ᠵᠢᠮᠢᠰᠤᠨ ᠤ ᠦᠩᠭᠡ ᠤᠨᠠᠳᠠᠭ ᠨᠢ ︽ᠪᠤᠳᠤᠭᠰᠠᠨ︾ ᠤ ᠤᠴᠢᠷ ᠤᠤ︖ᠵᠢᠮᠢᠰ ᠲᠤ ᠪᠤᠳᠤᠭ ᠤᠷᠤᠭᠤᠯᠵᠤ ᠬᠤᠳᠠᠯᠳᠤᠬᠤ ᠨᠢ ᠰᠠᠶᠢᠨ ᠠᠷᠭ᠎ᠠ ᠪᠢᠰᠢ
ᠨᠡᠶᠢᠲᠡᠯᠡᠭᠰᠡᠨ ᠴᠠᠭ᠄
2018/5/4
    ᠤᠳᠤ ᠶᠢᠨ ᠬᠦᠮᠦᠰ ᠶᠠᠭᠤᠮ᠎ᠠ ᠢᠳᠡᠬᠦ ᠳᠡᠭᠡᠨ ᠮᠠᠰᠢ ᠪᠤᠯᠭᠤᠮᠵᠢᠯᠠᠵᠤ᠂ ᠠᠮᠤᠷ ᠲᠦᠪᠰᠢᠨ ᠢ ᠤᠯᠠᠮ ᠢᠯᠡᠬᠦᠦ ᠠᠩᠬᠠᠷᠬᠤ ᠪᠤᠯᠵᠤ ᠪᠠᠶᠢᠨ᠎ᠠ᠃ ᠵᠢᠮᠢᠰ ᠢᠶᠠᠷ ᠠᠪᠴᠦ ᠬᠡᠯᠡᠬᠦ ᠳᠤ᠂ ᠤᠯᠠᠩᠬᠢ ᠬᠦᠮᠦᠨ ᠵᠢᠮᠢᠰ ᠤᠬᠢᠶᠠᠬᠤ ᠳᠠᠭᠠᠨ ᠵᠢᠮᠢᠰᠦᠨ ᠬᠠᠯᠢᠰᠦᠨ ᠲᠡᠭᠡᠷᠡᠬᠢ ᠭᠬᠢᠷ ᠪᠤᠷᠳᠠᠭ ᠢ ᠬᠦᠢᠴᠡᠳ ᠠᠷᠢᠯᠭᠠᠬᠤ ᠶᠢᠨ ᠲᠦᠯᠦᠭᠡ ᠵᠢᠮᠢᠰ ᠢᠶᠠᠨ ᠤᠷᠢᠳ ᠢᠶᠠᠷ ᠤᠰᠤᠨ ᠳᠤ ᠵᠢᠭᠠᠬᠠᠨ ᠲᠡᠪᠳᠦᠭᠡᠳᠡᠭ᠂ ᠬᠡᠳᠡᠯ᠎ᠡ ᠵᠠᠷᠢᠮ ᠵᠢᠮᠢᠰ ᠢ ᠤᠰᠤᠨ ᠳᠤ ᠲᠡᠪᠳᠦᠭᠡᠭᠰᠡᠭᠡᠷ ︽ᠦᠩᠭᠡ ᠤᠨᠠᠳᠠᠭ︾᠂ ᠡᠨᠡ ᠨᠢ ᠴᠤᠬᠤᠮ ᠶᠠᠭᠤᠨ ᠤ ᠤᠴᠢᠷ ᠪᠤᠢ︖ ᠵᠢᠮᠢᠰᠤᠨ ᠤ ︽ᠦᠩᠭᠡ ᠤᠨᠠᠵᠤ︾ ᠪᠠᠶᠢᠬᠤ ᠨᠢ ︽ᠬᠠᠷ᠎ᠠ ᠰᠠᠨᠠᠭᠠᠳᠤ ᠬᠤᠳᠠᠯᠳᠤᠭᠠᠴᠢᠳ︾ ᠵᠢᠮᠢᠰᠦᠨ ᠳᠤ ᠪᠤᠳᠤᠭ ᠤᠷᠤᠭᠤᠯᠤᠭᠰᠠᠨ ᠠᠴᠠ ᠪᠤᠯᠪᠠ ᠭᠡᠵᠤ ᠦᠵᠡᠬᠦ ᠬᠦᠮᠦᠨ ᠮᠤᠩ ᠦᠭᠡᠢ ᠤᠯᠠᠨ ᠪᠤᠢ᠃ ᠡᠨᠡ ᠦᠵᠡᠯᠲᠡ ᠨᠢ ᠲᠠᠭᠠᠷᠠᠨ᠎ᠠ ᠤᠤ ᠦᠭᠡᠢ ᠤᠤ︖ ᠬᠡᠷᠡᠭ ᠲᠡᠭᠡᠷ᠎ᠡ ᠪᠠᠨ ︽ᠵᠢᠮᠢᠰᠦᠨ ᠳᠤ ᠪᠤᠳᠤᠭ ᠤᠷᠤᠭᠤᠯᠵᠤ ᠬᠤᠳᠠᠯᠳᠤᠬᠤ ᠨᠢ ᠰᠠᠶᠢᠨ ᠠᠷᠭ᠎ᠠ ᠪᠢᠰᠢ︾ ᠭᠡᠵᠤ ᠤᠯᠠᠩᠬᠢ ᠬᠤᠳᠠᠯᠳᠤᠭᠠᠴᠢᠨ ᠬᠡᠯᠡᠵᠤ ᠪᠠᠶᠢᠨ᠎ᠠ᠃     ︽ᠱᠧᠨᠶᠠᠩ ᠤᠨ ᠡᠳᠤᠷ ᠤᠨ ᠰᠤᠨᠢᠨ︾   ᠳᠤ ᠲᠠᠶᠢᠯᠪᠤᠷᠢᠯᠠᠭᠰᠠᠨ ᠢᠶᠠᠷ᠂ᠵᠢᠮᠦᠰᠦᠨ ᠳᠤ ᠪᠤᠳᠤᠭ ᠤᠷᠤᠭᠤᠯᠵᠤ ᠪᠠᠶᠢᠬᠤ ᠨᠢ ᠨᠡᠩ ᠦᠩᠭᠡᠯᠢᠭ ᠰᠠᠶᠢᠬᠠᠨ ᠪᠤᠯᠭᠠᠵᠤ ᠢᠯᠡᠬᠦᠭᠡᠨ ᠬᠤᠳᠠᠯᠳᠤᠬᠤ   ᠶᠢᠨ ᠯᠡ‌‍ᠲ᠋ᠦ᠋ᠯᠦᠭᠡ ᠶᠤᠮ᠂ ᠬᠡᠪᠡᠴᠦ ᠪᠤᠳᠤᠭ ᠤᠷᠤᠭᠤᠯᠤᠭᠰᠠᠨ ᠤ ᠰᠡᠬᠦᠯᠡᠷ ᠵᠢᠮᠢᠰᠤᠨ ᠤ ᠴᠢᠨᠠᠷ ᠨᠡᠩ ᠲᠦᠷᠭᠡᠨ ᠮᠠᠭᠤᠳᠠᠳᠠᠭ ᠲᠤᠯᠠ‌ᠵᠢᠮᠢᠰᠦᠨ ᠲᠠᠷᠢᠶᠠᠴᠢᠨ ᠪᠠ ᠵᠢᠮᠢᠰᠦᠨ ᠬᠤᠳᠠᠯᠳᠤᠭᠠᠴᠢᠳ ᠲᠤ ᠠᠪᠴᠦ ᠬᠡᠯᠡᠪᠡᠯ ᠪᠤᠳᠤᠭ ᠤᠷᠤᠭᠤᠯᠬᠤ ᠨᠢ ᠰᠠᠶᠢᠨ ᠠᠷᠭ᠎ᠠ ᠪᠢᠰᠢ ᠶᠤᠮ᠃ ᠵᠢᠱᠢᠶᠡᠯᠡᠪᠡᠯ᠂ ᠶᠠᠨᠵᠤ ᠬᠦᠢᠯᠡᠰᠦ᠂ ᠵᠢᠮᠢᠰᠭᠡᠨ᠎ᠡ᠂ ᠢᠯᠡᠮ᠎ᠠ ᠮᠡᠳᠤ ᠶᠢᠨ ᠵᠢᠮᠢᠰ ᠢ ᠲᠤᠩ ᠠᠮᠠᠷᠬᠠᠨ ᠢᠯᠵᠠᠷᠠᠵᠤ ᠴᠢᠨᠠᠷ ᠬᠤᠪᠢᠷᠠᠳᠠᠭ᠂ ᠬᠦᠢᠲᠡᠨ ᠭᠠᠵᠠᠷ ᠲᠤ ᠴᠦ ᠤᠳᠠᠭᠠᠨ ᠬᠠᠳᠠᠭᠠᠯᠠᠵᠤ ᠲᠡᠶᠢᠯᠳᠡᠭ ᠦᠭᠡᠢ ᠤᠴᠢᠷ  ᠠᠴᠠ ᠲᠡᠬᠦᠨ ᠢ ᠪᠤᠳᠤᠪᠠᠯ ᠨᠡᠩ ᠠᠮᠠᠷᠬᠠᠨ ᠢᠯᠵᠠᠷᠠᠬᠤ ᠪᠤᠯᠤᠨ᠎ᠠ᠃ ᠲᠡᠷᠡ ᠮᠦᠷᠲᠡᠭᠡᠨ ᠤᠳᠤᠬᠠᠨ ᠳᠤ ᠤᠯᠠᠩᠬᠢ ᠵᠢᠮᠢᠰᠦᠨ ᠤ ᠲᠠᠷᠢᠮᠠᠯ ᠤᠨ ᠪᠠᠶᠢᠳᠠᠯ ᠮᠠᠰᠢ ᠰᠠᠶᠢᠨ᠂ ᠬᠡᠯᠪᠡᠷᠢ ᠪᠠᠶᠢᠳᠠᠯ ᠨᠢ ᠬᠡᠪ ᠤᠨ ᠪᠠᠶᠢᠬᠤ ᠤᠴᠢᠷ ᠠᠴᠠ ᠪᠤᠳᠤᠭ ᠤᠷᠤᠭᠤᠯᠵᠤ ᠶᠠᠩᠵᠤᠯᠠᠬᠤ ᠴᠢᠬᠤᠯᠠ ᠤᠭᠳᠤ ᠦᠭᠡᠢ ᠶᠤᠮ᠃           ᠲᠡᠬᠡᠪᠡᠯ᠂ ᠵᠢᠮᠢᠰ ᠢ ᠪᠤᠳᠤᠭᠰᠠᠨ ᠦᠭᠡᠢ ᠪᠠᠶᠢᠳᠠᠯ᠎ᠠ ᠶᠠᠭᠠᠬᠢᠭᠠᠳ ︽ᠦᠩᠭᠡ ᠤᠨᠠᠳᠠᠭ︾ ᠪᠤᠢ︖ ᠦᠢᠯᠡᠳᠬᠦᠨ  ᠤ ᠶᠠᠰᠤ ᠴᠢᠨᠠᠷ ᠲᠤ ᠬᠢᠨᠠᠯᠲᠠ ᠲᠠᠯᠪᠢᠵᠤ ᠰᠢᠯᠭᠠᠨ ᠪᠠᠶᠢᠴᠠᠭᠠᠬᠤ ᠬᠦᠷᠢᠶᠡᠯᠡᠩ ᠤᠨ ᠢᠳᠡᠭᠡᠨ ᠤ ᠵᠦᠢᠯ ᠤᠨ ᠲᠤᠰᠬᠠᠢ ᠮᠡᠷᠭᠡᠵᠢᠯᠲᠡᠨ ︽ᠱᠠᠨ ᠰᠢ ᠶᠢᠨ ᠡᠳᠤᠷ ᠤᠨ ᠰᠤᠨᠢᠨ︾ ᠤ ᠰᠤᠷᠪᠤᠯᠵᠢᠯᠠᠭ᠎ᠠ ᠶᠢ ᠬᠦᠯᠢᠶᠡᠬᠦ ᠳᠡᠭᠡᠨ ᠲᠠᠶᠢᠯᠪᠤᠷᠢᠯᠠᠭᠰᠠᠨ  ᠨᠢ᠂ ᠦᠩᠭᠡ ᠤᠨᠠᠬᠤ ᠪᠤᠯ ᠵᠢᠮᠢᠰ ᠪᠤᠶᠤ ᠲᠠᠷᠢᠮᠠᠯ ᠤᠨ ᠲᠤᠰ ᠪᠡᠶ᠎ᠡ ᠶᠢᠨ ᠬᠢᠨᠢ ᠤᠨᠴᠠᠯᠢᠭ ᠮᠦᠨ᠂  ᠤᠴᠢᠷ ᠨᠢ ᠲᠡᠳᠡᠭᠡᠷ ᠤᠨ ᠲᠤᠳᠤᠷ᠎ᠠ  ᠶᠡᠭᠡ ᠬᠡᠮᠵᠢᠶᠡᠨ ᠤ ᠪᠠᠶᠢᠭᠠᠯᠢᠯᠢᠭ ᠦᠩᠭᠡ ᠶᠢᠨ ᠡᠳ᠋ ᠠᠭᠤᠯᠤᠭᠳᠠᠳᠠᠭ᠃ ᠤᠰᠤ ᠪᠠᠷ ᠤᠬᠢᠶᠠᠬᠤ ᠳᠤ ᠤᠨᠠᠵᠤ ᠪᠠᠶᠢᠭ᠎ᠠ ︽ᠦᠩᠭᠡ︾ ᠪᠤᠯ ᠤᠰᠤᠨ ᠳᠤ ᠠᠭᠤᠰᠬᠤ ᠴᠢᠨᠠᠷᠲᠠᠢ ᠼᠢᠶᠠᠨᠢᠳᠢᠨ ᠪᠤᠯᠤᠨ᠎ᠠ᠂ ᠦᠵᠤᠮ᠂ ᠬᠦᠵᠡᠭᠡᠯᠵᠡᠭᠡᠨ᠎ᠡ᠂ ᠬᠠᠷ᠎ᠠ ᠲᠤᠳᠤᠷᠭ᠎ᠠ᠂ ᠮᠠᠭᠠᠵᠢ᠂ ᠬᠤᠸᠠᠱᠧᠩ ᠵᠡᠷᠭᠡ ᠳᠤ ᠴᠦᠮ ᠡᠶᠢᠮᠦ ᠡᠳ᠋ ᠠᠭᠤᠯᠤᠭᠳᠠᠳᠠᠭ᠃ ᠤᠷᠭᠤᠮᠠᠯ ᠤᠨ ᠡᠰ ᠡᠪᠳᠡᠭᠳᠡᠬᠦ ᠦᠶ᠎ᠡ ᠳᠤ ᠤᠷᠭᠤᠮᠠᠯ ᠤᠨ ᠡᠰ ᠤᠨ ᠴᠦᠪᠤᠷᠢᠬᠦᠦ ᠳᠤ ᠬᠠᠳᠠᠭᠠᠯᠠᠭᠳᠠᠵᠤ ᠪᠠᠶᠢᠳᠠᠭ ᠼᠢᠶᠠᠨᠢᠳᠢᠨ ᠤᠰᠤᠨ ᠳᠤ ᠠᠭᠤᠰᠦ ᠤᠰᠤᠨ ᠳᠤ ᠪᠤᠳᠤᠭ ᠤᠷᠤᠭᠤᠯᠳᠠᠭ ᠨᠢ ᠰᠤᠨᠢᠨ ᠦᠵᠡᠭᠳᠡᠯ ᠪᠢᠰᠢ ᠶᠤᠮ᠃ ᠬᠡᠪᠡᠴᠦ ᠲᠦᠪᠡᠳ ᠬᠠᠰᠢ ᠮᠡᠳᠤ ᠶᠢᠨ ᠵᠠᠷᠢᠮ ᠵᠢᠮᠢᠰ ᠨᠢ ᠤᠬᠢᠶᠠᠭᠰᠠᠨ ᠴᠦ ᠦᠩᠭᠡ ᠤᠨᠠᠳᠠᠭ ᠦᠭᠡᠢ᠃ ᠲᠤᠰᠬᠠᠢ ᠮᠡᠷᠭᠡᠵᠢᠯᠲᠡᠨ ᠤ ᠲᠠᠶᠢᠯᠪᠤᠷᠢᠯᠠᠭᠰᠠᠨ ᠢᠶᠠᠷ᠂ ᠤᠷᠭᠤᠮᠠᠯ ᠤᠨ ᠪᠠᠶᠢᠭᠠᠯᠢᠯᠢᠭ ᠦᠩᠭᠡ ᠶᠢᠨ ᠡᠳ᠋ ᠲᠤ ᠤᠰᠤᠨ ᠳᠤ ᠠᠭᠤᠰᠬᠤ ᠴᠢᠨᠠᠷᠲᠠᠢ ᠦᠩᠭᠡ ᠶᠢᠨ ᠡᠳ᠋ ᠪᠠᠶᠢᠳᠠᠭ ᠢᠶᠠᠷ ᠪᠠᠷᠠᠬᠤ ᠦᠭᠡᠢ  ᠪᠠᠰᠠ ᠦᠭᠡᠬᠦᠨ   ᠳᠤ ᠠᠭᠤᠰᠬᠤ ᠴᠢᠨᠠᠷᠲᠠᠢ ᠦᠩᠭᠡ ᠶᠢᠨ ᠡᠳ᠋ ᠭᠡᠵᠤ ᠪᠠᠶᠢᠳᠠᠭ᠃ ᠲᠦᠪᠡᠳ ᠬᠠᠰᠢ ᠳᠤ ᠠᠭᠤᠯᠤᠭᠳᠠᠬᠤ ᠲᠦᠪᠡᠳ ᠬᠠᠰᠢ ᠵᠢᠨ‌ᠤᠯᠠᠭᠠᠨ ᠡᠳ᠋ ᠪᠤᠯ ᠨᠢᠭᠡ ᠵᠦᠢᠯ ᠤᠨ ᠦᠭᠡᠬᠦᠨ ᠳᠤ ᠠᠭᠤᠰᠬᠤ ᠴᠢᠨᠠᠷᠲᠠᠢ ᠦᠩᠭᠡ ᠶᠢᠨ ᠡᠳ᠋ ᠪᠤᠯᠬᠤ ᠤᠴᠢᠷ ᠠᠴᠠ ᠤᠰᠤᠨ ᠳᠤ ᠠᠮᠠᠷᠬᠠᠨ ᠠᠭᠤᠰᠳᠠᠭ ᠦᠭᠡᠢ᠂ ᠲᠦᠪᠡᠳ ᠬᠠᠰᠢ ᠶᠢ ᠤᠰᠤᠨ ᠳᠤ ᠤᠬᠢᠶᠠᠬᠤ ᠳᠤ ︽ᠦᠩᠭᠡ ᠤᠨᠠᠳᠠᠭ︾ ᠦᠭᠡᠢ ᠨᠢ ᠲᠡᠷᠡ ᠶᠤᠮ᠃
 
ᠢᠷᠡᠯᠲᠡ᠄ ᠠᠷᠠᠤᠨ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号