ᠢᠰᠡᠭᠡᠢ ᠭᠤᠳᠣᠯ ᠬᠢᠬᠦ ᠣᠯᠠᠮᠵᠢᠯᠠᠯᠳᠣ ᠭᠠᠷ ᠣᠷᠠᠯᠠᠯ ᠢᠶᠠᠷ ᠢᠶᠠᠨ ᠶᠠᠳᠠᠭᠤ ᠠᠴᠠ ᠠᠩᠬᠢᠵᠢᠷᠠᠨ ᠴᠢᠨᠡᠭᠡᠯᠢᠭᠵᠢᠯ ᠤᠨ ᠵᠠᠮ ᠢᠶᠠᠷ ᠵᠠᠮᠨᠠᠵᠣ ᠶᠠᠪᠤᠭ᠎ᠠ ᠯᠢ ᠶᠢᠩ ᠮᠢᠩ
ᠨᠡᠶᠢᠲᠡᠯᠡᠭᠰᠡᠨ ᠴᠠᠭ᠄
2018/6/21
     ᠢᠰᠡᠭᠡᠢ ᠭᠤᠳᠣᠯ ᠭᠡᠭᠰᠡᠭᠡᠷ ᠣᠮᠠᠷᠠᠳᠣ ᠣᠷᠣᠨ ᠤ ᠬᠦᠮᠦᠨ ᠳᠤ ᠠᠪᠴᠣ ᠭᠡᠯᠡᠪᠡᠯ ᠶᠡᠭᠡ ᠳᠠᠰᠣᠯ ᠰᠤᠨᠤᠰᠳᠠᠭ᠂ ᠬᠠᠬᠢᠷ ᠡᠪᠦᠯ ᠤᠨ ᠬᠦᠢᠳᠡᠨ ᠳᠤ ᠬᠤᠨᠢᠨ ᠤ ᠨᠣᠣᠰᠣ ᠪᠠᠷ ᠬᠢᠭᠰᠡᠨ ᠢᠰᠡᠭᠡᠢ ᠭᠤᠳᠣᠯ ᠡᠮᠦᠰᠴᠢᠭᠡᠪᠡᠯ ᠬᠦᠯ ᠶᠡᠷᠦ ᠳᠠᠭᠠᠷᠠᠬᠤ ᠦᠭᠡᠢ ᠪᠠᠶᠢᠳᠠᠭ᠃ ᠮᠠᠨ ᠤ ᠬᠤᠰᠢᠭᠤᠨ ᠤ ᠠᠯᠳ᠋ᠬᠠᠮᠡᠭᠡᠯ ᠪᠠᠯᠭᠠᠰᠣ ᠶᠢᠨ ᠱᠠᠨᠳᠠ ᠭᠠᠴᠠᠭᠠᠨ ᠤ ᠮᠠᠯᠴᠢᠨ ᠯᠢ ᠶᠢᠩ ᠮᠢᠩ᠂ ᠦᠪᠡᠷ ᠤᠨ ᠢᠰᠡᠭᠡᠢ ᠭᠤᠳᠣᠯ  ᠬᠢᠬᠦ ᠣᠯᠠᠮᠵᠢᠯᠠᠯᠳᠣ ᠭᠠᠷ ᠣᠷᠠᠯᠠᠯ ᠢᠶᠠᠷ ᠢᠶᠠᠨ ᠪᠡᠶ᠎ᠡ ᠪᠠᠨ ᠳᠠᠭᠠᠭᠠᠵᠣ ᠶᠠᠳᠠᠭᠤ ᠠᠴᠠ ᠠᠩᠬᠢᠵᠢᠷᠠᠵᠣ᠂ ᠴᠢᠨᠡᠭᠡᠯᠢᠭᠵᠢᠯ ᠤᠨ ᠵᠠᠮ ᠢᠶᠠᠷ ᠵᠠᠮᠨᠠᠵᠣ ᠪᠠᠶᠢᠨ᠎ᠠ᠃      ᠣᠶᠢᠷ᠎ᠠ ᠶᠢᠨ ᠡᠳᠣᠷ᠂ ᠰᠣᠷᠪᠣᠯᠵᠢᠯᠠᠭᠴᠢ ᠱᠠᠨᠳᠠ ᠭᠠᠴᠠᠭᠠᠨ ᠤ ᠮᠠᠯᠴᠢᠨ ᠯᠢ ᠶᠢᠩ ᠮᠢᠩ ᠤᠨ ᠳᠤ ᠬᠦᠷᠬᠦ  ᠳᠤ ᠳᠡᠷᠡ ᠶᠠᠭ ᠰᠠᠶ᠋ᠢᠬᠠᠨ ᠢᠰᠡᠭᠡᠢ ᠭᠤᠳᠣᠯ ᠬᠢᠬᠦ ᠪᠠᠷ ᠶᠠᠭᠠᠷᠠᠯᠳᠠᠢ ᠠᠵᠢᠯᠯᠠᠵᠤ ᠪᠠᠶᠢᠯ᠎ᠠ᠃ ᠣᠶᠢᠯᠠᠭᠠᠭᠰᠠᠨ ᠢᠶᠠᠷ᠂ ᠯᠢ ᠶᠢᠩ ᠮᠢᠩ ᠤᠨ ᠬᠢ ᠦᠩᠭᠡᠷᠡᠭᠰᠡᠨ ᠳᠤ ᠭᠤᠤᠯᠳᠠᠭᠤ ᠮᠠᠯᠵᠢᠬᠤ ᠦᠢᠯᠡᠳᠪᠦᠷᠢᠯᠡᠯ ᠡᠷᠬᠢᠯᠡᠵᠦ ᠪᠠᠶᠢᠵᠠᠢ᠃ ᠤᠶᠢᠷ᠎ᠠ  ᠶᠢᠨ ᠵᠢᠯ ᠠᠴᠠ ᠨᠠᠰᠢᠬᠢ ᠪᠠᠶᠢᠭᠠᠯᠢ ᠶᠢᠨ ᠭᠠᠮᠰᠢᠭ ᠠᠴᠠ ᠪᠣᠯᠵᠤ ᠮᠠᠯ ᠠᠵᠣ ᠠᠬᠤᠢ ᠶᠢᠨ ᠦᠢᠯᠡᠳᠪᠦᠷᠢᠯᠡᠯ ᠳᠤ ᠣᠯᠠᠨ ᠳᠠᠯ᠎ᠠ ᠶᠢᠨ ᠬᠦᠴᠢᠷᠳᠡᠯ ᠠᠪᠴᠢᠷᠠᠵᠣ ᠦᠭᠬᠦᠭᠰᠡᠨ ᠠᠴᠠ ᠳᠠᠩ ᠭᠠᠭᠴᠠ ᠮᠠᠯᠵᠢᠬᠤ ᠦᠢᠯᠡᠳᠪᠦᠷᠢᠯᠡᠯ ᠤᠨ ᠡᠵᠡᠩᠨᠡᠯᠳᠡ ᠨᠢ ᠳᠡᠮᠡᠢ ᠣᠷᠣᠯᠭ᠎ᠠ ᠣᠯᠵᠣ ᠴᠢᠳᠠᠬᠤ ᠦᠭᠡᠢ ᠪᠣᠯᠵᠣ᠂ ᠠᠮᠢᠳᠣᠷᠠᠯ ᠨᠢ ᠶᠠᠳᠠᠭᠤ ᠬᠦᠴᠢᠷᠳᠡᠯᠳᠠᠢ ᠪᠣᠯᠣᠭᠰᠠᠨ ᠪᠠᠶᠢᠨ᠎ᠠ᠃ ᠡᠶᠢᠨᠬᠦ 2014 ᠣᠨ ᠳᠤ ᠲᠡᠳᠡᠨ ᠤ ᠬᠢ ᠳᠠᠩᠰᠠᠯᠠᠵᠤ ᠺᠠᠷᠲᠯᠠᠭᠰᠠᠨ ᠶᠠᠳᠠᠭᠤ ᠬᠦᠴᠢᠷᠳᠡᠯᠲᠡᠢ ᠡᠷᠦᠬᠡ ᠳᠤ ᠣᠷᠣᠵᠤ᠂ ᠭᠠᠴᠠᠭᠠᠨ ᠠᠴᠠ ᠯᠢ ᠶᠢᠩ ᠮᠢᠩ ᠳᠤ ︽ᠦᠵᠡᠰᠬᠦᠯᠡᠩᠲᠦ ᠰᠠᠶᠢᠬᠠᠨ ᠭᠠᠴᠠᠭ᠎ᠠ ᠳᠣᠰᠬᠤᠨ ᠢ ᠪᠦᠳᠦᠭᠡᠨ ᠪᠠᠶᠢᠭᠤᠯᠬᠤ︾ ᠲᠦᠷᠦᠯ ᠵᠦᠢᠯ ᠤᠨ ᠰᠠᠭᠤᠬᠤ ᠭᠡᠷ ᠪᠠᠶᠢᠰᠢᠩ ᠤᠯᠭᠤᠨ ᠦᠭᠴᠡᠢ᠃ ᠡᠭᠦᠨ ᠤ ᠬᠠᠮᠳᠣ ᠯᠢ ᠶᠢᠩ ᠮᠢᠩ ᠢ ᠢᠰᠡᠭᠡᠢ ᠭᠤᠳᠣᠯ ᠦᠢᠯᠡᠳᠪᠦᠷᠢᠯᠡᠬᠦ ᠣᠯᠠᠮᠵᠢᠯᠠᠯᠳᠣ ᠭᠠᠷ ᠣᠷᠠᠯᠠᠯ  ᠢᠶᠠᠷ ᠢᠶᠠᠨ ᠦᠪᠡᠷ ᠤᠨ ᠪᠡᠶ᠎ᠡ ᠪᠠᠨ ᠳᠠᠭᠠᠭᠠᠵᠣ ᠶᠠᠳᠠᠭᠤ ᠠᠴᠠ ᠠᠩᠬᠢᠵᠢᠷᠠᠬᠤ ᠶᠢ ᠵᠣᠷᠢᠭᠵᠢᠭᠤᠯᠣᠭᠰᠠᠨ ᠪᠠᠶᠢᠨ᠎ᠠ᠃ ᠯᠢ ᠶᠢᠩ ᠮᠢᠩ ᠤᠨ ᠬᠡᠯᠡᠬᠦ ᠪᠠᠷ᠂ ᠣᠶᠢᠷ᠎ᠠ ᠶᠢᠨ ᠵᠢᠯ ᠳᠤ ᠳᠡᠷᠡ ᠢᠰᠡᠭᠡᠢ ᠭᠤᠳᠣᠯ ᠬᠢᠬᠦ ᠣᠯᠠᠮᠵᠢᠯᠠᠯᠳᠣ ᠭᠠᠷ ᠣᠷᠠᠯᠠᠯ ᠢᠶᠠᠷ ᠢᠶᠠᠨ ᠶᠠᠳᠠᠭᠤ ᠠᠴᠠ ᠠᠩᠬᠢᠵᠢᠷᠠᠯ᠎ᠠ᠂ ᠤᠳᠤ ᠲᠡᠭᠦᠨ ᠤ ᠬᠠᠷᠠᠯᠳᠠ ᠪᠣᠯ ᠳᠠᠷᠣᠢ ᠴᠢᠨᠡᠭᠡᠯᠢᠭ ᠠᠮᠢᠳᠣᠷᠠᠯ  ᠢ ᠪᠡᠶᠡᠯᠡᠬᠦᠯᠬᠦ ᠶᠠᠪᠤᠳᠠᠯ ᠪᠤᠯᠤᠨ᠎ᠠ ᠭᠡᠵᠦ ᠳᠠᠭᠠᠳᠠᠶᠢᠬᠠᠨ ᠶᠠᠷᠢᠨ᠎ᠠ᠃      ᠯᠢ ᠶᠢᠩ ᠮᠢᠩ ᠰᠣᠷᠪᠣᠯᠵᠢᠯᠠᠭᠴᠢ ᠳᠤ ᠬᠡᠯᠡᠭᠰᠡᠨ ᠨᠢ᠂ ᠢᠰᠡᠭᠡᠢ ᠭᠤᠳᠣᠯ ᠬᠢᠬᠦ ᠭᠠᠷ ᠣᠷᠠᠯᠠᠯ ᠪᠤᠯ ᠳᠡᠭᠦᠨ  ᠤ ᠡᠴᠢᠬᠡ ᠶᠢᠨ ᠦᠶ᠎ᠡ ᠠᠴᠠ ᠣᠯᠠᠮᠵᠢᠯᠠᠵᠣ ᠢᠷᠡᠭᠰᠡᠨ ᠣᠯᠠᠮᠵᠢᠯᠠᠯᠳᠣ ᠭᠠᠷ ᠣᠷᠠᠯᠠᠯ ᠪᠣᠯᠣᠨ᠎ᠠ᠂ ᠡᠨᠡᠬᠦ ᠣᠯᠠᠮᠵᠢᠯᠠᠯᠳᠣ ᠭᠠᠷ ᠣᠷᠠᠯᠠᠯ ᠦᠨᠣ ᠵᠢᠯ ᠬᠦᠯᠦᠨ ᠪᠣᠶᠢᠷ ᠬᠤᠳᠠ ᠶᠢᠨ ᠪᠣᠳᠠᠰ ᠤᠨ ᠪᠣᠰᠣ ᠰᠣᠶᠣᠯ ᠤᠨ ᠦᠪ ᠢᠶᠠᠷ ᠲᠠᠩᠰᠠᠯᠠᠭᠳᠠᠵᠠᠢ᠂ ᠡᠨᠡ ᠨᠢ ᠮᠢᠨᠤ ᠣᠯᠠᠮᠵᠢᠯᠠᠯᠳᠣ ᠭᠠᠷ ᠣᠷᠠᠯᠠᠯ ᠢᠶᠠᠷ ᠢᠶᠠᠨ ᠢᠰᠡᠭᠡᠢ ᠭᠤᠳᠣᠯ ᠬᠢᠵᠦ ᠴᠢᠨᠡᠭᠡᠯᠡᠭᠵᠢᠬᠦ ᠢᠳᠡᠭᠡᠯ ᠵᠣᠷᠢᠭ ᠢ ᠣᠯᠠᠮ ᠬᠦᠪᠴᠢᠯᠡᠪᠡ᠃ ᠢᠰᠡᠭᠡᠢ ᠭᠤᠳᠣᠯ ᠬᠢᠬᠦ ᠨᠢ ᠦᠵᠡᠬᠦ ᠳᠤ ᠬᠡᠳᠦᠶᠢᠪᠡᠷ ᠬᠢᠯᠪᠠᠷᠬᠠᠨ ᠰᠢᠭ᠋ ᠪᠣᠯᠪᠠᠴᠣ ᠬᠢᠬᠦ ᠳᠤ ᠦᠨᠳᠦᠷ ᠣᠷ᠎ᠠ ᠮᠡᠷᠭᠡᠵᠢᠯ ᠱᠠᠭᠠᠷᠳᠠᠳᠠᠭ᠂ ᠨᠢᠭᠡ ᠢᠰᠡᠭᠡᠢ ᠭᠤᠳᠣᠯ ᠬᠢᠬᠦ ᠳᠤ ᠬᠤᠨᠢᠨ ᠤ ᠨᠣᠣᠰᠣ ᠰᠢᠯᠢᠬᠦ᠂ ᠨᠣᠣᠰᠣ ᠳᠡᠯᠭᠡᠬᠦ᠂ ᠨᠣᠣᠰᠣ ᠢᠯᠡᠬᠦ᠂ ᠨᠣᠣᠰᠣ ᠣᠬᠢᠶᠠᠬᠤ᠂ ᠬᠡᠪ ᠰᠠᠭᠤᠯᠭᠠᠬᠤ ᠵᠡᠷᠭᠡ  ᠣᠯᠠᠨ ᠶᠠᠪᠤᠴᠠ ᠲᠠᠢ ᠪᠠᠶᠢᠳᠠᠭ᠃ ᠰᠣᠷᠪᠣᠯᠵᠢᠯᠠᠭᠴᠢ ᠶᠢᠨ ᠣᠶᠢᠯᠠᠭᠠᠭᠰᠠᠨ ᠢᠶᠠᠷ᠂ ᠯᠢ ᠶᠢᠩ ᠮᠢᠩ ᠤᠨ ᠬᠢᠭᠰᠡᠨ ᠢᠰᠡᠭᠡᠢ ᠭᠤᠳᠣᠯ ᠤᠨ ᠴᠢᠨᠠᠷ ᠰᠠᠶᠢᠨ᠂ ᠣᠯᠠᠮᠵᠢᠯᠠᠯᠳᠣ ᠣᠷ᠎ᠠ ᠮᠡᠷᠭᠡᠵᠢᠯ ᠢᠶᠠᠷ ᠬᠢᠭᠰᠡᠨ ᠪᠣᠯᠬᠤᠷ ᠣᠶᠢᠷ᠎ᠠ ᠬᠠᠪᠢ ᠶᠢᠨ ᠮᠠᠯᠴᠢᠳ ᠤᠨ ᠳᠠᠭᠠᠰᠢᠶᠠᠯ ᠢ ᠤᠯᠤᠭᠰᠠᠨ ᠢᠶᠠᠷ ᠪᠠᠷᠠᠬᠤ ᠦᠭᠡᠢ᠂ ᠬᠦᠯᠦᠨ ᠪᠣᠶᠢᠷ ᠬᠤᠳᠠ᠂ ᠳᠡᠷᠡᠴᠢᠯᠡᠨ ᠱᠠᠩᠬᠠᠢ ᠬᠤᠳᠠ ᠶᠢᠨ ᠬᠦᠮᠦᠨ ᠪᠠᠰᠠ ᠳᠣᠰᠬᠠᠶᠢᠯᠠᠨ ᠳᠡᠭᠦᠨ ᠤ ᠬᠢᠭᠰᠡᠨ ᠢᠰᠡᠭᠡᠢ ᠭᠤᠳᠣᠯ ᠢ ᠠᠪᠬᠤ ᠪᠠᠷ ᠢᠷᠡᠳᠡᠭ ᠪᠠᠶᠢᠵᠠᠢ᠃      ᠱᠠᠨᠳᠠ ᠭᠠᠴᠠᠭᠠᠨ ᠳᠤ ᠰᠠᠭᠤᠭ᠎ᠠ ᠨᠢᠭᠡᠳᠦᠭᠡᠷ ᠱᠦᠵᠢ ᠸᠠᠩ ᠴᠢᠶᠣᠣ ᠭᠧ ᠶᠢᠨ ᠲᠠᠨᠢᠯᠴᠠᠭᠤᠯᠬᠤ ᠪᠠᠷ᠂ ᠶᠠᠳᠠᠭᠤ ᠠᠴᠠ ᠠᠩᠬᠢᠵᠢᠷᠠᠭᠤᠯᠬᠤ ᠪᠠᠬᠢᠯᠡᠯᠳᠡ ᠰᠢᠪᠳᠣᠯᠠᠬᠤ ᠠᠵᠢᠯ ᠡᠬᠢᠯᠡᠭᠰᠡᠨ ᠠᠴᠠ ᠨᠠᠰᠢ ᠭᠠᠴᠠᠭᠠᠨ ᠤ ᠨᠠᠮ ᠤᠨ ᠡᠭᠦᠷ ᠠᠴᠠ ᠬᠦᠳᠡᠯᠮᠦᠷᠢᠯᠡᠬᠦ ᠴᠢᠳᠠᠪᠣᠷᠢᠳᠠᠢ ᠶᠠᠳᠠᠭᠤ ᠡᠷᠦᠬᠡ ᠶᠢᠨ ᠪᠡᠶ᠎ᠡ ᠪᠠᠨ ᠳᠠᠭᠠᠭᠠᠵᠣ ᠶᠠᠳᠠᠭᠤ ᠠᠴᠠ ᠠᠩᠬᠢᠵᠢᠷᠠᠬᠤ ᠶᠢ ᠣᠷᠢᠶᠠᠯᠠᠵᠣ᠂ ᠪᠣᠳᠠᠳᠠᠢ ᠪᠠᠶᠢᠳᠠᠯ ᠢ ᠣᠶᠢᠯᠠᠭᠠᠵᠣ ︽ᠨᠢᠭᠡ ᠡᠷᠦᠬᠡ ᠨᠢᠭᠡ ᠠᠷᠭ᠎ᠠ ᠬᠡᠮᠵᠢᠶ᠎ᠡ︾  ᠶᠢᠨ ᠶᠠᠳᠠᠭᠤ ᠶᠢ ᠳᠡᠳᠬᠦᠬᠦ ᠠᠷᠭ᠎ᠠ ᠬᠡᠮᠵᠢᠶ᠎ᠡ ᠳᠣᠭᠳᠠᠭᠠᠨ᠂ ᠮᠡᠷᠭᠡᠵᠢᠯ ᠲᠠᠢ ᠶᠠᠳᠠᠭᠤ ᠡᠷᠦᠬᠡ ᠶᠢᠨ ᠦᠢᠯᠡᠰ ᠪᠤᠰᠬᠠᠵᠤ ᠶᠠᠳᠠᠭᠤ ᠠᠴᠠ ᠠᠩᠬᠢᠵᠢᠷᠠᠬᠤ ᠳᠤ ᠳᠡᠮᠵᠢᠯᠭᠡ ᠦᠵᠡᠭᠦᠯᠵᠦ᠂ ᠬᠦᠳᠡᠯᠮᠦᠷᠢᠯᠡᠬᠦ ᠴᠢᠳᠠᠪᠤᠷᠢ ᠦᠭᠡᠢ ᠪᠣᠶᠣ ᠬᠦᠳᠡᠯᠮᠦᠷᠢ ᠬᠦᠴᠦ ᠬᠦᠷᠦᠯᠴᠡᠬᠦ ᠦᠬᠡᠢ ᠶᠠᠳᠠᠭᠤ ᠡᠷᠦᠬᠡ ᠳᠤ ᠨᠠᠷᠢᠯᠢᠭ ᠣᠨᠣᠪᠴᠢᠳᠠᠢ ᠪᠠᠷ ᠶᠠᠳᠠᠭᠤ ᠶᠢ ᠳᠡᠳᠬᠦᠬᠦ ᠲᠦᠷᠦᠯ ᠵᠦᠢᠯ ᠢ ᠬᠠᠩᠭᠠᠨ ᠦᠭᠴᠦ᠂ ᠶᠠᠳᠠᠭᠤ ᠠᠴᠠ ᠠᠩᠬᠢᠵᠢᠷᠠᠭᠤᠯᠣᠨ᠂ ᠪᠦᠬᠦ ᠭᠠᠴᠠᠭ᠎ᠠ ᠪᠠᠷ ᠢᠶᠠᠨ ᠶᠠᠳᠠᠭᠤ ᠡᠷᠦᠬᠡ ᠦᠭᠡᠢ ᠬᠠᠷᠠᠯᠳᠠ ᠪᠠᠨ ᠪᠡᠶᠡᠯᠡᠭᠦᠯᠦᠭᠰᠡᠨ ᠪᠠᠶᠢᠨ᠎ᠠ᠃                           ᠰᠣᠷᠪᠣᠯᠵᠢᠯᠠᠭᠴᠢ᠄ ᠢᠦᠢ ᠭᠤᠸᠠᠩ    ᠵᠢᠶᠣᠣ ᠵᠢᠶᠣᠣ
 
ᠢᠷᠡᠯᠲᠡ᠄ ᠰᠢᠨ᠎ᠡ ᠪᠠᠷᠭᠤ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号