠭᠤᠤᠯ ᠤᠨ ᠪᠠᠷᠠᠭᠤᠨ ᠲᠡᠨᠵᠢᠨ ᠲᠡᠭᠡᠷ᠎ᠡ ᠦᠨᠳᠤᠷ ᠢᠶᠠᠷ ᠢᠶᠠᠨ1.88 ᠮᠧᠲᠷ ᠤᠨ ᠬᠡᠮᠵᠢᠶ᠎ᠡ ᠪᠦᠬᠦᠢ ᠰᠠᠭᠤᠯᠭᠠᠭᠰᠠᠨ ᠴᠢᠯᠠᠭᠤ ᠪᠠᠶᠢᠳᠠᠭ ᠪᠦᠬᠡᠤᠨ ᠬᠦᠮᠤᠰ | ᠲᠡᠬᠦᠨ ᠢ ᠪᠠᠰᠠ ︽ᠴᠢᠩᠬᠢᠰ ᠬᠠᠭᠠᠨ ᠤ ᠮᠤᠷᠢᠨ ᠤ ᠠᠷᠭᠠᠮᠵᠢᠶ᠎ᠠ︾ ᠬᠡᠳᠡᠭ ᠪᠠᠶᠢᠭᠰᠠᠨ᠃ ᠠᠳᠡ ᠵᠦᠪᠬᠡᠨ ᠴᠤᠬᠤᠰ ᠲᠤᠷᠠᠳᠤᠭᠠᠤᠨ ᠤᠷᠬᠢᠶ᠎ᠠ᠃ | ᠵᠤᠭᠠᠴᠠᠯ ᠤᠨ ᠦᠢᠯᠡᠰ ᠢ ᠬᠦᠭᠵᠢᠬᠦᠯᠬᠦ ᠶᠢᠨ ᠲᠦᠯᠤᠬᠡ ᠰᠢᠨ᠎ᠡ ᠪᠠᠷᠭᠤ ᠪᠠᠷᠠᠭᠤᠨ ᠬᠤᠰᠢᠭᠤᠨ ᠤ ᠠᠷᠠᠤᠨ ᠤᠨ ᠵᠠᠰᠠᠭ ᠤᠨ ᠤᠷᠳᠤᠨ ᠠᠴᠠ ᠠᠶᠠᠯᠠᠨ | ᠵᠤᠭᠠᠴᠠᠭᠰᠠᠤᠨ ᠲᠤ ᠵᠤᠷᠢᠭᠤᠯᠵᠤ᠂ ︽ᠴᠢᠩᠬᠢᠰ ᠤᠨ ᠮᠤᠷᠢᠨ ᠤ ᠤᠶᠠᠭ᠎ᠠ︾ ᠬᠠᠪᠢ ᠳᠤ ᠬᠢ ᠲᠡᠭᠡᠭᠰᠢ ᠬᠠᠳᠠᠨ ᠲᠡᠭᠡᠷ᠎ᠡ ᠰᠤᠪᠤᠷᠭᠠᠨ ᠬᠡᠯᠪᠡᠷᠢᠳᠡᠢ ᠰᠡᠷᠢᠬᠦᠴᠡᠬᠦ | ᠲᠠᠭᠳᠤ ᠪᠠᠶᠢᠵᠤ᠂ ᠴᠠᠭᠠᠰᠢᠳᠠ ᠦᠷᠬᠡᠤᠬᠡᠨ ᠪᠠᠶᠢᠭᠤᠯᠬᠤ ᠪᠠᠷ ᠲᠦᠰᠤᠪᠯᠡᠵᠤ ᠪᠤᠢ ᠲᠤᠯᠠ ᠵᠢᠯ ᠪᠦᠷᠢ ᠶᠢᠨ ᠵᠤᠨ ᠤ ᠨᠠᠶᠢᠷᠳᠠᠢ ᠰᠠᠶᠢᠬᠠᠨ ᠤᠯᠠᠷᠢᠯ ᠳᠤ ᠬᠤᠯᠠ | ᠤᠶᠢᠷ᠎ᠠ ᠶᠢᠨ ᠠᠶᠠᠯᠠᠨ ᠵᠤᠭᠠᠴᠠᠭᠰᠠᠤᠨ ᠠᠳᠡ ᠢᠷᠡᠵᠤ ᠬᠦᠯ ᠬᠦᠭᠵᠢᠶᠡᠨ ᠪᠤᠯᠳᠠᠭ ᠪᠢᠯᠡ᠃ | 1988 ᠤᠨ ᠤ 6 ᠳ᠋ᠤᠭᠠᠷ ᠰᠠᠷ᠎ᠠ ᠶᠢᠨ 27 ᠤ ᠡᠳᠤᠷ᠂ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠲᠡᠷᠢᠬᠦᠯᠡᠭᠴᠢ ᠪᠦᠬᠡ᠂ ᠬᠦᠯᠤᠨ ᠪᠤᠶᠢᠷ | ᠠᠶᠢᠮᠠᠭ ᠲᠤ ᠢᠷᠡᠵᠤ ᠰᠢᠨᠵᠢᠯᠡᠨ ᠪᠠᠶᠢᠴᠠᠭᠠᠬᠤ ᠦᠶ᠎ᠡ ᠳᠤ ᠪᠠᠨ ᠬᠦᠯᠤᠨ ᠨᠠᠭᠤᠷ ᠢ ᠲᠤᠭᠤᠷᠢᠨ ᠪᠠᠶᠢᠴᠠᠭᠠᠭᠰᠠᠨ ᠪᠦᠬᠡᠤᠨ ︽ᠲᠠᠯᠠᠢ ᠨᠠᠭᠤᠷ ᠤᠨ ᠴᠢᠩᠬᠢᠰ ᠤᠨ | ᠮᠤᠷᠢᠨ ᠤ ᠤᠶᠠᠭ᠎ᠠ︾ ᠬᠡᠮᠡᠬᠦ ᠨᠢᠬᠡ ᠪᠠᠳᠠᠭ ᠪᠢᠴᠢᠵᠤ ᠲᠤᠷᠠᠰᠬᠠᠨ ᠦᠯᠡᠳᠡᠭᠡᠭᠰᠡᠨ ᠢ ᠠᠳᠡ ᠣᠤᠡᠬᠠᠴᠢᠯᠠᠨ ᠰᠡᠶᠢᠷᠡᠬᠦᠯᠪᠡᠯ᠄ | ᠬᠦᠳᠡᠭᠡ ᠲᠠᠯ᠎ᠠ ᠶᠢᠨ ᠲᠡᠭᠷᠢ ᠪᠠᠭᠠᠨᠠᠳᠠᠭᠰᠠᠨ ᠲᠤᠯᠭᠠᠭᠤᠷᠢ | ᠬᠦᠯᠤᠨ ᠨᠠᠭᠤᠷ ᠤᠨ ᠰᠡᠯᠡᠮ᠎ᠡ ᠮᠡᠳᠤ ᠤᠷᠬᠢᠯ | ᠦᠷᠯᠤᠭ᠌ ᠴᠢᠩᠬᠢᠰ ᠤᠨ ᠲᠠᠶᠢᠨ ᠤ ᠠᠭᠳᠠ ᠤᠮᠤᠭᠯᠠᠩ | ᠦᠨᠤᠴᠢᠨ ᠤᠶᠠᠭ᠎ᠠ ᠵᠠᠭᠤᠨ ᠵᠠᠭᠤᠨ ᠢᠶᠠᠷ ᠡᠵᠡᠬᠦᠢ᠃ |