ᠦᠵᠦᠮᠦᠴᠢᠨ ᠦᠬᠢᠨ ᠤᠶᠠᠩᠭ᠋᠎ᠠ ᠤᠬᠤᠷᠬᠠᠨ 4 ᠰᠠᠷ᠎ᠠ ᠶᠢᠨ ᠬᠤᠭᠤᠴᠠᠭᠠᠨ ᠳᠤ 3 ᠲᠦᠮᠡ ᠭᠠᠷᠤᠢ ᠲᠦᠭᠦᠷᠢᠭ ᠤᠨ ᠤᠷᠤᠯᠭ᠎ᠠ ᠡᠭᠦᠳᠪᠡ
ᠨᠡᠶᠢᠲᠡᠯᠡᠭᠰᠡᠨ ᠴᠠᠭ᠄
2018/5/31
     ᠬᠢᠯᠭᠠᠰᠤ ᠲᠠᠮᠤᠬᠤ᠂ ᠮᠠᠯ ᠬᠠᠷ᠎ᠠ ᠪᠠᠨ ᠤᠰᠤᠯᠠᠵᠤ ᠬᠠᠷᠢᠭᠤᠯᠬᠤ᠂ ᠮᠤᠷᠢ ᠤᠷᠭᠠᠯᠠᠬᠤ᠂ ᠬᠤᠷᠠᠭ᠎ᠠ ᠢᠰᠢᠭᠡ  ᠪᠠᠨ ᠤᠭᠵᠢᠬᠤ᠂ ᠬᠦᠷᠵᠡᠩ ᠭᠠᠷᠭᠠᠬᠤ᠂ ᠬᠤᠷᠤᠭ᠎ᠠ ᠬᠠᠰᠢᠶ᠎ᠠ ᠪᠠᠨ ᠴᠡᠪᠡᠷᠯᠡᠬᠦ᠂ ᠴᠠᠭᠠᠨ ᠢᠲᠡᠭᠡ ᠬᠢᠬᠦ ᠵᠡᠷᠭᠡ ᠨᠢ ᠮᠠᠯᠴᠢᠳ ᠲᠤ ᠠᠪᠴᠤ ᠬᠡᠯᠡᠪᠡᠯ ᠡᠭᠡᠯ ᠪᠤᠷᠤᠭᠵᠢᠭᠤᠨ ᠮᠠᠯᠵᠢᠬᠤ ᠦᠢᠯᠡᠳᠪᠦᠷᠢᠯᠡᠯ ᠠᠮᠢᠲᠤᠷᠠᠯ‌‍ᠤᠨ ᠬᠢᠨᠢ ᠲᠤᠮᠲᠠᠬᠢ ᠡᠪ ᠡᠩ ᠤᠨ ᠬᠢᠲᠠᠯ ᠪᠠᠷᠢᠲᠠᠯ ᠪᠠᠶᠢᠬᠤ ᠳᠤ ᠬᠦᠲᠡᠭᠡ ᠨᠤᠲᠤᠭ ᠢᠶᠠᠷ ᠬᠦᠷᠦᠭᠡ ᠦᠭᠡᠢ᠂ ᠬᠦᠲᠡᠭᠡ ᠶᠢᠨ ᠠᠮᠢᠲᠤᠷᠠᠯ ᠲᠠᠢ ᠤᠶᠢᠷᠠᠳᠴᠤ ᠦᠩᠭᠡᠷᠡᠭᠡ ᠦᠭᠡᠢ ᠬᠦᠮᠦᠰ ᠲᠤ ᠠᠪᠴᠤ ᠬᠡᠯᠡᠪᠡᠯ ᠡᠲᠡᠭᠡᠷ ᠨᠢ ᠬᠠᠷᠢᠨ ᠠᠩᠬᠠᠷᠤᠯ ᠪᠠᠭ᠋ᠠᠷᠬᠠᠯ ᠢ ᠨᠢ ᠲᠠᠲᠠᠲᠠᠭ ᠰᠤᠨᠢᠨ ᠰᠡᠪᠡᠭᠦᠨ ᠵᠦᠢᠯᠡᠰ ᠪᠤᠯᠤᠭᠰᠠᠨ ᠪᠠᠶᠢᠲᠠᠭ᠃ ᠪᠠᠷᠠᠭᠤᠨ ᠦᠵᠦᠮᠦᠴᠢᠨ ᠬᠤᠰᠢᠭᠤᠨ ᠤ ᠬᠤᠭᠤᠯᠠᠲᠤ ᠶᠢᠨ ᠭᠤᠤᠯ ᠪᠠᠯᠭᠠᠰᠤᠨ ᠤ ᠠᠯᠳ᠋ᠬᠠᠤᠲᠤ ᠭᠠᠴᠠᠭ᠎ᠠ ᠪᠠᠷ ᠨᠤᠲᠤᠭ ᠲᠠᠢ ᠤᠶᠠᠩᠭ᠋᠎ᠠ ᠡᠲᠡᠭᠡᠷ ᠬᠦᠮᠦᠰ ᠤᠨ ᠮᠠᠯᠵᠢᠬᠤ ᠦᠢᠯᠡᠳᠪᠦᠷᠢᠯᠡᠯ ᠠᠮᠢᠲᠤᠷᠠᠯ ᠳᠤ ᠲᠦᠷᠦᠭᠲᠡᠬᠦ ᠰᠤᠨᠢᠷᠬᠠᠯᠲᠤ ᠰᠡᠳᠬᠢᠯ ᠪᠠ ᠤᠶᠢᠷ᠎ᠠ ᠶᠢᠨ ᠬᠤᠶᠠᠷ ᠵᠢᠯ ᠳᠤ ᠭᠠᠷ ᠤᠲᠠᠰᠤᠨ ᠤ ᠸᠢᠳᠢᠤ᠋᠂ ᠰᠢᠭᠤᠳ ᠨᠡᠪᠲᠡᠷᠡᠬᠦᠯᠭᠡ ᠶᠢᠨ ᠲᠠᠪᠴᠠᠩ ᠦᠳᠲᠡᠷ ᠬᠦᠭᠵᠢᠭᠰᠡᠨ ᠲᠤᠬᠢᠶᠠᠯ ᠢ ᠠᠰᠢᠭᠯᠠᠵᠤ᠂ ᠬᠦᠲᠡᠭᠡ ᠨᠤᠲᠤᠭ ᠤᠨ ᠢᠶᠠᠨ ᠠᠮᠢᠲᠤᠷᠠᠯ ᠠᠬᠤᠢ ᠶᠢ ᠦᠨᠡᠨ ᠪᠤᠲᠠᠲᠠᠢ ᠪᠠᠷ ᠵᠢᠷᠤᠭᠯᠠᠨ ᠰᠢᠩᠭᠡᠭᠡᠵᠦ ᠤᠯᠤᠰ ᠤᠨ ᠲᠤᠲᠤᠭᠠᠲᠤ ᠭᠠᠲᠠᠭᠠᠲᠤ ᠶᠢᠨ ᠦᠵᠡᠭᠴᠢᠳ ᠲᠠᠢ ᠬᠤᠪᠢᠶᠠᠯᠴᠠᠵᠤ᠂ ᠤᠬᠤᠷᠬᠠᠨ 4 ᠰᠠᠷ᠎ᠠ ᠶᠢᠨ ᠬᠤᠭᠤᠴᠠᠭᠠᠨ ᠳᠤ 7.8 ᠲᠦᠮᠡᠨ ᠬᠦᠷᠢᠶᠡᠯᠡᠭᠴᠢ ᠲᠠᠢ ᠪᠤᠯᠤᠭᠰᠠᠨ ᠢᠶᠠᠷ ᠪᠠᠷᠠᠬᠤ ᠦᠭᠡᠢ ᠦᠯᠡᠮᠵᠢ ᠤᠷᠤᠯᠭ᠎ᠠ ᠡᠭᠦᠳᠬᠦ ᠵᠠᠮ ᠢ ᠡᠯᠬᠦᠵᠡᠢ᠃     ᠤᠶᠠᠩᠭ᠋᠎ᠠ ᠭᠡᠵᠦ ᠶᠡᠭᠡ ᠬᠦᠬᠡᠷᠦᠬᠦᠨ ᠴᠤᠪᠤᠭᠤᠯᠢᠭ᠂ ᠵᠤᠷᠢᠭ ᠲᠠᠢ ᠪᠦᠭᠡᠳ ᠤᠷᠤᠯᠲᠤᠯᠭ᠎ᠠ ᠲᠠᠢ ᠦᠬᠢᠨ ᠪᠢᠯᠡ ᠃ ᠡᠨᠡ ᠵᠢᠯ 23 ᠨᠠᠰᠤᠲᠠᠢ ᠠᠲᠠᠯ᠎ᠠ ᠪᠠᠨ ᠦᠪᠡᠷ ᠤᠨ ᠡᠷᠬᠢᠯᠡᠵᠦ ᠪᠠᠶᠢᠭ᠎ᠠ ᠦᠢᠯᠡᠰ᠂ ᠰᠤᠩᠬᠤᠭᠰᠠᠨ ᠵᠠᠮ ᠮᠦᠷ ᠲᠡᠭᠡᠨ ᠡᠷᠡᠰ ᠰᠢᠭᠤᠷᠬᠠᠢ ᠤᠪᠤᠷ ᠬᠠᠨᠲᠤᠯᠭ᠎ᠠ ᠲᠠᠢ᠃ 2017 ᠤᠨ ᠳᠤ ᠦᠪᠦᠷ ᠮᠤᠩᠬᠤᠯ ᠤᠨ ᠡᠳ᠋ ᠤᠨ ᠵᠠᠰᠠᠭ ᠠᠵᠤ ᠠᠬᠤᠢ ᠶᠢᠨ ᠶᠡᠭᠡ ᠰᠤᠷᠭᠠᠭᠤᠯᠢ ᠶᠢᠨ ᠭᠠᠵᠠᠷ ᠰᠢᠷᠤᠢ ᠶᠢᠨ ᠡᠬᠢ ᠪᠠᠶᠠᠯᠢᠭ ᠤᠨ ᠬᠠᠮᠢᠶᠠᠷᠤᠯᠲᠠ ᠶᠢᠨ ᠲᠤᠰᠬᠠᠢ ᠮᠡᠷᠭᠡᠵᠢᠯ ᠠᠴᠠ ᠲᠡᠭᠦᠰᠴᠦ ᠨᠤᠲᠤᠭ ᠲᠠᠭᠠᠨ ᠪᠤᠴᠠᠵᠠᠢ᠃ ᠬᠠᠷᠢᠨ ᠨᠢᠭᠡ ᠤᠲᠠᠭ᠎ᠠ ᠭᠠᠯᠲᠤ ᠲᠡᠷᠭᠡᠨ ᠲᠡᠭᠡᠷ᠎ᠡ ᠰᠠᠭᠤᠵᠤ ᠨᠤᠲᠤᠭ ᠲᠠᠭᠠᠨ ᠪᠤᠴᠠᠬᠤ ᠵᠠᠮ ᠵᠠᠭᠤᠷ᠎ᠠ ᠭᠠᠲᠠᠨ᠎ᠠ ᠮᠤᠵᠢ ᠤᠷᠤᠨ ᠤ ᠵᠤᠭᠠᠴᠠᠭᠰᠠᠳ ᠲᠠᠢ ᠬᠠᠷᠭᠤᠵᠤ᠂ ᠤᠶᠠᠩᠭ᠋᠎ᠠ ᠶᠢ ᠪᠠᠯᠴᠢᠷ ᠪᠠᠭ᠎ᠠ ᠨᠠᠰᠤᠨ ᠠᠴᠠ ᠪᠠᠨ ᠬᠦᠲᠡᠭᠡ ᠨᠤᠲᠤᠭ ᠲᠤ ᠮᠠᠯ ᠤᠨᠤᠭ᠎ᠠ ᠲᠠᠢ ᠪᠠᠨ ᠲᠤᠭᠯᠠᠵᠤ ᠦᠰᠦᠭᠰᠡᠨ ᠢ ᠨᠢ ᠰᠤᠨᠤᠰᠤᠭᠠᠳ ᠮᠤᠩᠬᠤᠯ ᠨᠤᠲᠤᠭ ᠲᠤ ᠲᠦᠢᠯ ᠤᠨ ᠶᠡᠭᠡ ᠰᠤᠨᠢᠷᠬᠠᠯ ᠲᠠᠢ ᠪᠠᠶᠢᠭ᠎ᠠ ᠰᠡᠳᠬᠢᠯ ᠢᠶᠠᠨ ᠢᠯᠡᠳᠭᠡᠬᠦ ᠶᠢᠨ ᠲᠠᠭᠠᠤ ᠮᠠᠯᠵᠢᠬᠤ ᠦᠢᠯᠡᠳᠪᠦᠷᠢᠯᠡᠯ ᠠᠮᠢᠲᠤᠷᠠᠯ ᠤᠨ ᠲᠠᠯ᠎ᠠ ᠠᠴᠠ ᠰᠢᠭᠤᠳ ᠬᠠᠷᠠᠵᠤ ᠮᠡᠲᠡᠷᠡᠬᠦ ᠲᠠᠪᠴᠠᠩ ᠪᠠᠶᠢᠲᠠᠭ ᠪᠤᠯ ᠡ ᠭᠡᠰᠡᠨ ᠪᠤᠲᠤᠯ ᠢᠶᠠᠨ ᠲᠡᠯᠭᠡᠵᠡᠢ᠃ ᠲᠠᠨᠢᠯ ᠪᠤᠰᠤ ᠬᠦᠮᠦᠰ ᠤᠨ ᠬᠤᠭᠤᠷᠤᠨᠲᠤᠬᠢ ᠬᠦᠲᠡᠭᠡ ᠨᠤᠲᠤᠭ ᠲᠤ ᠰᠤᠨᠢᠷᠬᠠᠯ ᠲᠠᠢ ᠪᠠᠶᠢᠲᠠᠭ ᠶᠠᠷᠢᠶᠠᠨ ᠠᠴᠠ ᠤᠶᠠᠩᠭ᠋᠎ᠠ ᠮᠠᠨᠢ ᠦᠢᠯᠡᠰ ᠪᠦᠲᠦᠭᠡᠬᠦ ᠶᠠᠭᠤ ᠨᠢᠭᠡ ᠶᠢ ᠪᠤᠲᠤᠵᠤ ᠠᠮᠵᠢᠭᠤᠯᠵᠠᠢ᠃     ᠰᠤᠷᠭᠠᠭᠤᠯᠢ ᠲᠡᠭᠦᠰᠬᠦ ᠲᠡᠷᠡ ᠵᠢᠯ ᠤᠨ ᠢᠶᠠᠨ 11 ᠰᠠᠷ᠎ᠠ ᠳᠤ ᠤᠶᠠᠩᠭ᠋᠎ᠠ ᠰᠡᠳᠬᠢᠯ ᠳᠤ ᠬᠤᠨᠤᠭᠰᠢᠭᠰᠠᠨ ᠪᠤᠲᠤᠯ ᠢᠶᠠᠨ ᠦᠢᠯᠡᠳᠦᠯᠭᠡᠵᠢᠬᠦᠯᠬᠦ ᠵᠤᠷᠢᠭ ᠢᠶᠠᠨ ᠬᠦᠪᠴᠢᠯᠡᠵᠦ᠂ ᠲᠠᠲᠤᠯᠭ᠎ᠠ ᠬᠢᠵᠦ ᠪᠠᠶᠢᠭᠰᠠᠨ ᠠᠵᠢᠯ ᠢᠶᠠᠨ ᠤᠷᠬᠢᠵᠤ ᠲᠤᠰᠬᠠᠶᠢᠯᠠᠨ ᠸᠢᠳᠢᠤ᠋ ᠦᠢᠯᠡᠳᠬᠦ᠂ ᠵᠢᠷᠤᠭ ᠲᠠᠲᠠᠬᠤ ᠮᠡᠷᠭᠡᠵᠢᠯ ᠢ ᠨᠡᠯᠢᠶᠡᠳ ᠭᠦᠨᠴᠡ ᠲᠠᠢ ᠰᠤᠷᠤᠯᠴᠠᠵᠤ ᠡᠬᠢᠯᠡᠵᠡᠢ᠃ ᠲᠡᠷᠡ ᠮᠠᠨᠢ ᠵᠢᠷᠤᠭ ᠰᠡᠭᠦᠲᠡᠷ ᠲᠠᠲᠠᠲᠠᠭ᠂ ᠸᠢᠳᠢᠤ᠋ ᠪᠢᠴᠢᠯᠭᠡ ᠰᠡᠭᠦᠲᠡᠷᠯᠡᠵᠦ ᠪᠦᠲᠦᠭᠡᠬᠦ ᠳᠡᠭᠡᠨ ᠴᠠᠭᠠᠷᠠᠭᠰᠠᠨ ᠬᠦᠮᠦᠰ ᠠᠴᠠ ᠬᠠᠮᠢ᠊ ᠡᠶ᠎ᠡ ᠪᠦᠬᠦᠢ ᠮᠡᠲᠡᠯᠭᠡ ᠮᠡᠲᠡᠴᠡ ᠶᠢ ᠰᠤᠷᠤᠯᠴᠠᠬᠤ ᠶᠢᠨ ᠲᠠᠭᠠᠤ ᠰᠦᠯᠵᠢᠶᠠᠨ ᠲᠡᠭᠡᠷ᠎ᠡ ᠶᠡᠭᠡ ᠬᠦᠷᠢᠶᠡᠯᠡᠯ ᠲᠠᠢ ᠪᠠᠶᠢᠲᠠᠭ ᠬᠦᠮᠦᠰ ᠤᠨ ᠨᠡᠶᠢᠲᠡᠯᠡᠭᠰᠡᠨ ᠪᠦᠲᠦᠭᠡᠯ ᠤᠳ ᠢ ᠰᠤᠨᠢᠷᠬᠠᠵᠤ᠂ ᠲᠡᠲᠡᠨ ᠤ ᠵᠢᠷᠤᠬᠯᠠᠬᠤ ᠠᠷᠭ᠎ᠠ ᠪᠠᠷᠢᠯ ᠵᠡᠷᠭᠡ ᠲᠠᠯ᠎ᠠ ᠠᠴᠠ ᠵᠠᠲᠠᠯᠤᠨ ᠰᠤᠷᠤᠯᠴᠠᠵᠤ᠂ ᠨᠡᠯᠢᠶᠡᠳ ᠮᠡᠷᠭᠡᠰᠢᠭᠰᠡᠨ ᠢᠶᠠᠨ 2018 ᠤᠨ ᠤ 1 ᠰᠠᠷ᠎ᠠ ᠳᠤ ︽ᠦᠨᠦᠲᠦᠷ ᠤᠨ ᠲᠡᠷᠢᠬᠦᠨ ᠵᠤᠷᠪᠤᠰ︾ ᠭᠠᠷ ᠤᠲᠠᠰᠤᠨ ᠤ APP ᠲᠡᠭᠡᠷ᠎ᠡ ︽ᠲᠠᠯ᠎ᠠ ᠨᠤᠲᠤᠭ ᠤᠨ ᠰᠠᠭᠤᠭᠲᠠᠯ ᠰᠢᠯᠢ ᠶᠢᠨ ᠭᠤᠤᠯ︾ ᠬᠡᠮᠡᠬᠦ ᠳ᠋ᠤᠭᠠᠷ ᠢᠶᠠᠨ ᠪᠦᠷᠢᠳᠭᠡᠬᠦᠯᠵᠦ᠂ ᠦᠪᠡᠷ ᠤᠨ ᠵᠢᠷᠤᠭᠯᠠᠭᠰᠠᠨ ᠸᠢᠳᠢᠤ᠋ ᠪᠠᠨ ᠨᠡᠶᠢᠲᠡᠯᠡᠬᠦ ᠪᠤᠯᠪᠠ᠃ ᠤᠶᠠᠩᠭ᠋᠎ᠠ ᠶᠢᠨ ᠨᠡᠶᠢᠲᠡᠯᠡᠭᠰᠡᠨ ᠸᠢᠳᠢᠤ᠋ ᠪᠦᠲᠦᠭᠡᠯ ᠤᠳ ᠤᠨ ᠤᠯᠠᠩᠬᠢ ᠨᠢ ᠭᠤᠷᠪᠠ ᠲᠦᠷᠪᠡᠨ ᠮᠢᠨᠦ᠋ᠲ ᠤᠨ ᠲᠦᠯᠦᠪ ᠲᠠᠢ ᠪᠠᠶᠢᠵᠤ᠂ ᠡᠲᠦᠷ ᠲᠤ ᠲᠤᠭᠲᠠᠭᠰᠠᠨ ᠴᠠᠭ ᠲᠤ ᠨᠢᠭᠡ ᠠᠴᠠ ᠬᠤᠶᠠᠷ ᠪᠦᠯᠦᠭ ᠰᠢᠨᠡᠴᠢᠯᠡᠲᠡᠭ᠃ ᠭᠤᠤᠯᠲᠠᠭᠤ ᠮᠠᠯᠵᠢᠬᠤ ᠦᠢᠯᠡᠳᠪᠦᠷᠢᠯᠡᠯ ᠳᠤ ᠰᠠᠭᠤᠷᠢᠯᠠᠨ᠂ ᠭᠡᠷ ᠵᠠᠭᠤᠷ᠎ᠠ ᠶᠢᠨ ᠬᠤᠭᠤᠯᠠ ᠪᠤᠲᠠᠭ᠎ᠠ ᠂ ᠤᠯᠠᠮᠵᠢᠯᠠᠯᠲᠤ ᠴᠠᠭᠠᠨ ᠢᠲᠡᠭᠡᠨ ᠬᠢᠬᠦ ᠠᠴᠠ ᠮᠠᠯ ᠰᠦᠷᠦᠭ ᠤᠨ ᠢᠶᠠᠨ ᠲᠡᠷᠭᠡᠲᠡ ᠪᠤᠯᠤᠭᠰᠠᠨ ᠠᠲᠠᠯ ᠬᠢᠲᠡᠯ ᠵᠢᠴᠢ ᠭᠠᠴᠠᠭᠠᠨ ᠳᠤ ᠶᠠᠪᠤᠭᠲᠠᠭᠰᠠᠨ ᠤᠳᠬ᠎ᠠ ᠠᠭᠤᠯᠭ᠎ᠠ ᠲᠠᠢ ᠠᠵᠢᠯᠯᠠᠭ᠎ᠠ᠂ ᠬᠠᠪᠤᠷ ᠤᠨ ᠤᠯᠠᠷᠢᠯ ᠤᠨ ᠪᠡᠯᠴᠢᠭᠡᠷ ᠰᠡᠷᠭᠦᠭᠡᠬᠦ ᠲᠦᠷᠦ ᠶᠢᠨ ᠪᠤᠲᠤᠯᠭ᠎ᠠ ᠬᠡᠷᠡᠭᠵᠢᠬᠦᠯᠦᠭᠰᠡᠨ ᠪᠠᠶᠢᠲᠠᠯ ᠵᠡᠷᠭᠡ ᠲᠠᠯ᠎ᠠ ᠠᠴᠠ ᠤᠯᠠᠨ ᠤ ᠬᠠᠷᠠᠭᠠᠨ ᠳᠤ ᠲᠡᠯᠭᠡᠵᠦ᠂ ᠮᠠᠯᠴᠢᠳ ᠤᠨ ᠠᠮᠢᠲᠤᠷᠠᠯ ᠤᠨ ᠦᠨᠡᠨ ᠪᠤᠳᠠᠲᠠᠢ ᠵᠢᠷᠤᠭᠯᠠᠯ ᠪᠤᠯᠵᠤ ᠴᠢᠲᠠᠭᠰᠠᠨ ᠢᠶᠠᠷ ᠬᠦᠷᠢᠶᠡᠯᠡᠭᠴᠢ ᠶᠢᠨ ᠲᠤᠭ᠎ᠠ ᠨᠢ ᠠᠩᠬᠠᠨ ᠤ ᠬᠠᠭᠠᠰ ᠰᠠᠷ᠎ᠠ ᠳᠤ 100 ᠭᠠᠷᠤᠢ ᠯᠡ ᠪᠠᠶᠢᠭᠰᠠᠨ ᠢᠶᠠᠨ ᠤᠲᠤ ᠪᠤᠯᠬᠤ ᠳᠤ 7.8 ᠲᠦᠮᠡ ᠪᠤᠯᠵᠤ ᠨᠡᠮᠡᠭᠲᠡᠭᠰᠡᠨ ᠪᠠᠶᠢᠨ᠎ᠠ᠃ ᠤᠶᠠᠩᠭ᠋᠎ᠠ ᠶᠢᠨ ᠨᠡᠶᠢᠲᠡᠯᠡᠭᠰᠡᠨ ᠮᠠᠯᠴᠢᠳ ᠤᠨ ᠦᠢᠯᠡᠳᠪᠦᠷᠢᠯᠡᠯ ᠠᠮᠢᠲᠤᠷᠠᠯ ᠢ ᠬᠠᠷᠠᠭᠤᠯᠤᠭᠰᠠᠨ ᠸᠢᠳᠢᠤ᠋ ᠤᠲᠤ ᠪᠤᠯᠬᠤ ᠳᠤ ᠨᠡᠶᠢᠲᠡ 150 ᠪᠦᠯᠦᠭ ᠬᠦᠷᠲᠡᠯ᠎ᠡ ᠰᠢᠨᠡᠴᠢᠯᠡᠭᠲᠡᠵᠦ᠂ ᠬᠠᠮᠤᠭ ᠤᠨ ᠶᠡᠭᠡ ᠲᠠᠷᠤᠮ ᠤᠨ ᠲᠤᠭ᠎ᠠ ᠨᠢ 56 ᠲᠦᠮᠡ ᠲᠠᠪᠠᠵᠤ᠂ ᠸᠢᠳᠢᠤ᠋ ᠶᠢᠨ ᠨᠡᠶᠢᠲᠡ ᠲᠠᠷᠤᠮ ᠤᠨ ᠲᠤᠭ᠎ᠠ 1000 ᠰᠢᠬᠠᠮ ᠲᠦᠮᠡ ᠳᠤ ᠬᠦᠷᠴᠦ᠂ ᠤᠬᠤᠷᠬᠠᠨ 4 ᠰᠠᠷ᠎ᠠ ᠶᠢᠨ ᠬᠤᠭᠤᠴᠠᠭᠠᠨ ᠳᠤ 3 ᠲᠦᠮᠡ ᠭᠠᠷᠤᠢ ᠲᠦᠭᠦᠷᠢᠭ ᠤᠨ ᠤᠷᠤᠯᠭ᠎ᠠ ᠡᠭᠦᠳᠴᠡᠢ᠃      ᠦᠵᠦᠮᠦᠴᠢᠨ ᠨᠤᠲᠤᠭ ᠤᠨ ᠠᠭᠤᠲᠠᠮ ᠦᠷᠦᠴᠡᠨ ᠳᠤ ᠦᠰᠴᠤ ᠲᠤᠮᠤᠵᠢᠭᠰᠠᠨ ᠬᠦᠲᠡᠭᠡ ᠶᠢᠨ ᠦᠬᠢᠨ ᠮᠠᠨᠢ ᠮᠠᠯᠴᠢᠨ ᠠᠶᠢᠯ ᠤᠨ ᠪᠤᠷᠤ ᠭᠡᠷ ᠤᠨ ᠠᠮᠢᠲᠤᠷᠠᠯ ᠠᠬᠤᠢ ᠶᠢ ᠬᠠᠷᠠᠭᠤᠯᠤᠭᠰᠠᠨ ᠸᠢᠳᠢᠤ᠋ ᠪᠠᠨ ᠤᠯᠠᠨ ᠳᠤ ᠰᠤᠨᠢᠷᠬᠠᠭᠤᠯᠵᠤ᠂ ᠮᠠᠯᠴᠢᠳ ᠤᠨ ᠡᠭᠡᠯ ᠪᠤᠷᠤᠭᠵᠢᠭᠤᠨ᠂ ᠠᠵᠢᠯᠴᠢ ᠬᠦᠲᠡᠯᠮᠦᠷᠢᠴᠢ᠂ ᠠᠰᠠᠪᠤᠷ ᠴᠠᠭᠠᠪᠤᠷ ᠢ ᠲᠤᠰᠬᠠᠵᠤ ᠴᠢᠲᠠᠭᠰᠠᠨ ᠨᠢ ᠲᠡᠭᠦᠨ ᠤ ᠠᠩᠬᠠᠨ ᠤ ᠠᠮᠵᠢᠯᠲᠠ ᠯᠡ ᠲᠡᠲᠦᠢ᠂ ᠬᠠᠷᠢᠨ ᠲᠡᠭᠦᠨ ᠤ ᠡᠴᠦᠰ ᠤᠨ ᠬᠠᠷᠠᠯᠲᠠ ᠨᠢ ᠡᠭᠦᠪᠡᠷ ᠲᠠᠮᠵᠢᠭᠤᠯᠵᠤ ᠦᠵᠦᠮᠦᠴᠢᠨ ᠨᠤᠲᠤᠭ᠂ ᠴᠢᠨᠠᠭᠰᠢᠯᠠᠪᠠᠯ ᠰᠢᠯᠢ ᠶᠢᠨ ᠭᠤᠤᠯ ᠨᠤᠲᠤᠭ ᠢᠶᠠᠨ ᠨᠡᠩ ᠤᠯᠠᠨ ᠬᠦᠮᠦᠰ ᠲᠤ ᠲᠠᠨᠢᠭᠤᠯᠵᠤ ᠤᠶᠢᠯᠠᠭᠠᠭᠤᠯᠵᠤ᠂ ᠨᠤᠲᠤᠭ ᠤᠷᠤᠨ ᠤ ᠪᠠᠨ ᠨᠡᠷ᠎ᠡ ᠠᠯᠲᠠᠷᠰᠢᠯ ᠢ ᠨᠡᠮᠡᠭᠲᠡᠬᠦᠯᠵᠦ᠂ ᠮᠠᠯ ᠤᠨ ᠠᠰᠢᠭ ᠰᠢᠮ᠎ᠡ ᠶᠢᠨ ᠪᠦᠲᠦᠭᠡᠭᠲᠡᠬᠦᠨ᠂ ᠦᠨᠳᠦᠰᠦᠲᠡᠨ ᠤ ᠪᠦᠲᠦᠭᠡᠭᠲᠡᠬᠦᠨ ᠤ ᠪᠤᠷᠤᠯᠠᠭᠤᠯᠭ᠎ᠠ ᠶᠢ ᠨᠡᠮᠡᠭᠲᠡᠬᠦᠯᠵᠦ᠂ ᠮᠠᠯᠴᠢᠳ ᠤᠨ ᠤᠷᠤᠯᠭ᠎ᠠ ᠶᠢᠨ ᠨᠡᠮᠡᠭᠲᠡᠯ ᠢ ᠲᠠᠶᠢᠴᠢᠯᠠᠬᠤ ᠶᠠᠪᠤᠲᠠᠯ ᠪᠢᠯᠡ᠃      ︽ᠲᠠᠷᠠᠭ᠎ᠠ ᠪᠠᠷ ᠪᠢ ᠨᠤᠲᠤᠭ ᠠᠴᠠ ᠪᠠᠨ ᠭᠠᠷᠴᠤ᠂ ᠮᠠᠨ ᠤ ᠰᠢᠯᠢ ᠶᠢᠨ ᠭᠤᠤᠯ ᠤᠨ ᠡᠯ᠎ᠡ ᠬᠤᠰᠢᠭᠤ ᠰᠢᠶᠠᠨ ᠢᠶᠠᠷ ᠬᠦᠷᠴᠦ ᠨᠤᠲᠤᠭ ᠨᠤᠲᠤᠭ ᠤᠨ ᠰᠤᠶᠤᠯ ᠢᠷᠭᠡᠨᠰᠢᠯ᠂ ᠵᠠᠩ ᠦᠢᠯᠡ᠂ ᠵᠤᠭᠠᠴᠠᠯ ᠤᠨ ᠦᠵᠡᠮᠵᠢᠲᠦ ᠤᠷᠤᠨ ᠤ ᠲᠤᠬᠠᠢ ᠲᠠᠨᠢᠯᠴᠠᠭᠤᠯᠭ᠎ᠠ ᠬᠢᠬᠦ ᠰᠠᠨᠠᠭ᠎ᠠ ᠲᠠᠢ︾ ᠭᠡᠵᠦ ᠤᠶᠠᠩᠭ᠋᠎ᠠ ᠬᠤᠶᠢᠰᠢᠲᠠ ᠶᠢᠨ ᠲᠦᠰᠦᠯ ᠲᠦᠯᠦᠪᠯᠡᠭᠡ ᠤ ᠪᠠᠨ ᠲᠤᠬᠠᠢ ᠶᠠᠷᠢᠬᠤ ᠶᠢᠨ ᠲᠠᠭᠠᠤ ᠦᠢᠯᠡᠰ ᠪᠦᠲᠦᠭᠡᠬᠦ ᠪᠤᠲᠤᠯ ᠲᠠᠢ ᠮᠤᠩᠬᠤᠯ ᠪᠦᠰᠡᠭᠦ᠋ᠢᠴᠤᠳ ᠮᠠᠨᠢ ᠡᠨᠡᠬᠦ ᠦᠢᠯᠡᠰ ᠤᠨ ᠡᠩᠨᠡᠭᠡᠨ ᠳᠤ ᠬᠤᠰᠢᠭᠤᠷᠠᠵᠤ᠂ ᠲᠡᠭᠦᠨ ᠲᠠᠢ ᠬᠠᠮᠲᠤᠪᠡᠷ ᠤᠷᠤᠭᠰᠢᠯᠠᠬᠤ ᠶᠢ ᠤᠷᠢᠶᠠᠯᠠᠵᠤ ᠪᠠᠶᠢᠯ᠎ᠠ᠃ ︵︽ᠰᠢᠯᠢ ᠶᠢᠨ ᠭᠤᠤᠯ ᠤᠨ ᠡᠲᠦᠷ ᠤᠨ ᠰᠤᠨᠢᠨ︾ ᠤ ᠰᠤᠷᠪᠤᠯᠵᠢᠯᠠᠭᠴᠢ ᠬᠠᠨ᠎ᠠ︶
 
ᠢᠷᠡᠯᠲᠡ᠄ ᠰᠢᠨᠬᠤᠧᠠ ᠮᠤᠩᠬᠤᠯ ᠨᠧᠲ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号