ᠵᠠᠯᠠᠭᠤᠴᠤᠳ ᠲᠤ ᠠᠪᠴᠤ ᠬᠡᠯᠡᠪᠡᠯ ᠤᠢᠢᠷ᠎ᠡ ᠬᠠᠷᠠᠭ᠎ᠠ ᠶᠢ ᠰᠠᠶᠢᠵᠢᠷᠠᠭᠤᠯᠬᠤ ᠠᠷᠭ᠎ᠠ ᠤᠯᠠᠨ ᠪᠠᠶᠢᠨ᠎ᠠ᠂ | ᠨᠢᠳᠤᠨ ᠤ ᠭᠠᠳᠠᠨ᠎ᠠ ᠠᠴᠠ ᠳᠤᠳᠤᠷ᠎ᠠ ᠤᠷᠤᠳᠠᠯ᠎ᠠ ᠢᠯᠡ ᠰᠢᠯ᠂ ᠳᠠᠯᠳᠠ ᠰᠢᠯ᠂ ᠭᠡᠷᠡᠯ ᠨᠤᠭᠤᠷᠠᠯᠳᠠ ᠶᠢᠨ ᠮᠡᠰᠡ ᠵᠠᠰᠠᠯ᠂ | ᠨᠢᠳᠤᠨ ᠳᠤᠳᠤᠷᠠᠬᠢ ᠳᠠᠯᠠᠰᠳᠤ ᠪᠡᠶ᠎ᠡ ︵ICL︶ ᠬᠡᠭᠦᠴᠢᠯᠡᠨ ᠪᠠᠶᠢᠳᠠᠭ᠃ ᠡᠳᠡᠭᠡᠷ ᠪᠤᠯ ᠪᠦᠷ ᠡᠮᠴᠢᠯᠡᠭᠡᠨ ᠢᠶᠠᠷ | ᠪᠠᠳᠤᠯᠠᠭᠳᠠᠭᠰᠠᠨ ᠪᠤᠯᠪᠠᠰᠤᠷᠠᠩᠭᠤᠢ ᠮᠡᠷᠭᠡᠵᠢᠯ ᠪᠤᠯᠤᠨ᠎ᠠ᠃ ᠶᠡᠷᠦᠩᠬᠡᠢ ᠳᠤᠨᠢ ᠠᠪᠴᠤ ᠬᠡᠯᠡᠪᠡᠯ᠂ ᠭᠠᠳᠠᠨ᠎ᠠ ᠠᠴᠠ | ᠳᠤᠳᠤᠷ᠎ᠠ ᠤᠷᠤᠳᠠᠯ᠎ᠠ ᠠᠷᠭ᠎ᠠ ᠠᠪᠴᠠᠯ ᠨᠢ ᠭᠡᠳᠦᠢ ᠪᠤᠳᠤᠯᠢᠶᠠᠨᠳᠠᠢ ᠪᠤᠯᠬᠤ ᠳᠤᠰᠤᠮ ᠠᠵᠤ ᠠᠬᠤᠢ ᠶᠢᠨ | ᠱᠠᠭᠠᠷᠳᠠᠯᠭ᠎ᠠ ᠪᠠ ᠡᠮᠴᠢᠯᠡᠭᠡᠨ ᠤ ᠮᠡᠷᠭᠡᠵᠢᠯ ᠤᠨ ᠱᠠᠭᠠᠷᠳᠠᠯᠭ᠎ᠠ ᠨᠢ ᠤᠯᠠᠮ ᠦᠨᠳᠦᠷ ᠪᠤᠯᠵᠤ᠂ ᠬᠠᠷᠠᠭ᠎ᠠ ᠶᠢ | ᠰᠠᠶᠢᠵᠢᠷᠠᠭᠤᠯᠬᠤ ᠦᠷ᠎ᠡ ᠳ᠋ᠦᠩ ᠨᠢ ᠤᠯᠠᠮ ᠰᠠᠶᠢᠨ ᠪᠠᠶᠢᠳᠠᠭ᠃ ᠳᠡᠶᠢᠮᠦ ᠠᠴᠠ ᠡᠪᠡᠳᠴᠢᠳᠠᠨ ᠤ ᠠᠳᠠᠯᠢ ᠪᠤᠰᠤ | ᠪᠠᠶᠢᠳᠠᠯ ᠳᠤ ᠬᠠᠨᠳᠤᠭᠤᠯᠤᠨ᠂ ᠦᠪᠡᠷ ᠤᠨᠠᠮᠢᠳᠤᠷᠠᠯ ᠤᠨ ᠱᠠᠭᠠᠷᠳᠠᠯᠭ᠎ᠠ᠂ ᠨᠦᠬᠦᠴᠡᠯ ᠳᠡᠭᠡᠨ ᠦᠨᠳᠦᠰᠦᠯᠡᠨ | ᠰᠤᠩᠭᠤᠯᠳᠠ ᠬᠢᠪᠡᠯ ᠵᠤᠬᠢᠨ᠎ᠠ ᠭᠡᠵᠦ ᠯᠢ ᠶᠢᠩ ᠫᠷᠦᠹᠧᠰᠰᠤᠷ ᠵᠦᠪᠯᠡᠵᠦ ᠪᠠᠶᠢᠨ᠎ᠠ᠃ | ᠡᠩ ᠤᠨ ᠪᠠᠶᠢᠳᠠᠯ ᠳᠤ ᠬᠢᠮᠳᠠ ᠳᠦᠭᠦᠮ ᠢ ᠪᠤᠳᠤᠪᠠᠯ ᠢᠯᠡ ᠰᠢᠯ ᠵᠡᠭᠦᠵᠦ ᠪᠤᠯᠤᠨ᠎ᠠ᠃ ᠬᠡᠷᠪᠡ ᠠᠵᠤ | ᠠᠬᠤᠢ ᠶᠢᠨ ᠨᠦᠬᠦᠴᠡᠯ ᠰᠠᠶᠢᠨ᠂ ᠭᠤᠸ᠎ᠠ ᠭᠠᠩᠭᠠᠩ ᠶᠠᠪᠤᠬᠤ ᠶᠢ ᠪᠤᠳᠤᠪᠠᠯ᠂ ᠡᠰᠡᠭᠦᠯ᠎ᠠ ᠠᠵᠢᠯ ᠳᠦᠷᠦᠯ ᠤᠨ | ᠤᠨᠴᠠᠭᠠᠢ ᠱᠠᠭᠠᠷᠳᠠᠯᠭ᠎ᠠ ᠠᠴᠠ ᠪᠤᠯᠵᠤ ᠢᠯᠡ ᠰᠢᠯ ᠵᠡᠭᠦᠬᠦ ᠳᠤ ᠳᠤᠬᠢᠷᠠᠮᠵᠢ ᠦᠭᠡᠢ ᠪᠤᠯ ᠭᠡᠷᠡᠯ ᠨᠤᠭᠤᠷᠠᠯᠳᠠ ᠶᠢᠨ | ᠮᠡᠰᠡ ᠵᠠᠰᠠᠯ ᠬᠢᠵᠦ ᠪᠤᠯᠤᠨ᠎ᠠ᠂ ᠳᠡᠭᠦᠨ ᠤ ᠤᠬ ᠶᠤᠰᠤ ᠨᠢ ᠪᠤᠯ ᠡᠪᠡᠷᠯᠢᠭ ᠪᠦᠷᠬᠦᠪᠴᠢ ᠶᠢ ᠵᠤᠷᠭᠤᠵᠤ | ᠨᠢᠮᠭᠡᠷᠡᠭᠦᠯᠦᠭᠡᠳ᠂ ᠨᠢᠳᠦᠨ ᠤ ᠬᠦᠰᠢᠭᠡᠨ ᠳᠤ ᠵᠢᠷᠤᠭ ᠳᠦᠷᠰᠦ ᠶᠢ ᠨᠡᠩ ᠳᠤᠳᠤ ᠢᠯᠡᠷᠡᠬᠦ ᠪᠤᠯᠭᠠᠳᠠᠭ᠃ | ᠤᠳᠤᠬᠠᠨ ᠳᠤ ᠮᠤᠯᠧᠺᠦ᠋ᠯᠯᠢᠬ ᠯᠠᠶᠢᠰᠧᠷ ᠭᠡᠷᠡᠯ ᠪᠠ ᠹᠧᠢᠢᠮᠢᠶᠤᠤ ᠯᠠᠶᠢᠰᠧᠷ ᠭᠡᠷᠡᠯ ᠤᠨᠮᠡᠷᠭᠡᠵᠢᠯ ᠢ ᠴᠤ ᠦᠷᠭᠡᠨ ᠢᠶᠠᠷ | ᠭᠡᠷᠡᠭᠯᠡᠵᠦ ᠪᠠᠶᠢᠨ᠎ᠠ᠂ ᠪᠤᠳᠠᠳᠠᠢ ᠪᠠᠶᠢᠳᠠᠯ ᠳᠤᠨᠢ ᠳᠤᠬᠢᠷᠠᠭᠤᠯᠤᠨ ᠠᠰᠢᠬᠯᠠᠵᠤ ᠪᠤᠯᠤᠨ᠎ᠠ᠄ ᠦᠷᠭᠦᠯᠵᠢ ᠰᠢᠷᠦᠭᠦᠨ | ᠬᠦᠳᠡᠯᠭᠡᠭᠡᠨ ᠬᠢᠳᠡᠭ ᠡᠷᠡᠭᠳᠡᠢ ᠵᠠᠯᠠᠭᠤ ᠪᠤᠯ ᠯᠠᠶᠢᠰᠧᠷ ᠭᠡᠷᠡᠯ ᠤᠨ ᠦᠩᠭᠡᠨ ᠳᠠᠪᠬᠤᠷᠭ᠎ᠠ ᠶᠢᠨ ᠮᠡᠰᠡ ᠵᠠᠰᠠᠯ ᠬᠢᠵᠦ | ᠪᠤᠯᠤᠨ᠎ᠠ︔ ᠪᠢᠴᠢᠭ ᠳᠠᠮᠠᠭ᠎ᠠ ᠶᠢᠨ ᠠᠵᠢᠯ ᠬᠢᠳᠡᠭ ᠳᠤᠭᠳᠠᠭᠤᠨ ᠳᠠᠶᠢᠪᠤᠩ ᠪᠦᠰᠡᠭᠦᠢ ᠹᠧᠢᠢᠮᠢᠶᠤᠤ ᠶᠢᠨ ᠮᠡᠷᠭᠡᠵᠢᠯ ᠢ | ᠰᠤᠩᠭᠤᠵᠤ ᠪᠤᠯᠤᠨ᠎ᠠ︔ ᠳᠤᠤᠷ᠎ᠠ ᠭᠷᠡᠳᠦ᠋ᠰ ᠤᠨ ᠤᠢᠢᠷ᠎ᠠ ᠬᠠᠷᠠᠭ᠎ᠠ ︵300 ᠭᠷᠡᠳᠦ᠋ᠰ ᠠᠴᠠ ᠳᠤᠤᠷ᠎ᠠ︶ ᠳᠤ | ᠦᠩᠭᠡᠨ ᠳᠠᠪᠬᠤᠷᠭ᠎ᠠ ᠶᠢᠨ ᠯᠠᠶᠢᠰᠧᠷ ᠭᠡᠷᠡᠯ ᠤᠨ ᠮᠡᠰᠡ ᠵᠠᠰᠠᠯ ᠬᠢᠨ᠎ᠠ︔ ᠳᠤᠮᠳᠠ ᠦᠨᠳᠦᠷ ᠭᠷᠡᠳᠦ᠋ᠰ ᠤᠨ ᠤᠢᠢᠷ᠎ᠠ | ᠬᠠᠷᠠᠭ᠎ᠠ ︵300— 1000 ᠭᠷᠡᠳᠦ᠋ᠰ︶ ᠪᠤᠯ ᠦᠨᠳᠦᠰᠦᠨ ᠪᠤᠳᠠᠰ ᠤᠨ ᠳᠠᠪᠬᠤᠷᠭ᠎ᠠ ᠶᠢᠨ ᠯᠠᠶᠢᠰᠧᠷ ᠭᠡᠷᠡᠯ ᠤᠨ | ᠮᠡᠰᠡ ᠵᠠᠰᠠᠯ᠂ ᠵᠢᠱᠢᠶᠡᠯᠡᠪᠡᠯ ᠪᠦᠷᠢᠨ ᠹᠧᠢᠢᠮᠢᠶᠤᠤ ᠪᠤᠶᠤ ᠬᠠᠭᠠᠰ ᠹᠧᠢᠢᠮᠢᠶᠤᠤ ᠶᠢᠨ ᠮᠡᠰᠡ ᠵᠠᠰᠠᠯ ᠬᠢᠨ᠎ᠠ᠃ | | ᠨᠢᠳᠤᠨ ᠤ ᠨᠦᠬᠦᠴᠡᠯ ᠨᠢ ᠰᠠᠶᠢᠨ ᠪᠠᠶᠢᠪᠠᠯ᠂ 18 — 55 ᠨᠠᠰᠤᠨ ᠳᠤ ᠪᠦᠷ ᠯᠠᠶᠢᠰᠧᠷ ᠭᠡᠷᠡᠯ ᠤᠨ | ᠭᠡᠷᠡᠯ ᠨᠤᠭᠤᠷᠠᠯᠳᠠ ᠶᠢᠨ ᠮᠡᠰᠡ ᠵᠠᠰᠠᠯ ᠬᠢᠵᠦ ᠪᠤᠯᠤᠨ᠎ᠠ᠃ ᠭᠡᠪᠡᠴᠦ ᠵᠢᠷᠮᠤᠰᠤᠨ ᠡᠮᠡᠭᠳᠡᠢ ᠬᠢᠵᠦ ᠪᠤᠯᠬᠤ ᠦᠭᠡᠢ ᠭᠡᠵᠦ | ᠯᠢ ᠶᠢᠩ ᠫᠷᠦᠹᠧᠰᠰᠤᠷ ᠰᠠᠨᠠᠭᠤᠯᠵᠤ ᠪᠠᠶᠢᠨ᠎ᠠ᠃ ᠭᠡᠳᠦ ᠦᠨᠳᠦᠷ ᠭᠷᠡᠳᠦ᠋ᠰ ᠤᠨ ᠤᠢᠢᠷ᠎ᠡ ᠬᠠᠷᠠᠭ᠎ᠠ ︵1000 | ᠭᠷᠡᠳᠦ᠋ᠰ ᠠᠴᠠ ᠳᠡᠭᠡᠭᠰᠢ︶ ᠪᠤᠶᠤ ᠡᠪᠡᠷᠯᠢᠭ ᠪᠦᠷᠬᠦᠪᠴᠢ ᠶᠢᠨ ᠨᠦᠬᠦᠴᠡᠯ ᠨᠢ ᠮᠠᠭᠤ᠂ ᠤᠭᠳᠤᠯᠵᠤ ᠵᠤᠷᠭᠤᠬᠤ ᠳᠤ | ᠳᠤᠬᠢᠷᠠᠬᠤ ᠦᠭᠡᠢ ᠡᠪᠡᠳᠴᠢᠨ ᠪᠤᠯ ᠨᠢᠳᠤᠨ ᠳᠤᠳᠤᠷᠠᠬᠢ ᠳᠠᠯᠠᠰᠳᠤ ᠪᠡᠶ᠎ᠡ ᠶᠢᠨ ᠠᠷᠭ᠎ᠠ ᠶᠢ ᠰᠤᠩᠭᠤᠨ᠎ᠠ᠃ ᠡᠨᠡ ᠨᠢ | ᠪᠤᠯ ᠡᠪᠡᠳᠴᠢᠳᠠᠨ ᠤ ᠨᠢᠳᠤᠨ ᠤ ᠪᠤᠯᠤᠷᠯᠢᠬ ᠴᠤᠭᠴᠠ ᠶᠢᠨ ᠡᠮᠦᠨ᠎ᠡ ᠨᠢ ᠨᠢᠭᠡ ᠵᠦᠭᠡᠯᠡᠨ ᠮᠡᠰᠢᠯ ᠳᠠᠭᠠᠷᠠᠭᠤᠯᠤᠨ᠎ᠠ᠂ | ᠳᠠᠷᠤᠢ ᠨᠢᠳᠦᠨ ᠰᠢᠯ ᠢ ᠨᠢᠳᠤᠨ ᠳᠤᠳᠤᠷ᠎ᠠ ᠨᠢ ᠳᠠᠭᠠᠷᠠᠭᠤᠯᠤᠬᠰᠠᠨ ᠲᠠᠢ ᠠᠳᠠᠯᠢ ᠶᠠᠪᠤᠳᠠᠯ ᠪᠤᠯᠤᠨ᠎ᠠ᠃ ᠳᠤᠰ | ᠮᠡᠷᠭᠡᠵᠢᠯ ᠤᠨ ᠳᠠᠪᠠᠭᠤᠯᠢᠬ ᠨᠢ᠂ ᠬᠠᠷᠠᠭ᠎ᠠ ᠶᠢ ᠰᠠᠶᠢᠵᠢᠷᠠᠭᠤᠯᠬᠤ ᠦᠷ᠎ᠡ ᠳ᠋ᠦᠩ ᠨᠢ ᠰᠠᠶᠢᠨ᠂ ᠳᠠᠬᠢᠪᠠᠯ ᠨᠦᠬᠦᠬᠦ ᠠᠷᠭ᠎ᠠ | ᠬᠡᠮᠵᠢᠶ᠎ᠠ ᠠᠪᠴᠤ ᠪᠤᠯᠤᠨ᠎ᠠ᠂ ᠳᠠᠷᠤᠢ ᠭᠷᠡᠳᠦ᠋ᠰ ᠨᠢ ᠳᠤᠬᠢᠷᠠᠬᠤ ᠪᠠᠨ ᠪᠤᠯᠢᠬᠰᠠᠨ ᠪᠤᠶᠤ ᠦᠭᠡᠷ᠎ᠡ ᠶᠠᠮᠠᠷ ᠠᠰᠠᠭᠤᠳᠠᠯ | ᠭᠠᠷᠤᠭᠰᠠᠨ ᠪᠠᠶᠢᠳᠠᠯ ᠳᠤ ᠭᠠᠷᠭᠠᠵᠤ ᠠᠪᠴᠤ ᠪᠤᠯᠤᠨ᠎ᠠ᠃ | ︽ᠡᠳᠡᠭᠡᠷ ᠠᠯᠢ ᠤᠯᠠᠨ ᠠᠷᠭ᠎ᠠ ᠶᠢᠨ ᠳᠤᠳᠤᠷ᠎ᠠ ᠠᠴᠠ᠂ ᠨᠢᠳᠤᠨ ᠤ ᠡᠮᠴᠢ ᠨᠠᠷ ᠤᠨ ᠬᠠᠮᠤᠭ ᠤᠨ ᠳᠤᠷ᠎ᠠ ᠦᠭᠡᠢ | ᠪᠠᠶᠢᠳᠠᠭ ᠨᠢ ᠳᠠᠯᠳᠠ ᠰᠢᠯ ᠪᠤᠯᠤᠨ᠎ᠠ︾ ᠭᠡᠵᠦ ᠯᠢ ᠶᠢᠩ ᠫᠷᠦᠹᠧᠰᠰᠤᠷ ᠶᠠᠷᠢᠬᠰᠠᠨ ᠪᠠᠶᠢᠨ᠎ᠠ᠃ ᠳᠠᠯᠳᠠ ᠰᠢᠯ ᠤᠨ | ᠮᠡᠷᠭᠡᠵᠢᠯ ᠤᠨᠨᠡᠷᠡ ᠨᠢ ︽ᠡᠪᠡᠷᠯᠢᠭ ᠪᠦᠷᠬᠦᠪᠴᠢ ᠳᠤ ᠬᠦᠷᠦᠯᠴᠡᠬᠦ ᠰᠢᠯ︾ ᠭᠡᠳᠡᠭ᠃ ᠡᠳᠦᠷᠵᠢᠨ ᠵᠡᠭᠦᠵᠦ ᠤᠷᠳᠤ | ᠬᠤᠭᠤᠴᠠᠭ᠎ᠠ ᠲᠠᠢ ᠡᠪᠡᠷᠯᠢᠭ ᠪᠦᠷᠬᠦᠪᠴᠢ ᠳᠡᠭᠡᠷ᠎ᠡ ᠨᠠᠭᠠᠵᠤ ᠡᠪᠡᠷᠯᠢᠭ ᠪᠦᠷᠬᠦᠪᠴᠢ ᠶᠢᠨ ᠠᠮᠢᠰᠬᠤᠬᠤ ᠶᠢ | ᠨᠦᠯᠦᠭᠡᠯᠡᠳᠡᠭ᠂ ᠳᠡᠭᠡᠭᠡᠳ ᠰᠠᠶᠢᠳᠤᠷ ᠤᠬᠢᠶᠠᠵᠤ ᠴᠡᠪᠡᠷᠯᠡᠭᠰᠡᠨ ᠦᠭᠡᠢ ᠪᠤᠶᠤ ᠰᠢᠯ ᠵᠡᠭᠦᠳᠡᠭ ᠬᠦᠮᠦᠨ ᠨᠢ ᠠᠷᠢᠭᠤᠨ | ᠴᠡᠪᠡᠷ ᠢ ᠡᠷᠭᠢᠮᠯᠡᠳᠡᠭ ᠦᠭᠡᠢ ᠪᠤᠯ ᠡᠪᠡᠷᠯᠢᠭ ᠪᠦᠷᠬᠦᠪᠴᠢ ᠶᠢ ᠭᠡᠮᠳᠦᠭᠡᠳᠡᠭ᠃ ᠳᠠᠯᠳᠠ ᠰᠢᠯ ᠵᠡᠭᠦᠭᠦ ᠴᠢᠬᠤᠯᠠ ᠲᠠᠢ | ᠪᠤᠯ ᠭᠡᠳᠦ ᠤᠷᠳᠤ ᠬᠤᠭᠤᠴᠠᠭ᠎ᠠ ᠪᠠᠷ ᠵᠡᠭᠦᠭᠦ ᠦᠭᠡᠢ᠂ ᠰᠠᠶᠢᠳᠤᠷ ᠴᠡᠪᠡᠷᠯᠡᠵᠦ᠂ ᠶᠠᠭᠠᠬᠢᠬᠰᠠᠨ ᠴᠤ ᠵᠠᠯᠬᠠᠭᠤᠷᠠᠵᠤ | ᠪᠤᠯᠬᠤ ᠦᠭᠡᠢ ᠭᠡᠵᠦ ᠳᠤᠰᠬᠠᠢ ᠮᠡᠷᠭᠡᠵᠢᠯᠳᠡᠳ ᠰᠠᠨᠠᠭᠤᠯᠵᠤ ᠪᠠᠶᠢᠨ᠎ᠠ᠃ |