ᠠᠭᠤᠰᠬᠢ ᠪᠠᠨ ᠬᠠᠮᠠᠭᠠᠯᠠᠵᠤ ᠴᠡᠪᠡᠷᠯᠡᠵᠦ ᠪᠠᠶᠢᠬᠤ ᠬᠡᠷᠡᠭᠳᠡᠢ
ᠨᠡᠶᠢᠲᠡᠯᠡᠭᠰᠡᠨ ᠴᠠᠭ᠄
2018/6/13
     ᠠᠭᠤᠰᠬᠢ ᠪᠤᠯ ᠡᠯ᠎ᠠ ᠴᠤᠯᠤ ᠡᠷᠭᠡᠳᠡᠨ ᠤ ᠳᠤᠳᠤᠷ᠎ᠠ ᠦᠪᠡᠷ ᠢ ᠪᠠᠨ ᠬᠠᠮᠠᠭᠠᠯᠠᠬᠤ ᠴᠢᠳᠠᠪᠤᠷᠢ ᠪᠠᠷ ᠬᠠᠮᠤᠭ ᠤᠨ ᠳᠤᠷᠤᠢ ᠮᠦᠷᠳᠡᠭᠡᠨ ᠠᠯᠢ ᠢᠯᠡᠭᠦᠦ ᠬᠠᠯᠠ ᠦᠵᠡᠳᠡᠭ ᠨᠢᠭᠡ ᠨᠢ ᠪᠤᠯᠤᠨ᠎ᠠ᠃ ᠳᠠᠮᠠᠬᠢ ᠳᠠᠳᠠᠬᠤ ᠪᠤᠯ ᠠᠭᠤᠰᠬᠢ ᠶᠢ ᠪᠤᠬᠢᠷᠳᠤᠭᠤᠯᠳᠠᠭ ᠬᠠᠮᠤᠭ ᠤᠨ ᠶᠡᠭᠡ ᠪᠤᠬᠢᠷᠳᠤᠯ ᠤᠨ ᠡᠬᠢ ᠪᠤᠯᠤᠨ᠎ᠠ᠂ ᠡᠩ ᠤᠨ ᠬᠦᠮᠦᠨ ᠠᠭᠤᠰᠬᠢ ᠤᠯᠠᠭᠠᠨ ᠪᠠᠶᠢᠬᠤ ᠳᠤ᠂ ᠳᠠᠮᠠᠬᠢ ᠳᠠᠳᠠᠳᠠᠭ ᠬᠦᠮᠦᠨ ᠠᠭᠤᠰᠬᠢ ᠤᠳᠤᠭᠳᠠᠭᠠᠳ ᠬᠠᠷᠠᠯᠠᠴᠢᠬᠠᠬᠰᠠᠨ ᠪᠠᠶᠢᠳᠠᠭ᠃ ᠨᠢᠺᠤᠲ᠋ᠢᠨ᠂ ᠬᠦᠬᠦᠷ ᠤᠨ ᠳᠠᠪᠬᠤᠷ ᠢᠰᠦᠯ ᠵᠡᠷᠭᠡ ᠬᠤᠤᠷ᠎ᠠ ᠲᠠᠢ ᠪᠤᠳᠠᠰ ᠪᠦᠷ ᠠᠭᠤᠰᠬᠢᠨ ᠳᠤ ᠤᠷᠤᠳᠠᠭ ᠪᠤᠯᠬᠤᠷ ᠠᠭᠤᠰᠬᠢ ᠮᠦᠨ ᠬᠠᠮᠤᠭ ᠤᠨ ᠪᠤᠵᠠᠷ ᠡᠷᠭᠡᠳᠡᠨ ᠪᠤᠯᠤᠨ᠎ᠠ᠃ ᠳᠠᠷᠠᠭ᠎ᠠ ᠨᠢ ᠪᠤᠬᠢᠷᠳᠤᠯ ᠤᠨ ᠡᠬᠢ ᠠᠭᠠᠷ ᠤᠨ ᠪᠤᠬᠢᠷᠳᠤᠯ ᠪᠤᠯᠤᠨ᠎ᠠ ᠃ ᠬᠦᠮᠦᠨ ᠢ ᠠᠮᠢᠰᠬᠤᠬᠤ ᠳᠤᠭᠠᠯᠠᠨ ᠠᠭᠠᠷ ᠳᠤᠳᠤᠷᠠᠬᠢ ᠬᠦᠪᠪᠦᠮᠡᠯ ᠮᠦᠬᠦᠯᠢᠭ᠂ ᠬᠤᠤᠷ᠎ᠠ ᠲᠠᠢ ᠬᠡᠢ ᠪᠡᠶᠡᠳᠦ ᠬᠦᠮᠦᠨ ᠤ ᠪᠡᠶ᠎ᠡ ᠳᠤ ᠤᠷᠤᠵᠤ ᠪᠠᠶᠢᠳᠠᠭ᠃ ᠠᠭᠤᠰᠬᠢᠨ ᠳᠡᠭᠡᠷᠡᠬᠢ ᠨᠠᠷᠢᠨ ᠰᠢᠷᠭᠡᠭ ᠲᠠᠢ ᠦᠰᠦ ᠵᠡᠷᠭᠡ ᠨᠢ ᠨᠢᠭᠡ ᠪᠦᠯᠦᠭ ᠪᠤᠬᠢᠷᠳᠤᠯ ᠪᠤᠳᠠᠰ ᠪᠠ ᠪᠠᠺᠲ᠋ᠧᠷᠢ ᠶᠢ ᠴᠡᠪᠡᠷᠯᠡᠨ ᠭᠠᠷᠭᠠᠵᠤ ᠪᠠᠶᠢᠳᠠᠭ ᠪᠤᠯᠪᠠᠴᠤ ᠤᠷᠳᠤ ᠬᠤᠭᠤᠴᠠᠭ᠎ᠠ ᠪᠠᠷ ᠠᠭᠠᠷ ᠤᠨ ᠪᠤᠬᠢᠷᠳᠤᠯ ᠲᠠᠢ ᠤᠷᠴᠢᠨ ᠳᠤᠭᠤᠷᠢᠨ ᠳᠤ ᠠᠮᠢᠳᠤᠷᠠᠬᠤ ᠶᠤᠮ ᠪᠤᠯ ᠶᠠᠮᠠᠷ ᠬᠦᠴᠦᠷᠭᠡᠭ ᠠᠭᠤᠰᠬᠢ ᠴᠤ ᠳᠡᠰᠴᠦ ᠳᠡᠶᠢᠯᠬᠦ ᠦᠭᠡᠢ ᠨᠢ ᠶᠠᠷᠢᠶᠠᠨ ᠦᠭᠡᠢ᠃   ᠡᠭᠦᠨ ᠠᠴᠠ ᠭᠠᠳᠠᠨ᠎ᠠ᠂ ᠬᠦᠮᠦᠰ ᠤᠨ ᠡᠮᠦᠰᠴᠦ ᠵᠡᠭᠦᠭᠦ ᠢᠳᠡᠵᠦ ᠤᠤᠭᠤᠬᠤ ᠶᠠᠪᠤᠵᠤ ᠰᠠᠭᠤᠬᠤ᠂ ᠳᠦᠷᠪᠡᠨ ᠤᠯᠠᠷᠢᠯ ᠤᠨ ᠰᠤᠯᠢᠬᠳᠠᠯ ᠵᠡᠷᠭᠡ ᠨᠢ ᠪᠦᠷ ᠠᠭᠤᠰᠬᠢ ᠳᠤ ᠨᠦᠯᠦᠭᠡ ᠦᠵᠡᠭᠦᠯᠵᠦ ᠪᠠᠶᠢᠳᠠᠭ᠃ ᠬᠡᠷᠪᠡ ᠬᠢᠴᠢᠶᠡᠬᠦ ᠦᠭᠡᠢ ᠪᠤᠯ ᠰᠠᠯᠪᠤᠷᠢ ᠮᠦᠭᠡᠷᠰᠦᠨ ᠬᠤᠭᠤᠯᠠᠢ ᠶᠢᠨ ᠦᠷᠪᠢᠰᠦᠯ᠂ ᠠᠭᠰᠠᠭ᠎ᠠ᠂ ᠠᠭᠤᠰᠭᠢᠨ ᠤ ᠰᠦᠷᠢᠶ᠎ᠡ ᠵᠡᠷᠭᠡ ᠶᠢ ᠡᠭᠦᠰᠭᠡᠬᠦ ᠪᠠᠷ ᠪᠠᠷᠠᠬᠤ ᠦᠭᠡᠢ ᠬᠦᠨᠳᠦ ᠨᠢ ᠠᠭᠤᠰᠭᠢᠨ ᠤ ᠦᠮᠡᠨ ᠪᠤᠯᠵᠤ ᠴᠤ ᠮᠡᠳᠡᠨ᠎ᠠ᠃      ᠠᠭᠤᠰᠭᠢᠨ ᠳᠤ ᠬᠤᠤᠷᠠᠳᠤ ᠪᠤᠳᠠᠰ ᠬᠤᠷᠠᠭᠰᠠᠨ ᠢᠯᠡᠷᠡᠯ᠄      1. ᠠᠷᠠᠰᠤᠨ ᠤ ᠦᠩᠭᠡ ᠵᠢᠪᠡᠷᠡᠵᠦ᠂ ᠦᠩᠭᠡ ᠠᠯᠳᠠᠨ᠎ᠠ᠃ ᠬᠢᠳᠠᠳ ᠡᠮᠨᠡᠯᠭᠡ ᠳᠤ ᠠᠭᠤᠰᠭᠢ ᠪᠦᠬᠦ ᠪᠡᠶ᠎ᠡ ᠶᠢᠨ ᠠᠷᠠᠰᠤ ᠶᠢ ᠬᠠᠮᠢᠶᠠᠷᠳᠠᠭ ᠭᠡᠵᠦ ᠦᠵᠡᠳᠡᠭ᠃ ᠠᠭᠤᠰᠬᠢ ᠰᠠᠶᠢᠨ ᠪᠠᠶᠢᠪᠠᠯ ᠰᠠᠶ᠋ᠢ ᠠᠷᠠᠰᠤ ᠵᠦᠭᠡᠯᠡᠨ ᠪᠤᠯᠪᠠᠷᠠᠢ᠂ ᠴᠠᠭᠠᠨ ᠪᠠᠶᠢᠬᠤ ᠶᠢ ᠪᠠᠳᠤᠯᠠᠵᠤ ᠴᠢᠳᠠᠨ᠎ᠠ᠃ ᠠᠭᠤᠰᠭᠢᠨ ᠳᠤ ᠤᠷᠤᠭᠰᠠᠨ ᠬᠤᠤᠷᠠᠳᠤ ᠪᠤᠳᠠᠰ ᠠᠷᠪᠢᠤᠨᠬᠤ ᠦᠶ᠎ᠠ ᠳᠤ᠂ ᠬᠤᠤᠷᠠᠳᠤ ᠪᠤᠳᠠᠰ ᠠᠭᠤᠰᠭᠢᠨ ᠤ ᠦᠢᠯᠡᠳᠦᠯᠴᠡᠯ ᠢᠶᠠᠷ ᠠᠷᠠᠰᠤᠨ ᠳᠤ ᠬᠤᠷᠠᠵᠤ᠂ ᠠᠷᠠᠰᠤ ᠦᠩᠭᠡ ᠪᠠᠨ ᠠᠯᠳᠠᠳᠠᠭ᠃      2. ᠬᠤᠷᠭᠤᠰᠯᠠᠬᠤ᠃ ᠬᠢᠳᠠᠳ ᠡᠮᠨᠡᠯᠭᠡ ᠳᠤ ᠠᠭᠤᠰᠬᠢ ᠪᠤᠯᠤᠨ ᠪᠦᠲᠦᠭᠦᠨ ᠭᠡᠳᠡᠰᠦ ᠨᠢ ᠨᠢᠭᠡ ᠰᠢᠰᠲ᠋ᠧᠮ ᠳᠤ ᠪᠠᠶᠢᠵᠤ᠂ ᠳᠡᠭᠡᠷ᠎ᠡ ᠳᠠᠯ᠎ᠠ ᠶᠢᠨ ᠠᠭᠤᠰᠬᠢᠨ ᠳᠤ ᠬᠤᠤᠷᠠᠳᠤ ᠪᠤᠳᠠᠰ ᠲᠠᠢ ᠪᠤᠯᠬᠤ ᠦᠶ᠎ᠠ ᠳᠤ ᠳᠤᠤᠷᠠᠳᠤ ᠳᠠᠯ᠎ᠠ ᠶᠢᠨ ᠪᠦᠲᠦᠭᠦᠨ ᠭᠡᠳᠡᠰᠦᠨ ᠳᠤ ᠴᠤ ᠬᠡᠪ ᠤᠨ ᠪᠤᠰᠤ ᠪᠦᠭᠡᠨᠡᠷᠡᠯ ᠭᠠᠷᠴᠤ ᠬᠤᠷᠭᠤᠰᠤᠯᠠᠳᠠᠭ ᠭᠡᠵᠦ ᠦᠵᠡᠳᠡᠭ ᠪᠠᠶᠢᠨ᠎ᠠ᠃      3. ᠵᠤᠪᠠᠨᠢᠵᠤ ᠤᠶᠠᠷᠠᠬᠤ᠂ ᠠᠮᠠᠷᠬᠠᠨ ᠭᠤᠨᠢᠬᠤ ᠪᠠᠶᠢᠳᠠᠯ ᠭᠠᠷᠤᠨ᠎ᠠ᠃ ᠠᠭᠤᠰᠭᠢᠨ ᠳᠤ ᠬᠤᠤᠷᠠᠳᠤ ᠪᠤᠳᠠᠰ ᠬᠤᠷᠠᠵᠤ᠂ ᠠᠭᠤᠰᠬᠢᠨ ᠤ ᠬᠡᠢ ᠴᠢᠰᠤᠨ ᠤ ᠡᠷᠭᠢᠯᠳᠡ ᠶᠢ ᠨᠦᠯᠦᠭᠡᠯᠡᠨ ᠠᠭᠤᠰᠬᠢ ᠬᠡᠪ ᠤᠨ ᠳᠡᠨᠢᠭᠦᠨ ᠪᠠᠶᠢᠳᠠᠯ ᠢᠶᠠᠨ ᠠᠯᠳᠠᠵᠤ ᠠᠶᠤᠤᠯᠢᠬᠠᠢ ᠪᠢᠳᠡᠭᠦᠷᠡᠵᠦ᠂ ᠬᠦᠮᠦᠨ ᠨᠡᠷ᠎ᠡ ᠦᠭᠡᠢ ᠳᠠᠷᠤᠮᠳᠠ ᠳᠤ ᠤᠷᠤᠭᠰᠠᠨ ᠰᠢᠬ ᠪᠤᠯᠵᠤ ᠵᠤᠪᠠᠨᠢᠬᠤ ᠤᠶᠠᠷᠠᠬᠤ ᠢᠯᠡᠷᠡᠯ ᠭᠠᠷᠳᠠᠭ᠃      ᠠᠭᠤᠰᠭᠢᠨ ᠳᠤ ᠬᠤᠷᠠᠭᠰᠠᠨ ᠬᠤᠭ ᠨᠤᠪᠰᠢ ᠶᠢ ᠴᠡᠪᠡᠷᠯᠡᠬᠦ ᠠᠷᠭ᠎ᠠ ᠳᠡᠮ᠄      1. ᠯᠤᠤᠪᠠᠩ ᠪᠤᠯ ᠠᠭᠤᠰᠬᠢᠨ ᠳᠤ ᠬᠤᠷᠠᠭᠰᠠᠨ ᠬᠤᠤᠷᠠᠳᠤ ᠪᠤᠳᠠᠰ ᠢ ᠴᠡᠪᠠᠷᠯᠡᠬᠦ ᠰᠠᠶᠢᠨ ᠢᠳᠡᠭᠡᠨ ᠪᠤᠯᠤᠨ᠎ᠠ᠃ ᠪᠦᠲᠦᠭᠦᠨ ᠭᠡᠳᠡᠰᠦ ᠪᠤᠯᠤᠨ ᠠᠭᠤᠰᠬᠢ ᠨᠢ ᠨᠢᠬᠳᠠ ᠬᠠᠷᠢᠴᠠᠭ᠎ᠠ ᠲᠠᠢ ᠪᠠᠶᠢᠵᠤ᠂ ᠠᠭᠤᠰᠭᠢᠨ ᠤ ᠬᠤᠤᠷᠠᠳᠤ ᠪᠤᠳᠠᠰ ᠢ ᠭᠠᠳᠠᠭᠰᠢᠯᠠᠭᠤᠯᠬᠤ ᠭᠡᠮᠵᠢᠶ᠎ᠠ ᠨᠢ ᠪᠦᠲᠦᠭᠦᠨ ᠭᠡᠳᠡᠰᠦᠨ ᠤ ᠰᠠᠭᠠᠳ ᠦᠭᠡᠢ ᠨᠡᠪᠳᠡᠷᠡᠵᠦ ᠪᠠᠶᠢᠬᠤ ᠡᠰᠡᠬᠦ ᠪᠠᠷ ᠳᠤᠭᠳᠠᠭᠠᠭᠳᠠᠳᠠᠭ ᠭᠡᠵᠦ ᠬᠢᠳᠠᠳ ᠡᠮᠨᠡᠯᠭᠡ ᠶᠢᠨ ᠬᠢᠨ ᠦᠵᠡᠳᠡᠭ᠃ ᠯᠤᠤᠪᠠᠩ ᠨᠢ ᠪᠦᠲᠦᠭᠦᠨ ᠭᠡᠳᠡᠰᠦ ᠶᠢ ᠬᠠᠪᠰᠤᠷᠴᠤ ᠬᠤᠨᠤᠭᠰᠠᠨ ᠬᠤᠷᠭᠤᠰᠤ ᠶᠢ ᠭᠠᠳᠠᠭᠰᠢᠯᠠᠭᠤᠯᠳᠠᠭ᠃ ᠯᠤᠤᠪᠠᠩ ᠢ ᠳᠦᠭᠦᠬᠡᠢ ᠪᠠᠷ ᠪᠤᠶᠤ ᠪᠤᠯᠭᠤᠭᠠᠳ ᠢᠳᠡᠵᠦ ᠪᠦᠷ ᠪᠤᠯᠤᠨ᠎ᠠ᠃      2. ᠬᠡᠯᠡᠭᠡᠢ ᠰᠠᠷᠠᠨ᠎ᠠ ᠨᠢ ᠠᠭᠤᠰᠭᠢᠨ ᠤ ᠬᠤᠤᠷᠠᠳᠤ ᠪᠤᠳᠠᠰ ᠢ ᠡᠰᠡᠷᠭᠦᠴᠡᠬᠦ ᠴᠢᠳᠠᠪᠤᠷᠢ ᠶᠢ ᠰᠠᠶᠢᠵᠢᠷᠠᠭᠤᠯᠳᠠᠭ ᠃ ᠠᠭᠤᠰᠬᠢ ᠶᠡᠷᠦ ᠨᠢ ᠬᠠᠭᠰᠠᠭᠰᠠᠨ ᠬᠠᠭᠤᠷᠠᠢ ᠪᠠᠶᠢᠳᠠᠯ ᠳᠤ ᠳᠤᠷ᠎ᠠ ᠦᠭᠡᠢ ᠪᠠᠶᠢᠳᠠᠭ᠂ ᠬᠠᠭᠤᠷᠠᠢ ᠤᠷᠴᠢᠨ ᠳᠤᠭᠤᠷᠢᠨ ᠳᠤ ᠬᠤᠤᠷᠠᠳᠤ ᠪᠤᠳᠠᠰ ᠠᠭᠤᠰᠭᠢᠨ ᠳᠤ ᠠᠮᠠᠷᠬᠠᠨ ᠬᠤᠷᠠᠳᠠᠭ᠃ ᠮᠦᠭᠦ᠂ ᠬᠡᠯᠡᠭᠡᠢ ᠰᠠᠷᠠᠨ᠎ᠠ ᠨᠢ ᠠᠭᠤᠰᠬᠢ ᠶᠢ ᠳᠡᠵᠢᠭᠡᠵᠦ ᠴᠢᠬᠢᠭ ᠢ ᠳᠦᠯᠵᠢᠭᠦᠯᠬᠦ ᠦᠢᠯᠡᠳᠦᠯ ᠢᠶᠠᠷ ᠰᠠᠶᠢᠨ ᠪᠠᠶᠢᠵᠤ᠂ ᠠᠭᠤᠰᠬᠢ ᠶᠢ ᠬᠠᠪᠰᠤᠷᠤᠨ ᠬᠤᠤᠷᠠᠳᠤ ᠪᠤᠳᠠᠰ ᠲᠤ ᠴᠤᠬᠢᠯᠳᠠ ᠦᠭᠳᠡᠭ᠃ ᠬᠡᠯᠡᠭᠡᠢ ᠰᠠᠷᠠᠨ᠎ᠠ ᠶᠢ ᠪᠤᠯᠭᠤᠵᠤ ᠢᠳᠡᠬᠦ ᠳᠡᠭᠡᠨ ᠡᠳ᠋ᠰᠢᠭᠦᠯᠬᠦ ᠶᠠᠪᠤᠴᠠ ᠨᠢ ᠭᠡᠳᠦ ᠤᠳᠠᠬᠤ ᠦᠭᠡᠢ ᠪᠤᠯ ᠰᠠᠶᠢᠨ᠂ ᠭᠡᠳᠦ ᠤᠳᠠᠪᠠᠯ ᠬᠡᠯᠡᠭᠡᠢ ᠰᠠᠷᠠᠨ᠎ᠠ ᠶᠢᠨ ᠰᠢᠭᠦᠰᠦ ᠨᠢ ᠪᠠᠭᠠᠰᠴᠤ ᠬᠤᠤᠷ᠎ᠠ ᠶᠢ ᠰᠡᠷᠭᠡᠶᠢᠯᠡᠬᠦ ᠦᠢᠯᠡᠳᠦᠯ ᠨᠢ ᠶᠡᠭᠡᠪᠡᠷ ᠪᠠᠭᠤᠷᠠᠳᠠᠭ᠃      3. ᠠᠯᠮᠤᠷᠠᠳ ᠢᠯᠡᠭᠦᠦ ᠢᠳᠡᠨ᠎ᠠ᠃ ᠠᠮᠧᠷᠢᠺᠠ ᠶᠢᠨ ᠤᠯᠤᠰ ᠤᠨ ᠡᠷᠡᠭᠦᠯ ᠬᠠᠮᠠᠭᠠᠯᠠᠯ ᠤᠨ ᠰᠤᠳᠤᠯᠭᠠᠨ ᠤ ᠬᠦᠷᠢᠶᠡᠯᠡᠩ ᠤᠨ ᠬᠢᠨ᠂ ᠦᠷᠭᠦᠯᠵᠢ ᠠᠯᠮᠤᠷᠠᠳ ᠢᠳᠡᠳᠡᠭ ᠬᠦᠮᠦᠨ ᠤ ᠬᠠᠨᠢᠶᠠᠬᠤ᠂ ᠴᠡᠷ ᠭᠠᠷᠬᠤ ᠨᠤᠷᠮ᠎ᠠ ᠨᠢ ᠠᠯᠮᠤᠷᠠᠳ ᠢᠳᠡᠳᠡᠭ ᠦᠭᠡᠢ ᠬᠦᠮᠦᠨ ᠤ ᠬᠢ ᠠᠴᠠ 33% ᠳᠤᠤᠷ᠎ᠠ ᠪᠠᠶᠢᠳᠠᠭ ᠢ ᠰᠤᠳᠤᠯᠭᠠᠨ ᠢᠶᠠᠷ ᠢᠯᠡᠷᠡᠭᠦᠯᠦᠭᠰᠡᠨ ᠪᠠᠶᠢᠨ᠎ᠠ᠃ ᠡᠨᠡ ᠨᠢ ᠠᠯᠮᠤᠷᠠᠳ ᠤᠨ ᠬᠠᠯᠢᠰᠦᠨ ᠳᠠᠬᠢ ᠵᠢᠮᠢᠰᠦᠨ ᠴᠠᠪᠠᠤ ᠪᠠ ᠢᠰᠦᠯᠳᠦᠬᠦ ᠶᠢ ᠡᠰᠡᠷᠭᠦᠴᠡᠬᠦ ᠪᠤᠳᠠᠰ ᠨᠢ ᠠᠭᠤᠰᠬᠢᠨ ᠤ ᠦᠷᠪᠢᠰᠬᠦ ᠪᠠᠶᠢᠳᠠᠯ ᠭᠠᠷᠬᠤ ᠶᠢ ᠪᠠᠭᠠᠰᠬᠠᠳᠠᠭ ᠠᠴᠠ ᠪᠤᠯᠵᠠᠢ᠃      4. ᠠᠭᠤᠰᠭᠢᠨ ᠤ ᠬᠤᠤᠷᠠᠳᠤ ᠪᠤᠳᠠᠰ ᠢ ᠭᠠᠳᠠᠭᠰᠢᠯᠠᠭᠤᠯᠬᠤ ᠪᠡᠯᠴᠢᠷ ᠢ ᠨᠤᠬᠤᠯᠠᠨ᠎ᠠ᠃ ᠠᠭᠤᠰᠬᠢ ᠶᠢ ᠳᠠᠮᠢᠷᠵᠢᠭᠤᠯᠳᠠᠭ ᠪᠡᠯᠴᠢᠷ ᠪᠤᠯ ᠾᠧ ᠭᠦ᠋ ᠪᠡᠯᠴᠢᠷ ︵合谷穴︶ ᠪᠤᠯᠤᠨ᠎ᠠ᠂ ᠠᠯᠠᠭᠠᠨ ᠤ ᠠᠷᠤ ᠳᠠᠯ᠎ᠠ ᠳᠤ᠂ ᠡᠷᠡᠭᠡᠢ ᠳᠤᠯᠤᠪᠤᠷ ᠬᠤᠶᠠᠷ ᠬᠤᠷᠤᠭᠤᠨ ᠶᠠᠰᠤᠨ ᠤ ᠠᠭᠤᠯᠵᠠᠷ ᠲᠤ ᠪᠠᠶᠢᠨ᠎ᠠ᠂ ᠡᠷᠡᠭᠡᠢ ᠳᠤᠯᠤᠪᠤᠷ ᠬᠤᠶᠠᠷ ᠬᠤᠷᠤᠭᠤ ᠪᠠᠷ ᠢᠶᠠᠨ ᠴᠢᠮᠬᠢᠭᠡᠳ ᠬᠦᠴᠦᠳᠠᠢ ᠨᠤᠬᠤᠯᠠᠨ᠎ᠠ᠃      5. ᠬᠦᠯᠦᠰᠦ ᠳᠠᠭᠤᠯᠭᠠᠵᠤ ᠬᠤᠤᠷ᠎ᠠ ᠳᠠᠶᠢᠯᠤᠨ᠎ᠠ᠃ ᠠᠭᠤᠰᠬᠢ ᠨᠢ ᠠᠷᠠᠰᠤ ᠶᠢ ᠬᠠᠮᠢᠶᠠᠷᠳᠠᠭ᠂ ᠳᠡᠶᠢᠮᠦ ᠠᠴᠠ ᠰᠠᠶᠢᠨ ᠬᠦᠯᠦᠷᠡᠵᠦ᠂ ᠬᠦᠯᠦᠰᠦ ᠪᠠᠷ ᠪᠡᠶ᠎ᠡ ᠳᠤᠳᠤᠷᠠᠬᠢ ᠬᠤᠤᠷᠠᠳᠤ ᠪᠤᠳᠠᠰ ᠢ ᠳᠠᠭᠤᠯᠭᠠᠪᠠᠯ᠂ ᠠᠭᠤᠰᠬᠢ ᠶᠢ ᠠᠮᠤᠷᠯᠢᠭᠤᠯᠳᠠᠭ᠃ ᠬᠦᠯᠦᠰᠦ ᠭᠠᠷᠭᠠᠬᠤ ᠳᠤ ᠳᠠᠮᠢᠷ ᠤᠨ ᠬᠦᠳᠡᠯᠭᠡᠭᠡᠨ ᠬᠢᠬᠦ ᠠᠴᠠ ᠭᠠᠳᠠᠨ᠎ᠠ᠂ ᠬᠠᠯᠠᠭᠤᠨ ᠤᠷᠤᠨ ᠳᠤ ᠰᠠᠭᠤᠵᠤ ᠪᠤᠯᠤᠨ᠎ᠠ᠂ ᠪᠡᠶ᠎ᠡ ᠤᠬᠢᠶᠠᠬᠤ ᠤᠰᠤᠨ ᠳᠠᠭᠠᠨ ᠪᠠᠭ᠎ᠠ ᠰᠠᠭ᠎ᠠ ᠳᠦᠭᠦᠬᠡᠢ ᠭᠠ ᠪᠠ ᠵᠢᠷᠤᠭᠪᠠ ᠶᠢᠨ ᠳᠤᠰᠤ ᠬᠢᠪᠡᠯ ᠬᠦᠯᠦᠰᠦ ᠭᠠᠷᠬᠤ ᠶᠢ ᠰᠠᠶᠢᠵᠢᠷᠠᠭᠤᠯᠵᠤ᠂ ᠪᠡᠶ᠎ᠡ ᠶᠢᠨ ᠭᠦᠨ ᠳᠤ ᠨᠢᠭᠤᠭᠳᠠᠵᠤ ᠪᠠᠶᠢᠭ᠎ᠠ ᠬᠤᠤᠷᠠᠳᠤ ᠪᠤᠳᠠᠰ ᠢ ᠭᠠᠳᠠᠭᠰᠢᠯᠠᠭᠤᠯᠵᠤ ᠳᠡᠶᠢᠯᠦᠨ᠎ᠠ᠃      6. ᠭᠦᠨ ᠠᠮᠢᠰᠬᠤᠨ᠎ᠠ᠃ ᠡᠩ ᠤᠨ ᠠᠮᠢᠰᠬᠤᠬᠤ ᠳᠤ᠂ ᠶᠡᠷᠦᠳᠡᠭᠡᠨ ᠪᠠᠭ᠎ᠠ ᠰᠠᠭ᠎ᠠ ᠬᠠᠶᠠᠬᠳᠠᠮᠠᠯ ᠬᠡᠢ ᠠᠭᠤᠰᠭᠢᠨ ᠳᠤ ᠦᠯᠡᠳᠡᠳᠡᠭ᠂ ᠡᠳᠡᠭᠡᠷ ᠬᠠᠶᠠᠬᠳᠠᠮᠠᠯ ᠬᠡᠢ ᠶᠢ ᠰᠢᠨ᠎ᠠ ᠪᠠᠷ ᠠᠮᠢᠰᠬᠤᠵᠤ ᠤᠷᠤᠭᠤᠯᠬᠤ ᠬᠦᠴᠢᠯᠳᠦ᠋ᠷᠦᠭᠴᠢ ᠡᠯᠪᠡᠭ ᠰᠢᠨ᠎ᠠ ᠠᠭᠠᠷ ᠲᠠᠢ ᠠᠳᠠᠯᠢᠳᠬᠠᠪᠠᠯ ᠮᠦᠨ ᠨᠢᠭᠡ ᠵᠦᠢᠯ ᠤᠨ ᠬᠤᠤᠷᠠᠳᠤ ᠪᠤᠳᠠᠰ ᠪᠤᠯᠤᠨ᠎ᠠ ᠃ ᠳᠡᠶᠢᠮᠦ ᠠᠴᠠ ᠭᠦᠨ ᠠᠮᠢᠰᠬᠤᠬᠤ ᠨᠢ ᠪᠡᠶ᠎ᠡ ᠳᠤ ᠦᠯᠡᠳᠡᠭᠰᠡᠨ ᠬᠠᠶᠠᠬᠳᠠᠮᠠᠯ ᠬᠡᠢ ᠶᠢ ᠬᠦᠢᠴᠡᠳ ᠴᠡᠪᠡᠷᠯᠡᠵᠦ ᠳᠡᠶᠢᠯᠦᠨ᠎ᠠ᠃      7. ᠪᠤᠬᠢᠷ ᠮᠠᠨᠠᠨ ᠲᠠᠢ ᠡᠳᠦᠷ ᠴᠢᠳᠠᠬᠤ ᠶᠢᠨ ᠳᠤᠳᠤᠷ᠎ᠠ ᠭᠠᠳᠠᠭ᠎ᠠ ᠭᠠᠷᠬᠤ ᠦᠭᠡᠢ ᠪᠤᠯ ᠰᠠᠶᠢᠨ᠃ ᠬᠡᠷᠪᠡ ᠭᠠᠷᠬᠤ ᠳᠡᠭᠡᠷ᠎ᠡ ᠳᠤᠯᠪᠠᠯ᠂ ᠠᠮᠠ ᠬᠠᠮᠠᠷ ᠢᠶᠠᠨ ᠪᠦᠭᠯᠡᠵᠦ᠂ ᠦᠷᠯᠦᠭᠡ ᠤᠷᠤᠢ ᠶᠢᠨ ᠤᠳᠤᠭ᠎ᠠ ᠳᠤᠭᠤᠰᠤ ᠶᠡᠭᠡ ᠴᠠᠭ ᠠᠴᠠ ᠵᠠᠶᠢᠯᠠᠰᠬᠢᠪᠠᠯ ᠵᠤᠬᠢᠨ᠎ᠠ᠃      8. ᠤᠰᠤ ᠢᠯᠡᠭᠦᠦ ᠤᠤᠭᠤᠵᠤ᠂ ᠳᠠᠮᠠᠬᠢ ᠳᠠᠳᠠᠬᠤ ᠦᠭᠡᠢ᠃ ᠬᠡᠷᠪᠡ ᠳᠠᠮᠠᠬᠢ ᠳᠠᠳᠠᠳᠠᠭ ᠤᠷᠴᠢᠨ ᠳᠤ ᠤᠷᠳᠤ ᠬᠤᠭᠤᠴᠠᠭ᠎ᠠ ᠪᠠᠷ ᠪᠠᠶᠢᠳᠠᠭ ᠪᠤᠯ ᠡᠷᠭᠡᠪᠰᠢ ᠢᠯᠡᠭᠦᠭᠡᠨ ᠤᠰᠤ ᠤᠤᠭᠤᠬᠤ ᠭᠡᠷᠡᠭᠳᠡᠢ᠂ ᠳᠡᠪᠡᠪᠡᠯ ᠪᠡᠶ᠎ᠡ ᠳᠠᠬᠢ ᠬᠤᠤᠷᠠᠳᠤ ᠪᠤᠳᠠᠰ ᠤᠨ ᠭᠠᠳᠠᠬᠰᠢᠯᠠᠭᠤᠯᠤᠯᠳᠠ ᠶᠢ ᠳᠦᠷᠭᠡᠳᠭᠡᠳᠡᠭ᠃ ᠳᠤᠭ᠎ᠠ ᠪᠠᠷᠢᠮᠳᠠ ᠠᠴᠠ ᠦᠵᠡᠪᠡᠯ᠂ ᠨᠠᠢᠮᠠᠨ ᠬᠤᠪᠢ ᠶᠢᠨ ᠠᠭᠤᠰᠬᠢᠨ ᠦᠮᠡᠨ ᠨᠢ ᠳᠠᠮᠠᠬᠢ ᠠᠴᠠ ᠪᠤᠯᠵᠠᠢ᠂ ᠳᠡᠶᠢᠮᠦ ᠠᠴᠠ ᠳᠠᠮᠠᠬᠢ ᠳᠠᠳᠠᠬᠤ ᠪᠠᠨ ᠪᠤᠯᠢᠭᠠᠴᠢ ᠭᠡᠵᠦ ᠰᠠᠨᠠᠭᠤᠯᠤᠶ᠎ᠠ᠃      9. ᠦᠷᠯᠦᠭᠡ ᠶᠢᠨ 7 — 9 ᠴᠠᠭ ᠪᠤᠯ ᠠᠭᠤᠰᠭᠢᠨ ᠳᠠᠮᠢᠷ ᠬᠠᠮᠤᠭ ᠤᠨ ᠴᠢᠩᠭ᠎ᠠ ᠪᠠᠶᠢᠳᠠᠭ ᠬᠤᠭᠤᠴᠠᠭ᠎ᠠ ᠪᠤᠯᠤᠨ᠎ᠠ᠃ ᠡᠶᠢᠮᠦ ᠠᠴᠠ ᠡᠨᠡᠬᠦ ᠬᠤᠭᠤᠴᠠᠭᠠᠨ ᠳᠤ ᠳᠠᠮᠢᠷ ᠤᠨ ᠬᠦᠳᠡᠯᠭᠡᠭᠡᠨ ᠬᠢᠬᠦ ᠪᠠᠷ ᠳᠠᠮᠵᠢᠭᠤᠯᠤᠨ ᠬᠤᠤᠷ᠎ᠠ ᠶᠢ ᠭᠠᠳᠠᠭᠰᠢᠯᠠᠭᠤᠯᠪᠠᠯ ᠬᠠᠮᠤᠭ ᠤᠨ ᠰᠠᠶᠢᠨ᠃ ᠠᠭᠤᠰᠭᠢᠨ ᠳᠠᠮᠢᠷ ᠴᠢᠩᠭ᠎ᠠ ᠬᠤᠭᠤᠴᠠᠭᠠᠨ ᠳᠤ ᠬᠦᠶᠦᠬᠦ ᠠᠯᠬᠤᠬᠤ ᠵᠡᠷᠭᠡ ᠬᠦᠴᠢᠯᠳᠦ᠋ᠷᠦᠭᠴᠢᠳᠤ ᠬᠦᠳᠡᠯᠭᠡᠭᠡᠨ ᠬᠢᠪᠡᠯ ᠠᠭᠤᠰᠭᠢᠨ ᠤ ᠬᠤᠤᠷ᠎ᠠ ᠶᠢ ᠭᠠᠳᠠᠭᠰᠢᠯᠠᠭᠤᠯᠬᠤ ᠴᠢᠳᠠᠪᠤᠷᠢ ᠶᠢ ᠳᠡᠭᠡᠭᠰᠢᠯᠡᠭᠦᠯᠳᠡᠭ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号