ᠬᠡᠷᠤᠯᠤᠨ ᠰᠤᠮᠤ
ᠨᠡᠶᠢᠲᠡᠯᠡᠭᠰᠡᠨ ᠴᠠᠭ᠄
2018/5/31
     ᠬᠡᠷᠤᠯᠤᠨ ᠰᠤᠮᠤᠨ ᠤ ᠣᠤᠯ ᠤᠨ ᠠᠶᠢᠯ ᠡᠷᠤᠬᠡ ᠨᠦᠭᠦᠳ ᠨᠢ ᠬᠦᠪᠡᠬᠡᠳᠤ ᠤᠯᠠᠭᠠᠨ ᠬᠤᠰᠢᠭᠤᠨ ᠤ ᠵᠠᠢ ᠰᠤᠮᠤᠨ ᠤ ᠵᠤᠨ ᠭᠤᠤᠯ ᠪᠠᠶᠢᠵᠤ᠂ 1947 ᠤᠨ ᠳᠤ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠪᠠᠶᠢᠭᠤᠯᠤᠭᠳᠠᠵᠤ᠂ ᠬᠦᠯᠤᠨ ᠪᠤᠶᠢᠷ ᠤᠨ ᠭᠠᠵᠠᠷ ᠤᠷᠤᠨ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠳᠤ ᠬᠠᠷᠢᠶᠠᠯᠠᠭᠳᠠᠵᠤ᠂ ᠰᠢᠨ᠎ᠡ ᠪᠠᠷᠭᠤ ᠪᠠᠷᠠᠭᠤᠨ ᠬᠤᠰᠢᠭᠤ ᠶᠢ ᠣᠤᠯ ᠤᠨ ᠲᠦᠷᠪᠡᠨ ᠬᠤᠰᠢᠭᠤ ᠠᠷᠪᠠᠨ ᠬᠤᠶᠠᠷ ᠰᠤᠮᠤ ᠪᠠᠶᠢᠭᠰᠠᠨ ᠢ ᠦᠬᠡᠷᠡᠴᠢᠯᠡᠨ ᠲᠠᠪᠤᠨ ᠰᠤᠮᠤ ᠪᠤᠯᠭᠠᠬᠤ ᠳᠤ ᠤᠳᠤ ᠶᠢᠨ ᠬᠡᠷᠤᠯᠤᠨ ᠰᠤᠮᠤᠨ ᠤ ᠵᠤᠨ ᠨᠢ ᠬᠡᠷᠤᠯᠤᠨ ᠤᠷᠳᠤ ᠰᠤᠮᠤᠨ ᠳᠤ ᠬᠠᠷᠢᠶᠠᠯᠠᠭᠳᠠᠵᠠᠢ᠃      ᠬᠡᠷᠤᠯᠤᠨ ᠰᠤᠮᠤᠨ ᠤ ᠨᠤᠳᠤᠭ ᠲᠤ ᠠᠰᠢᠭᠯᠠᠯᠳᠠ ᠳᠤ ᠤᠷᠤᠵᠤ ᠪᠠᠶᠢᠭ᠎ᠠ ᠬᠠᠶᠢᠯᠤᠭᠤᠷ ᠵᠤᠩᠰᠢ ᠶᠢᠨ ᠠᠭᠤᠷᠬᠠᠢ ᠪᠠᠶᠢᠨ᠎ᠠ᠃ ᠨᠡᠷᠡᠳᠤ ᠰᠠᠶᠢᠨ ᠬᠤᠷᠤᠬᠠᠶᠢᠳᠤ ᠶᠢᠨ ᠷᠠᠰᠢᠶᠠᠨ ᠪᠠᠶᠢᠨ᠎ᠠ᠃      ᠲᠤᠰ ᠰᠤᠮᠤᠨ ᠤ ᠨᠡᠷᠡᠶᠢᠳᠤᠯ ᠢ ᠬᠡᠷᠤᠯᠤᠨ ᠭᠤᠤᠯ ᠤᠨ ᠨᠡᠷ᠎ᠡ ᠪᠠᠷ ᠨᠡᠷᠡᠯᠡᠭᠰᠡᠨ ᠪᠠᠶᠢᠵᠠᠢ᠃      ᠬᠡᠷᠤᠯᠤᠨ ᠰᠤᠮᠤᠨ ᠤ ᠨᠤᠳᠤᠭ ᠲᠤ ᠠᠭᠤᠯᠠ ᠤᠪᠤᠭ᠎ᠠ 17᠂ ᠨᠠᠭᠤᠷ ᠲᠤᠭᠤᠷᠢᠮ 35᠂ ᠪᠤᠯᠠᠭ ᠲᠠᠭᠠᠴᠠ 5 ᠵᠡᠷᠬᠡ 308 ᠭᠠᠵᠠᠷ ᠤᠨ ᠨᠡᠷᠡᠰ ᠪᠦᠷᠢᠤᠡᠬᠡᠭᠳᠡᠵᠡᠢ᠃
 
ᠢᠷᠡᠯᠲᠡ᠄ ᠰᠢᠨ᠎ᠡ ᠪᠠᠷᠭᠤ ᠪᠠᠷᠠᠭᠤᠨ ᠬᠤᠰᠢᠭᠤᠨ ᠤ ᠵᠠᠰᠠᠭ ᠤᠨ ᠤᠷᠳᠤᠨ ᠤ ᠤᠷᠴᠢᠭᠤᠯᠭ᠎ᠠ ᠶᠢᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号