︽ᠨᠢᠳᠤᠨ ᠳᠤ ᠤᠷᠤᠭᠰᠠᠨ ᠬᠤᠭ︾ ᠬᠡᠪᠡᠯᠢ ᠳᠤ ᠤᠷᠭᠤᠭᠰᠠᠨ ᠴᠢᠯᠠᠭᠤ
ᠨᠡᠶᠢᠲᠡᠯᠡᠭᠰᠡᠨ ᠴᠠᠭ᠄
2018/5/4
    ᠡᠪᠡᠰᠦᠨ ᠬᠦᠴᠢᠯ ᠡᠯᠪᠡᠭᠳᠡᠪᠡᠯ ᠪᠦᠭᠡᠷ᠎ᠡ ᠶᠢᠨ ᠴᠢᠯᠠᠭᠤᠵᠢᠯ ᠡᠭᠦᠰᠦᠨ᠎ᠠ᠂ ᠰᠦᠰᠦᠨ ᠤ ᠭᠤᠨᠠᠨ ᠠᠯᠺᠤᠤᠯ ᠡᠯᠪᠡᠭᠳᠡᠪᠡᠯ ᠰᠦᠰᠦᠨ ᠤ ᠴᠢᠯᠠᠭᠤᠵᠢᠯ ᠡᠭᠦᠰᠦᠨ᠎ᠠ᠂ ᠨᠠᠰᠤᠳᠠᠶᠢᠴᠤᠳ ᠤᠨ ᠬᠤᠳᠤᠭᠤᠳᠤᠨ ᠤ ᠬᠦᠷᠪᠡᠯᠵᠡᠨ ᠬᠦᠳᠡᠯᠬᠦ ᠂ ᠬᠤᠳᠤᠭᠤᠳᠤ ᠪᠠᠨ ᠬᠤᠭᠤᠰᠤᠯᠠᠬᠤ ᠨᠢ ᠤᠳᠠᠭᠠᠰᠢᠷᠠᠬᠰᠠᠨ ᠠᠴᠠ ᠬᠤᠳᠤᠭᠤᠳᠤᠨ ᠤ ᠴᠢᠯᠠᠭᠤᠵᠢᠯ ᠡᠭᠦᠰᠳᠡᠭ᠃ ᠴᠢᠯᠠᠭᠤᠵᠢᠯ ᠪᠤᠯ ᠵᠠᠰᠠᠯᠭ᠎ᠠ ᠠᠪᠳᠠᠭ ᠦᠭᠡᠢ ᠡᠪᠡᠳᠴᠢᠨ ᠪᠢᠰᠢ᠂ ᠭᠡᠪᠡᠴᠦ ᠡᠪᠡᠳᠬᠦ ᠨᠢ ᠠᠶᠤᠯ᠃ ︽ᠭᠡᠴᠡᠭᠦᠦ ᠡᠪᠡᠳᠳᠡᠭ᠂ ᠬᠤᠤᠷ ᠨᠦᠯᠦᠭᠡ ᠨᠢ ᠶᠡᠭᠡ᠂ ᠠᠮᠠᠷᠬᠠᠨ ᠳᠠᠬᠢᠳᠠᠭ ᠠᠴᠠ ᠪᠠᠨ ᠪᠤᠯᠤᠭᠠᠳ᠂ ᠰᠢᠭᠡᠰᠦ ᠢᠯᠭᠠᠷᠠᠭᠤᠯᠬᠤ ᠰᠢᠰᠲ᠋ᠧᠮ ᠤᠨ ᠴᠢᠯᠠᠭᠤᠵᠢᠯ᠂ ᠰᠦᠰᠦᠨ ᠤ ᠴᠢᠯᠠᠭᠤᠵᠢᠯ ᠪᠠ ᠬᠤᠳᠤᠭᠤᠳᠤᠨ ᠤ ᠴᠢᠯᠠᠭᠤᠵᠢᠯ ᠭᠡᠳᠡᠭ ᠴᠢᠯᠠᠭᠤ ᠨᠤᠭᠤᠳ ᠮᠠᠨ ᠤ ᠤᠯᠤᠰ ᠤᠨ ᠭᠡᠳᠦᠨ ᠳ᠋ᠦᠩᠰᠢᠭᠤᠷ ᠬᠦᠮᠦᠨ ᠢ ᠵᠤᠪᠠᠭᠠᠵᠤ ᠪᠠᠶᠢᠨ᠎ᠠ︾ ᠭᠡᠵᠦ ᠳᠤᠰᠬᠠᠢ ᠮᠡᠷᠭᠡᠵᠢᠯᠳᠡᠨ ᠶᠠᠷᠢᠬᠰᠠᠨ ᠪᠠᠶᠢᠨ᠎ᠠ᠃     ᠰᠢᠭᠡᠰᠦ ᠢᠯᠭᠠᠷᠠᠭᠤᠯᠬᠤ ᠰᠢᠰᠲ᠋ᠧᠮ ᠤᠨ ᠴᠢᠯᠠᠭᠤᠵᠢᠯ ᠤᠨ ᠤᠵᠢᠬ ᠴᠢᠨᠠᠷᠳᠠᠢ ᠨᠢ ᠨᠡᠩ ᠠᠶᠤᠯᠳᠠᠢ ᠰᠢᠭᠡᠰᠦ ᠢᠯᠭᠠᠷᠠᠭᠤᠯᠬᠤ ᠰᠢᠰᠲ᠋ᠧᠮ ᠤᠨ ᠴᠢᠯᠠᠭᠤᠵᠢᠯ ᠪᠤᠯ ᠰᠢᠭᠡᠰᠦᠨ ᠳᠠᠬᠢ ᠳᠠᠯᠠᠰᠳᠤ ᠳᠤᠨᠵᠤ ᠳᠤᠭᠳᠠᠭᠰᠠᠨ ᠠᠴᠠ ᠪᠤᠯᠳᠠᠭ᠂ ᠪᠦᠭᠡᠷ᠎ᠡ᠂ ᠰᠢᠭᠡᠰᠦ ᠳᠠᠮᠵᠢᠭᠤᠯᠬᠤ ᠭᠤᠤᠷᠰᠤ᠂ ᠳᠠᠪᠤᠰᠠᠩ ᠪᠠ ᠰᠢᠭᠡᠰᠦᠨ ᠵᠠᠮ ᠤᠨ ᠬᠠᠮᠢᠭ᠎ᠠ ᠨᠢ ᠴᠤ ᠳᠤᠨᠵᠤ ᠳᠤᠭᠳᠠᠵᠤ ᠮᠡᠳᠡᠨ᠎ᠠ᠂ ᠭᠡᠬᠦ ᠳᠡᠭᠡᠨ ᠡᠩ ᠤᠨ ᠪᠠᠶᠢᠳᠠᠯ ᠳᠤ ᠪᠦᠭᠡᠷ᠎ᠡ ᠶᠢᠨ ᠴᠢᠯᠠᠭᠤᠵᠢᠯ ᠪᠠ ᠰᠢᠭᠡᠰᠦ ᠳᠠᠮᠵᠢᠭᠤᠯᠬᠤ ᠭᠤᠤᠷᠰᠤ ᠶᠢᠨ ᠴᠢᠯᠠᠭᠤᠵᠢᠯ ᠤᠯᠠᠨ ᠳᠤᠬᠢᠶᠠᠯᠳᠤᠳᠠᠭ᠃ ᠪᠦᠷᠢᠳᠭᠡᠯ ᠢᠶᠠᠷ᠂ ᠮᠠᠨ ᠤ ᠤᠯᠤᠰ ᠤᠨ ᠰᠢᠭᠡᠰᠦ ᠢᠯᠭᠠᠷᠠᠭᠤᠯᠬᠤ ᠰᠢᠰᠲ᠋ᠧᠮ ᠤᠨ ᠴᠢᠯᠠᠭᠤᠵᠢᠯ ᠤᠨ ᠡᠪᠡᠳᠴᠢᠨ ᠡᠭᠦᠰᠬᠦ ᠨᠤᠷᠮ᠎ᠠ ᠨᠢ 1% — 5% ᠪᠠᠶᠢᠵᠤ᠂ ᠡᠮᠦᠨᠡᠳᠦ ᠤᠷᠤᠨ ᠤ ᠡᠪᠡᠳᠴᠢᠨ ᠡᠭᠦᠰᠬᠦ ᠨᠤᠷᠮ᠎ᠠ ᠨᠢ ᠳᠤᠩ ᠦᠨᠳᠦᠷ ᠪᠠᠶᠢᠵᠤ 5% — 10% ᠲᠤ ᠬᠦᠷᠳᠡᠭ ᠪᠦᠭᠡᠳ ᠡᠷᠡᠭᠳᠡᠶᠢᠴᠤᠳ ᠲᠤ ᠢᠯᠡᠭᠦᠦ ᠳᠤᠰᠳᠠᠭ ᠪᠠᠶᠢᠨ᠎ᠠ᠃
    ᠡᠮᠴᠢ ᠨᠠᠷ ᠤᠨ ᠳᠠᠨᠢᠯᠴᠠᠭᠤᠯᠤᠭᠰᠠᠨ ᠢᠶᠠᠷ᠂ ᠡᠪᠡᠳᠬᠦ ᠪᠠ ᠴᠢᠰᠦ ᠪᠠᠷ ᠰᠢᠭᠡᠬᠦ ᠪᠤᠯ ᠰᠢᠭᠡᠰᠦ ᠢᠯᠭᠠᠷᠠᠭᠤᠯᠬᠤ ᠰᠢᠰᠲ᠋ᠧᠮ ᠤᠨ ᠴᠢᠯᠠᠭᠤᠵᠢᠯ ᠤᠨ ᠭᠤᠤᠯ ᠢᠯᠡᠷᠡᠯ ᠪᠤᠯᠤᠨ᠎ᠠ᠃ ᠵᠢᠱᠢᠶᠡᠯᠡᠪᠡᠯ ᠰᠢᠭᠡᠰᠦ ᠳᠠᠮᠵᠢᠭᠤᠯᠬᠤ ᠭᠤᠤᠷᠰᠤᠨ ᠤ ᠴᠢᠯᠠᠭᠤᠵᠢᠯ ᠭᠡᠨᠡᠳᠳᠡ ᠪᠠᠷ ᠬᠦᠳᠡᠯᠬᠦ ᠳᠤ ᠪᠦᠭᠡᠷ᠎ᠡ ᠭᠡᠴᠡᠭᠦᠦ ᠪᠠᠵᠠᠯᠠᠵᠤ ᠡᠪᠡᠳᠦᠨ᠂ ᠬᠦᠯᠦᠰᠦ ᠠᠰᠬᠠᠷᠠᠵᠤ᠂ ᠳᠤᠳᠤᠷ᠎ᠠ ᠬᠤᠳᠬᠤᠨ ᠪᠦᠭᠡᠯᠵᠢᠬᠦ ᠢᠯᠡᠷᠡᠯ ᠭᠠᠷᠳᠠᠭ᠂ ᠭᠡᠪᠡᠴᠦ ᠠᠮᠢ ᠨᠠᠰᠤᠨ ᠳᠤ ᠠᠶᠤᠯ ᠪᠤᠯᠳᠠᠭ ᠦᠭᠡᠢ᠃ ᠬᠠᠷᠢᠨ ᠢᠯᠡᠷᠭᠡᠢ ᠡᠪᠡᠳᠬᠦ ᠢᠯᠡᠷᠡᠯ ᠦᠭᠡᠢ ᠤᠵᠢᠬ ᠴᠢᠨᠠᠷᠳᠠᠢ ᠴᠢᠯᠠᠭᠤᠵᠢᠯ ᠨᠢ ᠤᠷᠳᠤ ᠬᠤᠭᠤᠴᠠᠭᠠᠨ ᠤ ᠳᠦᠭᠵᠢᠷᠡᠬᠦ᠂ ᠦᠷᠪᠢᠰᠬᠦ ᠪᠠᠶᠢᠳᠠᠯ ᠢ ᠪᠤᠢ ᠪᠤᠯᠭᠠᠵᠤ᠂ ᠠᠭᠠᠵᠢᠮ ᠢᠶᠠᠷ ᠪᠦᠭᠡᠷ᠎ᠡ ᠶᠢᠨ ᠴᠢᠳᠠᠪᠬᠢ ᠶᠢ ᠬᠤᠬᠢᠷᠠᠭᠤᠯᠵᠤ᠂ ᠡᠴᠦᠰ ᠲᠡᠭᠡᠨ ᠴᠢᠰᠦᠨ ᠤ ᠢᠳᠡᠭᠡᠳᠦ ᠬᠤᠤᠷᠠᠳᠠᠯ᠂ ᠴᠢᠰᠦ ᠦᠵᠢᠷᠡᠬᠦ ᠡᠪᠡᠳᠴᠢᠨ ᠪᠠ ᠰᠢᠭᠡᠰᠦᠨ ᠤ ᠬᠤᠤᠷᠠᠳᠠᠯ ᠪᠤᠯᠳᠠᠭ᠃     ︽ᠡᠩ ᠤᠨ ᠪᠠᠶᠢᠳᠠᠯ ᠳᠤ᠂ 4 ᠮᠢᠯᠢᠮᠧᠳ᠋ᠷ ᠠᠴᠠ ᠪᠠᠭ᠎ᠠ ᠪᠦᠭᠡᠷ᠎ᠡ ᠶᠢᠨ ᠴᠢᠯᠠᠭᠤᠵᠢᠯ ᠢ ᠤᠰᠤ ᠢᠯᠡᠭᠦᠦ ᠤᠤᠭᠤᠬᠤ᠂ ᠳᠠᠮᠢᠷ ᠤᠨ ᠬᠦᠳᠡᠯᠭᠡᠭᠡᠨ ᠢᠯᠡᠭᠦᠦ ᠬᠢᠬᠦ ᠵᠡᠷᠭᠡ ᠠᠮᠢᠳᠤᠷᠠᠯ ᠳᠤᠮᠳᠠᠬᠢ ᠵᠤᠷᠢᠯᠭ᠎ᠠ ᠲᠠᠢ ᠠᠵᠢᠯᠯᠠᠭ᠎ᠠ ᠪᠠᠷ ᠤᠴᠢᠵᠤ ᠭᠠᠳᠠᠭᠰᠢᠯᠠᠭᠤᠯᠵᠤ ᠪᠤᠯᠤᠨ᠎ᠠ︔ 7 ᠮᠢᠯᠢᠮᠧᠳ᠋ᠷ ᠠᠴᠠ ᠪᠠᠭ᠎ᠠ ᠪᠦᠭᠡᠷ᠎ᠡ ᠶᠢᠨ ᠴᠢᠯᠠᠭᠤᠵᠢᠯ ᠢ ᠪᠤᠯ ᠡᠮ ᠢᠶᠠᠷ ᠵᠠᠰᠠᠬᠤ ᠪᠠ ᠠᠮᠢᠳᠤᠷᠠᠯ ᠤᠨ ᠠᠷᠭ᠎ᠠ ᠬᠡᠯᠪᠡᠷᠢ ᠪᠠᠨ ᠬᠤᠪᠢᠷᠠᠭᠤᠯᠬᠤ ᠶᠢ ᠬᠤᠤᠰᠯᠠᠭᠤᠯᠤᠨ ᠭᠠᠳᠠᠬᠰᠢᠯᠠᠭᠤᠯᠵᠤ ᠪᠤᠯᠤᠨ᠎ᠠ︔ ᠭᠠᠳᠠᠭᠰᠢᠯᠠᠭᠤᠯᠬᠤ ᠳᠤ ᠬᠦᠴᠢᠷᠳᠠᠢ ᠴᠢᠯᠠᠭᠤᠵᠢᠯ ᠢ ᠪᠤᠯ ᠮᠠᠰᠠ ᠵᠠᠰᠠᠯ ᠬᠢᠨ᠎ᠠ︾ ᠭᠡᠵᠦ ᠡᠮᠴᠢ ᠨᠠᠷ ᠶᠠᠷᠢᠵᠤ ᠪᠠᠶᠢᠨ᠎ᠠ᠃ ᠬᠠᠷᠢᠨ ᠴᠢᠯᠠᠭᠤᠵᠢᠯ ᠢ ᠡᠮᠨᠡᠨ ᠵᠠᠰᠠᠬᠤ ᠶᠠᠪᠤᠴᠠ ᠳᠠᠭᠠᠨ ᠡᠪᠡᠳᠴᠢᠳᠠᠳ ᠵᠠᠷᠢᠮ ᠪᠤᠷᠤᠭᠤ ᠦᠵᠡᠯᠳᠡ ᠶᠢ ᠳᠠᠪᠴᠢᠬᠦ ᠭᠡᠷᠡᠭᠳᠡᠢ ᠪᠠᠶᠢᠭ᠎ᠠ ᠶᠤᠮ ᠪᠠᠶᠢᠨ᠎ᠠ᠃     ᠨᠢᠭᠡ ᠨᠢ᠂ ᠺᠠᠯᠽ ᠰᠢᠩᠭᠡᠭᠡᠨ ᠠᠪᠬᠤ ᠬᠡᠮᠵᠢᠶ᠎ᠠ ᠪᠠᠨ ᠪᠠᠭᠠᠰᠬᠠᠳᠠᠭ᠃ ᠦᠨᠡᠨ ᠳᠡᠭᠡᠨ᠂ ᠰᠢᠭᠡᠰᠦ ᠢᠯᠭᠠᠷᠠᠭᠤᠯᠬᠤ ᠰᠢᠰᠲ᠋ᠧᠮ ᠤᠨ ᠴᠢᠯᠠᠭᠤᠵᠢᠯ ᠨᠢ ᠭᠤᠤᠯᠳᠠᠭᠤ ᠡᠪᠡᠰᠦᠨ ᠬᠦᠴᠢᠯ ᠡᠯᠪᠡᠭᠳᠡᠭᠰᠡᠨ ᠠᠴᠠ ᠪᠤᠯᠳᠠᠭ᠂ ᠳᠡᠶᠢᠮᠦ ᠠᠴᠠ ᠴᠢᠯᠠᠭᠤᠵᠢᠯ ᠢ ᠰᠡᠷᠭᠡᠶᠢᠯᠡᠨ ᠵᠠᠰᠠᠬᠤ ᠳᠤ ᠦᠷᠭᠡᠰᠦᠳᠦ ᠨᠤᠭᠤᠭ᠎ᠠ᠂ ᠪᠤᠷᠴᠠᠭ ᠤᠨ ᠵᠦᠢᠯ᠂ ᠦᠵᠦᠮ᠂ ᠴᠠᠢ᠂ ᠵᠦᠷᠵᠢ᠂ ᠳᠦᠪᠡᠳ ᠬᠠᠰᠢ᠂ ᠳᠦᠮᠦᠰᠦ᠂ ᠬᠤᠯᠤᠰᠤᠨ ᠰᠦᠶᠦᠭᠡ ᠵᠡᠷᠭᠡ ᠡᠪᠡᠰᠦᠨ ᠬᠦᠴᠢᠯ ᠤᠨ ᠳᠠᠪᠤᠰᠤ ᠡᠯᠪᠡᠭ ᠠᠭᠤᠯᠳᠠᠭ ᠢᠳᠡᠭᠡᠨ ᠢᠳᠡᠬᠦ ᠪᠠᠨ ᠪᠠᠭᠠᠰᠬᠠᠪᠠᠯ ᠵᠤᠬᠢᠨ᠎ᠠ᠃ ᠨᠦᠭᠦᠭᠡ ᠨᠢ᠂ ᠡᠪᠡᠳᠳᠡᠭ ᠦᠭᠡᠢ ᠰᠢᠭᠡᠰᠦ ᠢᠯᠭᠠᠷᠠᠭᠤᠯᠬᠤ ᠰᠢᠰᠲ᠋ᠧᠮ ᠤᠨ ᠴᠢᠯᠠᠭᠤᠵᠢᠯ ᠢ ᠡᠮᠨᠡᠬᠦ ᠭᠡᠷᠡᠭ ᠦᠭᠡᠢ ᠭᠡᠵᠦ ᠦᠵᠡᠳᠡᠭ᠃ ᠴᠢᠯᠠᠭᠤᠵᠢᠯ ᠨᠢ ᠠᠭᠠᠵᠢᠮ ᠢᠶᠠᠷ ᠳᠤᠮᠤᠷᠠᠭᠠᠳ ᠬᠦᠳᠡᠯᠬᠦ ᠪᠠᠨ ᠪᠤᠯᠢᠪᠠᠯ ᠡᠪᠡᠳᠬᠡᠭᠦ ᠤᠴᠢᠷ ᠦᠭᠡᠢ ᠪᠤᠯᠤᠨ᠎ᠠ᠂ ᠭᠡᠪᠡᠴᠦ ᠪᠦᠭᠡᠷ᠎ᠡ ᠶᠢᠨ ᠠᠵᠢᠯᠯᠠᠭ᠎ᠠ ᠶᠢ ᠪᠦᠷᠢᠮᠦᠰᠦᠨ ᠠᠯᠳᠠᠭᠤᠯᠬᠤ ᠠᠶᠤᠯ ᠲᠠᠢ᠃ ᠳᠡᠭᠡᠭᠡᠳ ᠪᠠᠰᠠ ᠴᠢᠯᠠᠭᠤᠵᠢᠯ ᠤᠨ ᠤᠷᠳᠤ ᠬᠤᠭᠤᠴᠠᠭᠠᠨ ᠤ ᠰᠡᠳᠡᠯᠳᠡ ᠠᠴᠠ ᠪᠤᠯᠵᠤ ᠪᠦᠭᠡᠷ᠎ᠡ ᠶᠢᠨ ᠬᠤᠤᠷᠠᠳᠤ ᠬᠠᠪᠤᠳᠠᠷ ︵ᠦᠮᠡᠨ︶ ᠡᠭᠦᠰᠭᠡᠬᠦ ᠠᠶᠤᠯ ᠲᠠᠢ᠃     ᠳᠠᠷᠠᠭᠠᠬᠢ ᠨᠢ᠂ ᠡᠯᠳᠡᠪ ᠵᠠᠷ ᠢ ᠢᠳᠡᠭᠡᠳᠡᠭ ᠶᠠᠪᠤᠳᠠᠯ ᠪᠤᠯᠤᠨ᠎ᠠ᠃ ᠤᠯᠠᠩᠭᠢ ᠬᠦᠮᠦᠨ ᠪᠡᠶ᠎ᠡ ᠶᠢᠨ ᠭᠠᠳᠠᠨ᠎ᠠ ᠠᠴᠠ ᠴᠢᠯᠠᠭᠤ ᠶᠢ ᠪᠤᠳᠠᠯᠬᠤ ᠪᠠ ᠴᠢᠯᠠᠭᠤ ᠶᠢ ᠬᠠᠶᠢᠯᠤᠭᠤᠯᠬᠤ ᠵᠠᠰᠠᠯ ᠤᠨ ᠳᠦᠷᠭᠡᠨ᠂ ᠳᠦᠭᠦᠮ ᠢ‌ᠨᠢ ᠪᠤᠳᠤᠭᠠᠳ ᠰᠤᠬᠤᠷ ᠪᠠᠯᠠᠢ ᠪᠠᠷ ᠢᠳᠡᠭᠡᠨ ᠬᠦᠭᠡᠷᠭᠡᠳᠡᠳᠡᠭ᠃ ᠦᠨᠡᠨ ᠳᠡᠭᠡᠨ᠂ ᠪᠡᠶ᠎ᠡ ᠶᠢᠨ ᠭᠠᠳᠠᠨ᠎ᠠ ᠠᠴᠠ ᠴᠢᠯᠠᠭᠤ ᠶᠢ ᠪᠤᠳᠠᠯᠬᠤ ᠨᠢ ᠪᠦᠭᠡᠷ᠎ᠡ ᠶᠢᠨ ᠳᠤᠰ ᠪᠡᠶ᠎ᠡ ᠳᠤᠨᠢ ᠠᠪᠴᠤ ᠬᠡᠯᠡᠪᠡᠯ ᠳᠡᠶᠢᠮᠦ ᠰᠠᠶᠢᠨ ᠶᠠᠪᠤᠳᠠᠯ ᠪᠢᠰᠢ᠂ ᠶᠡᠭᠡ ᠪᠠᠭ᠎ᠠ ᠴᠤ ᠭᠡᠰᠡᠨ ᠬᠤᠬᠢᠷᠠᠯ ᠤᠴᠠᠷᠠᠭᠤᠯᠬᠤ ᠨᠢ ᠯᠠᠪᠳᠠᠢ᠃ ᠬᠦᠨᠳᠦ ᠨᠤᠴᠢᠳᠠᠢ ᠤᠰᠤ ᠬᠤᠷᠠᠭᠰᠠᠨ ᠡᠪᠡᠳᠴᠢᠳᠠᠨ ᠳᠤ ᠠᠪᠴᠤ ᠬᠡᠯᠡᠪᠡᠯ᠂ ᠪᠦᠭᠡᠷ᠎ᠡ ᠶᠢᠨ ᠴᠢᠯᠠᠭᠤ ᠶᠢ ᠭᠠᠳᠠᠭᠰᠢᠯᠠᠭᠤᠯᠬᠤ ᠴᠢᠳᠠᠪᠤᠷᠢ‌ᠨᠢ ᠨᠢᠭᠡᠨᠳᠡ ᠠᠯᠳᠠᠭᠳᠠᠭᠠᠳ ᠪᠠᠶᠢᠭ᠎ᠠ ᠪᠤᠯᠬᠤᠷ ᠴᠢᠯᠠᠭᠤ ᠶᠢ ᠪᠤᠳᠠᠯᠵᠤ ᠵᠢᠵᠢᠭᠯᠡᠭᠰᠡᠨ ᠴᠤ ᠭᠠᠳᠠᠭᠰᠢᠯᠠᠭᠤᠯᠵᠤ ᠳᠡᠶᠢᠯᠬᠦ ᠦᠭᠡᠢ᠃ ᠴᠢᠯᠠᠭᠤ ᠶᠢ ᠬᠠᠶᠢᠯᠤᠭᠤᠯᠬᠤ ᠵᠠᠰᠠᠯ ᠨᠢ ᠭᠤᠤᠯᠳᠠᠭᠤ ᠰᠢᠭᠡᠰᠦᠨ ᠬᠦᠴᠢᠯ ᠤᠨ ᠴᠢᠯᠠᠭᠤᠵᠢᠯ ᠵᠢᠴᠢ ᠳᠠᠪᠤᠰᠠᠩ ᠤᠨ ᠰᠢᠪᠳᠤᠷ ᠬᠦᠴᠢᠯ ᠤᠨ ᠴᠢᠯᠠᠭᠤᠵᠢᠯ ᠳᠤ ᠬᠠᠨᠳᠤᠭᠤᠯᠤᠭᠰᠠᠨ ᠪᠠᠶᠢᠳᠠᠭ᠃ ᠡᠮᠴᠢᠯᠡᠭᠡᠨ ᠤ ᠦᠢᠯᠡᠳᠦᠯᠭᠡ ᠠᠴᠠ ᠦᠵᠡᠪᠡᠯ᠂ ᠡᠪᠡᠰᠤᠨ ᠬᠦᠴᠢᠯ ᠤᠨ ᠺᠠᠯᠽ ᠤᠨ ᠴᠢᠯᠠᠭᠤᠵᠢᠯ ᠢ ᠬᠠᠶᠢᠯᠤᠭᠤᠯᠬᠤ ᠠᠷᠭ᠎ᠠ ᠪᠠᠷ ᠵᠠᠰᠠᠬᠰᠠᠨ ᠦᠷ᠎ᠡ ᠳ᠋ᠦᠩ ᠨᠢ ᠳᠡᠶᠢᠮᠦ ᠰᠠᠶᠢᠨ ᠪᠢᠰᠢ ᠪᠠᠶᠢᠨ᠎ᠠ᠃ ᠳᠡᠶᠢᠮᠦ ᠡᠪᠡᠳᠴᠢᠳᠠᠳ ᠶᠠᠮᠠᠷ ᠠᠷᠭ᠎ᠠ ᠪᠠᠷ ᠡᠪᠡᠳᠴᠢᠨ ᠢᠶᠠᠨ ᠵᠠᠰᠠᠬᠤ ᠶᠢ ᠪᠤᠳᠤᠭᠰᠠᠨ ᠴᠤ ᠡᠯᠳᠡᠪ ᠤᠨ ᠵᠠᠷ ᠮᠡᠳᠡᠭᠡᠨ ᠳᠤ ᠬᠦᠳᠦᠯᠦᠭᠳᠡᠬᠦ ᠠᠴᠠ ᠪᠠᠨ ᠡᠮᠦᠨ᠎ᠠ ᠤᠷᠢᠳᠠᠪᠠᠷ ᠡᠮᠨᠡᠯᠭᠡ ᠶᠢᠨ ᠬᠤᠷᠢᠶᠠᠨ ᠳᠤ ᠤᠴᠢᠵᠤ ᠪᠠᠶᠢᠴᠠᠭᠠᠯᠭᠠᠭᠰᠠᠨ ᠰᠠᠭᠤᠷᠢᠨ ᠳᠡᠭᠡᠷ᠎ᠡ ᠡᠮᠴᠢ ᠶᠢᠨ ᠰᠠᠨᠠᠭᠤᠯᠭ᠎ᠠ ᠪᠠᠷ ᠡᠮᠴᠢᠯᠡᠭᠡᠨ ᠤ ᠠᠷᠭ᠎ᠠ ᠬᠡᠮᠵᠢᠶ᠎ᠠ ᠠᠪᠤᠭᠰᠠᠨ ᠨᠢ ᠳᠡᠭᠡᠷ᠎ᠡ᠃ᠰᠢᠭᠡᠰᠦ ᠢᠯᠭᠠᠷᠠᠭᠤᠯᠬᠤ ᠰᠢᠰᠲ᠋ᠧᠮ ᠤᠨ ᠴᠢᠯᠠᠭᠤᠵᠢᠯ ᠳᠤ ᠨᠡᠷᠪᠡᠭᠳᠡᠵᠦ ᠮᠡᠳᠡᠬᠦ ᠠᠶᠤᠯ ᠲᠠᠢ ᠬᠦᠮᠦᠰ᠄ ᠡᠮᠦᠨᠡᠳᠦ ᠤᠷᠤᠨ ᠤ ᠴᠤᠬᠤᠢ ᠶᠢᠨ ᠴᠢᠯᠠᠭᠤᠯᠢᠬ ᠲᠠᠢ ᠭᠠᠵᠠᠷ ᠤᠷᠤᠨ ᠤ ᠰᠠᠭᠤᠭᠠᠯᠢ ᠠᠷᠠᠳ᠂ ᠵᠢᠱᠢᠶᠡᠯᠡᠪᠡᠯ᠂ ᠬᠦᠢᠵᠧᠦ᠂ ᠭᠤᠸᠠᠩᠰᠢ ᠵᠡᠷᠭᠡ ᠭᠠᠵᠠᠷ︔ ᠡᠪᠡᠰᠦᠨ ᠬᠦᠴᠢᠯ ᠤᠨ ᠵᠦᠢᠯ᠂ ᠦᠭᠡᠬᠦ ᠦᠨᠳᠦᠷ᠂ ᠢᠯᠴᠢ ᠦᠨᠳᠦᠷ᠂ ᠺᠠᠯᠽ ᠦᠨᠳᠦᠷ ᠢᠳᠡᠭᠡᠨ ᠢᠳᠡᠬᠦ ᠳᠤᠷᠠᠳᠠᠢ ᠬᠦᠮᠦᠰ︔ ᠤᠰᠤ ᠪᠠᠭ᠎ᠠ ᠤᠤᠭᠤᠳᠠᠭ᠂ ᠤᠳᠠᠭᠠᠨ ᠰᠠᠭᠤᠳᠠᠭ ᠬᠦᠳᠡᠯᠭᠡᠭᠡᠨ ᠪᠠᠭ᠎ᠠ ᠲᠠᠢ ᠬᠦᠮᠦᠰ᠂ ᠦᠷᠭᠦᠯᠵᠢ ᠳᠠᠪᠤᠰᠠᠩ ᠢᠶᠠᠨ ᠴᠢᠨᠦᠷᠡᠭᠦᠯᠳᠡᠭ᠂ ᠠᠭᠤᠷ ᠤᠴᠠᠭᠠᠷ ᠶᠡᠬᠡᠳᠡᠢ ᠬᠦᠮᠦᠰ︔ ᠪᠠᠮᠪᠠᠢ ᠪᠤᠯᠴᠢᠷᠬᠠᠢ ᠶᠢᠨ ᠡᠪᠡᠳᠴᠢᠨ᠂ ᠭᠡᠷᠦᠬᠦ ᠡᠪᠡᠳᠴᠢᠨ᠂ ᠰᠢᠭᠡᠰᠦᠨ ᠰᠢᠰᠲ᠋ᠧᠮ ᠤᠨ ᠦᠷᠪᠢᠰᠦᠯ ᠵᠡᠷᠭᠡ ᠡᠪᠡᠳᠴᠢᠨ ᠲᠠᠢ ᠬᠦᠮᠦᠰ︔ ᠴᠢᠯᠠᠭᠤᠵᠢᠯ ᠤᠨ ᠭᠡᠷ ᠪᠦᠯᠢ ᠶᠢᠨ ᠳᠡᠦᠬᠡ ᠲᠠᠢ ᠬᠦᠮᠦᠰ᠃     ᠰᠠᠶᠢᠨ ᠰᠠᠶᠢᠬᠠᠨ ᠠᠮᠢᠳᠤᠷᠠᠯ ᠤᠨ ᠳᠠᠳᠬᠠᠯ ᠪᠤᠯ ᠰᠢᠭᠡᠰᠦ ᠢᠯᠭᠠᠷᠠᠭᠤᠯᠬᠤ ᠰᠢᠰᠲ᠋ᠧᠮ ᠤᠨ ᠴᠢᠯᠠᠭᠤᠵᠢᠯ ᠢ ᠰᠡᠷᠭᠡᠶᠢᠯᠡᠬᠦ ᠬᠠᠮᠤᠭ ᠤᠨ ᠴᠢᠬᠤᠯᠠ ᠠᠷᠭ᠎ᠠ ᠵᠠᠮ ᠪᠤᠯᠤᠨ᠎ᠠ᠃ ᠤᠰᠤ ᠢᠯᠡᠭᠦᠦ ᠤᠤᠭᠤᠨ᠎ᠠ᠂ ᠤᠨᠴᠠᠭᠠᠢᠢᠯᠠᠨ ᠰᠦᠨᠢ ᠪᠠ ᠦᠷᠯᠦᠭᠡ ᠡᠷᠳᠡ ᠤᠰᠤ ᠨᠦᠬᠦᠪᠦᠷᠢᠯᠡᠬᠦ ᠶᠢ ᠠᠩᠬᠠᠷᠤᠯ ᠳᠠᠭᠠᠨ ᠠᠪᠤᠯᠳᠠᠢ᠃ ᠬᠠᠷᠢᠨ ᠤᠮᠳᠠᠭᠠᠨ᠂ ᠫᠢᠸᠣ᠋᠂ ᠵᠢᠮᠢᠰ ᠤᠨ ᠰᠢᠭᠦᠰᠦ ᠠᠴᠠ ᠬᠤᠯᠠ ᠪᠠᠶᠢᠨ᠎ᠠ᠃ ᠡᠪᠡᠰᠦᠨ ᠬᠦᠴᠢᠯ ᠤᠨ ᠳᠠᠪᠤᠰᠤ ᠡᠯᠪᠡᠭ ᠠᠭᠤᠯᠳᠠᠭ ᠢᠳᠡᠭᠡᠨ ᠢ ᠬᠡᠮᠵᠢᠶ᠎ᠠ ᠲᠠᠢ ᠢᠳᠡᠨ᠎ᠠ᠂ ᠭᠡᠳᠦ ᠰᠢᠨᠦᠵᠦ ᠪᠤᠯᠬᠤ ᠦᠭᠡᠢ᠃ ᠨᠢᠭᠡᠨᠳᠡ ᠡᠪᠡᠳᠴᠢᠯᠡᠭᠡᠳ ᠡᠮᠨᠡᠭᠦᠯᠵᠦ ᠪᠠᠶᠢᠭ᠎ᠠ ᠪᠤᠯ ᠮᠢᠬᠠᠨ ᠤ ᠵᠦᠢᠯ᠂ ᠠᠮᠢᠳᠠᠨ ᠤ ᠳᠤᠳᠤᠷ᠂ ᠰᠠᠷᠳᠢᠨ ᠵᠢᠭᠠᠰᠤ᠂ ᠨᠠᠢᠮᠠᠯᠵᠢ᠂ ᠺᠤᠹᠧ ᠵᠡᠷᠭᠡ ᠶᠢ ᠢᠳᠡᠵᠦ ᠤᠤᠭᠤᠬᠤ ᠪᠠᠨ ᠬᠠᠰᠤᠪᠠᠯ ᠵᠤᠬᠢᠨ᠎ᠠ᠃     ︽ᠭᠤᠷᠪᠠᠨ ᠡᠯᠪᠡᠭ︾ ᠢᠳᠡᠭᠡᠨ ᠠᠴᠠ ᠰᠦᠰᠦᠨ ᠤ ᠴᠢᠯᠠᠭᠤᠵᠢᠯ ᠪᠤᠯᠳᠠᠭ ᠮᠠᠨ ᠤ ᠤᠯᠤᠰ ᠲᠤ ᠪᠠᠷᠤᠭ 7% ᠤᠨ ᠬᠦᠮᠦᠨ ᠰᠦᠰᠦᠨ ᠤ ᠴᠢᠯᠠᠭᠤᠵᠢᠯ ᠳᠤ ᠳᠠᠷᠴᠢᠯᠠᠵᠤ ᠪᠠᠶᠢᠳᠠᠭ᠂ ᠡᠮᠡᠭᠳᠡᠶᠢᠴᠤᠳ ᠡᠷᠡᠭᠳᠡᠶᠢᠴᠤᠳ ᠠᠴᠠ ᠤᠯᠠᠨ ᠪᠠᠶᠢᠳᠠᠭ ᠪᠠᠶᠢᠨ᠎ᠠ᠃ ᠢᠳᠡᠭᠡᠨ ᠤᠮᠳᠠᠭᠠᠨ ᠤ ᠮᠠᠭᠤ ᠳᠠᠳᠬᠠᠯ᠂ ᠳᠠᠮᠢᠷ ᠤᠨ ᠬᠦᠳᠡᠯᠭᠡᠭᠡᠨ ᠳᠤᠳᠠᠭᠤᠳᠠᠬᠤ ᠵᠡᠷᠭᠡ ᠠᠴᠠ ᠪᠤᠯᠵᠤ ᠰᠦᠰᠦᠨ ᠴᠢᠯᠠᠭᠤᠵᠢᠯ ᠤᠨ ᠡᠪᠡᠳᠴᠢᠨ ᠡᠭᠦᠰᠬᠦ ᠨᠤᠷᠮ᠎ᠠ ᠳᠡᠭᠡᠭᠰᠢᠯᠡᠬᠦ ᠬᠠᠨᠳᠤᠰᠢ ᠲᠠᠢ ᠪᠠᠶᠢᠭ᠎ᠠ ᠶᠤᠮ ᠪᠠᠶᠢᠨ᠎ᠠ᠃ ᠵᠢᠱᠢᠶᠡᠯᠡᠪᠡᠯ ᠦᠭᠡᠬᠦ ᠡᠯᠪᠡᠭ᠂ ᠰᠢᠬᠢᠷ ᠡᠯᠪᠡᠭ᠂ ᠰᠦᠰᠦᠨ ᠤ ᠭᠤᠨᠠᠨ ᠠᠯᠺᠤᠤᠯ ᠡᠯᠪᠡᠭ ᠢᠳᠡᠭᠡᠨ ᠭᠡᠳᠦᠷᠡᠳᠡᠯ᠎ᠠ ᠢᠳᠡᠪᠡᠯ ᠰᠦᠰᠦᠨ ᠤ ᠰᠢᠩᠭᠡᠨ ᠳᠠᠬᠢ ᠰᠦᠰᠦᠨ ᠤ ᠭᠤᠨᠠᠨ ᠠᠯᠺᠤᠤᠯ ᠤᠨ ᠠᠭᠤᠯᠤᠭᠳᠠᠴᠠ ᠶᠢ ᠨᠡᠮᠡᠭᠳᠡᠭᠦᠯᠬᠦ ᠶᠢᠨ ᠤᠯᠠᠮ ᠠᠴᠠ ᠴᠢᠯᠠᠭᠤᠵᠢᠯ ᠡᠭᠦᠰᠭᠡᠳᠡᠭ᠃ ᠢᠳᠡᠵᠦ ᠤᠤᠭᠤᠬᠤ ᠨᠢ ᠵᠢᠮ᠎ᠠ ᠶᠤᠰᠤ ᠦᠭᠡᠢ ᠠᠴᠠ ᠪᠤᠯᠵᠤ ᠰᠦᠰᠦᠨ ᠰᠢᠩᠭᠡᠨ ᠬᠤᠷᠠᠯᠳᠤᠬᠤ ᠪᠤᠯ ᠮᠦᠨ ᠴᠤ ᠰᠦᠰᠦᠨ ᠤ ᠴᠢᠯᠠᠭᠤᠵᠢᠯ ᠪᠤᠢ ᠪᠤᠯᠬᠤ ᠶᠢᠨ ᠪᠠᠰᠠ ᠨᠢᠭᠡ ᠨᠦᠬᠦᠴᠡᠯ ᠪᠤᠯᠳᠠᠭ᠃ ᠳᠠᠬᠢᠪᠠᠯ ᠪᠠᠰᠠ ᠠᠷᠢᠭᠤᠨ ᠴᠡᠪᠡᠷ ᠢᠶᠠᠨ ᠠᠩᠬᠠᠷᠬᠤ ᠦᠭᠡᠢ ᠠᠴᠠ ᠪᠤᠯᠵᠤ ᠬᠦᠵᠢ ᠬᠤᠷᠤᠬᠠᠢ ᠵᠡᠷᠭᠡ ᠰᠢᠮᠡᠭᠦᠷ ᠬᠤᠷᠤᠬᠠᠢ ᠦᠷᠡᠵᠢᠭᠰᠡᠨ ᠠᠴᠠ ᠪᠤᠯᠵᠤ ᠰᠦᠰᠦᠨ ᠤ ᠴᠢᠯᠠᠭᠤᠵᠢᠯ ᠡᠭᠦᠰᠳᠡᠭ᠃
    ᠰᠦᠰᠦᠨ ᠤ ᠴᠢᠯᠠᠭᠤᠵᠢᠯ ᠤᠨ ᠭᠤᠤᠯ ᠢᠯᠡᠷᠡᠯ ᠨᠢ ᠭᠡᠪᠡᠯᠢ ᠶᠢᠨ ᠳᠡᠭᠡᠳᠦ ᠭᠡᠰᠡᠭ ᠪᠠᠵᠠᠯᠠᠵᠤ ᠡᠪᠡᠳᠤᠨ᠎ᠠ᠂ ᠡᠭᠦᠨ ᠤ ᠵᠡᠷᠭᠡ ᠳᠤ ᠳᠠᠯᠤ ᠮᠦᠷᠦ ᠪᠠ ᠠᠷᠤ ᠨᠢᠷᠤᠭᠤ ᠪᠠᠷ ᠡᠪᠡᠳᠬᠦ ᠪᠠᠶᠢᠳᠠᠯ ᠭᠠᠷᠳᠠᠭ᠃ ᠳᠤᠳᠤᠷ᠎ᠠ ᠬᠤᠳᠬᠤᠬᠤ᠂ ᠪᠦᠭᠡᠯᠵᠢᠬᠦ᠂ ᠬᠠᠯᠠᠭᠤᠷᠠᠬᠤ ᠵᠡᠷᠭᠡ ᠪᠠᠶᠢᠳᠠᠯ ᠵᠡᠷᠭᠡᠴᠡᠨ᠎ᠠ᠃ ᠦᠭᠡᠬᠦ ᠳᠤᠰᠤ ᠶᠡᠬᠡᠳᠡᠢ ᠢᠳᠡᠭᠡᠨ ᠢᠳᠡᠭᠰᠡᠨ᠂ ᠠᠷᠢᠬᠢ ᠤᠤᠭᠤᠭᠰᠠᠨ ᠪᠤᠶᠤ ᠰᠢᠷᠦᠭᠦᠨ ᠬᠦᠳᠡᠯᠭᠡᠭᠡᠨ ᠬᠢᠭᠰᠡᠨ ᠤ ᠳᠠᠷᠠᠭ᠎ᠠ ᠰᠦᠰᠦᠨ ᠴᠢᠯᠠᠭᠤᠵᠢᠯ ᠤᠨ ᠡᠪᠡᠳᠴᠢᠨ ᠬᠦᠳᠡᠯᠳᠡᠭ᠃ ᠴᠠᠭ ᠳᠤᠬᠠᠢ ᠳᠤᠨᠢ ᠡᠮᠨᠡᠭᠦᠯᠬᠦ ᠦᠭᠡᠢ ᠪᠤᠯ ᠰᠦᠰᠦᠨ ᠤ ᠤᠭᠤᠳᠠ᠂ ᠰᠦᠰᠦᠨ ᠤ ᠭᠤᠤᠷᠰᠤ ᠶᠢᠨ ᠤᠵᠢᠬ ᠴᠢᠨᠠᠷᠳᠠᠢ ᠦᠷᠪᠢᠰᠦᠯ ᠪᠤᠯᠵᠤ᠂ ᠰᠦᠰᠦᠨ ᠤ ᠤᠭᠤᠳᠠ ᠪᠠ ᠰᠦᠰᠦᠨ ᠤ ᠭᠤᠤᠷᠰᠤ ᠶᠢᠨ ᠦᠮᠡᠨ ᠡᠭᠦᠰᠭᠡᠬᠦ ᠠᠶᠤᠯ ᠲᠠᠢ᠃ ᠭᠡᠪᠡᠴᠦ ᠤᠯᠠᠩᠭᠢ ᠰᠦᠰᠦᠨ ᠤ ᠴᠢᠯᠠᠭᠤᠵᠢᠯ ᠤᠨ ᠡᠪᠡᠳᠴᠢᠳᠠᠨ ᠦᠪᠡᠷ ᠤᠨ ᠡᠪᠡᠳᠴᠢᠨ ᠤ ᠪᠠᠨ ᠳᠤᠬᠠᠢ ᠳᠤ ᠪᠠᠰᠠ ᠢᠢᠮᠦ ᠳᠡᠶᠢᠮᠦ ᠪᠤᠷᠤᠭᠤ ᠤᠢᠢᠯᠠᠭᠠᠯᠳᠠ ᠲᠠᠢ ᠪᠠᠶᠢᠳᠠᠭ ᠪᠠᠶᠢᠨ᠎ᠠ᠃     ᠨᠢᠭᠡ ᠨᠢ᠂ ᠵᠢᠵᠢᠭ ᠪᠤᠶᠤ ᠭᠠᠭᠴᠠᠬᠠᠨ ᠰᠦᠰᠦᠨ ᠤ ᠴᠢᠯᠠᠭᠤ ᠭᠠᠷᠤᠭᠰᠠᠨ ᠢ ᠡᠮᠨᠡᠬᠦ ᠬᠡᠷᠡᠭ ᠦᠭᠡᠢ ᠭᠡᠵᠦ ᠦᠵᠡᠳᠡᠭ᠃ ᠡᠨᠡ ᠪᠤᠯ ᠳᠤᠩ ᠪᠤᠷᠤᠭᠤ ᠦᠵᠡᠯᠳᠡ ᠠᠵᠢ᠂ ᠵᠢᠵᠢᠭ ᠰᠦᠰᠦᠨ ᠤ ᠴᠢᠯᠠᠭᠤᠵᠢᠯ ᠨᠢ ᠳᠤᠩ ᠠᠮᠠᠷᠬᠠᠨ ᠢᠶᠠᠷ ᠰᠦᠰᠦᠨ ᠤ ᠤᠭᠤᠳᠠᠨ ᠤ ᠭᠤᠤᠷᠰᠤ ᠳᠤ ᠤᠷᠤᠵᠤ ᠳᠡᠭᠡᠭᠯᠡᠬᠦ ᠪᠤᠶᠤ ᠰᠦᠰᠦᠨ ᠤ ᠶᠡᠷᠦᠩᠬᠡᠢ ᠭᠤᠤᠷᠰᠤ ᠳᠤ ᠤᠷᠤᠵᠤ ᠳᠦᠷᠭᠡᠨ ᠴᠢᠨᠠᠷᠳᠠᠢ ᠰᠦᠰᠦᠨ ᠤ ᠤᠭᠤᠳᠠᠨ ᠤ ᠦᠷᠪᠢᠰᠦᠯ ᠵᠡᠷᠭᠡ ᠡᠪᠡᠳᠴᠢᠨ ᠢ ᠡᠭᠦᠰᠭᠡᠳᠡᠭ᠃ ᠡᠮᠴᠢ ᠶᠢᠨ ᠰᠠᠨᠠᠭᠤᠯᠭ᠎ᠠ᠄ 1 ᠰᠡᠨᠲ᠋ᠢᠮᠧ᠊ᠳ᠋᠊ᠷ ᠠᠴᠠ ᠵᠢᠵᠢᠭ ᠰᠦᠰᠦᠨ ᠤ ᠴᠢᠯᠠᠭᠤᠵᠢᠯ᠂ ᠡᠪᠡᠳᠴᠢᠨ ᠤ ᠢᠯᠡᠷᠡᠯ ᠦᠭᠡᠢ ᠰᠦᠰᠦᠨ ᠤ ᠴᠢᠯᠠᠭᠤᠵᠢᠯ ᠢ ᠳᠤᠭᠳᠠᠭᠰᠠᠨ ᠴᠠᠭ ᠲᠠᠢ ᠪᠠᠶᠢᠴᠠᠭᠠᠵᠤ ᠠᠵᠢᠬᠯᠠᠨ᠎ᠠ︔ ᠰᠦᠰᠦᠨ ᠤ ᠴᠢᠯᠠᠭᠤᠵᠢᠯ ᠨᠢ 3 ᠰᠡᠨᠲ᠋ᠢᠮᠧ᠊ᠳ᠋᠊ᠷ ᠠᠴᠠ ᠳᠤᠮᠤ ᠪᠤᠯᠪᠠᠯ ᠵᠠᠪᠠᠯ ᠮᠡᠰᠡ ᠵᠠᠰᠠᠯ ᠬᠢᠬᠦ ᠭᠡᠷᠡᠭᠳᠡᠢ︔ ᠰᠦᠰᠦᠨ ᠤ ᠴᠢᠯᠠᠭᠤᠵᠢᠯ᠂ ᠰᠦᠰᠦᠨ ᠤᠷ ᠴᠤᠭ ᠭᠠᠷᠤᠭᠰᠠᠨ ᠪᠠᠶᠢᠪᠠᠯ ᠮᠡᠰᠡ ᠵᠠᠰᠠᠯ ᠬᠢᠨ᠎ᠠ︔ ᠰᠦᠰᠦᠨ ᠤ ᠭᠤᠤᠷᠰᠤᠨ ᠤ ᠴᠢᠯᠠᠭᠤᠵᠢᠯ ᠠᠴᠠ ᠪᠤᠯᠵᠤ ᠰᠦᠰᠦᠨ ᠤ ᠭᠤᠤᠷᠰᠤ ᠳᠦᠭᠵᠢᠷᠡᠭᠰᠡᠨ᠂ ᠦᠷᠪᠢᠰᠦᠭᠰᠡᠨ ᠪᠠᠶᠢᠪᠠᠯ ᠡᠷᠬᠡᠪᠰᠢ ᠮᠡᠰᠡ ᠵᠠᠰᠠᠯ ᠬᠢᠬᠦ ᠭᠡᠷᠡᠭᠳᠡᠢ᠃     ᠬᠤᠶᠠᠷ ᠨᠢ᠂ ᠴᠢᠯᠠᠭᠤᠵᠢᠯ ᠢ ᠬᠠᠶᠢᠯᠤᠭᠤᠯᠬᠤ ᠵᠠᠰᠠᠯ ᠪᠠ ᠪᠡᠶ᠎ᠡ ᠶᠢᠨ ᠭᠠᠳᠠᠨ᠎ᠠ ᠠᠴᠠ ᠴᠢᠯᠠᠭᠤ ᠶᠢ ᠪᠤᠳᠠᠯᠬᠤ ᠠᠷᠭ᠎ᠠ ᠪᠠᠷ ᠮᠡᠰᠡ ᠵᠠᠰᠠᠯ ᠢ ᠤᠷᠤᠯᠠᠭᠤᠯᠵᠤ ᠪᠤᠯᠤᠨ᠎ᠠ ᠭᠡᠵᠦ ᠦᠵᠡᠳᠡᠭ᠃ ᠴᠦᠭᠡᠨ ᠪᠤᠰᠤ ᠡᠪᠡᠳᠴᠢᠳᠠᠨ ︽ᠰᠦᠰᠦ ᠶᠢ ᠨᠢ ᠤᠭᠳᠤᠯᠵᠤ ᠬᠠᠶᠠᠬᠤ︾ ᠵᠠᠰᠠᠯ ᠠᠴᠠ ᠠᠶᠤᠳᠠᠭ᠂ ᠳᠡᠭᠡᠭᠡᠳ ᠰᠦᠰᠦ ᠪᠠᠨ ᠪᠦᠳᠦᠨ ᠢᠶᠠᠷ ᠨᠢ ᠦᠯᠡᠳᠡᠬᠦ ᠡᠮᠴᠢᠯᠡᠭᠡ ᠬᠢᠯᠭᠡᠬᠦ ᠶᠢ ᠵᠤᠷᠢᠳᠠᠭ᠃ ᠬᠡᠪᠡᠴᠦ ᠰᠦᠰᠦᠨ ᠤ ᠴᠢᠯᠠᠭᠤᠵᠢᠯ ᠪᠤᠯᠤᠭᠰᠠᠨ ᠦᠶ᠎ᠡ ᠳᠤ᠂ ᠴᠢᠯᠠᠭᠤ ᠶᠢ ᠨᠢ ᠠᠪᠴᠤ ᠬᠠᠶᠠᠴᠢᠬᠠᠭᠠᠳ ︽ᠡᠭᠦᠷ︾ ᠢ ᠨᠢ ᠦᠯᠡᠳᠡᠭᠡᠴᠢᠬᠡᠬᠦ ᠶᠤᠮ ᠪᠤᠯ ᠳᠡᠮᠡᠢ ᠤᠳᠠᠬᠤ ᠦᠭᠡᠢ ᠳᠠᠬᠢᠭᠠᠳ ᠴᠢᠯᠠᠭᠤ ᠤᠷᠭᠤᠨ᠎ᠠ᠃ ᠴᠢᠯᠠᠭᠤ ᠬᠠᠶᠢᠯᠤᠭᠤᠯᠬᠤ ᠵᠠᠰᠠᠯ ᠨᠢ ᠰᠦᠰᠦᠨ ᠤ ᠦᠩᠭᠡᠨ ᠤ ᠡᠳ᠋ ᠪᠤᠶᠤ ᠨᠡᠶᠢᠯᠡᠮᠡᠯ ᠰᠦᠰᠦᠨ ᠤ ᠴᠢᠯᠠᠭᠤᠵᠢᠯ ᠳᠤ ᠦᠨᠳᠦᠰᠦᠨ ᠳᠡᠭᠡᠨ ᠦᠢᠯᠡᠳᠦᠯ ᠭᠠᠷᠳᠠᠭ ᠦᠭᠡᠢ᠃ ᠴᠢᠯᠠᠭᠤ ᠶᠢ ᠪᠤᠳᠠᠯᠬᠤ ᠨᠢ ᠴᠢᠯᠠᠭᠤᠵᠢᠯ ᠤᠨ ᠰᠦᠰᠦᠨ ᠵᠠᠮ ᠪᠤᠶᠤ ᠨᠦᠢᠷ ᠤᠨ ᠪᠤᠯᠴᠢᠷᠬᠠᠢ ᠤᠷᠤᠰᠤᠨ ᠤᠷᠤᠵᠤ ᠨᠡᠩ ᠬᠦᠨᠳᠦ ᠡᠪᠡᠳᠴᠢᠨ ᠡᠭᠦᠰᠭᠡᠬᠦ ᠠᠶᠤᠯ ᠢ ᠨᠡᠮᠡᠭᠳᠡᠭᠦᠯᠳᠡᠭ᠃ ᠡᠮᠴᠢ ᠶᠢᠨ ᠰᠠᠨᠠᠭᠤᠯᠭ᠎ᠠ᠄ ᠮᠠᠷᠢᠶ᠎ᠡ ᠲᠠᠢ᠂ ᠴᠢᠰᠦᠨ ᠤ ᠦᠭᠡᠬᠦ ᠦᠨᠳᠦᠷ᠂ ᠰᠢᠬᠢᠷ ᠰᠢᠵᠢᠩ ᠡᠪᠡᠳᠴᠢᠨ ᠲᠠᠢ᠂ ᠡᠯᠢᠭᠡ ᠦᠭᠡᠬᠦᠯᠡᠭᠰᠡᠨ᠂ ᠡᠯᠢᠭᠡ ᠬᠠᠳᠠᠭᠤᠷᠠᠭᠰᠠᠨ ᠡᠪᠡᠳᠴᠢᠨ ᠲᠠᠢ ᠵᠡᠷᠭᠡ ᠬᠦᠮᠦᠰ ᠪᠠ ᠤᠯᠠᠨ ᠤᠳᠠᠭ᠎ᠠ ᠵᠢᠷᠮᠦᠰᠦᠯᠡᠵᠦ ᠪᠠᠶᠢᠭ᠎ᠠ ᠡᠮᠡᠭᠳᠡᠶᠢᠴᠤᠳ ᠪᠤᠯ ᠪᠦᠷ ᠰᠦᠰᠦᠨ ᠤ ᠴᠢᠯᠠᠭᠤᠵᠢᠯ ᠳᠤ ᠨᠡᠷᠪᠡᠭᠳᠡᠬᠦ ᠠᠶᠤᠯ ᠲᠠᠢ ᠬᠦᠮᠦᠰ ᠪᠤᠯᠤᠨ᠎ᠠ᠃ ᠡᠳᠡᠭᠡᠷ ᠬᠦᠮᠦᠰ᠂ ᠦᠬᠡᠬᠦ ᠳᠤᠰᠤ ᠶᠡᠬᠡᠳᠡᠢ᠂ ᠤᠭᠤᠷᠠᠭ ᠡᠯᠪᠡᠭ ᠠᠭᠤᠯᠤᠭᠰᠠᠨ᠂ ᠰᠢᠬᠢᠷᠯᠢᠭ ᠪᠠ ᠰᠡᠳᠡᠯᠳᠡ ᠶᠡᠬᠡᠳᠡᠢ ᠢᠳᠡᠭᠡᠨ ᠢ ᠴᠡᠭᠡᠷᠯᠡᠨ᠎ᠠ︔ ᠵᠢᠮ᠎ᠠ ᠶᠤᠰᠤ ᠲᠠᠢ ᠠᠮᠢᠳᠤᠷᠠᠵᠤ᠂ ᠦᠷᠭᠦᠯᠵᠢ ᠬᠦᠳᠡᠯᠭᠡᠭᠡᠨ ᠬᠢᠵᠦ᠂ ᠮᠠᠷᠢᠶᠠᠯᠠᠬᠤ ᠦᠭᠡᠢ ᠪᠠᠶᠢᠬᠤ ᠶᠢ ᠬᠢᠴᠢᠶᠡᠨ᠎ᠠ︔ ᠳᠤᠭᠳᠠᠭᠰᠠᠨ ᠬᠤᠭᠤᠴᠠᠭ᠎ᠠ ᠲᠠᠢ ᠡᠷᠡᠭᠦᠯ ᠤᠨ ᠪᠠᠶᠢᠴᠠᠭᠠᠯᠳᠠ ᠬᠢᠨ᠎ᠠ᠂ ᠰᠦᠰᠦᠨ ᠤ ᠴᠢᠯᠠᠭᠤᠵᠢᠯ ᠤᠨ ᠭᠡᠷ ᠪᠦᠯᠢ ᠶᠢᠨ ᠡᠪᠡᠳᠴᠢᠨ ᠤ ᠳᠡᠦᠬᠡ ᠲᠠᠢ ᠬᠦᠮᠦᠨ ᠡᠭᠦᠨ ᠢ ᠨᠡᠩ ᠠᠩᠬᠠᠷᠬᠤ ᠭᠡᠷᠡᠭᠳᠡᠢ᠃     ᠨᠠᠰᠤᠳᠠᠶᠢᠴᠤᠳ ᠬᠤᠳᠤᠭᠤᠳᠤᠨ ᠤ ᠴᠢᠯᠠᠭᠤᠵᠢᠯ ᠠᠴᠠ ᠬᠢᠴᠢᠶᠡᠬᠦ ᠭᠡᠷᠡᠭᠳᠡᠢ ᠡᠪᠡᠰᠦᠨ ᠬᠦᠴᠢᠯ ᠡᠯᠪᠡᠭᠳᠡᠪᠡᠯ ᠪᠦᠭᠡᠷ᠎ᠡ ᠶᠢᠨ ᠴᠢᠯᠠᠭᠤᠵᠢᠯ ᠡᠭᠦᠰᠦᠨ᠎ᠠ᠂ ᠰᠦᠰᠦᠨ ᠤ ᠭᠤᠨᠠᠨ ᠠᠯᠺᠤᠤᠯ ᠡᠯᠪᠡᠭᠳᠡᠪᠡᠯ ᠰᠦᠰᠦᠨ ᠤ ᠴᠢᠯᠠᠭᠤᠵᠢᠯ ᠡᠭᠦᠰᠦᠨ᠎ᠠ᠂ ᠡᠨᠡ ᠨᠢ ᠪᠦᠷ ᠰᠢᠩᠭᠡᠭᠡᠯᠳᠡ ᠪᠠ ᠰᠢᠮ᠎ᠠ ᠳᠡᠵᠢᠭᠡᠯ ᠭᠡᠳᠦ ︽ᠰᠠᠶᠢᠨ︾ ᠪᠤᠯᠤᠭᠰᠠᠨ ᠤ ᠢᠯᠡᠷᠡᠯ᠃ ᠬᠠᠷᠢᠨ ᠬᠤᠳᠤᠭᠤᠳᠤᠨ ᠤ ᠴᠢᠯᠠᠭᠤᠵᠢᠯ ᠪᠤᠯ ᠰᠢᠩᠭᠡᠭᠡᠯᠳᠡ ᠭᠡᠳᠦ ︽ᠮᠠᠭᠤ︾ ᠪᠤᠯᠤᠭᠰᠠᠨ ᠠᠴᠠ ᠪᠤᠯᠳᠠᠭ ᠪᠠᠶᠢᠨ᠎ᠠ᠃ ᠵᠢᠱᠢᠶᠡᠯᠡᠪᠡᠯ ᠱᠠᠪᠳᠠᠯ᠎ᠠ᠂ ᠬᠠᠷ᠎ᠠ ᠴᠢᠪᠠᠭ᠎ᠠ᠂ ᠳᠤᠯᠤᠨᠤ ᠵᠡᠷᠭᠡ ᠲᠠᠨᠨᠢᠨ ᠬᠦᠴᠢᠯ ᠭᠡᠳᠦ ᠡᠯᠪᠡᠭ ᠢᠳᠡᠭᠡᠨ ᠢᠳᠡᠭᠰᠡᠨ ᠪᠤᠶᠤ ᠰᠠᠨᠠᠭᠠᠨ ᠳᠤ ᠦᠭᠡᠢ ᠭᠡᠵᠢᠭᠡ ᠦᠰᠦ᠂ ᠬᠤᠪᠴᠠᠰᠤᠨ ᠤ ᠰᠢᠷᠭᠡᠭᠯᠢᠭ ᠵᠡᠷᠭᠡ ᠶᠢ ᠢᠳᠡᠵᠦ ᠤᠷᠤᠭᠤᠯᠤᠭᠰᠠᠨ ᠨᠢ ᠬᠤᠳᠤᠭᠤᠳᠤᠨ ᠬᠦᠴᠢᠯ ᠤᠨ ᠦᠢᠯᠡᠳᠦᠯ ᠢᠶᠠᠷ ᠤᠰᠤᠨ ᠳᠤ ᠠᠭᠤᠰᠳᠠᠭ ᠦᠭᠡᠢ ᠳᠤᠨᠤᠮᠠᠯ ᠪᠤᠳᠠᠰ ᠪᠤᠯᠵᠤ᠂ ᠵᠢᠮᠢᠰ ᠤᠨ ᠴᠠᠪᠠᠤ᠂ ᠢᠳᠡᠭᠡᠨ ᠤ ᠴᠦᠪ ᠲᠠᠢ ᠵᠠᠭᠤᠷᠠᠯᠳᠤᠨ ᠬᠠᠳᠠᠭᠤᠷᠠᠭᠠᠳ ᠴᠢᠯᠠᠭᠤᠵᠢᠯ ᠪᠤᠯᠳᠠᠭ ᠠᠵᠢ᠃     ᠬᠤᠳᠤᠭᠤᠳᠤᠨ ᠤ ᠴᠢᠯᠠᠭᠤᠵᠢᠯ ᠤᠨ ᠬᠤᠤᠷ ᠨᠦᠯᠦᠭᠡ ᠨᠢ ᠰᠢᠭᠡᠰᠦ ᠢᠯᠭᠠᠷᠠᠭᠤᠯᠬᠤ ᠰᠢᠰᠲ᠋ᠧᠮ ᠤᠨ ᠴᠢᠯᠠᠭᠤᠵᠢᠯ ᠪᠠ ᠰᠦᠰᠦᠨ ᠤ ᠴᠢᠯᠠᠭᠤᠵᠢᠯ ᠠᠴᠠ ᠬᠤᠯᠠ ᠪᠠᠭ᠎ᠠ ᠪᠠᠶᠢᠳᠠᠭ᠃ ᠳᠡᠭᠦᠨ ᠤ ᠭᠤᠤᠯ ᠢᠯᠡᠷᠡᠯ ᠨᠢ ᠬᠤᠳᠤᠭᠤᠳᠤ ᠭᠡᠳᠡᠰᠦ ᠬᠦᠭᠡᠭᠡᠵᠦ ᠡᠪᠭᠦ᠋ᠢᠷᠭᠡᠬᠦ ᠳᠡᠳᠦᠢ ᠪᠠᠶᠢᠳᠠᠭ᠃ ᠭᠡᠪᠡᠴᠦ ᠬᠤᠳᠤᠭᠤᠳᠤᠨ ᠤ ᠴᠢᠯᠠᠭᠤᠵᠢᠯ ᠳᠤᠮᠤᠷᠠᠭᠠᠳ ᠠᠷᠪᠠᠨ ᠬᠡᠳᠦᠨ ᠰᠡᠨᠲ᠋ᠢᠮᠧᠳ᠋ᠷ ᠪᠤᠯᠪᠠᠯ ᠬᠤᠳᠤᠭᠤᠳᠤᠨ ᠤ ᠬᠠᠨ᠎ᠠ ᠳᠤ ᠳᠠᠷᠤᠯᠳᠠ ᠦᠭᠴᠦ ᠰᠢᠷᠬᠠᠯᠠᠭ᠎ᠠ ᠡᠭᠦᠰᠭᠡᠨ᠂ ᠴᠢᠰᠦ ᠭᠠᠷᠤᠨ᠎ᠠ᠂ ᠳᠡᠷᠡᠴᠢᠯᠡᠨ ᠬᠤᠳᠤᠭᠤᠳᠤ ᠶᠢ ᠴᠤᠭᠤᠯᠬᠤ ᠪᠤᠶᠤ ᠦᠮᠡᠨ ᠡᠭᠦᠰᠭᠡᠵᠦ ᠴᠤ ᠮᠡᠳᠡᠨ᠎ᠠ᠃ ᠬᠤᠳᠤᠭᠤᠳᠤᠨ ᠤ ᠴᠢᠯᠠᠭᠤᠵᠢᠯ ᠤᠨ ᠡᠪᠡᠳᠴᠢᠨ ᠡᠭᠦᠰᠬᠦ ᠨᠤᠷᠮ᠎ᠠ ᠨᠢ ᠵᠢᠯ ᠠᠴᠠ ᠵᠢᠯ ᠳᠡᠭᠡᠭᠰᠢᠯᠡᠬᠦ ᠬᠠᠨᠳᠤᠰᠢ ᠲᠠᠢ ᠪᠠᠶᠢᠵᠤ᠂ ᠨᠠᠰᠤᠳᠠᠶᠢᠴᠤᠳ ᠤᠨ ᠬᠤᠳᠤᠭᠤᠳᠤᠨ ᠤ ᠦᠷᠪᠢᠰᠦᠯ ᠤᠯᠬᠤ ᠨᠤᠷᠮ᠎ᠠ ᠨᠢ ᠢᠯᠡᠷᠭᠡᠢ ᠨᠡᠮᠡᠭᠳᠡᠵᠦ ᠪᠠᠶᠢᠨ᠎ᠠ᠃ ᠡᠨᠡ ᠨᠢ ᠭᠤᠤᠯᠳᠠᠭᠤ ᠨᠠᠰᠤᠳᠠᠶᠢᠴᠤᠳ ᠤᠨ ᠬᠤᠳᠤᠭᠤᠳᠤᠨ ᠤ ᠬᠦᠷᠪᠡᠯᠵᠡᠨ ᠬᠦᠳᠡᠯᠬᠦ᠂ ᠬᠤᠳᠤᠭᠤᠳᠤ ᠪᠠᠨ ᠬᠤᠭᠤᠰᠤᠯᠠᠬᠤ ᠨᠢ ᠤᠳᠠᠭᠠᠰᠢᠷᠠᠵᠤ᠂ ᠢᠳᠡᠭᠡᠨ ᠤ ᠬᠤᠳᠤᠭᠤᠳᠤᠨ ᠳᠤ ᠪᠠᠶᠢᠬᠤ ᠴᠠᠭ ᠨᠢ ᠤᠷᠳᠤ ᠪᠤᠯᠤᠭᠰᠠᠨ ᠠᠴᠠ ᠪᠤᠯᠤᠯ᠎ᠠ ᠭᠡᠵᠦ ᠳᠤᠰᠬᠠᠢ ᠮᠡᠷᠭᠡᠵᠢᠯᠳᠡᠳ ᠦᠵᠡᠵᠦ ᠪᠠᠶᠢᠨ᠎ᠠ᠃ ᠳᠠᠬᠢᠪᠠᠯ ᠦᠯᠦᠨ ᠢᠶᠠᠷ ᠱᠠᠪᠳᠠᠯ᠎ᠠ᠂ ᠬᠠᠷ᠎ᠠ ᠴᠢᠪᠠᠭ᠎ᠠ᠂ ᠳᠤᠯᠤᠨᠤ ᠵᠡᠷᠭᠡ ᠲᠠᠨᠨᠢᠨ ᠬᠦᠴᠢᠯ ᠭᠡᠳᠦ ᠡᠯᠪᠡᠭ ᠢᠳᠡᠭᠡᠨ ᠶᠡᠭᠡ ᠢᠳᠡᠬᠦ ᠨᠢ ᠬᠤᠳᠤᠭᠤᠳᠤᠨ ᠤ ᠴᠢᠯᠠᠭᠤᠵᠢᠯ ᠤᠨ ᠠᠶᠤᠯ ᠢ ᠨᠡᠮᠡᠭᠳᠡᠭᠦᠯᠵᠦ ᠪᠠᠶᠢᠨ᠎ᠠ ᠭᠡᠵᠦ ᠦᠵᠡᠵᠦ ᠪᠠᠶᠢᠨ᠎ᠠ᠃     ᠨᠡᠶᠢᠭᠡᠮ ᠳᠡᠭᠡᠷ᠎ᠡ᠂ ᠺᠤᠯᠧ ᠳᠤ ᠠᠭᠤᠯᠤᠬᠳᠠᠳᠠᠭ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠪᠠ ᠹᠤᠰᠹᠤᠷ ᠬᠦᠴᠢᠯ ᠨᠢ ᠬᠤᠳᠤᠭᠤᠳᠤᠨ ᠤ ᠴᠢᠯᠠᠭᠤᠵᠢᠯ ᠢ ᠵᠢᠵᠢᠭᠷᠡᠭᠦᠯᠳᠡᠭ ᠭᠡᠳᠡᠭ ᠶᠠᠷᠢᠶ᠎ᠡ ᠶᠠᠪᠤᠵᠤ ᠪᠠᠶᠢᠳᠠᠭ ᠪᠠᠶᠢᠨ᠎ᠠ᠃ ᠡᠭᠦᠨ ᠤ ᠬᠤᠪᠢ ᠳᠤ᠂ ︽ᠳᠤᠰ ᠬᠡᠯᠡᠯᠭᠡ ᠳᠤ ᠰᠢᠨᠵᠢᠯᠡᠬᠦ ᠤᠬᠠᠭᠠᠨᠴᠢ ᠡᠰᠢ ᠪᠠᠷᠢᠮᠳᠠ ᠪᠠᠶᠢᠬᠤ ᠦᠭᠡᠢ ᠪᠠᠶᠢᠨ᠎ᠠ᠂ ᠺᠤᠯᠧ ᠳᠤ ᠠᠭᠤᠯᠤᠭᠳᠠᠬᠤ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠬᠡᠢ ᠪᠡᠶᠡᠳᠦ ᠨᠢ ᠴᠢᠯᠦᠭᠡᠳᠦ ᠪᠠᠶᠢᠳᠠᠯ ᠲᠠᠢ᠂ ᠹᠤᠰᠹᠤᠷ ᠬᠦᠴᠢᠯ ᠤᠨ ᠠᠭᠤᠯᠤᠭᠳᠠᠴᠠ ᠨᠢ ᠳᠤᠩ ᠪᠠᠭ᠎ᠠ ᠪᠠᠶᠢᠵᠤ᠂ ᠴᠢᠯᠠᠭᠤ ᠶᠢ ᠬᠠᠶᠢᠯᠤᠭᠤᠯᠬᠤ ᠪᠤᠯᠤᠮᠵᠢ ᠳᠤᠩ ᠪᠠᠭ᠎ᠠ᠃ ᠬᠠᠷᠢᠨ ᠺᠤᠯᠧ ᠶᠢ ᠠᠷᠪᠢᠨ ᠤᠤᠭᠤᠪᠠᠯ ᠬᠤᠳᠤᠭᠤᠳᠤᠨ ᠳᠤ ᠰᠡᠳᠡᠯᠳᠡ ᠦᠭᠴᠦ ᠮᠡᠳᠡᠨ᠎ᠠ︾ ᠭᠡᠵᠦ ᠳᠤᠰᠬᠠᠢ ᠮᠡᠷᠭᠡᠵᠢᠯᠳᠡᠳ ᠰᠠᠨᠠᠭᠤᠯᠵᠤ ᠪᠠᠶᠢᠨ᠎ᠠ᠃ ᠬᠤᠳᠤᠭᠤᠳᠤᠨ ᠤ ᠴᠢᠯᠠᠭᠤᠵᠢᠯ ᠨᠢ ᠳᠡᠶᠢᠮᠦ ᠳᠤᠮᠤ ᠪᠢᠰᠢ᠂ ᠡᠪᠡᠳᠴᠢᠨ ᠤ ᠢᠯᠡᠷᠡᠯ ᠨᠢ ᠳᠡᠶᠢᠮᠦ ᠢᠯᠡᠷᠭᠡᠢ ᠪᠢᠰᠢ ᠪᠠᠶᠢᠳᠠᠯ ᠳᠤ ᠢᠳᠡᠭᠡᠨ ᠤ ᠬᠤᠵᠢᠷ᠂ ᠪᠠᠭ᠎ᠠ ᠰᠤᠳᠠ ᠲᠠᠢ ᠤᠰᠤ ᠤᠤᠭᠤᠵᠤ ᠭᠠᠳᠠᠭᠰᠢᠯᠠᠭᠤᠯᠤᠯᠳᠠ ᠶᠢ ᠨᠢ ᠳᠦᠷᠭᠡᠳᠭᠡᠬᠦ ᠶᠢ ᠬᠢᠴᠢᠶᠡᠵᠦ ᠪᠤᠯᠤᠨ᠎ᠠ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号