ᠡᠳᠤᠷ ᠪᠦᠷᠢ ᠨᠢᠭᠡ ᠴᠠᠭ ᠬᠦᠨ ᠪᠤᠲᠤᠯᠭᠠᠰᠢᠷᠠᠪᠠᠯ ᠲᠠᠷᠢᠬᠢ ᠮᠤᠨᠤᠬᠤ ᠶᠢ ᠪᠦᠲᠦᠮᠵᠢᠲᠠᠢ ᠨᠠᠮᠳᠠᠭᠠᠵᠤ ᠲᠡᠶᠢᠯᠦᠨ᠎ᠡ
ᠨᠡᠶᠢᠲᠡᠯᠡᠭᠰᠡᠨ ᠴᠠᠭ᠄
2018/6/14
     ᠠᠮᠧᠷᠢᠺᠠ ᠶᠢᠨ ᠤᠶᠢᠷ᠎ᠠ ᠳᠤ ᠬᠢᠭᠰᠡᠨ ᠨᠢᠭᠡᠨ ᠰᠢᠨ᠎ᠡ ᠰᠤᠳᠤᠯᠭᠠᠨ ᠠᠴᠠ ᠦᠵᠡᠪᠡᠯ᠂ ᠡᠳᠤᠷ ᠪᠦᠷᠢ ᠨᠢᠭᠡ ᠴᠠᠭ ᠬᠦᠨ ᠪᠤᠲᠤᠯᠭᠠᠰᠢᠷᠠᠪᠠᠯ ᠲᠠᠷᠢᠬᠢ ᠮᠤᠨᠤᠬᠤ ᠶᠢ ᠪᠦᠲᠦᠮᠵᠢᠲᠠᠢ ᠨᠠᠮᠳᠠᠭᠠᠵᠤ᠂ ᠨᠠᠰᠤ ᠠᠬᠢᠬᠤ ᠲᠤᠳᠤᠮ ᠰᠡᠳᠬᠢᠬᠦᠢ ᠤᠯᠠᠮ ᠬᠤᠷᠴᠠ ᠰᠡᠷᠭᠡᠭ ᠪᠤᠯᠤᠨ᠎ᠠ᠃ ᠠᠮᠧᠷᠢᠺᠠ ᠶᠢᠨ ᠺᠠᠯᠢᠹᠤᠷᠨᠢᠶ᠎ᠠ ᠵᠸᠤ ᠶᠢᠨ ᠶᠡᠭᠡ ᠰᠤᠷᠭᠠᠭᠤᠯᠢ ᠶᠢᠨ ᠳ᠋ᠠᠸᠢᠰ ᠬᠤᠪᠢᠶᠠᠷᠢ ᠰᠤᠷᠭᠠᠭᠤᠯᠢ ᠶᠢᠨ ᠰᠢᠨᠵᠢᠯᠡᠬᠦ ᠤᠬᠠᠭᠠᠨ ᠤ ᠰᠤᠳᠤᠯᠭᠠᠨ ᠤ ᠲᠤᠭᠤᠶᠢᠯᠠᠩ 2011 ᠤᠨ ᠳᠤ ᠬᠦᠨ ᠪᠤᠲᠤᠯᠭᠠᠰᠢᠷᠠᠬᠤ ᠲᠤᠬᠠᠢ ᠨᠢᠭᠡᠨ ᠰᠤᠳᠤᠯᠭᠠᠨ ᠬᠢᠵᠠᠢ᠃ ᠠᠮᠧᠷᠢᠺᠠ ᠶᠢᠨ ᠬᠦᠨ ᠪᠤᠲᠤᠯᠭᠠᠰᠢᠷᠠᠬᠤ ᠲᠦᠪ ᠲᠤ᠂ ᠰᠤᠳᠤᠯᠭᠠᠳᠠᠳ ᠢᠳᠡᠷ ᠦᠳᠡᠯᠦᠭᠡ ᠨᠠᠰᠤᠨ ᠤ 60 ᠰᠠᠶᠢᠨ ᠲᠤᠷᠠᠴᠢᠨ ᠢ 3 ᠰᠠᠷ᠎ᠠ ᠶᠢᠨ ᠬᠤᠭᠤᠴᠠᠭ᠎ᠠ ᠲᠠᠢ ᠬᠦᠨ ᠪᠤᠲᠤᠯᠭᠠᠰᠢᠷᠠᠬᠤ ᠪᠤᠯᠪᠠᠰᠤᠷᠠᠯ ᠳᠤ ᠤᠷᠤᠯᠴᠠᠭᠤᠯᠵᠤ᠂ ᠲᠡᠳᠡᠨ ᠤ ᠲᠠᠨᠢᠨ ᠮᠡᠳᠡᠬᠦᠢ ᠶᠢᠨ ᠴᠢᠳᠠᠪᠤᠷᠢ ᠶᠢᠨ ᠲᠡᠭᠡᠭᠰᠢᠯᠡᠯᠲᠡ ᠳᠤ ᠦᠨᠡᠯᠡᠯᠲᠡ ᠬᠢᠭᠰᠡᠨ ᠪᠠᠶᠢᠨ᠎ᠠ᠃ ᠲᠤᠰ ᠪᠤᠯᠪᠠᠰᠤᠷᠠᠯ ᠳᠤ ᠤᠷᠤᠯᠴᠠᠭᠰᠠᠳ ᠬᠡᠯᠡᠬᠦ ᠳᠡᠭᠡᠨ᠂ ᠬᠦᠨ ᠪᠤᠲᠤᠯᠭᠠᠰᠢᠷᠠᠬᠤ ᠪᠤᠯᠪᠠᠰᠤᠷᠠᠯ ᠳᠤ ᠤᠷᠤᠬᠤ ᠪᠠᠷ ᠲᠠᠮᠵᠢᠨ ᠲᠡᠳᠡ ᠠᠰᠠᠭᠤᠳᠠᠯ ᠳᠤ ᠲᠠᠶᠢᠪᠤᠭᠤ ᠬᠠᠨᠳᠤᠵᠤ ᠰᠤᠷᠤᠭᠰᠠᠨ ᠪᠦᠭᠡᠳ ᠦᠷᠦᠪᠴᠢ ᠰᠡᠳᠬᠢᠯ᠂ ᠪᠤᠰᠤᠳ ᠢ ᠬᠠᠶᠢᠷᠠᠯᠠᠬᠤ ᠰᠡᠳᠬᠢᠯ ᠪᠠ ᠠᠰᠪᠤᠷᠢ ᠴᠠᠭᠠᠪᠤᠷ ᠵᠠᠩ ᠲᠠᠢ ᠪᠤᠯᠵᠤ᠂ ᠪᠤᠯᠪᠠᠰᠤᠷᠠᠯ ᠲᠠᠭᠤᠰᠤᠭᠰᠠᠨ ᠴᠦ ᠬᠦᠨ ᠪᠤᠲᠤᠯᠭᠠᠰᠢᠷᠠᠬᠤ ᠲᠠᠳᠬᠠᠯ ᠢᠶᠠᠨ ᠪᠠᠷᠢᠮᠲᠠᠯᠠᠨ᠎ᠠ ᠭᠡᠵᠠᠢ᠃      7 ᠵᠢᠯ ᠤᠨ ᠲᠠᠷᠠᠭ᠎ᠠ᠂ ᠰᠤᠳᠤᠯᠭᠠᠲᠠᠳ ᠲᠡᠳᠡᠨ ᠤ ᠲᠤᠳᠤᠷᠠᠬᠢ 40 ᠰᠠᠶᠢᠨ ᠲᠤᠷᠠᠴᠢᠨ ᠢ ᠲᠠᠬᠢᠨᠲᠠ ᠰᠤᠷᠪᠤᠯᠵᠢᠯᠠᠭᠰᠠᠨ ᠪᠠᠶᠢᠨ᠎ᠠ᠃ ᠰᠤᠷᠪᠤᠯᠵᠢᠯᠠᠭ᠎ᠠ ᠶᠢᠨ ᠳ᠋ᠦᠩ ᠳᠤ᠂ 85% ᠶᠢᠨ ᠤᠷᠤᠯᠴᠠᠭᠴᠢ ᠡᠨᠡ ᠬᠦ ᠰᠠᠶᠢᠨ ᠲᠠᠳᠬᠠᠯ ᠢᠶᠠᠨ ᠪᠠᠷᠢᠮᠲᠠᠯᠠᠵᠤ᠂ ᠡᠳᠤᠷ ᠪᠦᠷᠢ 1 ᠴᠠᠭ ᠠᠴᠠ ᠢᠯᠡᠬᠦᠦ ᠬᠦᠨ ᠪᠤᠲᠤᠯᠭᠠᠰᠢᠷᠠᠲᠠᠭ ᠪᠦᠭᠡᠳ ᠠᠳᠠᠭ ᠲᠠᠭᠠᠨ ᠨᠢᠭᠡ ᠤᠳᠠᠭ᠎ᠠ ᠬᠦᠨ ᠪᠤᠲᠤᠯᠭᠠᠰᠢᠷᠠᠵᠤ ᠪᠢᠰᠢᠯᠭᠠᠯ ᠬᠢᠬᠦ ᠠᠵᠢᠯᠯᠠᠭ᠎ᠠ ᠳᠤ ᠤᠷᠤᠯᠴᠠᠵᠤ ᠦᠩᠭᠡᠷᠡᠵᠠᠢ᠃ ᠰᠤᠳᠤᠯᠭᠠᠲᠠᠳ ᠲᠡᠳᠡᠨ ᠤ ᠲᠤᠰᠬᠠᠯ ᠤᠨ ᠬᠤᠷᠳᠤᠴᠠ ᠪᠠ ᠠᠩᠬᠠᠷᠤᠯ ᠤᠨ ᠴᠢᠳᠠᠪᠤᠷᠢ ᠶᠢ ᠲᠠᠬᠢᠨᠲᠠ ᠦᠨᠡᠯᠡᠬᠦ ᠪᠠᠷ ᠲᠠᠮᠵᠢᠨ᠂ ᠬᠦᠨ ᠪᠤᠲᠤᠯᠭᠠᠰᠢᠷᠠᠬᠤ ᠶᠢ ᠪᠠᠷᠢᠮᠲᠠᠯᠠᠭᠰᠠᠳ ᠤᠨ ᠠᠩᠬᠠᠷᠤᠯ ᠲᠦᠪᠯᠡᠷᠡᠬᠦᠯᠬᠦ ᠲᠠᠭᠠᠭᠠᠮᠠᠭᠠᠢ ᠴᠢᠳᠠᠪᠤᠷᠢ ᠨᠢ ᠨᠠᠰᠤ ᠠᠬᠢᠬᠤ ᠶᠢ ᠲᠠᠭᠠᠨ ᠪᠠᠭᠤᠷᠠᠭᠰᠠᠨ ᠦᠭᠡᠢ ᠭᠡᠳᠡᠭ ᠢ ᠤᠯᠵᠤ ᠮᠡᠳᠡᠭᠰᠡᠨ ᠪᠠᠶᠢᠨ᠎ᠠ᠃ ᠰᠤᠳᠤᠯᠭᠠᠲᠠᠳ ᠤᠨ ᠬᠡᠯᠡᠬᠦ ᠪᠠᠷ᠂ ᠬᠦᠨ ᠪᠤᠲᠤᠯᠭᠠᠰᠢᠷᠠᠬᠤ ᠨᠢ ᠲᠠᠷᠢᠬᠢᠨ ᠤ ᠴᠠᠬᠢᠯᠭᠠᠨ ᠲᠤᠯᠬᠢᠶᠠᠨ ᠢ  ᠲᠦᠷᠭᠡᠨ ᠵᠤᠬᠢᠴᠠᠭᠤᠯᠵᠤ᠂ ᠰᠡᠳᠬᠢᠬᠦᠢ ᠶᠢ ᠨᠦᠯᠦᠭᠡᠯᠡᠳᠡᠭ ᠬᠦᠴᠦᠨ ᠵᠦᠢᠯ ᠢ ᠠᠷᠢᠯᠭᠠᠨ᠂ ᠠᠩᠬᠠᠷᠤᠯ ᠲᠦᠪᠯᠡᠷᠡᠬᠦᠯᠬᠦ ᠦᠷᠭᠡᠴᠡ ᠶᠢ ᠲᠡᠭᠡᠭᠰᠢᠯᠡᠬᠦᠯᠳᠡᠭ ᠮᠦᠷᠲᠡᠭᠡᠨ ᠦᠷᠬᠦᠯᠵᠢ ᠬᠦᠨ ᠪᠤᠲᠤᠯᠭᠠᠰᠢᠷᠠᠲᠠᠭ ᠬᠦᠮᠦᠨ ᠤ ᠲᠠᠷᠢᠬᠢᠨ ᠤ ᠪᠦᠷᠬᠦᠪᠴᠢ ᠶᠢᠨ ᠠᠳᠤᠷᠢᠶ᠎ᠠ ᠨᠢ ᠨᠡᠩ ᠪᠤᠳᠤᠯᠢᠶᠠᠨᠲᠠᠢ᠂ ᠮᠡᠳᠡᠭᠡ ᠵᠠᠩᠬᠢ ᠰᠢᠢᠳᠪᠤᠷᠢᠯᠡᠬᠦ ᠬᠤᠷᠳᠤᠴᠠ ᠨᠢ ᠨᠡᠩ ᠲᠦᠷᠭᠡᠨ ᠪᠤᠯᠵᠤ᠂ ᠴᠡᠭᠡᠵᠢᠯᠡᠬᠦ ᠴᠢᠳᠠᠪᠤᠷᠢ᠂ ᠠᠩᠬᠠᠷᠤᠯ ᠲᠦᠪᠯᠡᠷᠡᠬᠦᠯᠬᠦ ᠴᠢᠳᠠᠪᠤᠷᠢ ᠪᠠ ᠰᠡᠳᠬᠢᠬᠦᠢ ᠶᠢᠨ ᠴᠢᠳᠠᠪᠤᠷᠢ ᠨᠢ ᠰᠠᠶᠢᠵᠢᠷᠠᠳᠠᠭ ᠭᠡᠰᠡᠨ ᠢ ᠢ ᠤᠷᠢᠳᠤᠬᠢ ᠰᠤᠳᠤᠯᠭᠠᠨ ᠨᠢᠭᠡᠨᠲᠡ ᠲᠤᠳᠤᠷᠬᠠᠶᠢᠯᠠᠪᠠ᠃ ᠲᠤᠰ ᠤᠳᠠᠭᠠᠨ ᠤ ᠰᠢᠨ᠎ᠡ ᠢᠯᠡᠷᠡᠬᠦᠯᠦᠯᠲᠡ ᠨᠢ ᠲᠡᠭᠡᠷᠡᠬᠢ ᠰᠤᠳᠤᠯᠭᠠᠨ ᠤ ᠰᠠᠭᠤᠷᠢᠨ ᠲᠡᠭᠡᠷ᠎ᠡ᠂ ᠬᠦᠨ ᠪᠤᠲᠤᠯᠭᠠᠰᠢᠷᠠᠬᠤ ᠶᠢ ᠪᠠᠷᠢᠮᠲᠠᠯᠠᠬᠤ ᠨᠢ ᠢᠳᠡᠷ ᠦᠳᠡᠯᠦᠭᠡ ᠨᠠᠰᠤᠨ ᠤ ᠬᠦᠮᠦᠰ ᠤᠨ ᠰᠡᠳᠬᠢᠬᠦᠢ ᠶᠢᠨ ᠴᠢᠳᠠᠪᠤᠷᠢ ᠶᠢ ᠲᠠᠰᠤᠷᠠᠯᠲᠠ ᠦᠭᠡᠢ ᠰᠠᠶᠢᠵᠢᠷᠠᠭᠤᠯᠵᠤ᠂ ᠦᠳᠡᠯᠬᠦ ᠶᠢ ᠪᠦᠲᠦᠮᠵᠢᠲᠠᠢ ᠦᠳᠡᠯᠬᠦ ᠶᠢ ᠪᠦᠲᠦᠮᠵᠢᠲᠠᠢ ᠬᠤᠷᠢᠭᠯᠠᠵᠤ ᠲᠡᠶᠢᠯᠦᠨ᠎ᠡ ᠭᠡᠳᠡᠭ ᠢ ᠭᠡᠷᠡᠴᠢᠯᠡᠵᠠᠢ᠃ ᠰᠤᠳᠤᠯᠭᠠᠲᠠᠳ ᠬᠠᠮᠢᠶ᠎ᠠ ᠪᠦᠬᠦᠢ ᠰᠤᠳᠤᠯᠭᠠᠨ ᠢᠶᠠᠨ ᠦᠷᠬᠦᠯᠵᠢᠯᠡᠨ ᠬᠢᠨ᠎ᠡ ᠭᠡᠵᠠᠢ᠃                         ᠪᠡᠯᠡᠳᠭᠡᠭᠰᠡᠨ ᠨᠢ᠄ ᠢᠷᠭᠤᠢ
 
ᠢᠷᠡᠯᠲᠡ᠄ ᠠᠷᠠᠤᠨ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号