ᠴᠢᠩᠬᠢᠰ ᠤᠨ ᠮᠤᠷᠢᠨ ᠤᠶᠠᠭ᠎ᠠ
ᠨᠡᠶᠢᠲᠡᠯᠡᠭᠰᠡᠨ ᠴᠠᠭ᠄
2018/5/31
     ᠲᠠᠯᠠᠢ ᠰᠤᠮᠤᠨ ᠤ ᠨᠤᠳᠤᠭ ᠤᠨ ᠡᠮᠤᠨ᠎ᠡ ᠵᠠᠬ᠎ᠠ ᠳᠤ ᠬᠢ ᠬᠦᠯᠤᠨ ᠨᠠᠭᠤᠷ ᠤᠨ ᠬᠦᠪᠡᠬᠡᠨ ᠤ ᠬᠠᠨᠠᠨ ᠬᠠᠳᠠᠨ  ᠠᠴᠠ ᠲᠤᠳᠤᠭᠰᠢ ᠠᠷᠪᠠᠭᠠᠤᠨ ᠮᠧᠲᠷ ᠵᠠᠶᠢᠳᠠᠢ ᠨᠠᠭᠤᠷ ᠤᠨ ᠤᠰᠤᠨ ᠲᠤᠳᠤᠷ᠎ᠠ ᠦᠨᠳᠤᠷ ᠢᠶᠠᠷ ᠢᠶᠠᠨ ᠠᠷᠪᠠᠭᠠᠤᠨ ᠮᠧᠲᠷ ᠲᠤᠭᠤᠷᠢᠭ ᠤᠨ ᠬᠡᠮᠵᠢᠶ᠎ᠡ 15 ᠮᠧᠲᠷ ᠤᠷᠴᠢᠮ᠂ ᠲᠡᠭᠡᠬᠦᠷ ᠢᠶᠠᠨ ᠨᠠᠷᠢᠪᠳᠤᠷ᠂ ᠲᠤᠤᠭᠤᠷ ᠢᠶᠠᠨ ᠪᠦᠳᠤᠬᠦᠪᠳᠤᠷ ᠪᠤᠰᠤᠭ᠎ᠠ ᠬᠠᠳᠠ ᠪᠠᠶᠢᠳᠠᠭ᠃ ᠡᠨᠡ ᠨᠢ ᠲᠠᠷᠤᠢ ᠤᠯᠠᠮᠵᠢᠯᠠᠯ ᠶᠠᠷᠢᠶᠠᠨ ᠳᠤ ᠭᠠᠷᠳᠠᠭ ︽ᠴᠢᠩᠬᠢᠰ ᠤᠨ ᠮᠤᠷᠢᠨ ᠤ ᠤᠶᠠᠭ᠎ᠠ︾ ᠪᠤᠯᠤᠨ᠎ᠠ᠃ ᠡᠷᠳᠡᠨ ᠤ ᠬᠦᠮᠤᠰ ᠪᠠ ᠬᠦᠯᠤᠭ᠌ ᠮᠤᠷᠢᠤᠨ ᠤᠨ ᠬᠢᠨᠢ ᠪᠡᠶ᠎ᠡ ᠪᠢᠯᠳᠠᠷ ᠤᠳᠤ ᠶᠢᠨ ᠬᠦᠮᠤᠰ ᠪᠠ ᠤᠨᠤᠭ᠎ᠠ ᠬᠦᠯᠤᠭ᠌ ᠢ ᠪᠤᠳᠤᠪᠠᠯ ᠬᠦᠳᠡᠷ ᠪᠦᠳᠤᠬᠦᠨ ᠪᠠᠶᠢᠵᠤ ᠪᠤᠯᠬᠤ ᠪᠤᠯᠪᠠᠴᠤ ᠡᠨᠡ ᠬᠦ ᠦᠨᠳᠤᠷ ᠪᠦᠳᠤᠬᠦᠨ ᠬᠠᠳᠠᠨ ᠳᠤ ᠠᠷᠠᠢ ᠴᠦ ᠮᠤᠷᠢ ᠤᠶᠠᠬᠤ ᠪᠤᠯᠤᠮᠵᠢ ᠦᠬᠡᠢ ᠰᠢᠭ ᠰᠠᠨᠠᠭᠳᠠᠨ᠎ᠠ᠃ ᠬᠠᠷᠢᠨ ᠴᠢᠩᠬᠢᠰ ᠬᠠᠭᠠᠨ ᠠᠶᠠᠨ ᠲᠠᠶᠢᠨ ᠬᠢᠵᠤ᠂ ᠨᠠᠭᠠᠰᠢ ᠴᠠᠭᠠᠰᠢ ᠦᠩᠬᠡᠷᠡᠬᠦ ᠳᠤ ᠪᠠᠨ ᠬᠦᠯᠤᠨ ᠨᠠᠭᠤᠷ ᠤᠨ ᠬᠦᠪᠡᠬᠡᠨ ᠳᠤ᠂ ᠡᠨᠡ ᠬᠦ ᠪᠤᠰᠤᠭ᠎ᠠ ᠬᠠᠳᠠᠨ ᠤ ᠲᠡᠷᠭᠡᠳᠡ ᠪᠠᠭᠤᠳᠠᠯᠯᠠᠨ ᠰᠡᠷᠢᠬᠦᠴᠡᠵᠤ᠂ ᠴᠡᠷᠢᠭ ᠮᠤᠷᠢ ᠪᠠᠨ ᠠᠮᠠᠷᠠᠭᠤᠯᠵᠤ᠂ ᠠᠭᠳᠠ ᠬᠦᠯᠤᠭ᠌ ᠢᠶᠠᠨ ᠤᠮᠳᠠᠯᠠᠵᠤ ᠶᠠᠪᠤᠭᠰᠠᠨ ᠨᠢ ᠤᠷᠤ ᠲᠠᠢ ᠪᠠᠶᠢᠵᠤ ᠪᠤᠯᠬᠤ ᠪᠦᠬᠡᠤᠨ ᠬᠤᠵᠢᠮ ᠬᠤᠶᠢᠴᠢ ᠶᠢᠨ ᠬᠦᠮᠤᠨ᠂ ᠡᠵᠡᠨ ᠴᠢᠩᠬᠢᠰ ᠤᠨ ᠠᠯᠳᠠᠷ ᠭᠠᠪᠢᠶ᠎ᠠ ᠶᠢ ᠲᠤᠷᠠᠰᠬᠠᠬᠤ ᠶᠢᠨ ᠲᠦᠯᠤᠬᠡ ᠡᠷᠳᠡᠨ ᠤ ᠰᠤᠶᠤᠯ ᠤᠨ ᠤᠯᠠ ᠮᠦᠷ ᠪᠤᠯᠤᠭᠰᠠᠨ ᠡᠨᠡ ᠪᠤᠰᠤᠭ᠎ᠠ ᠬᠠᠳᠠ ᠶᠢ ︽ᠴᠢᠩᠬᠢᠰ ᠤᠨ ᠮᠤᠷᠢᠨ ᠤ ᠤᠶᠠᠭ᠎ᠠ︾ ᠬᠡᠰᠡᠨ ᠦᠯᠢᠬᠡᠷ ᠲᠤᠮᠤᠭ ᠮᠡᠳᠤ ᠦᠶ᠎ᠡ ᠲᠠᠮᠵᠢᠭᠰᠠᠨ ᠤᠯᠠᠮᠵᠢᠯᠠᠯ ᠶᠠᠷᠢᠶ᠎ᠠ ᠪᠤᠢ᠃ ᠡᠬᠦᠨᠴᠢᠯᠡᠨ ᠬᠦᠯᠤᠨ ᠨᠠᠭᠤᠷ ᠤᠨ ᠡᠮᠤᠨ᠎ᠡ ᠵᠠᠬ᠎ᠠ ᠤᠷᠱᠤᠨ ᠭᠤᠤᠯ  ᠤᠨ ᠪᠠᠷᠠᠭᠤᠨ ᠲᠡᠨᠵᠢᠨ ᠲᠡᠭᠡᠷ᠎ᠡ ᠦᠨᠳᠤᠷ ᠢᠶᠠᠷ ᠢᠶᠠᠨ1.88 ᠮᠧᠲᠷ ᠤᠨ ᠬᠡᠮᠵᠢᠶ᠎ᠡ ᠪᠦᠬᠦᠢ ᠰᠠᠭᠤᠯᠭᠠᠭᠰᠠᠨ ᠴᠢᠯᠠᠭᠤ ᠪᠠᠶᠢᠳᠠᠭ ᠪᠦᠬᠡᠤᠨ ᠬᠦᠮᠤᠰ ᠲᠡᠬᠦᠨ ᠢ ᠪᠠᠰᠠ ︽ᠴᠢᠩᠬᠢᠰ ᠬᠠᠭᠠᠨ ᠤ ᠮᠤᠷᠢᠨ ᠤ ᠠᠷᠭᠠᠮᠵᠢᠶ᠎ᠠ︾ ᠬᠡᠳᠡᠭ ᠪᠠᠶᠢᠭᠰᠠᠨ᠃ ᠠᠳᠡ ᠵᠦᠪᠬᠡᠨ ᠴᠤᠬᠤᠰ ᠲᠤᠷᠠᠳᠤᠭᠠᠤᠨ ᠤᠷᠬᠢᠶ᠎ᠠ᠃      ᠵᠤᠭᠠᠴᠠᠯ ᠤᠨ ᠦᠢᠯᠡᠰ ᠢ ᠬᠦᠭᠵᠢᠬᠦᠯᠬᠦ ᠶᠢᠨ ᠲᠦᠯᠤᠬᠡ ᠰᠢᠨ᠎ᠡ ᠪᠠᠷᠭᠤ ᠪᠠᠷᠠᠭᠤᠨ ᠬᠤᠰᠢᠭᠤᠨ ᠤ ᠠᠷᠠᠤᠨ  ᠤᠨ ᠵᠠᠰᠠᠭ ᠤᠨ ᠤᠷᠳᠤᠨ ᠠᠴᠠ ᠠᠶᠠᠯᠠᠨ ᠵᠤᠭᠠᠴᠠᠭᠰᠠᠤᠨ ᠲᠤ ᠵᠤᠷᠢᠭᠤᠯᠵᠤ᠂ ︽ᠴᠢᠩᠬᠢᠰ ᠤᠨ ᠮᠤᠷᠢᠨ ᠤ ᠤᠶᠠᠭ᠎ᠠ ︾ ᠬᠠᠪᠢ ᠳᠤ ᠬᠢ ᠲᠡᠭᠡᠭᠰᠢ ᠬᠠᠳᠠᠨ ᠲᠡᠭᠡᠷ᠎ᠡ ᠰᠤᠪᠤᠷᠭᠠᠨ ᠬᠡᠯᠪᠡᠷᠢᠳᠡᠢ ᠰᠡᠷᠢᠬᠦᠴᠡᠬᠦ ᠲᠠᠭᠳᠤ ᠪᠠᠶᠢᠵᠤ᠂ ᠴᠠᠭᠠᠰᠢᠳᠠ ᠦᠷᠬᠡᠤᠬᠡᠨ ᠪᠠᠶᠢᠭᠤᠯᠬᠤ ᠪᠠᠷ ᠲᠦᠰᠤᠪᠯᠡᠵᠤ ᠪᠤᠢ ᠲᠤᠯᠠ ᠵᠢᠯ ᠪᠦᠷᠢ ᠶᠢᠨ ᠵᠤᠨ ᠤ ᠨᠠᠶᠢᠷᠳᠠᠢ ᠰᠠᠶᠢᠬᠠᠨ ᠤᠯᠠᠷᠢᠯ ᠳᠤ ᠬᠤᠯᠠ ᠤᠶᠢᠷ᠎ᠠ ᠶᠢᠨ ᠠᠶᠠᠯᠠᠨ ᠵᠤᠭᠠᠴᠠᠭᠰᠠᠤᠨ ᠠᠳᠡ ᠢᠷᠡᠵᠤ ᠬᠦᠯ ᠬᠦᠭᠵᠢᠶᠡᠨ ᠪᠤᠯᠳᠠᠭ ᠪᠢᠯᠡ᠃     1988 ᠤᠨ ᠤ 6 ᠳ᠋ᠤᠭᠠᠷ ᠰᠠᠷ᠎ᠠ ᠶᠢᠨ 27 ᠤ ᠡᠳᠤᠷ᠂ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠲᠡᠷᠢᠬᠦᠯᠡᠭᠴᠢ ᠪᠦᠬᠡ᠂ ᠬᠦᠯᠤᠨ ᠪᠤᠶᠢᠷ ᠠᠶᠢᠮᠠᠭ ᠲᠤ ᠢᠷᠡᠵᠤ ᠰᠢᠨᠵᠢᠯᠡᠨ ᠪᠠᠶᠢᠴᠠᠭᠠᠬᠤ ᠦᠶ᠎ᠡ ᠳᠤ ᠪᠠᠨ ᠬᠦᠯᠤᠨ ᠨᠠᠭᠤᠷ ᠢ ᠲᠤᠭᠤᠷᠢᠨ ᠪᠠᠶᠢᠴᠠᠭᠠᠭᠰᠠᠨ ᠪᠦᠬᠡᠤᠨ ︽ᠲᠠᠯᠠᠢ ᠨᠠᠭᠤᠷ ᠤᠨ ᠴᠢᠩᠬᠢᠰ ᠤᠨ ᠮᠤᠷᠢᠨ ᠤ ᠤᠶᠠᠭ᠎ᠠ︾ ᠬᠡᠮᠡᠬᠦ‍ ᠨᠢᠬᠡ ᠪᠠᠳᠠᠭ ᠪᠢᠴᠢᠵᠤ ᠲᠤᠷᠠᠰᠬᠠᠨ ᠦᠯᠡᠳᠡᠭᠡᠭᠰᠡᠨ ᠢ ᠠᠳᠡ ᠣᠤᠡᠬᠠᠴᠢᠯᠠᠨ ᠰᠡᠶᠢᠷᠡᠬᠦᠯᠪᠡᠯ᠄     ᠬᠦᠳᠡᠭᠡ ᠲᠠᠯ᠎ᠠ ᠶᠢᠨ ᠲᠡᠭᠷᠢ ᠪᠠᠭᠠᠨᠠᠳᠠᠭᠰᠠᠨ ᠲᠤᠯᠭᠠᠭᠤᠷᠢ     ᠬᠦᠯᠤᠨ ᠨᠠᠭᠤᠷ ᠤᠨ ᠰᠡᠯᠡᠮ᠎ᠡ ᠮᠡᠳᠤ ᠤᠷᠬᠢᠯ     ᠦᠷᠯᠤᠭ᠌ ᠴᠢᠩᠬᠢᠰ ᠤᠨ ᠲᠠᠶᠢᠨ ᠤ ᠠᠭᠳᠠ ᠤᠮᠤᠭᠯᠠᠩ     ᠦᠨᠤᠴᠢᠨ ᠤᠶᠠᠭ᠎ᠠ ᠵᠠᠭᠤᠨ ᠵᠠᠭᠤᠨ ᠢᠶᠠᠷ ᠡᠵᠡᠬᠦᠢ᠃
 
ᠢᠷᠡᠯᠲᠡ᠄ ᠰᠢᠨ᠎ᠡ ᠪᠠᠷᠭᠤ ᠪᠠᠷᠠᠭᠤᠨ ᠬᠤᠰᠢᠭᠤᠨ ᠤ ᠵᠠᠰᠠᠭ ᠤᠨ ᠤᠷᠳᠤᠨ ᠤ ᠤᠷᠴᠢᠭᠤᠯᠭ᠎ᠠ ᠶᠢᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号