ᠮᠠᠶᠢᠺᠧᠯ · ᠫᠣᠯᠯᠠᠨ ᠤ ᠳᠠᠨᠢᠯᠴᠠᠭᠤᠯᠤᠭᠰᠠᠨ ᠢᠳᠡᠬᠦ ᠶᠢᠨ ᠮᠦᠷᠳᠡᠯᠭᠡ
ᠨᠡᠶᠢᠲᠡᠯᠡᠭᠰᠡᠨ ᠴᠠᠭ᠄
2018/5/31
     ᠠᠮᠧᠷᠢᠺᠠ ᠶᠢᠨ ᠺᠠᠯᠢᠹᠤᠷᠨᠢᠶ᠎ᠠ ᠵᠧᠦ ᠶᠢᠨ ᠶᠡᠭᠡ ᠰᠤᠷᠭᠠᠭᠤᠯ ᠶᠢᠨ ᠪᠧᠺᠯ ᠳᠠᠬᠢ ᠬᠤᠪᠢᠶᠠᠷᠢ ᠰᠤᠷᠭᠠᠭᠤᠯᠢ ᠶᠢᠨ ᠫᠷᠤᠹᠧᠰᠰᠤᠷ ᠮᠠᠶᠢᠺᠧᠯ · ᠫᠤᠯᠯᠠᠨ ᠪᠤᠯ ᠨᠡᠷᠡᠳᠦ ᠢᠳᠡᠭᠡᠨ ᠤᠮᠳᠠᠭᠠᠨ ᠤ ᠵᠤᠬᠢᠶᠠᠯᠴᠢ ᠪᠤᠯᠤᠨ᠎ᠠ᠂ ᠲᠡᠷᠡ ︽ᠢᠳᠡᠭᠡᠨ ᠤᠮᠳᠠᠭᠠᠨ ᠤ ᠤᠤᠰᠠᠺᠠ︾ ᠭᠡᠭᠳᠡᠳᠡᠭ ᠵᠧᠮᠰ · ᠪᠧᠯᠳ᠋ ᠱᠠᠩᠨᠠᠯ ᠢ ᠤᠯᠠᠨ ᠤᠳᠠᠭ᠎ᠠ ᠳᠤᠰᠴᠤ ᠦᠩᠭᠡᠷᠡᠵᠡᠢ᠃ ᠳᠡᠭᠦᠨ ᠤ ᠤᠯᠠᠨ ᠨᠤᠮ ᠤᠨ ᠳᠤᠳᠤᠷ᠎ᠠ ᠠᠴᠠ ︽ᠢᠳᠡᠬᠦ ᠶᠢᠨ ᠮᠦᠷᠳᠡᠯᠭᠡ︾ ᠭᠡᠳᠡᠭ ᠨᠤᠮ ᠳᠠᠭᠠᠨ ᠬᠤᠷᠢᠶᠠᠩᠭᠤᠢᠢᠯᠠᠭᠰᠠᠨ ᠢᠳᠡᠵᠦ ᠤᠤᠭᠤᠬᠤ ᠶᠢᠨ ᠵᠢᠮ᠎ᠠ ᠬᠠᠤᠯᠢ ᠨᠢ ᠠᠮᠧᠷᠢᠺᠠ ᠶᠢᠨ ᠰᠢᠮ᠎ᠠ ᠳᠡᠵᠢᠭᠡᠯ ᠤᠨ ᠬᠢᠨ ᠤ ᠬᠡᠪ ᠳᠦᠷᠢᠮ ᠪᠤᠯᠵᠤ ᠪᠠᠶᠢᠳᠠᠭ᠃ ᠳᠤᠤᠷ᠎ᠠ ᠪᠢᠳᠠ ᠳᠡᠭᠦᠨ ᠤ ᠭᠤᠤᠯ ᠪᠤᠯᠬᠤ 5 ᠳᠠᠯ᠎ᠠ ᠶᠢᠨ ᠰᠠᠨᠠᠭᠤᠯᠭ᠎ᠠ ᠵᠢᠴᠢ ᠳᠡᠭᠦᠨ ᠤ ᠳᠤᠬᠠᠢ ᠳᠤ ᠮᠠᠨ ᠤ ᠤᠯᠤᠰ ᠤᠨ ᠳᠤᠰᠬᠠᠢ ᠮᠡᠷᠭᠡᠵᠢᠯᠳᠡᠨ ᠤ ᠬᠢᠭᠰᠡᠨ ᠳᠠᠶᠢᠯᠤᠮᠵᠢ ᠶᠢ ᠠᠪᠴᠤ ᠦᠵᠡᠰᠦᠭᠡᠢ
     ᠮᠦᠷᠳᠡᠯᠭᠡ 1      ᠡᠪᠦᠭᠡ ᠡᠮᠡᠭᠡ ᠶᠢᠨ ᠢᠶᠠᠨ ᠳᠠᠨᠢᠳᠠᠭ ᠦᠭᠡᠢ ᠢᠳᠡᠭᠡᠨ ᠢ ᠳᠤᠳᠠᠭᠤ ᠢᠳᠡᠨ᠎ᠠ᠃      ᠡᠪᠦᠭᠡ ᠡᠮᠡᠭᠡ ᠶᠢᠨ ᠢᠶᠠᠨ ᠳᠠᠨᠢᠳᠠᠭ ᠦᠭᠡᠢ ᠢᠳᠡᠭᠡᠨ ᠢ ᠦᠷᠭᠦᠯᠵᠢ ᠢᠳᠡᠵᠦ ᠪᠤᠯᠬᠤ ᠦᠭᠡᠢ ᠭᠡᠵᠦ ᠫᠤᠯᠯᠠᠨ ᠰᠠᠨᠠᠭᠠᠴᠢᠯᠠᠬᠰᠠᠨ ᠪᠠᠶᠢᠨ᠎ᠠ᠃ ᠳᠤᠮᠳᠠᠳᠤ ᠤᠯᠤᠰ ᠤᠨ ᠳᠠᠷᠢᠶᠠᠯᠠᠩ ᠤᠨ ᠶᠡᠭᠡ ᠰᠤᠷᠭᠠᠭᠤᠯᠢ ᠶᠢᠨ ᠢᠳᠡᠭᠡᠨ ᠤ ᠰᠢᠨᠵᠢᠯᠡᠬᠦ ᠤᠬᠠᠭᠠᠨ ᠪᠠ ᠰᠢᠮ᠎ᠡ ᠲᠡᠵᠢᠭᠡᠯ ᠤᠨ ᠢᠨᠵᠧᠨᠧᠷᠢᠩ ᠤᠨ ᠳᠡᠭᠡᠳᠦ ᠰᠤᠷᠭᠠᠭᠤᠯᠢ ᠶᠢᠨ ᠳᠡᠳ᠋ ᠫᠷᠦᠹᠧᠰᠰᠤᠷ ᠵᠦ ᠢ᠂ ᠳᠤᠬᠠᠢ ᠶᠢᠨ ᠭᠠᠵᠠᠷ ᠲᠤ ᠪᠠᠶᠢᠳᠠᠭ᠂ ᠴᠠᠭ ᠤᠯᠠᠷᠢᠯ ᠳᠠᠭᠠᠨ ᠳᠤᠬᠢᠷᠠᠭᠰᠠᠨ ᠢᠳᠡᠭᠡᠨ ᠤᠮᠳᠠᠭᠠᠨ ᠪᠤᠯ ᠬᠠᠮᠤᠭ ᠤᠨ ᠰᠠᠶᠢᠨ ᠰᠤᠩᠭᠤᠯᠳᠠ ᠪᠤᠯᠤᠨ᠎ᠠ ᠭᠡᠵᠦ ᠦᠵᠡᠵᠦ ᠪᠠᠶᠢᠨ᠎ᠠ᠃ ᠭᠡᠳᠦ ᠳᠡᠯᠭᠡᠭᠦᠷ᠂ ᠵᠢᠮᠢᠰ ᠤᠨ ᠳᠡᠯᠭᠡᠭᠦᠷ ᠢᠶᠠᠷ ᠤᠷᠤᠬᠤ ᠳᠤ᠂ ᠴᠢᠯᠢ ᠶᠢᠨ ᠭᠡᠳᠡᠯ᠎ᠠ᠂ ᠮᠧᠺᠰᠢᠺᠤ ᠶᠢᠨ ᠭᠡᠳ ᠡᠯᠳᠡᠪ ᠤᠨ ᠵᠢᠮᠢᠰ ᠳᠡᠯᠭᠡᠭᠰᠡᠨ ᠪᠠᠶᠢᠳᠠᠭ ᠃ ᠳᠤᠩ ᠦᠨᠳᠦᠷ ᠦᠨ᠎ᠡ ᠲᠠᠢ ᠪᠠᠶᠢᠬᠤ ᠶᠤᠮ᠂ ᠰᠢᠮ᠎ᠠ ᠳᠡᠵᠢᠭᠡᠯ ᠨᠢ ᠮᠠᠨ ᠤ ᠤᠯᠤᠰ ᠤᠨ ᠬᠢ ᠠᠴᠠ ᠦᠨᠳᠦᠷ ᠪᠠᠶᠢᠳᠠᠭ ᠭᠡᠵᠦ ᠤᠤ︖ ᠭᠡᠵᠦ ᠬᠡᠨ ᠴᠤ ᠠᠰᠠᠭᠤᠵᠤ ᠪᠤᠯᠤᠮᠠᠷ᠃ ᠭᠠᠳᠠᠭᠠᠳᠤ ᠠᠴᠠ ᠤᠷᠤᠭᠤᠯᠤᠭᠰᠠᠨ ᠵᠢᠮᠢᠰ ᠨᠢ ᠵᠦᠭᠡᠭᠡᠪᠦᠷᠢᠯᠡᠬᠦ ᠶᠠᠪᠤᠴᠠ ᠳᠤ ᠭᠡᠰᠡᠭ ᠸᠢᠲ᠋ᠠᠮᠢᠨ ᠢᠶᠠᠨ ᠠᠯᠳᠠᠳᠠᠭ᠂ ᠬᠤᠯᠠ ᠵᠠᠮ ᠢ ᠳᠤᠭᠤᠯᠤᠭᠰᠠᠨ ᠪᠤᠯᠬᠤᠷ ᠤᠯᠤᠰ ᠤᠨ ᠳᠤᠳᠤᠭᠠᠳᠤ ᠶᠢᠨ ᠬᠢ ᠠᠴᠠ ᠰᠢᠨ᠎ᠡ ᠰᠤᠷᠭᠤᠭ ᠪᠠᠶᠢᠵᠤ ᠴᠢᠳᠠᠬᠤ ᠦᠭᠡᠢ᠂ ᠳᠡᠶᠢᠮᠦ ᠠᠴᠠ ᠰᠢᠮ᠎ᠡ ᠳᠡᠵᠢᠭᠡᠯ ᠨᠢ ᠨᠡᠩ ᠦᠨᠳᠦᠷ ᠪᠠᠶᠢᠬᠤ ᠪᠤᠯᠤᠮᠵᠢ ᠦᠭᠡᠢ ᠭᠡᠵᠦ ᠵᠦ ᠢ ᠦᠵᠡᠵᠦ ᠪᠠᠶᠢᠨ᠎ᠠ᠃ ᠴᠢᠯᠦᠭᠡᠯᠡᠬᠦ ᠴᠡᠷᠢᠭ ᠤᠨ 309 ᠳ᠋ᠤᠭᠡᠷ ᠡᠮᠨᠡᠯᠭᠡ ᠶᠢᠨ ᠬᠤᠷᠢᠶᠠᠨ ᠤ ᠰᠢᠮ᠎ᠡ ᠳᠡᠵᠢᠭᠡᠯ ᠤᠨ ᠰᠠᠯᠠᠭᠠᠨ ᠤ ᠡᠷᠭᠢᠯᠡᠭᠴᠢ ᠵᠦᠸᠧ ᠰᠢᠶᠤᠤ ᠰᠢᠶᠡ᠂ ᠵᠢᠷᠮᠦᠰᠦᠨ ᠪᠦᠰᠡᠭᠦ᠋ᠢᠴᠤᠤᠯ ᠴᠢᠳᠠᠬᠤ ᠶᠢᠨ ᠳᠤᠳᠤᠷ᠎ᠠ ᠬᠠᠴᠢᠨ ᠰᠤᠨᠢᠨ ᠢᠳᠡᠭᠡᠨ ᠪᠢᠳᠡᠭᠡᠢ ᠢᠳᠡ ᠭᠡᠵᠦ ᠰᠠᠨᠠᠭᠤᠯᠵᠤ ᠪᠠᠶᠢᠨ᠎ᠠ᠃ ᠪᠦᠰᠡᠭᠦ᠋ᠢᠴᠤᠤᠯ ᠵᠢᠷᠮᠤᠰᠤᠨ ᠬᠤᠭᠤᠴᠠᠭᠠᠨ ᠳᠠᠭᠠᠨ ᠡᠩ ᠤᠨ ᠦᠶ᠎ᠡ ᠳᠡᠭᠡᠨ ᠢᠳᠡᠵᠦ ᠳᠠᠳᠤᠭᠰᠠᠨ ᠦᠭᠡᠢ ᠢᠳᠡᠭᠡᠨ ᠢ ᠭᠡᠳᠦ ᠠᠷᠪᠢᠨ ᠢᠳᠡᠪᠡᠯ᠂ ᠬᠠᠷᠰᠢᠮᠠᠬᠠᠢ ᠪᠡᠶ᠎ᠡ ᠮᠠᠬᠠᠪᠤᠳ ᠲᠠᠢ ᠬᠡᠦᠬᠡᠳ ᠭᠠᠷᠬᠤ ᠠᠶᠤᠯ ᠨᠡᠮᠡᠭᠳᠡᠳᠡᠭ ᠪᠠᠶᠢᠨ᠎ᠠ᠃ ᠮᠦᠷᠳᠡᠯᠭᠡ 2 5 ᠠᠴᠠ ᠢᠯᠡᠭᠦᠦ ᠬᠤᠯᠢᠴᠠ ᠲᠠᠢ ᠢᠳᠡᠭᠡᠨ ᠢᠳᠡᠬᠦ ᠦᠭᠡᠢ᠃ ᠭᠡᠳᠦ ᠳᠡᠯᠭᠡᠭᠦᠷ ᠲᠠᠬᠢ ᠠᠯᠢ ᠤᠯᠠᠨ ᠢᠳᠡᠭᠡᠨ ᠤ ᠵᠦᠢᠯ ᠤᠨ ᠪᠦᠷᠢᠯᠳᠡᠭᠦᠨ ᠨᠢ ᠳᠡᠩᠳᠡᠭᠦᠦ ᠪᠤᠳᠤᠯᠢᠶᠠᠨᠳᠠᠢ᠂ ᠡᠯ᠎ᠠ ᠵᠦᠢᠯ ᠤᠨ ᠢᠳᠡᠭᠡᠨ ᠤ ᠨᠡᠮᠡᠯᠳᠡ ᠡᠳ᠋᠂ ᠦᠨᠦᠷ ᠠᠮᠳᠠ ᠶᠢᠨ ᠤᠬᠢ ᠨᠡᠮᠡᠭᠰᠡᠨ ᠪᠠᠶᠢᠨ᠎ᠠ᠃ ᠡᠳᠡᠭᠡᠷ ᠪᠤᠯᠪᠠᠰᠤᠷᠠᠭᠤᠯᠤᠭᠰᠠᠨ ᠢᠳᠡᠭᠡᠨ ᠤ ᠵᠦᠢᠯ ᠨᠢ ᠬᠦᠮᠦᠰ ᠤᠨ ᠰᠢᠬᠢᠷ ᠳᠠᠪᠤᠰᠤ᠂ ᠦᠭᠡᠬᠦ ᠳᠤᠰᠤ ᠦᠨᠦᠷ ᠠᠮᠳᠠ ᠶᠢᠨ ᠳᠤᠷᠠᠰᠢᠯ ᠳᠤ ᠨᠡᠶᠢᠴᠡᠭᠦᠯᠦᠭᠰᠡᠨ ᠪᠠᠶᠢᠳᠠᠭ ᠪᠤᠯᠬᠤᠷ ᠬᠦᠮᠦᠰ ᠭᠡᠳᠦᠷᠡᠳᠡᠯ᠎ᠠ ᠪᠠᠨ ᠢᠳᠡᠬᠦ ᠠᠴᠠ ᠪᠤᠴᠠᠳᠠᠭ ᠦᠭᠡᠢ ᠭᠡᠵᠦ ᠫᠤᠯᠯᠠᠨ ᠦᠵᠡᠭᠰᠡᠨ ᠪᠠᠶᠢᠨ᠎ᠠ᠃ ᠫᠤᠯᠯᠠᠨ ᠤ ᠡᠨᠡ ᠦᠭᠡ ᠶᠢ ᠨᠠᠷᠢᠯᠢᠬ ᠪᠤᠯᠪᠠᠰᠤᠷᠠᠭᠤᠯᠤᠭᠰᠠᠨ ᠢᠳᠡᠭᠡᠨ ᠤ ᠵᠦᠢᠯ ᠢ ᠳᠤᠳᠠᠭᠤ ᠢᠳᠡ ᠭᠡᠵᠦ ᠤᠢᠢᠯᠠᠭᠠᠵᠤ ᠪᠤᠯᠤᠨ᠎ᠠ ᠭᠡᠵᠦ ᠵᠦᠸᠧ ᠰᠢᠶᠤᠤ ᠰᠢᠶᠡ ᠶᠠᠷᠢᠬᠰᠠᠨ ᠪᠠᠶᠢᠨ᠎ᠠ᠃ ᠪᠤᠭᠤᠳᠠᠯᠯᠠᠭᠰᠠᠨ ᠢᠳᠡᠭᠡᠨ ᠤ ᠬᠤᠯᠢᠴᠠ ᠡᠳ᠋ ᠤᠨ ᠬᠦᠰᠦᠨᠦᠭᠳᠦ ᠠᠴᠠ ᠬᠠᠷᠠᠬᠤ ᠳᠤ ᠪᠦᠷᠢᠯᠳᠦᠭᠦᠨ ᠨᠢ ᠭᠡᠳᠦᠢ ᠠᠷᠪᠢᠨ ᠪᠠᠶᠢᠪᠠᠯ ᠪᠤᠯᠪᠠᠰᠤᠷᠠᠭᠤᠯᠤᠭᠰᠠᠨ ᠶᠠᠪᠤᠴᠠ ᠨᠢ ᠤᠯᠠᠮ ᠪᠤᠳᠤᠯᠢᠶᠠᠨᠳᠠᠢ ᠪᠠᠶᠢᠳᠠᠭ᠃ ᠬᠢᠮ᠎ᠠ ᠵᠡᠷᠭᠡ ᠪᠤᠯᠪᠠᠰᠤᠷᠠᠭᠤᠯᠤᠭᠰᠠᠨ ᠤᠯᠠᠭᠠᠨ ᠢᠳᠡᠭᠡᠨ ᠢᠶᠠᠷ ᠵᠢᠱᠢᠶᠡᠯᠡᠪᠡᠯ᠂ ᠳᠠᠪᠤᠰᠤᠯᠠᠬᠤ ᠶᠠᠪᠤᠴᠠ ᠶᠢ ᠦᠩᠭᠡᠷᠡᠭᠡᠭᠰᠡᠨ ᠪᠤᠯ ᠨᠠᠳ᠋ᠷᠢ᠂ ᠠᠽᠤᠲ ᠬᠦᠴᠢᠯ ᠤᠨ ᠳᠠᠪᠤᠰᠤ᠂ ᠹᠤᠰᠹᠤᠷ ᠬᠦᠴᠢᠯ ᠤᠨ ᠳᠠᠪᠤᠰᠤ ᠵᠡᠷᠭᠡ ᠶᠢ ᠢᠯᠡᠭᠦᠦ ᠠᠭᠤᠯᠳᠠᠭ︔ ᠬᠡᠷᠪᠡ ᠤᠳᠤᠭᠰᠠᠨ ᠪᠠᠶᠢᠪᠠᠯ᠂ ᠪᠤᠳᠤᠯᠢᠶᠠᠨᠳᠠᠢ ᠨᠡᠭᠦᠷᠡᠰᠦ ᠤᠰᠤᠳᠦ᠋ᠷᠦᠭᠴᠢ ᠶᠢᠨ ᠨᠢᠭᠡᠳᠪᠦᠷᠢ ᠶᠢ ᠡᠯᠪᠡᠭ ᠠᠭᠤᠯᠵᠤ᠂ ᠡᠷᠡᠭᠦᠯ ᠮᠡᠨᠳᠦ ᠳᠤ ᠠᠰᠢᠬ ᠦᠭᠡᠢ ᠪᠠᠶᠢᠳᠠᠭ᠃ ᠬᠦᠭᠡᠰᠦᠮᠡᠯ ᠢᠳᠡᠭᠡᠨ ᠳᠤ ᠠᠭᠤᠯᠬᠤ ᠳᠠᠪᠤᠰᠤ᠂ ᠰᠢᠬᠢᠷ᠂ ᠳᠤᠰᠤ ᠪᠦᠷ ᠠᠷᠪᠢᠨ ᠪᠠᠶᠢᠳᠠᠭ᠂ ᠬᠡᠦᠬᠡᠳ ᠭᠡᠳᠦ ᠠᠷᠪᠢᠨ ᠢᠳᠡᠪᠡᠯ ᠢᠳᠡᠭᠡᠨ ᠤ ᠳᠤᠷᠠᠰᠢᠯ ᠢ ᠨᠦᠯᠦᠭᠡᠯᠡᠵᠦ᠂ ᠠᠮᠠᠷᠬᠠᠨ ᠮᠠᠷᠢᠶᠠᠯᠠᠭᠤᠯᠳᠠᠭ᠃ ᠭᠡᠪᠡᠴᠤ ︽5 ᠵᠦᠢᠯ ᠤᠨ ᠪᠦᠷᠢᠯᠳᠡᠭᠦᠨ ᠪᠤᠶᠤ ᠬᠤᠯᠢᠴᠠ︾ ᠭᠡᠳᠡᠭ ᠢᠶᠠᠷ ᠡᠷᠡᠭᠦᠯ ᠢᠳᠡᠭᠡᠨ ᠢ ᠪᠠᠷᠢᠮᠵᠢᠶᠠᠯᠠᠬᠤ ᠨᠢ ᠪᠠᠰᠠ ᠵᠢᠭᠠᠬᠠᠨ ᠭᠡᠳᠦᠷᠡᠵᠦ ᠪᠠᠶᠢᠭ᠎ᠠ ᠪᠤᠯᠪᠠᠤ ᠭᠡᠵᠦ ᠵᠦᠸᠧ ᠰᠢᠶᠤᠤ ᠰᠢᠶᠠ᠂ ᠵᠦ ᠢ ᠬᠤᠶᠠᠷ ᠦᠵᠡᠭᠰᠡᠨ ᠪᠠᠶᠢᠨ᠎ᠠ᠃ ᠳᠤᠮᠳᠠᠳᠤᠴᠤᠳ ᠤᠨ ︽ᠬᠦᠬᠡᠬᠡ ᠰᠠᠷ᠎ᠠ ᠶᠢᠨ ᠨᠠᠢᠮᠠᠨ ᠤ ᠪᠤᠳᠠᠭ᠎ᠠ︾ ᠪᠠᠷ ᠵᠢᠱᠢᠶᠡᠯᠡᠬᠦ ᠳᠤ ᠤᠯᠠᠨ ᠵᠦᠢᠯ ᠤᠨ ᠨᠠᠷᠢᠯᠢᠬ ᠪᠦᠳᠦᠭᠦᠯᠢᠭ ᠠᠮᠤ᠂ ᠰᠢᠬᠢᠷ ᠴᠢᠪᠠᠭ᠎ᠠ ᠨᠡᠶᠢᠯᠡᠭᠦᠯᠡᠭᠡᠳ ᠬᠢᠭᠰᠡᠨ ᠨᠢ ᠰᠢᠮ᠎ᠠ ᠳᠡᠵᠢᠭᠡᠯ ᠰᠠᠶᠢᠳᠠᠢ ᠢᠳᠡᠭᠡᠨ ᠪᠤᠯᠳᠠᠭ᠃ ᠳᠠᠬᠢᠪᠠᠯ ᠵᠠᠷᠢᠮ ᠴᠡᠪᠡᠷ ᠰᠦ ᠶᠢᠨ ᠪᠦᠲᠦᠭᠡᠭᠳᠡᠭᠦᠨ ᠳᠤ ᠴᠤ ᠤᠯᠠᠨ ᠵᠦᠢᠯ ᠤᠨ ᠬᠤᠯᠢᠴᠠ ᠡᠳ᠋ ᠨᠡᠮᠡᠭᠰᠡᠨ ᠪᠠᠶᠢᠳᠠᠭ᠃ ᠡᠳᠡᠭᠡᠷ ᠨᠡᠮᠡᠯᠳᠡ ᠡᠳ᠋ ᠨᠢ ᠤᠯᠤᠰ ᠤᠨ ᠪᠠᠷᠢᠮᠵᠢᠶ᠎ᠠ ᠠᠴᠠ ᠭᠡᠳᠦᠷᠡᠭᠰᠡᠨ ᠦᠭᠡᠢ ᠪᠠᠶᠢᠳᠠᠯ ᠳᠤᠤᠷ᠎ᠠ ᠡᠷᠡᠭᠦᠯ ᠮᠡᠨᠳᠦ ᠳᠤ ᠦᠨᠳᠦᠰᠦᠨ ᠳᠡᠭᠡᠨ ᠨᠦᠯᠦᠭᠡ ᠪᠤᠯᠳᠠᠭ ᠦᠭᠡᠢ ᠭᠡᠵᠡᠢ᠃ ᠮᠦᠷᠳᠡᠯᠭᠡ 3 ᠰᠢᠮ᠎ᠡ ᠳᠡᠵᠢᠭᠡᠯ‌‍ᠤᠨ ᠰᠢᠨ᠎ᠠ ᠤᠢᠢᠯᠠᠭᠠᠭᠳᠠᠬᠤᠨ ᠢ ᠭᠡᠳᠦ ᠢᠳᠡᠭᠡᠵᠦ ᠪᠤᠯᠬᠤ ᠦᠭᠡᠢ᠃      ᠵᠠᠬ᠎ᠠ ᠳᠡᠯᠭᠡᠭᠦᠷ ᠳᠡᠭᠡᠷ᠎ᠡ ︽ᠦᠭᠡᠬᠦ ᠪᠠᠭ᠎ᠠ︾᠂ ︽ᠰᠢᠬᠢᠷ ᠦᠭᠡᠢ︾ ᠭᠡᠬᠦᠴᠢᠯᠡᠨ ᠤᠯᠠᠨ ᠵᠦᠢᠯ ᠤᠨ ᠰᠢᠮ᠎ᠡ ᠳᠡᠵᠢᠭᠡᠯ ᠤᠨ ᠰᠢᠨ᠎ᠠ ᠤᠢᠢᠯᠠᠭᠠᠬᠳᠠᠬᠤᠨ ᠵᠠᠢ ᠠᠪᠴᠤ ᠪᠠᠶᠢᠳᠠᠭ᠃ ᠵᠠᠷᠢᠮ ᠰᠢᠨ᠎ᠠ ᠤᠢᠢᠯᠠᠭᠠᠭᠳᠠᠬᠤᠨ ᠭᠡᠳᠡᠭ ᠨᠢ ᠦᠨᠡᠨ ᠳᠡᠭᠡᠨ ᠴᠤᠤᠷᠬᠠᠯ ᠪᠠᠶᠢᠵᠤ ᠮᠡᠳᠡᠨ᠎ᠠ᠃ ︽ᠦᠭᠡᠬᠦ ᠪᠠᠭ᠎ᠠ︾ ᠭᠡᠳᠡᠭ ᠢᠶᠠᠷ ᠵᠢᠱᠢᠶᠡᠯᠡᠪᠡᠯ᠂ ᠡᠳᠡᠭᠡᠷ ᠢᠳᠡᠭᠡᠨ ᠤ ᠵᠦᠢᠯ ᠤᠨ ᠦᠭᠡᠬᠦ ᠶᠢᠨ ᠠᠭᠤᠯᠤᠭᠳᠠᠴᠠ ᠨᠢ ᠦᠨᠡᠡᠬᠦ ᠳᠤᠤᠷ᠎ᠠ ᠪᠠᠶᠢᠳᠠᠭ᠂ ᠭᠡᠪᠡᠴᠦ ᠪᠦᠬᠦ ᠢᠳᠡᠵᠦ ᠤᠷᠤᠭᠤᠯᠤᠭᠰᠠᠨ ᠢᠳᠡᠭᠡᠨ ᠤ ᠪᠠᠨ ᠡᠨᠧᠷᠭᠢ ᠶᠢᠨ ᠬᠡᠮᠵᠢᠶ᠎ᠠ ᠶᠢ ᠡᠵᠡᠮᠳᠡᠵᠦ ᠳᠡᠶᠢᠯᠬᠦ ᠦᠭᠡᠢ ᠪᠤᠯ ᠪᠡᠶ᠎ᠡ ᠶᠢᠨ ᠬᠦᠨᠳᠦ ᠨᠡᠮᠡᠭᠳᠡᠬᠦ ᠶᠢ ᠮᠦᠨ ᠯᠡ ᠬᠤᠷᠢᠬᠯᠠᠵᠤ ᠳᠡᠶᠢᠯᠬᠦ ᠦᠭᠡᠢ᠃ ᠵᠠᠷᠢᠮ ᠦᠭᠡᠬᠦ ᠪᠠᠭ᠎ᠠ ᠢᠳᠡᠭᠡᠨ ᠨᠢ ᠦᠨᠦᠷ ᠠᠮᠳᠠ ᠶᠢ ᠨᠢ ᠰᠠᠶᠢᠵᠢᠷᠠᠭᠤᠯᠬᠤ ᠶᠢᠨ ᠳᠦᠯᠦᠭᠡ ᠰᠢᠬᠢᠷ ᠨᠡᠮᠡᠭᠰᠡᠨ ᠪᠠᠶᠢᠳᠠᠭ᠂ ᠡᠨᠡ ᠨᠢ ᠪᠡᠶ᠎ᠡ ᠶᠢᠨ ᠬᠦᠨᠳᠦ ᠪᠠᠨ ᠬᠢᠵᠠᠭᠠᠷᠯᠠᠬᠤ ᠳᠤ ᠤᠯᠠᠮ ᠠᠰᠢᠬ ᠦᠭᠡᠢ ᠪᠤᠯᠳᠠᠭ ᠭᠡᠵᠦ ᠵᠦ ᠢ ᠶᠠᠷᠢᠬᠰᠠᠨ ᠪᠠᠶᠢᠨ᠎ᠠ᠃ ︽ᠰᠢᠬᠢᠷ ᠪᠠᠭ᠎ᠠ︾᠂ ︽ᠰᠢᠭᠢᠷ ᠦᠭᠡᠢ︾ ᠢᠳᠡᠭᠡᠨ ᠤ ᠵᠦᠢᠯ ᠨᠢ ᠨᠢᠰᠢᠩᠭᠦ ᠶᠢᠨ ᠰᠢᠬᠢᠷ ᠵᠡᠷᠭᠡ ᠨᠠᠷᠢᠯᠢᠬ ᠪᠤᠯᠪᠠᠰᠤᠷᠠᠭᠤᠯᠤᠭᠰᠠᠨ ᠰᠢᠬᠢᠷ ᠬᠤᠯᠢᠬᠰᠠᠨ ᠦᠭᠡᠢ ᠪᠠᠶᠢᠳᠠᠭ ᠪᠤᠯᠪᠠᠴᠤ ᠴᠠᠷᠳᠠᠭᠤᠯ ᠤᠨ ᠰᠢᠬᠢᠷ ᠤᠨ ᠡᠭᠡᠳᠡᠮᠡᠯ᠂ ᠪᠤᠭᠤᠳᠠᠢ ᠶᠢᠨ ᠰᠦᠶᠦᠭᠡ ᠶᠢᠨ ᠰᠢᠬᠢᠷ ᠤᠨ ᠡᠭᠡᠳᠡᠮᠡᠯ᠂ ᠵᠤᠬᠢᠶᠠᠮᠠᠯ ᠰᠢᠬᠢᠷᠯᠢᠭ ᠠᠮᠳᠠᠯᠠᠬᠴᠢ ᠬᠤᠯᠢᠬᠰᠠᠨ ᠪᠠᠶᠢᠵᠤ ᠮᠡᠳᠡᠨ᠎ᠠ᠃ ᠬᠠᠮᠢᠶ᠎ᠡ ᠪᠦᠬᠦᠢ ᠰᠤᠳᠤᠯᠭᠠᠨ ᠠᠴᠠ ᠦᠵᠡᠪᠡᠯ᠂ ᠵᠤᠬᠢᠶᠠᠮᠠᠯ ᠰᠢᠬᠢᠷᠯᠢᠭ ᠠᠮᠳᠠᠯᠠᠬᠴᠢ ᠶᠢ ᠤᠷᠳᠤ ᠬᠤᠭᠤᠴᠠᠭ᠎ᠠ ᠢᠳᠡᠪᠡᠯ ᠪᠡᠶ᠎ᠡ ᠶᠢᠨ ᠬᠦᠨᠳᠦ ᠨᠡᠮᠡᠭᠳᠡᠨ᠎ᠠ᠂ ᠰᠢᠬᠢᠷ ᠰᠢᠵᠢᠩ ᠡᠪᠡᠳᠴᠢᠨ᠂ ᠴᠢᠰᠦᠨ ᠳᠠᠷᠤᠯᠳᠠ ᠦᠨᠳᠦᠷ ᠡᠪᠡᠳᠴᠢᠨ ᠵᠢᠴᠢ ᠵᠢᠷᠦᠭᠡᠨ ᠡᠪᠡᠳᠴᠢᠨ ᠤ ᠠᠶᠤᠯ ᠢ ᠨᠡᠮᠡᠭᠳᠡᠭᠦᠯᠳᠡᠭ ᠭᠡᠵᠡᠢ᠃ ᠡᠭᠦᠨ ᠠᠴᠠ ᠭᠠᠳᠠᠨ᠎ᠠ᠂ ᠰᠢᠬᠢᠷ ᠦᠭᠡᠢ ᠪᠢᠩᠭᠠᠨ᠂ ᠰᠢᠬᠢᠷ ᠦᠭᠡᠢ ᠳᠠᠯᠬ᠎ᠠ ᠵᠡᠷᠭᠡ ᠢᠳᠡᠭᠡᠨ ᠤ ᠭᠤᠤᠯ ᠪᠦᠷᠢᠯᠳᠦᠭᠦᠨ ᠨᠢ ᠮᠦᠨ ᠯᠡ ᠴᠠᠷᠳᠠᠭᠤᠯ᠂ ᠰᠢᠩᠭᠡᠭᠡᠯᠳᠡ ᠶᠢᠨ ᠰᠢᠰᠲ᠋ᠧᠮ ᠳᠤ ᠤᠷᠤᠪᠠᠯ ᠮᠦᠨ ᠯᠡ ᠦᠵᠦᠮ ᠤᠨ ᠰᠢᠬᠢᠷ ᠪᠤᠯᠵᠤ ᠬᠤᠪᠢᠷᠠᠨ᠎ᠠ᠂ ᠶᠡᠭᠡ ᠢᠳᠡᠪᠡᠯ ᠮᠦᠨ ᠯᠡ ᠴᠢᠰᠦᠨ ᠤ ᠰᠢᠬᠢᠷ ᠢ ᠦᠨᠳᠦᠷ ᠪᠤᠯᠭᠠᠨ᠎ᠠ ᠃ ᠮᠦᠷᠳᠡᠯᠭᠡ 4 ᠭᠡᠳᠦ ᠳᠡᠯᠭᠡᠭᠦᠷ ᠤᠨ ᠳᠦᠪ ᠭᠡᠰᠡᠭ ᠠᠴᠠ ᠵᠠᠶᠢᠯᠠᠵᠤ᠂ ᠬᠦᠪᠡᠭᠡ ᠵᠠᠬ᠎ᠠ ᠠᠴᠠ ᠨᠢ ᠢᠳᠡᠬᠦ ᠶᠠᠭᠤᠮ᠎ᠠ ᠪᠠᠨ ᠠᠪ᠃ ᠡᠯ᠎ᠠ ᠳᠤᠮᠤ ᠭᠡᠳᠦ ᠳᠡᠯᠭᠡᠭᠦᠷ ᠢᠶᠠᠷ ᠤᠷᠤᠵᠤ ᠤᠴᠢᠬᠤ ᠳᠤ ᠬᠠᠮᠤᠭ ᠤᠨ ᠳᠦᠷᠦᠭᠦᠨ ᠳᠤ ᠦᠵᠡᠭᠳᠡᠳᠡᠭ ᠨᠢ ᠡᠯ᠎ᠠ ᠵᠦᠢᠯ ᠤᠨ ᠪᠤᠯᠪᠠᠰᠤᠷᠠᠭᠤᠯᠤᠭᠰᠠᠨ ᠤᠯᠠᠭᠠᠨ ᠢᠳᠡᠭᠡᠨ᠂ ᠬᠦᠭᠡᠰᠦᠮᠡᠯ ᠢᠳᠡᠭᠡᠨ᠂ ᠳᠠᠯᠬ᠎ᠠ ᠪᠠ ᠬᠠᠭᠠᠰ ᠡᠳ᠋ᠰᠢᠭᠦᠯᠡᠭᠰᠡᠨ ᠢᠳᠡᠭᠡᠨ ᠤ ᠵᠦᠢᠯ ᠪᠠᠶᠢᠳᠠᠭ ᠢ ᠠᠩᠵᠠᠭᠠᠷᠠᠭᠰᠠᠨ ᠤᠤ᠃ ᠡᠨᠡᠬᠦ ᠳᠦᠪ ᠭᠡᠰᠡᠭ ᠢ ᠳᠤᠭᠤᠷᠢᠭᠠᠳ ᠭᠠᠷᠪᠠᠯ ᠰᠠᠶ᠋ᠢ ᠦᠨᠢᠶᠡᠨ ᠰᠦ᠂ ᠨᠤᠭᠤᠭ᠎ᠠ ᠵᠢᠮᠢᠰ ᠢ ᠨᠢ ᠤᠯᠵᠤ ᠬᠠᠷᠠᠳᠠᠭ᠃ ᠡᠯ᠎ᠠ ᠭᠡᠳᠦ ᠳᠡᠯᠭᠡᠭᠦᠷ ᠤᠨ ᠪᠠᠷᠠᠭᠠᠨ ᠤ ᠵᠢᠶᠠᠵᠠ ᠶᠢᠨ ᠪᠠᠶᠢᠷᠢᠰᠢᠭᠤᠯᠤᠯᠳᠠ ᠨᠢ ᠦᠨᠳᠦᠰᠦᠨ ᠳᠡᠭᠡᠨ ᠠᠳᠠᠯᠢᠪᠳᠤᠷ ᠪᠠᠶᠢᠳᠠᠭ᠄ ᠤᠷᠤᠬᠤ ᠡᠭᠦᠳᠡᠨ ᠠᠴᠠ ᠪᠠᠨ ᠪᠤᠯᠪᠠᠰᠤᠷᠠᠭᠤᠯᠤᠭᠰᠠᠨ ᠢᠳᠡᠭᠡᠨ᠂ ᠬᠠᠭᠠᠰ ᠪᠤᠯᠪᠰᠤᠷᠠᠭᠤᠯᠤᠭᠰᠠᠨ ᠢᠳᠡᠭᠡᠨ ᠨᠢ ᠳᠦᠪ ᠭᠡᠰᠡᠭ ᠢ ᠡᠵᠡᠯᠡᠵᠦ᠂ ᠰᠢᠨ᠎ᠠ ᠰᠤᠷᠭᠤᠭ ᠢᠳᠡᠭᠡᠨ᠂ ᠨᠤᠭᠤᠭ᠎ᠠ ᠵᠢᠮᠢᠰ᠂ ᠴᠠᠭᠠᠨ ᠢᠳᠡᠭᠡᠨ᠂ ᠠᠮᠤ ᠳᠤᠰᠦ ᠨᠢ ᠪᠦᠷ ᠳᠤᠳᠤᠭᠰᠢ ᠪᠠᠨ ᠪᠤᠶᠤ ᠬᠦᠪᠡᠭᠡ ᠵᠠᠬ᠎ᠠ ᠪᠠᠷ ᠨᠢ ᠪᠠᠶᠢᠳᠠᠭ᠃ ᠠᠮᠤ ᠳᠤᠰᠤ ᠨᠤᠭᠤᠭ᠎ᠠ ᠵᠢᠮᠢᠰ ᠠᠪᠬᠤ ᠬᠦᠮᠦᠰ ᠴᠤ ᠵᠠᠪᠠᠯ ᠳᠦᠪ ᠭᠡᠰᠡᠭ ᠤᠨ ᠪᠤᠯᠪᠠᠰᠤᠷᠠᠭᠤᠯᠤᠭᠰᠠᠨ ᠢᠳᠡᠭᠡᠨ ᠤ ᠳᠤᠭᠤᠷᠢᠬ ᠢ ᠳᠠᠭᠠᠷᠢᠵᠤ ᠭᠠᠷᠤᠨ᠎ᠠ᠃ ᠡᠭᠦᠨ ᠤ ᠤᠴᠢᠷ ᠨᠢ᠂ ᠪᠤᠯᠪᠠᠰᠤᠷᠠᠭᠤᠯᠤᠭᠰᠠᠨ ᠪᠠ ᠬᠠᠭᠠᠰ ᠪᠤᠯᠪᠠᠰᠤᠷᠠᠭᠤᠯᠤᠭᠰᠠᠨ ᠢᠳᠡᠭᠡᠨ ᠤ ᠵᠦᠢᠯ ᠨᠢ ᠠᠪᠤᠭᠰᠠᠨ ᠴᠤ ᠪᠤᠯᠤᠨ᠎ᠠ᠂ ᠠᠪᠬᠤ ᠦᠭᠡᠢ ᠴᠤ ᠪᠤᠯᠬᠤ ᠵᠦᠢᠯ ᠪᠠᠶᠢᠳᠠᠭ ᠪᠤᠯᠪᠠᠴᠤ ᠠᠰᠢᠬ ᠤᠷᠤᠯᠭ᠎ᠠ ᠨᠢ ᠬᠠᠷᠢᠨ ᠦᠨᠳᠦᠷ᠂ ᠳᠡᠶᠢᠮᠦ ᠠᠴᠠ ᠭᠠᠷ ᠤᠨ ᠠᠶ᠎ᠠ ᠪᠠᠷ ᠰᠢᠭᠦᠷᠡᠭᠡᠳ ᠠᠪᠬᠤ ᠳᠤ ᠳᠦᠭᠦᠮ ᠶᠠᠩᠵᠤ ᠲᠠᠢ ᠪᠠᠶᠢᠷᠢᠯᠠᠭᠤᠯᠪᠠᠯ ᠪᠤᠷᠤᠯᠠᠭᠤᠯᠭ᠎ᠠ ᠳᠤ ᠠᠰᠢᠬᠳᠠᠢ ᠪᠠᠶᠢᠳᠠᠭ᠃ ᠦᠵᠡᠭᠡᠳ ᠳᠤᠷᠠᠯᠠᠮᠠᠷ ᠪᠤᠭᠤᠳᠠᠯ ᠪᠠᠭᠯᠠᠭ᠎ᠠ᠂ ᠦᠨᠦᠷ ᠠᠮᠳᠠ ᠲᠠᠢ ᠪᠠᠶᠢᠳᠠᠭ ᠨᠢ ᠡᠭᠦᠨ ᠤ ᠤᠴᠢᠷ᠃ ᠭᠡᠪᠡᠴᠤ ᠪᠤᠯᠪᠠᠰᠤᠷᠠᠭᠤᠯᠤᠭᠰᠠᠨ ᠪᠠ ᠬᠠᠭᠠᠰ ᠪᠤᠯᠪᠠᠰᠤᠷᠠᠭᠤᠯᠤᠭᠰᠠᠨ ᠢᠳᠡᠭᠡᠨ ᠤ ᠵᠦᠢᠯ ᠤᠨ ᠢᠳᠡᠭᠡᠨ ᠤ ᠨᠡᠮᠡᠯᠳᠡ ᠡᠳ᠋ ᠠᠭᠤᠯᠤᠭᠳᠠᠴᠠ ᠦᠨᠳᠦᠷ᠂ ᠭᠡᠳᠦ ᠠᠮᠳᠠᠯᠠᠭᠰᠠᠨ ᠪᠠᠶᠢᠳᠠᠭ ᠪᠤᠯᠬᠤᠷ ᠴᠢᠳᠠᠬᠤ ᠶᠢᠨ ᠳᠤᠳᠤᠷ᠎ᠠ ᠭᠠᠷ ᠢᠶᠠᠨ ᠳᠠᠳᠠᠵᠤ᠂ ᠰᠢᠨ᠎ᠠ ᠰᠤᠷᠭᠤᠭ ᠢᠳᠡᠭᠡᠨ ᠳᠤ ᠢᠯᠡᠭᠦᠦ ᠰᠠᠨᠠᠭ᠎ᠠ ᠳᠠᠯᠪᠢᠪᠠᠯ ᠵᠤᠬᠢᠨ᠎ᠠ ᠭᠡᠵᠦ ᠵᠦᠸᠧ ᠰᠢᠶᠤᠤ ᠰᠢᠶᠠ ᠰᠠᠨᠠᠭᠤᠯᠵᠤ ᠪᠠᠶᠢᠨ᠎ᠠ᠃ ᠮᠦᠷᠳᠡᠯᠭᠡ 5 ᠪᠠᠭ᠎ᠠ ᠢᠳᠡᠵᠦ᠂ ᠤᠷᠭᠤᠮᠠᠯ ᠢᠶᠠᠷ ᠭᠤᠤᠯᠳᠠᠭᠤᠯᠤᠨ᠎ᠠ᠃ ︽ᠡᠷᠡᠨ ᠡᠷᠡᠨ ᠳᠤᠯᠤᠭᠠᠨ ᠬᠤᠪᠢ ᠴᠠᠳᠴᠤ᠂ ᠡᠷᠡᠭᠦᠯ ᠳᠤᠷᠠᠩᠬᠠᠢ ᠪᠠᠷ ᠢᠶᠠᠷ ᠦᠳᠡᠯᠦᠨ᠎ᠠ᠃ ᠬᠤᠭᠤᠯᠠ ᠪᠠᠨ ᠬᠡᠮᠵᠢᠶᠡᠯᠡᠵᠦ᠂ ᠶᠠᠭᠠᠬᠢᠬᠰᠠᠨ ᠴᠤ ᠴᠠᠳᠳᠠᠯ᠎ᠠ ᠢᠳᠡᠵᠦ ᠪᠤᠯᠬᠤ ᠦᠭᠡᠢ︾᠃ ᠭᠡᠳᠦᠷᠡᠳᠡᠯ᠎ᠠ ᠢᠳᠡᠬᠦ ᠨᠢ ᠰᠢᠩᠭᠡᠭᠡᠵᠦ ᠠᠪᠬᠤ ᠡᠨᠧᠷᠭᠢ ᠶᠢᠨ ᠶᠡᠷᠦᠩᠬᠡᠢ ᠬᠡᠮᠵᠢᠶ᠎ᠠ ᠶᠢ ᠨᠡᠮᠡᠭᠳᠡᠭᠦᠯᠵᠦ᠂ ᠦᠭᠡᠬᠦ ᠶᠡᠬᠡᠪᠡᠷ ᠬᠤᠷᠢᠶᠠᠵᠤ᠂ ᠵᠢᠷᠦᠭᠡ ᠴᠢᠰᠦᠨ ᠰᠤᠳᠠᠯ ᠤᠨ ᠡᠪᠡᠳᠴᠢᠨ᠂ ᠡᠯᠢᠭᠡ ᠦᠭᠡᠬᠦᠯᠡᠬᠦ ᠡᠪᠡᠳᠴᠢᠨ ᠵᠡᠷᠭᠡ ᠠᠯᠢ ᠤᠯᠠᠨ ᠡᠪᠡᠳᠴᠢᠨ ᠤ ᠠᠶᠤᠯ ᠢ ᠨᠡᠮᠡᠭᠳᠡᠭᠦᠯᠦᠨ᠎ᠠ᠃ ᠭᠡᠳᠦ ᠠᠷᠪᠢᠨ ᠢᠳᠡᠪᠡᠯ ᠴᠢᠰᠦ ᠶᠡᠭᠡ ᠬᠡᠮᠵᠢᠶ᠎ᠠ ᠪᠠᠷ ᠰᠢᠩᠭᠡᠭᠡᠯᠳᠡ ᠶᠢᠨ ᠰᠢᠰᠲ᠋ᠧᠮ ᠤᠷᠤᠭᠤ ᠤᠷᠤᠰᠴᠤ᠂ ᠶᠡᠭᠡ ᠳᠠᠷᠢᠬᠢᠨ ᠤ ᠴᠢᠰᠦᠨ ᠤ ᠬᠠᠩᠭᠠᠯᠭ᠎ᠠ ᠳᠤᠳᠠᠭᠤᠳᠠᠵᠤ᠂ ᠬᠦᠮᠦᠨ ᠤ ᠬᠦᠳᠡᠯᠦᠯ ᠪᠠᠷᠢᠯ ᠤᠳᠠᠭᠠᠰᠢᠷᠠᠨ᠂ ᠨᠦᠢᠷ ᠬᠦᠷᠴᠦ᠂ ᠶᠡᠭᠡ ᠳᠠᠷᠢᠬᠢᠨ ᠤ ᠦᠳᠡᠯᠬᠦ ᠶᠢ ᠳᠦᠷᠭᠡᠳᠭᠡᠳᠡᠭ᠃ ᠬᠠᠮᠢᠶ᠎ᠡ ᠪᠦᠬᠦᠢ ᠰᠤᠳᠤᠯᠭᠠᠨ ᠠᠴᠠ ᠦᠵᠡᠪᠡᠯ᠂ ᠵᠤᠬᠢᠰᠳᠠᠢ ᠦᠯᠦᠰᠭᠦᠯᠡᠩ ᠪᠠᠶᠢᠬᠤ ᠨᠢ ᠶᠡᠭᠡ ᠳᠠᠷᠢᠬᠢᠨ ᠤ ᠳᠦᠷᠭᠡᠨ ᠡᠷᠭᠢᠯᠳᠡ ᠶᠢ ᠪᠠᠳᠤᠯᠠᠬᠤ ᠳᠤ ᠠᠰᠢᠬᠳᠠᠢ ᠪᠠᠶᠢᠳᠠᠭ ᠭᠡᠵᠡᠢ᠃ ᠳᠤᠯᠤᠭᠠᠨ ᠬᠤᠪᠢ ᠴᠠᠳᠬᠤ ᠶᠢ ᠪᠠᠷᠢᠮᠳᠠᠯᠠᠬᠤ ᠠᠴᠠ ᠭᠠᠳᠠᠨ᠎ᠠ᠂ ᠤᠯᠠᠭᠠᠨ ᠢᠳᠡᠭᠡᠨ ᠪᠠᠭ᠎ᠠ᠂ ᠨᠤᠭᠤᠭ᠎ᠠ ᠵᠢᠮᠢᠰ ᠢᠯᠡᠭᠦᠦ ᠢᠳᠡᠬᠦ ᠶᠢ ᠪᠠᠷᠢᠮᠳᠠᠯᠠᠬᠤ ᠭᠡᠷᠡᠭᠳᠡᠢ᠃ ᠮᠠᠨ ᠤ ᠤᠯᠤᠰ ᠤᠨ ᠤᠯᠠᠮᠵᠢᠯᠠᠯᠳᠤ ᠢᠳᠡᠭᠡᠨ ᠨᠢ ᠤᠷᠭᠤᠮᠠᠯ ᠢᠶᠠᠷ ᠭᠤᠤᠯᠯᠠᠳᠠᠭ᠂ ᠵᠢᠱᠢᠶᠡᠯᠡᠪᠡᠯ ᠠᠮᠤ ᠪᠤᠳᠠᠭ᠎ᠠ᠂ ᠢᠳᠡᠰᠢᠨ ᠨᠤᠭᠤᠭ᠎ᠠ᠂ ᠵᠢᠮᠢᠰ᠂ ᠪᠤᠷᠴᠠᠭ ᠤᠨ ᠵᠦᠢᠯ ᠭᠡᠬᠦᠴᠢᠯᠡᠨ ᠪᠠᠶᠢᠳᠠᠭ᠃ ᠦᠷᠦᠨᠡᠳᠠᠬᠢᠨ ᠤ ᠬᠢᠨ ᠪᠤᠯ ᠮᠢᠬ᠎ᠠ ᠦᠨᠳᠡᠭᠡ ᠰᠦ ᠵᠡᠷᠭᠡ ᠠᠮᠢᠳᠠᠨ ᠤ ᠭᠠᠷᠤᠯ ᠲᠠᠢ ᠢᠳᠡᠭᠡᠨ ᠢᠶᠠᠷ ᠭᠤᠤᠯᠯᠠᠳᠠᠭ᠃ ᠤᠷᠭᠤᠮᠠᠯ ᠤᠨ ᠳᠦᠷᠦᠯ ᠤᠨ ᠢᠳᠡᠭᠡᠨ ᠨᠢ ᠢᠳᠡᠭᠡᠨ ᠤ ᠰᠢᠷᠭᠡᠭᠯᠢᠭ᠂ ᠤᠰᠤᠨ ᠳᠤ ᠠᠭᠤᠰᠳᠠᠭ ᠸᠢᠲ᠋ᠠᠮᠢᠨ᠂ ᠢᠰᠦᠯᠳᠦᠬᠦ ᠶᠢ ᠬᠤᠷᠢᠬᠯᠠᠬᠤ ᠡᠳ᠋ ᠵᠡᠷᠭᠡ ᠶᠢ ᠡᠯᠪᠡᠭ ᠠᠭᠤᠯᠵᠤ᠂ ᠴᠢᠰᠦᠨ ᠤ ᠦᠭᠡᠬᠦ ᠦᠨᠳᠦᠷᠵᠢᠬᠦ ᠡᠪᠡᠳᠴᠢᠨ᠂ ᠰᠢᠬᠢᠷ ᠰᠢᠵᠢᠩ ᠡᠪᠡᠳᠴᠢᠨ ᠵᠡᠷᠭᠡ ᠤᠵᠢᠬ ᠡᠪᠡᠳᠴᠢᠨ ᠢ ᠰᠡᠷᠭᠡᠶᠢᠯᠡᠬᠦ ᠪᠠ ᠡᠮᠨᠡᠨ ᠵᠠᠰᠠᠬᠤ ᠳᠤ ᠠᠰᠢᠬᠳᠠᠢ ᠪᠠᠶᠢᠳᠠᠭ᠃ ᠶᠠᠬ ᠡᠶᠢᠮᠦ ᠠᠴᠠ ᠦᠩᠭᠡᠷᠡᠭᠰᠡᠨ ᠳᠤ ᠮᠠᠨ ᠤ ᠤᠯᠤᠰ ᠤᠨ ᠤᠵᠢᠬ ᠡᠪᠡᠳᠴᠢᠨ ᠡᠭᠦᠰᠬᠦ ᠨᠤᠷᠮ᠎ᠠ ᠦᠷᠦᠨᠡᠳᠠᠬᠢᠨ ᠤ ᠤᠯᠤᠰ ᠤᠳ ᠠᠴᠠ ᠳᠤᠤᠷ᠎ᠠ ᠪᠠᠶᠢᠵᠠᠢ᠃ ᠤᠳᠤ ᠪᠤᠯ ᠮᠠᠨ ᠤ ᠤᠯᠤᠰ ᠤᠨ ᠰᠠᠭᠤᠭᠠᠯᠢ ᠠᠷᠠᠳ ᠤᠨ ᠮᠢᠬᠠᠨ ᠤ ᠵᠦᠢᠯ᠂ ᠦᠭᠡᠬᠦ ᠳᠤᠰᠤ ᠢᠳᠡᠬᠦ ᠨᠢ ᠢᠯᠡᠭᠦᠦ ᠪᠤᠯᠵᠤ᠂ ᠭᠤᠤᠯ ᠬᠤᠭᠤᠯᠠ ᠢᠳᠡᠬᠦ ᠨᠢ ᠴᠤ ᠪᠠᠭᠠᠰᠤᠭᠰᠠᠨ ᠪᠠᠶᠢᠨ᠎ᠠ᠃ ᠳᠤᠮᠳᠠᠳᠤ ᠤᠯᠤᠰ ᠤᠨ ᠰᠢᠮ᠎ᠠ ᠳᠡᠵᠢᠭᠡᠯ ᠤᠨ ᠰᠤᠳᠤᠯᠭᠠᠨ ᠤ ᠬᠤᠷᠠᠯ ᠠᠴᠠ᠂ ᠨᠠᠰᠤᠨ ᠳᠤ ᠬᠦᠷᠦᠭᠰᠡᠳ ᠤᠨ ᠡᠳᠦᠷ ᠪᠤᠯᠭᠠᠨ ᠤ ᠢᠳᠡᠬᠦ ᠢᠳᠡᠭᠡᠨ ᠤ ᠳᠤᠰᠤ 25 ᠭᠷᠡᠮ ᠠᠴᠠ ᠭᠡᠳᠦᠷᠡᠵᠦ ᠪᠤᠯᠬᠤ ᠦᠭᠡᠢ ᠭᠡᠵᠦ ᠤᠷᠢᠶᠠᠯᠠᠵᠤ ᠪᠠᠶᠢᠨ᠎ᠠ᠂ ᠭᠡᠳᠡᠯ᠎ᠠ 80% ᠤᠨ ᠭᠡᠷ ᠪᠦᠯᠢ ᠪᠦᠷ ᠡᠨᠡᠬᠦ ᠪᠠᠷᠢᠮᠵᠢᠶ᠎ᠠ ᠠᠴᠠ ᠭᠡᠳᠦᠷᠡᠵᠦ ᠪᠠᠶᠢᠨ᠎ᠠ᠂ ᠳᠠᠪᠤᠰᠤ ᠶᠢᠨ ᠬᠡᠮᠵᠢᠶ᠎ᠠ ᠴᠤ ᠡᠶᠢᠮᠦ ᠪᠠᠶᠢᠨ᠎ᠠ ᠭᠡᠵᠦ ᠵᠦ ᠢ ᠳᠠᠨᠢᠯᠴᠠᠭᠤᠯᠤᠭᠰᠠᠨ ᠪᠠᠶᠢᠨ᠎ᠠ᠃ ᠡᠳᠦᠷ ᠳᠤᠳᠤᠮ ᠤᠨ ᠢᠳᠡᠭᠡᠨ ᠤᠮᠳᠠᠭᠠᠨ ᠤ ᠬᠤᠪᠢ ᠳᠤ᠂ ︽ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠢᠳᠡᠭᠡᠨ ᠤᠮᠳᠠᠭᠠᠨ ᠤ ᠵᠦᠭᠯᠡᠭᠦᠷ︾ ᠤᠨ ᠰᠠᠨᠠᠭᠤᠯᠭ᠎ᠠ ᠪᠠᠷ ᠯᠠᠪᠯᠠᠯᠳᠠ ᠪᠤᠯᠭᠠᠵᠤ᠂ ᠤᠯᠠᠨ ᠳᠦᠷᠦᠯ ᠤᠨ ᠢᠳᠡᠭᠡᠨ ᠢ ᠢᠳᠡᠵᠦ᠂ ᠨᠠᠷᠢᠮᠤ ᠶᠢᠨ ᠵᠦᠢᠯ ᠢᠶᠠᠷ ᠭᠤᠤᠯᠳᠠᠭᠤᠯᠤᠨ᠎ᠠ︔ ᠨᠤᠭᠤᠭ᠎ᠠ ᠵᠢᠮᠢᠰ᠂ ᠴᠠᠭᠠᠨ ᠢᠳᠡᠭᠡᠨ᠂ ᠪᠤᠷᠴᠠᠭ ᠤᠨ ᠢᠳᠡᠭᠡᠨ ᠢᠯᠡᠭᠦᠦ ᠢᠳᠡᠨ᠎ᠠ︔ ᠵᠢᠭᠠᠰᠤ᠂ ᠵᠢᠭᠦᠷᠳᠡᠨ᠂ ᠦᠨᠳᠡᠭᠡ᠂ ᠬᠠᠷ᠎ᠠ ᠮᠢᠬ᠎ᠠ ᠶᠢ ᠬᠡᠮᠵᠢᠶ᠎ᠠ ᠲᠠᠢ ᠢᠳᠡᠨ᠎ᠠ︔ ᠳᠤᠰᠤ ᠳᠠᠪᠤᠰᠤ ᠪᠠᠭ᠎ᠠ᠂ ᠰᠢᠬᠢᠷ ᠢᠶᠠᠨ ᠬᠠᠰᠤᠵᠤ ᠠᠷᠢᠬᠢ ᠶᠢ ᠬᠡᠮᠵᠢᠶᠡᠯᠡᠪᠡᠯ ᠵᠤᠬᠢᠨ᠎ᠠ᠃ ᠠᠮᠤ ᠬᠦᠨᠡᠰᠦ ᠶᠢ ᠪᠦᠷᠢᠯᠭᠡᠨ ᠰᠦᠢᠳᠭᠡᠬᠦ ᠦᠭᠡᠢ᠂ ᠢᠳᠡᠭᠡᠨ ᠤᠮᠳᠠᠭᠠᠨ ᠤ ᠠᠷᠢᠭᠤᠨ ᠴᠡᠪᠡᠷ ᠢ ᠡᠷᠭᠢᠮᠯᠡᠨ ᠡᠪᠡᠳᠴᠢᠨ ᠡᠮᠭᠡᠭ ᠠᠴᠠ ᠬᠤᠯᠠ ᠪᠠᠶᠢᠬᠤ᠂ ᠰᠢᠮ᠎ᠡ ᠳᠡᠵᠢᠭᠡᠯ ᠢ ᠳᠡᠩᠴᠡᠭᠦᠯᠤᠨ ᠡᠷᠡᠭᠦᠯ ᠰᠠᠷᠠᠭᠤᠯ ᠠᠮᠢᠳᠤᠷᠠᠵᠤ᠂ ᠠᠮᠤᠷ ᠰᠠᠶᠢᠬᠠᠨ ᠳᠠᠭᠠᠨ ᠵᠢᠷᠭᠠᠪᠠᠯ ᠵᠤᠬᠢᠨ᠎ᠠ ᠭᠡᠵᠦ ᠵᠦ ᠢ᠂ ᠵᠦᠸᠧ ᠰᠢᠶᠤᠤ ᠰᠢᠶᠠ ᠨᠠᠷ ᠰᠠᠨᠠᠭᠤᠯᠵᠤ ᠪᠠᠶᠢᠨ᠎ᠠ᠃
     ᠡᠪᠦᠭᠡ ᠡᠮᠡᠭᠡ ᠶᠢᠨ ᠢᠶᠠᠨ ᠳᠠᠨᠢᠬᠤ ᠦᠭᠡᠢ ᠢᠳᠡᠭᠡᠨ ᠳᠤᠳᠠᠭᠤ ᠢᠳᠡᠭᠡᠷᠡᠢ
     ᠰᠢᠮ᠎ᠠ ᠳᠡᠵᠢᠭᠡᠯ ᠤᠨ ᠰᠢᠨ᠎ᠠ ᠤᠢᠢᠯᠠᠭᠠᠭᠳᠠᠬᠤᠨ ᠳᠤ ᠬᠢᠨᠠᠭᠤᠷ ᠬᠠᠨᠳᠤᠭᠠᠷᠠᠢ
     ᠨᠠᠷᠢᠯᠢᠬ ᠪᠤᠯᠪᠠᠰᠤᠷᠠᠭᠤᠯᠤᠭᠰᠠᠨ ᠢᠳᠡᠭᠡᠨ ᠳᠤᠳᠠᠭᠤ ᠢᠳᠡᠭᠡᠷᠡᠢ
     ᠳᠤᠯᠤᠭᠠᠨ ᠬᠤᠪᠢ ᠴᠠᠳᠴᠤ ᠢᠳᠡᠰᠢᠨ ᠨᠤᠭᠤᠭ᠎ᠠ ᠢᠯᠡᠭᠦᠦ ᠢᠳᠡᠨ᠎ᠠ         ︵ᠳᠤᠰ ᠨᠢᠭᠤᠷ ᠤᠨ ᠬᠡᠷᠡᠯ ᠵᠢᠷᠤᠭ ᠢ ᠰᠦᠯᠵᠢᠶ᠎ᠡ ᠠᠴᠠ ᠠᠪᠤᠪᠠ︶
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号