ᠨᠠᠷᠠᠨᠮᠠᠨᠳᠤᠯ᠎ᠠ᠄ ᠰᠢᠨᠵᠢᠯᠡᠬᠦ ᠤᠬᠠᠭᠠᠨ ᠮᠡᠷᠭᠡᠵᠢᠯ ᠢᠶᠠᠷ ᠲᠡᠵᠢᠭᠡᠵᠤ ᠠᠷᠠᠴᠢᠯᠠᠨ ᠮᠠᠯᠴᠢᠨ ᠲᠥᠮᠡᠨ ᠳᠤ ᠵᠤᠯ ᠵᠢᠷᠭᠠᠯᠳᠤ ᠠᠮᠢᠳᠤᠷᠠᠯ ᠡᠳ᠋ᠯᠡᠬᠦᠯᠬᠦ ᠪᠠᠷ ᠴᠢᠷᠮᠠᠶᠢᠨ᠎ᠠ
ᠨᠡᠶᠢᠲᠡᠯᠡᠭᠰᠡᠨ ᠴᠠᠭ᠄
2018/5/31
     ᠰᠢᠨ᠎ᠡ ᠪᠠᠷᠭᠤ ᠪᠠᠷᠠᠭᠤᠨ ᠬᠤᠰᠢᠭᠤᠨ ᠳᠤ᠂ 26 ᠵᠢᠯ ᠮᠠᠯ ᠤᠨ ᠬᠢᠵᠢᠭ ᠭᠡᠮ ᠢ ᠡᠮᠨᠡᠨ ᠵᠠᠰᠠᠵᠤ᠂ ᠴᠠᠭᠠᠷᠠᠭᠰᠠᠨ ᠮᠡᠷᠭᠡᠵᠢᠯ ᠪᠤᠯᠤᠨ ᠬᠠᠯᠠᠰᠢᠷᠠᠯ ᠥᠭᠡᠢ ᠵᠢᠳᠬᠦᠬᠦ ᠠᠵᠢᠯ ᠤᠨ ᠬᠡᠪ ᠰᠤᠷᠳᠠᠯ ᠢᠶᠠᠷ ᠢᠶᠠᠨ ᠥᠷᠭᠡᠨ ᠤᠯᠠᠨ ᠮᠠᠯᠴᠢᠨ ᠲᠥᠮᠡᠨ ᠳᠡᠭᠡᠨ ᠲᠠᠭᠠᠰᠢᠶᠠᠭᠳᠠᠭᠰᠠᠨ ᠮᠠᠯ ᠤᠨ ᠡᠮᠴᠢ ᠪᠠᠶᠢᠳᠠᠭ᠂ ᠡᠨᠡ ᠬᠥᠮᠤᠨ ᠪᠤᠯ ᠳᠠᠷᠤᠢ ᠰᠢᠨ᠎ᠡ ᠪᠠᠷᠭᠤ ᠪᠠᠷᠠᠭᠤᠨ ᠬᠤᠰᠢᠭᠤᠨ ᠤ ᠠᠩᠬᠠᠳᠤᠭᠠᠷ ᠬᠤᠭᠤᠴᠠᠭᠠᠨ ᠤ ︽ᠬᠡᠷᠤᠯᠤᠨ ᠤ ᠴᠢᠳᠠᠪᠤᠷᠢᠳᠠᠨ︾ ᠤ ᠰᠢᠯᠭᠠᠷᠠᠭᠤᠯᠤᠯᠳᠠ ᠳᠤ ᠲᠤᠰᠬᠠᠢ ᠮᠡᠷᠭᠡᠵᠢᠯ ᠤᠨ ᠲᠥᠷᠤᠯ ᠤᠨ ᠴᠢᠳᠠᠪᠤᠷᠢᠳᠠᠨ ᠢᠶᠠᠷ ᠥᠨᠡᠯᠡᠭᠳᠡᠭᠰᠡᠨ ᠨᠠᠷᠠᠨᠮᠠᠨᠳᠤᠯ᠎ᠠ ᠪᠤᠯᠤᠨ᠎ᠠ᠃ ᠮᠠᠯᠴᠢᠳ ᠤᠨ ᠵᠢᠯ ᠤᠨ ᠤᠷᠤᠯᠭ᠎ᠠ ᠲᠠᠢ ᠬᠤᠯᠪᠤᠭᠳᠠᠬᠤ ᠲᠥᠯ ᠲᠤᠰᠴᠤ ᠪᠤᠶᠢᠵᠢᠭᠤᠯᠬᠤ ᠡᠷᠢᠨ ᠪᠤᠯᠤᠭᠰᠠᠨ ᠪᠤᠯᠬᠤᠷ ᠨᠠᠷᠠᠨᠮᠠᠨᠳᠤᠯ᠎ᠠ ᠴᠤ ᠤᠨᠠᠭᠰᠠᠨ ᠮᠠᠯᠠᠭᠠᠢ ᠪᠠᠨ ᠠᠪᠬᠤ ᠵᠠᠪ ᠥᠭᠡᠢ ᠶᠠᠭᠠᠷᠠᠵᠤ ᠡᠬᠢᠯᠡᠯ᠎ᠡ᠃ ᠲᠡᠷᠡ ᠡᠨᠡ ᠡᠳᠤᠷ ᠬᠤᠶᠠᠷ ᠮᠠᠯᠴᠢᠨ ᠠᠶᠢᠯ ᠢᠶᠠᠷ ᠬᠥᠷᠬᠦ ᠤᠴᠢᠷ ᠲᠠᠢ ᠪᠤᠯᠤᠭᠰᠠᠨ ᠪᠤᠯᠬᠤᠷ ᠰᠤᠷᠪᠤᠯᠵᠢᠯᠠᠭᠴᠢ ᠲᠡᠭᠦᠨ ᠢ ᠳᠠᠭᠠᠵᠤ ᠠᠯᠠᠰᠢᠨ ᠬᠤᠨᠢᠨ ᠤ ᠡᠭᠦᠯᠲᠡᠷ ᠰᠠᠶᠢᠵᠢᠷᠠᠭᠤᠯᠬᠤ ᠲᠤᠷᠰᠢᠯᠳᠠ ᠶᠢᠨ ᠡᠷᠤᠬᠡ᠂ ᠬᠡᠷᠤᠯᠤᠨ ᠰᠤᠮᠤᠨ ᠤ ᠪᠠᠶᠠᠨ ᠭᠠᠴᠠᠭ᠎ᠠ ᠶᠢᠨ ᠮᠠᠯᠴᠢᠨ ᠭᠥᠢ ᠬᠤᠸᠠ ᠶᠢᠨ ᠬᠢᠨ ᠳᠤ ᠬᠦᠷᠦᠯ᠎ᠠ᠃ ᠡᠨᠡ ᠪᠤᠯ ᠪᠠᠷᠭᠤ ᠬᠤᠨᠢ ᠶᠢ ᠳᠤ ᠪᠦᠸᠧ ᠬᠤᠨᠢ ᠪᠤᠯᠤᠨ ᠠᠦ᠋ᠰᠳ᠋ᠷᠠᠯᠢᠶ᠎ᠠ ᠶᠢᠨ ᠴᠠᠭᠠᠨ ᠬᠤᠨᠢ ᠲᠠᠢ ᠡᠷᠯᠢᠰᠵᠢᠭᠦᠯᠦᠭᠰᠨᠨ ᠬᠤᠷᠠᠭ᠎ᠠ ᠪᠤᠯᠤᠨ᠎ᠠ᠂ 2017 ᠤᠨ ᠳᠤ ᠨᠠᠷᠠᠨᠮᠠᠨᠳᠤᠯ᠎ᠠ ᠶᠢᠨ ᠵᠢᠭᠠᠨ ᠵᠢᠯᠤᠭᠤᠳᠤᠯᠭ᠎ᠠ ᠪᠠᠷ ᠠᠯᠠᠰᠢᠨ ᠬᠤᠨᠢᠨ ᠤ ᠡᠭᠦᠯᠲᠡᠷ ᠢ ᠰᠠᠶᠢᠵᠢᠷᠠᠭᠤᠯᠵᠠᠢ᠃ ᠡᠭᠦᠯᠲᠡᠷ ᠰᠠᠶᠢᠵᠢᠷᠠᠭᠤᠯᠤᠭᠰᠠᠨ ᠬᠤᠷᠠᠭ᠎ᠠ ᠶᠢ ᠭᠠᠳᠠᠷ ᠪᠠᠶᠢᠳᠠᠯ ᠠᠴᠠ ᠨᠢ ᠥᠵᠡᠬᠦ ᠳᠤ ᠨᠤᠳᠤᠭ ᠤᠨ ᠬᠤᠷᠠᠭ᠎ᠠ ᠲᠠᠢ ᠠᠳᠠᠯᠢ ᠥᠭᠡᠢ᠂ ᠪᠤᠶᠢᠵᠢᠯᠳᠠ ᠨᠢ ᠮᠠᠰᠢ ᠲᠥᠷᠭᠡᠨ᠃ ᠡᠭᠦᠯᠳᠡᠷ ᠰᠠᠶᠢᠵᠢᠷᠠᠭᠤᠯᠤᠭᠰᠠᠨ ᠬᠤᠨᠢᠨ ᠤ ᠲᠤᠭ᠎ᠠ ᠨᠡᠮᠡᠭᠳᠡᠬᠦ ᠶᠢ ᠳᠠᠭᠠᠯᠳᠤᠨ ᠮᠠᠯᠴᠢᠳ ᠤᠨ ᠤᠷᠤᠯᠭ᠎ᠠ ᠴᠤ ᠮᠡᠳᠡᠭᠳᠡᠮ᠎ᠡ ᠳᠡᠭᠡᠭᠰᠢᠯᠡᠭᠰᠡᠨ ᠪᠠᠶᠢᠨ᠎ᠠ ᠭᠡᠵᠤ ᠭᠥᠢ ᠬᠤᠸᠠ ᠰᠤᠷᠪᠤᠯᠵᠢᠯᠠᠭᠴᠢ ᠳᠤ ᠶᠠᠷᠢᠨ᠎ᠠ᠃ ᠨᠠᠷᠠᠨᠮᠠᠨᠳᠤᠯ᠎ᠠ᠂ ᠡᠨᠡ ᠵᠢᠯ ᠤᠨ ᠪᠢᠳᠡᠨ ᠤ ᠭᠤᠤᠯ ᠠᠵᠢᠯ ᠪᠤᠯ ᠬᠥᠯᠤᠨ ᠪᠤᠶᠢᠷ ᠬᠤᠨᠢ ᠶᠢ ᠪᠤᠶᠢᠵᠢᠭᠤᠯᠬᠤ ᠪᠤᠯᠤᠨ᠎ᠠ᠂ ᠬᠤᠰᠢᠭᠤᠨ ᠳᠠᠭᠠᠨ ᠪᠢᠳᠡ ᠬᠤᠴᠠ ᠲᠡᠵᠢᠭᠡᠬᠦ ᠰᠠᠭᠤᠷᠢᠨ ᠭᠠᠵᠠᠷ ᠢ 11 ᠪᠠᠶᠢᠭᠤᠯᠤᠨ᠎ᠠ᠂ ᠡᠳᠡᠭᠡᠷ ᠰᠠᠭᠤᠷᠢᠨ ᠭᠠᠵᠠᠷ ᠶᠡᠷᠤᠩᠬᠡᠢ ᠲᠥᠷᠤᠯ ᠵᠦᠢᠯ ᠤᠨ ᠨᠥᠬᠦᠪᠤᠷᠢ ᠶᠢᠨ ᠬᠡᠯᠪᠡᠷᠢ ᠪᠠᠷ ᠮᠠᠯᠴᠢᠳ ᠲᠤ 2000 — 3000 ᠬᠤᠴᠠ ᠬᠠᠨᠭ᠍ᠭᠠᠨ᠂ ᠲᠤᠰ ᠭᠠᠵᠠᠷ ᠤᠨ ᠬᠤᠨᠢᠨ ᠤ ᠡᠭᠦᠯᠳᠡᠷ ᠢ ᠰᠠᠶᠢᠵᠢᠷᠠᠭᠤᠯᠵᠤ᠂ ᠮᠢᠬᠠᠨ ᠤ ᠶᠠᠰᠤ ᠴᠢᠨᠠᠷ᠂ ᠭᠠᠷᠤᠯᠳᠠ ᠶᠢᠨ ᠬᠡᠮᠵᠢᠶ᠎ᠡ ᠶᠢ ᠳᠡᠭᠡᠭᠰᠢᠯᠡᠭᠦᠯᠤᠨ᠂ ᠮᠠᠯᠴᠢᠳ ᠲᠤ ᠠᠰᠢᠭ ᠲᠤᠰᠠ ᠬᠥᠷᠲᠡᠭᠡᠬᠦ ᠪᠤᠯᠤᠨ᠎ᠠ ᠭᠡᠵᠤ ᠬᠡᠯᠡᠯ᠎ᠡ᠃ ᠡᠭᠦᠨ ᠲᠠᠢ ᠠᠳᠠᠯᠢ ᠠᠰᠢᠭ ᠲᠤᠰᠠ ᠬᠥᠷᠲᠡᠭᠰᠡᠳ ᠤᠨ ᠳᠤᠳᠤᠷ᠎ᠠ ᠪᠠᠰᠠ ᠬᠡᠷᠤᠯᠤᠨ ᠰᠤᠮᠤᠨ ᠤ ᠬᠡᠷᠤᠯᠤᠨ ᠭᠠᠴᠠᠭ᠎ᠠ ᠶᠢᠨ ᠮᠠᠯᠴᠢᠨ ᠪᠢᠰᠢᠷᠡᠯᠳᠤ ᠶᠢᠨ ᠬᠢᠨ ᠭᠡᠵᠤ ᠪᠠᠶᠢᠳᠠᠭ᠂ ᠲᠡᠳᠡᠨ ᠤ ᠬᠢᠨ ᠪᠤᠯ ᠬᠥᠯᠤᠨ ᠪᠤᠶᠢᠷ ᠬᠤᠨᠢᠨ ᠤ ᠬᠤᠴᠠ ᠲᠡᠵᠢᠭᠡᠬᠦ ᠳᠠᠯᠠᠪᠠᠢ ᠪᠤᠯᠤᠨ ᠥᠷᠡᠵᠢᠭᠦᠯᠬᠦ ᠰᠠᠭᠤᠷᠢᠨ ᠭᠠᠵᠠᠷ ᠤᠨ ᠨᠢᠭᠡ ᠪᠤᠯᠬᠤ ᠶᠤᠮ᠃ 2016 ᠤᠨ ᠳᠤ᠂ ᠨᠠᠷᠠᠨᠮᠠᠨᠳᠤᠯ᠎ᠠ ᠶᠢᠨ ᠵᠢᠭᠠᠨ ᠵᠢᠯᠤᠭᠤᠳᠤᠯᠭ᠎ᠠ ᠳᠤᠤᠷ᠎ᠠ᠂ ᠲᠡᠳᠡᠨ ᠤ ᠬᠢᠨ 286 ᠡᠮ᠎ᠡ ᠬᠤᠨᠢᠨ ᠳᠠᠭᠠᠨ ᠡᠭᠦᠯᠳᠡᠷ ᠰᠠᠶᠢᠵᠢᠷᠠᠭᠤᠯᠬᠤ ᠬᠡᠬᠡᠯᠳᠤᠬᠦᠯᠭᠡ ᠬᠢᠵᠡᠢ᠃ 2017 ᠤᠨ ᠳᠤ ᠪᠢᠰᠢᠷᠡᠯᠳᠤ ᠶᠢᠨ ᠬᠢᠨ 228 ᠲᠥᠯ ᠲᠤᠰᠴᠤ᠂ ᠲᠥᠯ ᠲᠤᠰᠤᠭᠰᠠᠨ ᠨᠤᠷᠮ᠎ᠠ 80% ᠬᠥᠷᠪᠡ᠃ ᠨᠠᠷᠠᠨᠮᠠᠨᠳᠤᠯ᠎ᠠ ᠳᠤ ᠠᠪᠴᠤ ᠬᠡᠯᠡᠪᠡᠯ ᠰᠢᠨᠵᠢᠯᠡᠬᠦ ᠤᠬᠠᠭᠠᠨ ᠮᠡᠷᠭᠡᠵᠢᠯ ᠢᠶᠠᠷ ᠮᠠᠯ ᠠᠵᠤ ᠠᠬᠤᠢ ᠶᠢᠨ ᠬᠠᠮᠤᠭ ᠶᠡᠭᠡ ᠥᠷ᠎ᠡ ᠠᠰᠢᠭ ᠢ ᠡᠭᠦᠳᠴᠤ᠂ ᠮᠠᠯᠴᠢᠳ ᠤᠨ ᠤᠷᠤᠯᠭ᠎ᠠ ᠶᠢ ᠨᠡᠮᠡᠭᠳᠡᠭᠦᠯᠬᠦ ᠪᠤᠯ ᠲᠡᠭᠦᠨ ᠤ ᠬᠠᠮᠤᠭ ᠠᠴᠠ ᠠᠩᠬᠠᠷᠤᠯ ᠲᠡᠯᠪᠢᠳᠠᠭ ᠪᠥᠭᠡᠳ ᠴᠢᠷᠮᠠᠶᠢᠨ ᠵᠢᠳᠬᠦᠬᠦ ᠴᠢᠭᠯᠡᠯ ᠪᠤᠯᠬᠤ ᠶᠤᠮ᠃ ᠨᠠᠷᠠᠨᠮᠠᠨᠳᠤᠯ᠎ᠠ᠄ ︽ᠬᠤᠶᠢᠰᠢᠳᠠ ᠪᠢᠳᠡ ᠮᠠᠯᠴᠢᠳ ᠲᠤ ᠨᠡᠩ ᠰᠠᠶᠢᠨ ᠢᠶᠠᠷ ᠤᠢᠢᠯᠡᠴᠢᠯᠡᠨ᠂ ᠲᠡᠳᠡᠨ ᠤ ᠤᠷᠤᠯᠭ᠎ᠠ ᠶᠢ ᠨᠡᠮᠡᠭᠳᠡᠭᠦᠯᠬᠦ ᠶᠢᠨ ᠬᠠᠮᠳᠤ ᠨᠤᠳᠤᠭ ᠪᠡᠯᠴᠢᠭᠡᠷ ᠢᠶᠠᠨ ᠰᠠᠶᠢᠳᠤᠷ ᠬᠠᠮᠠᠭᠠᠯᠠᠨ᠎ᠠ︾ ᠭᠡᠵᠤ ᠶᠠᠷᠢᠨ᠎ᠠ᠃ ᠨᠠᠷᠠᠨᠮᠠᠨᠳᠤᠯ᠎ᠠ ᠶᠢᠨ ᠴᠢᠷᠮᠠᠶᠢᠯᠭ᠎ᠠ ᠪᠤᠯᠤᠨ ᠳᠠᠶᠢᠴᠢᠯᠠᠭ᠎ᠠ ᠪᠠᠷ᠂ ᠤᠳᠤ ᠤᠯᠠᠮ ᠠᠴᠠ ᠤᠯᠠᠨ ᠮᠠᠯᠴᠢᠳ ᠥᠵᠡᠯ ᠤᠬᠠᠮᠰᠠᠷ ᠢᠶᠠᠨ ᠬᠤᠪᠢᠷᠠᠭᠤᠯᠤᠨ᠂ ᠤᠳᠤ ᠥᠶ᠎ᠡ ᠶᠢᠨ ᠮᠠᠯ ᠠᠵᠤ ᠠᠬᠤᠢ ᠵᠨ ᠬᠥᠭᠵᠢᠯᠲᠡ ᠲᠠᠢ ᠢᠳᠡᠪᠢᠲᠡᠢ ᠪᠠᠷ ᠵᠤᠬᠢᠴᠠᠵᠤ᠂ ᠮᠠᠯ ᠤᠨ ᠡᠭᠦᠯᠳᠡᠷ ᠢᠶᠠᠨ ᠰᠠᠶᠢᠵᠢᠷᠠᠭᠤᠯᠬᠤ ᠶᠢ ᠰᠠᠨᠠᠭᠠᠴᠢᠯᠠᠳᠠᠭ ᠪᠤᠯᠤᠭᠰᠠᠨ ᠪᠥᠭᠡᠳ ᠨᠠᠷᠠᠨᠮᠠᠨᠳᠤᠯ᠎ᠠ ᠴᠤ ᠮᠠᠯᠴᠢᠳ ᠤᠨ ᠬᠥᠷᠢᠶᠡᠯᠡᠯ ᠲᠠᠭᠠᠰᠢᠶᠠᠯ ᠢ ᠤᠯᠤᠭᠰᠠᠨ ᠮᠠᠯ ᠠᠵᠤ ᠠᠬᠤᠢ ᠶᠢᠨ ᠰᠢᠨᠵᠢᠯᠡᠬᠦ ᠤᠬᠠᠭᠠᠨ ᠮᠡᠷᠭᠡᠵᠢᠯ ᠤᠨ ᠵᠢᠯᠤᠭᠤᠳᠤᠭᠴᠢ ᠪᠠᠭᠰᠢ ᠪᠤᠯᠤᠯ᠎ᠠ᠃
 
ᠢᠷᠡᠯᠲᠡ᠄ ᠬᠦᠯᠤᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号