6 ᠰᠠᠷ᠎ᠠ ᠶᠢᠨ 15 ᠤ ᠡᠳᠣᠷ᠂ ᠮᠠᠨ ᠤ ᠬᠤᠰᠢᠭᠤᠨ ᠤ 2017 — 2018 ᠣᠨ ᠤ ᠬᠡᠷᠦᠯᠦᠨ ᠭᠤᠣᠯ | ᠤᠨ ᠣᠰᠣᠨ ᠤ ᠠᠮᠢᠳᠣ ᠪᠣᠳᠠᠰ ᠤᠨ ᠡᠬᠢ ᠪᠠᠶᠠᠯᠢᠭ ᠢ ᠦᠷᠡᠵᠢᠬᠦᠯᠦᠨ ᠣᠰᠣᠨ ᠳᠤ ᠳᠠᠯᠪᠢᠬᠤ ᠠᠵᠢᠯᠯᠠᠭ᠎ᠠ | ᠦᠷᠨᠢᠬᠦᠯᠵᠠᠢ᠂ ᠲᠤᠰ ᠠᠵᠢᠯᠯᠠᠭ᠎ᠠ ᠶᠢ ᠮᠠᠨ ᠤ ᠬᠤᠰᠢᠭᠤ ᠲᠦᠷᠪᠡᠨ ᠵᠢᠯ ᠳᠠᠷᠠᠭᠠᠯᠠᠨ ᠶᠠᠪᠤᠭᠳᠠᠭᠤᠯᠵᠦ ᠪᠠᠶᠢᠭ᠎ᠠ ᠶᠤᠮ | ᠃ ᠬᠤᠰᠢᠭᠤᠨ ᠤ ᠣᠳᠣᠷᠢᠳᠣᠯᠭ᠎ᠠ ᠨᠠᠷᠠᠰᠣ᠂ ᠳ᠋ᠦ᠋ ᠴᠧᠨ ᠬᠤᠸᠠ᠂ ᠶᠢᠨ ᠨᠠᠰᠣᠨ᠂ ᠳᠡᠮᠡᠴᠡᠯ᠂ ᠳ᠋ᠠᠢ ᠶᠢᠨ ᠴᠢᠤᠸᠠᠨ᠂ | ᠳᠠᠯᠠᠶᠢᠪᠠᠳᠣ᠂ ᠪᠣᠣ ᠱᠦᠢ ᠬᠤᠸᠠ᠂ ᠰᠦ᠋ ᠹᠧᠩ ᠨᠢᠩ ᠵᠢᠴᠢ ᠬᠠᠮᠢᠶ᠎ᠠ ᠪᠦᠬᠦᠢ ᠪᠠᠶᠢᠭᠤᠯᠭ᠎ᠠ ᠶᠢᠨ | ᠬᠠᠷᠢᠭᠤᠴᠠᠯᠭᠠᠳᠠᠨ ᠠᠵᠢᠯᠯᠠᠭᠠᠨ ᠳᠤ ᠣᠷᠣᠯᠴᠠᠭᠰᠠᠨ ᠪᠠᠶᠢᠨ᠎ᠠ᠃ | ᠠᠵᠢᠯᠯᠠᠭᠠᠨ ᠨᠢ᠂ ᠬᠡᠷᠦᠯᠦᠨ ᠭᠤᠣᠯ ᠤᠨ ᠨᠣᠮᠢᠨ ᠨᠣᠭᠤᠭᠠᠨ ᠳᠡᠨᠵᠢᠨ ᠳᠡᠭᠡᠷ᠎ᠡ ᠶᠠᠪᠣᠭᠳᠠᠵᠣ᠂ ᠬᠤᠰᠢᠭᠤ ᠨᠠᠮ ᠤᠨ | ᠬᠤᠷᠢᠶᠠᠨ ᠤ ᠱᠦᠵᠢ ᠨᠠᠷᠠᠰᠣ ᠠᠴᠠ ᠬᠡᠷᠦᠯᠦᠨ ᠭᠤᠣᠯ ᠤᠨ ᠣᠰᠣᠨ ᠤ ᠠᠮᠢᠳᠣ ᠪᠣᠳᠠᠰ ᠤᠨ ᠡᠬᠢ ᠪᠠᠶᠠᠯᠢᠭ ᠢ | ᠦᠷᠡᠵᠢᠬᠦᠯᠦᠨ ᠣᠰᠣᠨ ᠳᠤ ᠳᠠᠯᠪᠢᠬᠤ ᠠᠵᠢᠯᠯᠠᠭ᠎ᠠ ᠵᠢᠩᠬᠢᠨᠢ ᠪᠠᠷ ᠡᠬᠢᠯᠡᠭᠰᠡᠨ ᠢ ᠨᠡᠶᠢᠳᠡᠯᠡᠭᠰᠡᠨ ᠪᠠᠶᠢᠨ᠎ᠠ᠃ | ᠶᠢᠨ ᠨᠠᠰᠣᠨ ᠠᠴᠠ᠂ ᠵᠢᠭᠠᠰᠣᠨ ᠤ ᠠᠵᠣ ᠠᠬᠤᠢ ᠶᠢ ᠦᠷᠡᠵᠢᠬᠦᠯᠦᠨ ᠣᠰᠣᠨ ᠳᠤ ᠳᠠᠯᠪᠢᠬᠤ ᠠᠵᠢᠯᠯᠠᠭ᠎ᠠ | ᠶᠢ ᠦᠷᠨᠢᠭᠦᠯᠬᠦ᠂ ᠣᠰᠣᠨ ᠤ ᠠᠮᠢᠳᠣ ᠪᠣᠳᠠᠰ ᠢ ᠠᠷᠠᠴᠢᠯᠠᠨ ᠬᠠᠮᠠᠭᠠᠯᠠᠬᠤ ᠠᠵᠢᠯ ᠢ ᠶᠠᠪᠣᠭᠳᠠᠭᠤᠯᠵᠣ ᠪᠠᠶᠢᠭ᠎ᠠ ᠪᠣᠯ | ᠪᠣᠬᠢᠷᠳᠣᠯ ᠦᠭᠡᠢ ᠬᠦᠭᠵᠢᠯᠳᠡ ᠶᠢᠨ ᠦᠵᠡᠯᠳᠡ ᠶᠢ ᠬᠦᠢᠴᠡᠳᠭᠡᠵᠦ ᠪᠠᠶᠢᠭ᠎ᠠ ᠪᠤᠳᠠᠳᠦ ᠦᠢᠯᠡ ᠠᠵᠢᠯᠯᠠᠭ᠎ᠠ ᠪᠣᠯᠣᠨ᠎ᠠ | ᠂ ᠨᠡᠶᠢᠭᠡᠮ ᠤᠨ ᠡᠯ᠎ᠡ ᠡᠳᠡᠭᠡᠳ ᠠᠴᠠ ᠣᠰᠣᠨ ᠤ ᠠᠮᠢᠳᠣ ᠪᠣᠳᠠᠰ ᠤᠨ ᠡᠬᠢ ᠪᠠᠶᠠᠯᠢᠭ ᠢ ᠬᠠᠮᠠᠭᠠᠯᠠᠬᠤ ᠠᠵᠢᠯ ᠢ | ᠦᠷᠬᠦᠯᠵᠢᠯᠡᠨ ᠬᠠᠯᠠᠮᠵᠢᠯᠠᠨ ᠳᠡᠮᠵᠢᠵᠦ᠂ ᠬᠡᠷᠦᠯᠦᠨ ᠭᠤᠣᠯ ᠤᠨ ᠠᠮᠢᠵᠢᠷᠠᠯ ᠤᠨ ᠬᠦᠴᠦᠨ ᠢ ᠬᠠᠮᠳᠣᠪᠠᠷ ᠬᠠᠶᠢᠷᠠᠯᠠᠨ | ᠬᠠᠮᠠᠭᠠᠯᠠᠬᠤ᠂ ᠪᠦᠬᠦ ᠨᠡᠶᠢᠭᠡᠮ ᠢᠶᠠᠷ ᠢᠶᠠᠨ ᠬᠦᠮᠦᠨ ᠪᠣᠯᠣᠨ ᠪᠠᠶᠢᠭᠠᠯᠢ ᠶᠢᠨ ᠡᠶ᠎ᠡ ᠵᠣᠬᠢᠴᠠᠩᠭᠤᠢ ᠵᠡᠷᠭᠡᠴᠡᠨ | ᠣᠷᠣᠰᠢᠬᠤ ᠰᠠᠶᠢᠨ ᠰᠠᠶᠢᠬᠠᠨ ᠠᠭᠤᠷ ᠠᠮᠢᠰᠬᠤᠯ ᠢ ᠪᠣᠢ ᠪᠣᠯᠭᠠᠵᠣ᠂ ᠦᠵᠡᠰᠬᠦᠯᠡᠩᠳᠦ ᠰᠠᠶᠢᠬᠠᠨ ᠰᠢᠨ᠎ᠡ ᠪᠠᠷᠭᠤ | ᠪᠠᠷᠠᠭᠤᠨ ᠬᠤᠰᠢᠭᠤ ᠪᠠᠨ ᠪᠦᠳᠦᠭᠡᠨ ᠪᠠᠶᠢᠭᠤᠯᠬᠤ ᠳᠤ ᠲᠦᠯᠬᠢᠴᠡ ᠦᠢᠯᠡᠳᠦᠯ ᠦᠵᠡᠬᠦᠯᠦᠶ᠎ᠡ ᠭᠡᠵᠡᠢ᠃ | ᠠᠵᠢᠯᠯᠠᠭᠠᠨ ᠤ ᠳᠣᠮᠳᠠ᠂ 1100 ᠲᠦᠮᠡᠨ ᠵᠢᠷᠠᠭᠠᠬᠠᠢ ᠶᠢ ᠬᠡᠷᠦᠯᠦᠨ ᠭᠤᠣᠯ ᠳᠤ ᠳᠠᠯᠪᠢᠵᠣ᠂ ᠡᠨᠡ ᠨᠢ | ᠵᠢᠭᠠᠰᠣᠨ ᠤ ᠠᠵᠣ ᠠᠬᠤᠢ ᠶᠢᠨ ᠡᠬᠢ ᠪᠠᠶᠠᠯᠢᠭ ᠢ ᠠᠷᠠᠴᠢᠯᠠᠨ ᠬᠠᠮᠠᠭᠠᠯᠠᠬᠤ᠂ ᠣᠰᠣᠨ ᠤ ᠠᠮᠢ ᠠᠬᠤᠢ ᠶᠢᠨ | ᠣᠷᠴᠢᠨ ᠳᠣᠭᠤᠷᠢᠨ ᠢ ᠰᠠᠶᠢᠵᠢᠷᠠᠭᠤᠯᠬᠤ ᠳᠤ ᠢᠳᠡᠪᠬᠢᠳᠠᠢ ᠦᠢᠯᠡᠳᠦᠯ ᠦᠵᠡᠬᠦᠯᠬᠦ ᠪᠣᠯᠣᠨ᠎ᠠ᠂ | ᠠᠵᠢᠯᠯᠠᠭᠠᠨ ᠤ ᠳᠠᠯᠠᠪᠠᠢ ᠳᠤ᠂ ᠬᠤᠰᠢᠭᠤᠨ ᠤ ᠣᠳᠣᠷᠢᠳᠣᠯᠭ᠎ᠠ ᠪᠣᠯᠣᠨ ᠨᠡᠶᠢᠭᠡᠮ ᠤᠨ ᠡᠯ᠎ᠡ ᠡᠳᠡᠭᠡᠳ | ᠬᠠᠮᠳᠣᠪᠠᠷ ᠨᠢᠭᠡ ᠰᠠᠪᠠ ᠰᠠᠪᠠ ᠵᠢᠷᠠᠭᠠᠬᠠᠢ ᠶᠢ ᠠᠯᠭᠤᠷ ᠢᠶᠠᠷ ᠭᠤᠣᠯ ᠳᠤ ᠴᠢᠳᠬᠤᠨ ᠣᠷᠣᠭᠤᠯᠵᠣ᠂ ᠪᠢᠴᠢᠬᠠᠨ | ᠵᠢᠷᠠᠭᠠᠬᠠᠢ ᠨᠢ ᠬᠡᠷᠦᠯᠦᠨ ᠭᠤᠣᠯ ᠳᠡᠰᠢ ᠬᠠᠪᠣᠳᠠᠢ ᠰᠠᠶᠢᠬᠠᠨ ᠣᠮᠪᠠᠨ ᠣᠷᠣᠭᠰᠢᠯᠠᠨ᠎ᠠ᠃ | ᠬᠠᠮᠢᠶ᠎ᠠ ᠪᠦᠬᠦᠢ ᠪᠠᠶᠢᠭᠤᠯᠭ᠎ᠠ ᠶᠢᠨ ᠬᠠᠷᠢᠭᠤᠴᠠᠯᠭᠠᠳᠠᠳ ᠤᠨ ᠳᠠᠨᠢᠯᠴᠠᠭᠤᠯᠭ᠎ᠠ ᠪᠠᠷ᠂ ᠳᠣᠰ ᠣᠳᠠᠭᠠᠨ ᠤ | ᠣᠰᠣᠨ ᠳᠤ ᠳᠠᠯᠪᠢᠭᠰᠠᠨ ᠵᠢᠭᠠᠰᠣᠨ ᠤ ᠲᠦᠷᠦᠯ ᠨᠢ ᠠᠯᠠᠭᠠᠨ᠎ᠠ ᠰᠤᠭᠤᠰᠤ᠂ ᠪᠦᠳᠦᠭᠦᠨ ᠳᠣᠯᠣᠭᠠᠶᠢᠳᠣ ᠵᠢᠭᠠᠰᠣ | ᠵᠡᠷᠭᠡ ᠪᠠᠶᠢᠵᠣ᠂ ᠡᠳᠡᠭᠡᠷ ᠨᠢ ᠬᠡᠷᠦᠯᠦᠨ ᠭᠤᠣᠯ ᠤᠨ ᠣᠰᠣᠨ ᠤ ᠣᠷᠴᠢᠨ ᠳᠣᠭᠤᠷᠢᠨ ᠳᠤ ᠵᠣᠬᠢᠴᠠᠬᠤ ᠵᠢᠭᠠᠰᠣᠨ ᠤ | ᠲᠦᠷᠦᠯ ᠪᠠᠶᠢᠵᠣ᠂ ᠣᠨᠴᠠᠭᠠᠶᠢᠯᠠᠨ ᠠᠯᠠᠭᠠᠨ᠎ᠠ ᠰᠤᠭᠤᠰᠤ ᠨᠢ ᠣᠰᠣᠨ ᠤ ᠬᠦᠪᠪᠦᠮᠡᠯ ᠣᠷᠭᠤᠮᠠᠯ ᠢᠶᠠᠷ ᠢᠳᠡᠰᠢ | ᠪᠣᠯᠭᠠᠵᠣ᠂ ᠣᠰᠣᠨ ᠤ ᠣᠷᠴᠢᠨ ᠳᠣᠭᠤᠷᠢᠨ ᠳᠤ ᠠᠰᠢᠭᠳᠠᠢ ᠵᠢᠭᠠᠰᠣᠨ ᠤ ᠲᠦᠷᠦᠯ ᠤᠨ ᠨᠢᠭᠡ ᠪᠣᠯᠣᠨ᠎ᠠ᠃ | ᠣᠶᠢᠷ᠎ᠠ ᠶᠢᠨ ᠵᠢᠯ ᠳᠤ᠂ ᠮᠠᠨ ᠤ ᠬᠤᠰᠢᠭᠤ ᠵᠢᠭᠠᠰᠣᠨ ᠤ ᠠᠵᠣ ᠠᠬᠤᠢ ᠶᠢᠨ ᠡᠬᠢ ᠪᠠᠶᠠᠯᠢᠭ ᠤᠨ | ᠬᠠᠮᠢᠶᠠᠷᠣᠯᠳᠠ ᠶᠢ ᠴᠢᠩᠭᠠᠳᠬᠠᠬᠤ᠂ ᠣᠰᠣᠨ ᠤ ᠠᠮᠢ ᠠᠬᠤᠢ ᠶᠢᠨ ᠣᠷᠴᠢᠨ ᠳᠣᠭᠤᠷᠢᠨ ᠢ ᠰᠠᠶᠢᠵᠢᠷᠠᠭᠤᠯᠬᠤ᠂ ᠠᠮᠢ | ᠠᠬᠤᠢ ᠶᠢᠨ ᠪᠣᠯᠪᠠᠰᠣᠨ ᠬᠤᠳᠠ ᠪᠠᠯᠭᠠᠰᠣ ᠶᠢ ᠴᠣᠭᠴᠠᠯᠠᠨ ᠪᠠᠶᠢᠭᠤᠯᠬᠤ ᠪᠠᠷ ᠭᠤᠣᠯᠳᠠᠯᠭ᠎ᠠ ᠪᠣᠯᠭᠠᠨ ᠠᠳᠬᠤᠵᠣ᠂ | ᠣᠰᠣᠨ ᠤ ᠠᠮᠢᠳᠣ ᠪᠣᠳᠠᠰ ᠤᠨ ᠡᠬᠢ ᠪᠠᠶᠠᠯᠢᠭ ᠢ ᠦᠷᠡᠵᠢᠬᠦᠯᠦᠨ᠂ ᠣᠰᠣᠨ ᠤ ᠠᠮᠢ ᠠᠬᠤᠢ ᠶᠢᠨ ᠣᠷᠴᠢᠨ | ᠳᠣᠭᠤᠷᠢᠨ ᠢ ᠬᠠᠮᠠᠭᠠᠯᠠᠬᠤ ᠶᠢᠨ ᠳᠣᠰᠠᠳᠠ᠂ ᠵᠢᠭᠠᠰᠣ ᠠᠩᠨᠠᠬᠤ ᠶᠢ ᠴᠠᠭᠠᠵᠠᠯᠠᠬᠤ᠂ ᠣᠰᠣᠨ ᠳᠤ ᠳᠠᠯᠪᠢᠨ | ᠦᠷᠡᠵᠢᠬᠦᠯᠬᠦ ᠵᠡᠷᠭᠡ ᠠᠵᠢᠯ ᠢ ᠦᠷᠨᠢᠭᠦᠯᠵᠦ᠂ ᠡᠳᠡᠭᠡᠷ ᠣᠯᠠᠨ ᠵᠢᠭᠠᠰᠣᠨ ᠤ ᠠᠵᠣ ᠠᠬᠤᠢ ᠶᠢᠨ ᠡᠬᠢ ᠪᠠᠶᠠᠯᠢᠭ ᠢ | ᠰᠡᠷᠬᠦᠭᠡᠬᠦ ᠪᠣᠯᠣᠨ ᠠᠮᠢ ᠠᠬᠤᠢ ᠶᠢᠨ ᠣᠷᠴᠢᠨ ᠳᠣᠭᠤᠷᠢᠨ ᠢ ᠬᠠᠮᠠᠭᠠᠯᠠᠬᠤ ᠠᠷᠭ᠎ᠠ ᠬᠡᠮᠵᠢᠶ᠎ᠡ ᠪᠠᠷ ᠳᠠᠮᠵᠢᠨ᠂ ᠪᠦᠬᠦ | ᠬᠤᠰᠢᠭᠤᠨ ᠤ ᠣᠰᠣᠨ ᠤ ᠠᠮᠢ ᠠᠬᠤᠢ ᠶᠢᠨ ᠣᠷᠴᠢᠨ ᠳᠣᠭᠤᠷᠢᠨ ᠵᠢᠴᠢ ᠵᠢᠭᠠᠰᠣᠨ ᠤ ᠠᠵᠣ ᠠᠬᠤᠢ ᠶᠢᠨ ᠡᠬᠢ | ᠪᠠᠶᠠᠯᠢᠭ ᠢ ᠪᠦᠳᠦᠮᠵᠢᠳᠠᠢ ᠰᠡᠷᠭᠦᠭᠡᠵᠦ᠂ ᠡᠭᠦᠨ ᠠᠴᠠ ᠭᠠᠳᠠᠨ᠎ᠠ᠂ ᠬᠤᠰᠢᠭᠤᠨ ᠤ ᠵᠢᠭᠠᠰᠣᠨ ᠤ ᠶᠠᠪᠣᠳᠠᠯ ᠤᠨ | ᠰᠠᠯᠠᠭ᠎ᠠ ᠮᠦᠴᠢᠷ ᠠᠴᠠ ᠣᠰᠣᠨ ᠤ ᠠᠮᠢ ᠠᠬᠤᠢ ᠶᠢᠨ ᠡᠬᠢ ᠪᠠᠶᠠᠯᠢᠭ ᠢ ᠠᠷᠠᠴᠢᠯᠠᠨ ᠬᠠᠮᠠᠭᠠᠯᠠᠬᠤ ᠠᠵᠢᠯᠯᠠᠭ᠎ᠠ ᠶᠢ | ᠢᠳᠡᠪᠬᠢᠳᠠᠢ ᠦᠷᠨᠢᠭᠦᠯᠵᠦ᠂ ᠬᠠᠣᠯᠢ ᠪᠣᠰᠣ ᠪᠠᠷ ᠵᠢᠭᠠᠰᠣ ᠠᠩᠨᠠᠬᠤ ᠡᠯ᠎ᠡ ᠲᠦᠷᠦᠯ ᠤᠨ ᠦᠢᠯᠡ ᠠᠵᠢᠯᠯᠠᠭ᠎ᠠ ᠳᠤ | ᠴᠢᠩᠭ᠎ᠠ ᠴᠣᠬᠢᠯᠳᠠ ᠦᠭᠴᠦ᠂ ᠵᠢᠭᠠᠰᠣᠨ ᠤ ᠠᠵᠣ ᠠᠬᠤᠢ ᠶᠢᠨ ᠡᠬᠢ ᠪᠠᠶᠠᠯᠢᠭ ᠢ ᠣᠰᠣᠨ ᠳᠤ ᠳᠠᠯᠪᠢᠨ | ᠦᠷᠡᠵᠢᠬᠦᠯᠬᠦ ᠠᠵᠢᠯᠯᠠᠭᠠᠨ ᠤ ᠪᠤᠳᠠᠳᠦ ᠦᠷ᠎ᠡ ᠪᠦᠳᠦᠮᠵᠢ ᠣᠯᠬᠤ ᠳᠤ ᠪᠠᠳᠣᠯᠠᠭ᠎ᠠ ᠬᠠᠩᠭᠠᠭᠰᠠᠨ ᠪᠠᠶᠢᠨ᠎ᠠ᠃ | ᠠᠵᠢᠯᠯᠠᠭᠠᠨ ᠤ ᠳᠠᠷᠠᠭ᠎ᠠ ᠬᠤᠰᠢᠭᠤᠨ ᠤ ᠳᠠᠷᠢᠶᠠᠯᠠᠩ ᠮᠠᠯ ᠠᠵᠣ ᠠᠬᠤᠢ ᠶᠢᠨ ᠳᠣᠪᠴᠢᠶ᠎ᠠ ᠪᠣᠯᠣᠨ ᠬᠦᠯᠦᠨ | ᠪᠣᠶᠢᠷ ᠬᠤᠳᠠ ᠶᠢᠨ ᠳᠠᠷᠢᠶᠠᠯᠠᠩ ᠮᠠᠯ ᠠᠵᠣ ᠠᠬᠤᠢ ᠶᠢᠨ ᠳᠣᠪᠴᠢᠶ᠎ᠠ ᠲᠠᠢ ᠬᠠᠮᠳᠣᠷᠠᠨ᠂ ᠬᠠᠣᠯᠢ ᠬᠡᠷᠡᠭᠵᠢᠭᠦᠯᠦᠨ | ᠪᠠᠶᠢᠴᠠᠭᠠᠬᠤ ᠳᠣᠮᠳᠠ ᠬᠤᠷᠢᠶᠠᠨ ᠠᠪᠣᠭᠰᠠᠨ ᠳᠣᠣᠷ᠂ ᠵᠢᠭᠠᠰᠣ ᠠᠩᠨᠠᠬᠤ ᠬᠡᠷᠡᠭᠰᠡᠯ ᠢ ᠨᠢᠭᠡᠳᠦᠯᠳᠠᠢ ᠰᠢᠳᠠᠭᠠᠵᠣ᠂ | ᠳᠣᠰ ᠣᠳᠠᠭᠠᠨ ᠤ ᠨᠢᠭᠡᠳᠦᠯᠳᠠᠢ ᠰᠢᠳᠠᠭᠠᠬᠤ ᠠᠵᠢᠯᠯᠠᠭᠠᠨ ᠨᠢ ᠦᠨᠣ ᠵᠢᠯ ᠤᠨ ᠬᠦᠯᠦᠨ ᠨᠠᠭᠤᠷ ᠢ ᠶᠡᠷᠦᠩᠬᠡᠶᠢᠯᠡᠨ | ᠴᠡᠭᠴᠡᠯᠡᠨ ᠵᠠᠰᠠᠬᠤ ᠠᠵᠢᠯᠯᠠᠭ᠎ᠠ ᠡᠬᠢᠯᠡᠭᠰᠡᠨ ᠠᠴᠠ ᠨᠠᠰᠢᠬᠢ ᠬᠤᠶᠠᠳᠡᠬᠢ ᠣᠳᠠᠭ᠎ᠠ ᠨᠢᠭᠡᠳᠦᠯᠳᠠᠢ ᠰᠢᠳᠠᠭᠠᠭᠰᠠᠨ | ᠠᠵᠢᠯᠯᠠᠭ᠎ᠠ ᠪᠤᠯᠤᠨ᠎ᠠ᠂ ᠡᠨᠡ ᠨᠢ ᠪᠦᠬᠦ ᠬᠤᠰᠢᠭᠤᠨ ᠤ ᠬᠡᠪᠴᠢᠶᠠᠨ ᠳᠠᠬᠢ ᠬᠠᠣᠯᠢ ᠪᠣᠰᠣ ᠪᠠᠷ ᠵᠢᠠᠭᠠᠰᠣ ᠠᠩᠨᠠᠬᠤ | ᠡᠳᠡᠭᠡᠳ ᠲᠤ ᠴᠢᠩᠭ᠎ᠠ ᠰᠡᠷᠡᠮᠵᠢᠯᠡᠬᠦᠯᠦᠯ ᠦᠭᠬᠦᠭᠰᠡᠨ ᠪᠠᠶᠢᠨ᠎ᠠ᠃ | ᠬᠠᠮ ᠵᠠᠭᠤᠴᠢᠯᠠᠭᠤᠷ ᠤᠨ ᠰᠣᠷᠪᠣᠯᠵᠢᠯᠠᠭᠴᠢ᠄ ᠢᠦᠢ ᠭᠤᠸᠠᠩ ᠵᠢᠶᠣᠣ ᠵᠢᠶᠣᠣ | ᠬᠠᠨ ᠰᠢᠨ ᠴᠢᠶᠠᠩ ᠠᠴᠠ ᠡᠬᠡ ᠪᠢᠴᠢᠭ ᠬᠠᠩᠭᠠᠪᠠ |