ᠨᠢᠳᠤᠨ ᠳᠤ ᠳᠤᠰᠠᠳᠠᠢ ᠪᠠ ᠬᠠᠷᠰᠢ ᠢᠳᠡᠭᠡᠨ
ᠨᠡᠶᠢᠲᠡᠯᠡᠭᠰᠡᠨ ᠴᠠᠭ᠄
2018/6/5
     ᠬᠤᠯᠤᠤᠪᠠᠩ
     ᠸᠢᠲ᠋ᠠᠮᠢᠨ A ᠪᠤᠯ ᠨᠢᠳᠤᠨ ᠤ ᠡᠷᠡᠭᠦᠯ ᠮᠡᠨᠳᠦ ᠳᠤ ᠳᠤᠳᠠᠭᠳᠠᠵᠤ ᠪᠤᠯᠤᠰᠢ ᠦᠭᠡᠢ ᠪᠢᠴᠢᠯ ᠡᠯᠧᠮᠧᠨ᠋ᠲ ᠪᠤᠯᠤᠨ᠎ᠠ᠃ ᠸᠢᠲ᠋ᠠᠮᠢᠨ A ᠳᠤ ᠨᠢᠳᠤᠨ ᠤ ᠡᠷᠡᠭᠦᠯ ᠮᠡᠨᠳᠦ ᠳᠤ ᠳᠤᠰᠠᠳᠠᠢ ᠢᠰᠦᠯᠳᠦᠯ ᠢ ᠡᠰᠡᠷᠭᠦᠴᠡᠭᠴᠢ ᠡᠳ᠋ β — ᠬᠤᠯᠤᠤᠪᠠᠩ ᠢ ᠠᠭᠤᠯᠳᠠᠬ᠃ ᠬᠤᠯᠤᠤᠪᠠᠩ ᠢᠳᠡᠬᠦ ᠪᠤᠯ ᠸᠢᠲ᠋ᠠᠮᠢᠨ A ᠶᠢ ᠰᠢᠩᠭᠡᠭᠡᠨ ᠠᠪᠬᠤ ᠰᠠᠶᠢᠨ ᠠᠷᠭ᠎ᠠ ᠪᠤᠯᠤᠨ᠎ᠠ᠃ ᠡᠭᠦᠨ ᠠᠴᠠ ᠭᠠᠳᠠᠨ᠎ᠠ᠂ ᠪᠦᠭᠡᠷᠡᠩᠬᠡᠢ ᠴᠠᠭᠠᠨ ᠨᠤᠭᠤᠭ᠎ᠠ᠂ ᠬᠡᠷ ᠤᠨ ᠢᠲᠡᠷ᠎ᠡ ᠪᠤᠯ ᠮᠦᠨ ᠸᠢᠲ᠋ᠠᠮᠢᠨ A ᠡᠯᠪᠡᠭ ᠠᠭᠤᠯᠳᠠᠭ ᠢᠳᠡᠰᠢᠨ ᠨᠤᠭᠤᠭ᠎ᠠ ᠪᠤᠯᠤᠨ᠎ᠠ᠃ ᠬᠦᠮᠦᠨ ᠤ ᠪᠡᠶ᠎ᠡ ᠳᠤ ᠸᠢᠲ᠋ᠠᠮᠢᠨ A ᠳᠤᠳᠠᠭᠳᠠᠪᠠᠯ ᠳᠠᠬᠢᠶᠠᠨ ᠬᠠᠷᠠᠩ ᠡᠪᠡᠳᠴᠢᠨ ᠤᠯᠤᠨ᠎ᠠ᠃      ᠦᠷᠭᠡᠰᠦᠳᠦ ᠨᠤᠭᠤᠭ᠎ᠠ
     ᠦᠷᠭᠡᠰᠦᠳᠦ ᠨᠤᠭᠤᠭ᠎ᠠ ᠨᠢ ᠵᠠᠷᠢᠮ ᠨᠢᠳᠤᠨ ᠤ ᠡᠪᠡᠳᠴᠢᠨ ᠢ ᠰᠡᠷᠭᠡᠶᠢᠯᠡᠬᠦ ᠦᠢᠯᠡᠳᠦᠯ ᠲᠠᠢ ᠪᠠᠶᠢᠳᠠᠭ᠃ ᠦᠷᠭᠡᠰᠦᠳᠦ ᠨᠤᠭᠤᠭ᠎ᠠ ᠳᠤ ᠨᠢᠭᠡ ᠵᠦᠢᠯ ᠤᠨ ᠰᠢᠷ᠎ᠡ ᠪᠡᠶᠡᠳᠦ ᠡᠳ᠋ ᠭᠡᠳᠡᠭ ᠪᠤᠳᠠᠰ ᠠᠭᠤᠯᠳᠠᠭ ᠨᠢ ᠴᠠᠭᠠᠨ ᠬᠠᠷᠠᠩ ᠡᠪᠡᠳᠴᠢᠨ ᠪᠠ ᠰᠢᠷ᠎ᠡ ᠳᠤᠯᠪᠤ ᠶᠢᠨ ᠤᠷᠪᠠᠯᠳᠠ ᠶᠢ ᠰᠡᠷᠭᠡᠶᠢᠯᠡᠬᠦ ᠦᠢᠯᠡᠳᠦᠯ ᠲᠠᠢ ᠪᠠᠶᠢᠳᠠᠭ᠃      ᠳᠠᠭᠢᠶᠠᠨ ᠦᠨᠳᠡᠭᠡ
     ᠳᠠᠬᠢᠶᠠᠨ ᠦᠨᠳᠡᠭᠡ ᠨᠢᠳᠤ᠂ ᠬᠠᠷᠠᠭ᠎ᠠ ᠳᠤ ᠰᠠᠶᠢᠨ᠃ ᠳᠠᠬᠢᠶᠠᠨ ᠦᠨᠳᠡᠭᠡᠨ ᠳᠤ ᠠᠭᠤᠯᠳᠠᠭ ᠳᠠᠪᠤᠰᠠᠩ ᠤᠨ ᠠᠮᠢᠨᠣ᠋ ᠬᠦᠴᠢᠯ᠂ ᠬᠦᠬᠦᠷ᠂ ᠦᠨᠳᠡᠭᠡᠨ ᠤ ᠹᠤᠰᠹᠤᠷᠳᠤ ᠦᠭᠡᠬᠦ᠂ ᠠᠮᠢᠨᠣ᠋ ᠬᠦᠴᠢᠯ ᠪᠠ ᠰᠢᠷ᠎ᠡ ᠪᠡᠶᠡᠳᠦ ᠡᠳ᠋ ᠵᠡᠷᠭᠡ ᠨᠢ ᠪᠦᠷ ᠴᠠᠭᠠᠨ ᠬᠠᠷᠠᠩ ᠡᠪᠡᠳᠴᠢᠨ ᠢ ᠰᠡᠷᠭᠡᠶᠢᠯᠡᠬᠦ ᠦᠢᠯᠡᠳᠦᠯ ᠲᠠᠢ ᠪᠠᠶᠢᠳᠠᠭ᠃      ᠨᠤᠭᠤᠭᠠᠨ ᠴᠡᠴᠡᠭᠳᠦ ᠨᠤᠭᠤᠭ᠎ᠠ
     ᠨᠤᠭᠤᠭᠠᠨ ᠴᠡᠴᠡᠭᠳᠦ ᠨᠤᠭᠤᠭ᠎ᠠ ᠨᠢ ᠬᠠᠷᠠᠭ᠎ᠠ ᠶᠢ ᠰᠠᠶᠢᠵᠢᠷᠠᠭᠤᠯᠬᠤ ᠪᠠ ᠴᠠᠭᠠᠨ ᠬᠠᠷᠠᠩ ᠡᠪᠡᠳᠴᠢᠨ ᠢ ᠰᠡᠷᠭᠡᠶᠢᠯᠡᠬᠦ ᠦᠢᠯᠡᠳᠦᠯ ᠲᠠᠢ᠃ ᠨᠤᠭᠤᠭᠠᠨ ᠴᠡᠴᠡᠭᠳᠦ ᠨᠤᠭᠤᠭ᠎ᠠ ᠳᠤ ᠠᠭᠤᠯᠳᠠᠭ ᠰᠢᠷ᠎ᠠ ᠪᠡᠶᠡᠳᠦ ᠡᠳ᠋ ᠪᠠ ᠡᠷᠳᠡᠨᠢ ᠰᠢᠰᠢ ᠶᠢᠨ ᠰᠢᠷ᠎ᠠ ᠭᠡᠳᠡᠭ ᠬᠤᠯᠤᠤᠪᠠᠩ ᠤᠨ ᠡᠳ᠋ ᠤᠨ ᠳᠦᠷᠦᠯ ᠤᠨ ᠪᠤᠳᠠᠰ ᠨᠢ ᠨᠢᠳᠤᠨ ᠤ ᠪᠤᠯᠤᠷᠯᠢᠬ ᠴᠤᠭᠴᠠ ᠳᠤ ᠶᠡᠭᠡ ᠳᠤᠰᠠ ᠲᠠᠢ ᠪᠠᠶᠢᠳᠠᠭ ᠪᠠ ᠨᠢᠳᠤᠨ ᠤ ᠡᠰ ᠤᠨ ᠴᠢᠯᠦᠭᠡᠳᠦ ᠪᠦᠯᠦᠭ ᠤᠨ ᠳᠠᠷᠤᠯᠳᠠ ᠳᠤ ᠤᠴᠠᠷᠠᠬᠤ ᠠᠴᠠ ᠬᠠᠮᠠᠭᠠᠯᠠᠳᠠᠭ᠃      ᠬᠠᠷ᠎ᠠ ᠴᠤᠺᠤᠯᠡᠳ᠋
     ᠬᠠᠷ᠎ᠠ ᠴᠤᠺᠤᠯᠠᠳ᠋ ᠲᠤ ᠠᠭᠤᠯᠳᠠᠭ ᠰᠢᠷ᠎ᠠ ᠺᠧᠲ᠋ᠤᠨ ᠤ ᠳᠦᠷᠦᠯ ᠤᠨ ᠬᠢᠮᠢ ᠶᠢᠨ ᠨᠡᠶᠢᠯᠡᠮᠡᠯ ᠪᠤᠳᠠᠰ ᠨᠢ ᠨᠢᠳᠤᠨ ᠤ ᠴᠢᠰᠦᠨ ᠰᠤᠳᠠᠯ ᠢ ᠬᠠᠮᠠᠭᠠᠯᠠᠬᠤ ᠦᠢᠯᠡᠳᠦᠯ ᠲᠠᠢ ᠪᠠᠶᠢᠵᠤ᠂ ᠡᠭᠦᠨ ᠤ ᠤᠯᠠᠮ ᠠᠴᠠ ᠨᠢᠳᠤᠨ ᠤ ᠡᠪᠡᠷᠯᠢᠭ ᠪᠦᠷᠭᠦᠪᠴᠢ ᠪᠠ ᠪᠤᠯᠤᠷᠯᠢᠬ ᠴᠤᠭᠴᠠ ᠶᠢ ᠪᠠᠬᠢᠵᠢᠭᠦᠯᠳᠡᠭ᠃ ᠰᠠᠨᠠᠭᠤᠯᠬᠤ ᠨᠢ᠂ ᠵᠦᠪᠬᠡᠨ ᠴᠡᠪᠡᠷ ᠬᠠᠷ᠎ᠠ ᠴᠤᠺᠤᠯᠠᠳ᠋ ᠲᠤ ᠰᠠᠶ᠋ᠢ ᠢᠢᠮᠦᠷᠬᠦ ᠦᠢᠯᠡᠳᠦᠯ ᠲᠠᠢ ᠪᠠᠶᠢᠳᠠᠭ᠃        ᠰᠠᠷᠢᠮᠰᠠᠭ
     ᠰᠠᠷᠢᠮᠰᠠᠭ ᠨᠢ ᠪᠠᠺᠲ᠋ᠧᠷᠢ ᠶᠢ ᠳᠠᠷᠤᠬᠤ ᠦᠢᠯᠡᠳᠦᠯ ᠴᠢᠳᠠᠪᠬᠢ ᠲᠠᠢ ᠪᠠᠶᠢᠵᠤ᠂ ᠤᠯᠠᠨ ᠵᠦᠢᠯ ᠤᠨ ᠡᠪᠡᠳᠴᠢᠨ ᠢ ᠰᠡᠷᠭᠡᠶᠢᠯᠡᠬᠦ ᠦᠢᠯᠡᠳᠦᠯ ᠲᠠᠢ ᠪᠠᠶᠢᠳᠠᠭ ᠢᠶᠠᠷ ᠢᠶᠠᠨ ᠬᠡᠮᠵᠢᠶ᠎ᠠ ᠲᠠᠢ ᠢᠳᠡᠪᠡᠯ ᠬᠦᠮᠦᠨ ᠤ ᠪᠡᠶ᠎ᠡ ᠳᠤ ᠶᠡᠭᠡ ᠳᠤᠰᠠᠳᠠᠢ᠃ ᠭᠡᠪᠡᠴᠦ ᠬᠡᠷᠪᠡ ᠤᠷᠳᠤ ᠬᠤᠭᠤᠴᠠᠭ᠎ᠠ ᠪᠠᠷ ᠭᠡᠳᠦᠷᠡᠳᠡᠯ᠎ᠠ ᠢᠳᠡᠪᠡᠯ ᠨᠢᠳᠤᠨ ᠤ ᠡᠪᠡᠳᠴᠢᠨ ᠡᠭᠦᠰᠭᠡᠳᠡᠭ      ᠭᠤᠱᠤᠭᠤᠨ ᠢᠳᠡᠭᠡᠨ
     ᠭᠤᠱᠤᠭᠤᠨ ᠢᠳᠡᠭᠡᠨ ᠢ ᠭᠡᠳᠦᠷᠡᠳᠡᠯ᠎ᠠ ᠢᠳᠡᠪᠡᠯ ᠨᠢᠳᠤᠨ ᠳᠤ ᠠᠰᠢᠬ ᠦᠭᠡᠢ᠃ ᠤᠷᠳᠤ ᠬᠤᠭᠤᠴᠠᠭ᠎ᠠ ᠪᠠᠷ ᠭᠤᠱᠤᠭᠤᠨ ᠢᠳᠡᠭᠡᠨ ᠤ ᠰᠡᠳᠡᠯᠳᠡ ᠶᠢ ᠬᠦᠯᠢᠶᠡᠪᠡᠯ ᠨᠡᠶᠢᠯᠡᠮᠡᠯ ᠪᠦᠷᠭᠦᠪᠴᠢ ᠶᠢᠨ ᠦᠷᠪᠢᠰᠦᠯ᠂ ᠨᠢᠳᠤᠨ ᠢᠷᠦᠭᠠᠷ ᠤᠨ ᠯᠤᠬᠰᠢᠭᠤᠨ ᠰᠤᠳᠠᠯ ᠤᠨ ᠬᠠᠳᠠᠭᠤᠷᠠᠯ᠂ ᠨᠢᠳᠤ ᠬᠠᠭᠤᠷᠠᠶᠢᠰᠢᠬᠤ ᠡᠪᠡᠳᠴᠢᠨ ᠪᠠ ᠬᠠᠷᠠᠭ᠎ᠠ ᠮᠠᠭᠤᠳᠠᠬᠤ ᠵᠡᠷᠭᠡ ᠨᠠᠰᠤᠳᠠᠶᠢᠴᠤᠳ ᠤᠨ ᠰᠢᠨᠵᠢ ᠲᠠᠢ ᠡᠪᠡᠳᠴᠢᠨ ᠡᠷᠳᠡ ᠡᠭᠦᠰᠳᠡᠭ᠃ ᠡᠶᠢᠮᠦ ᠠᠴᠠ ᠤᠮᠠᠷᠠᠳᠤ ᠤᠷᠤᠨ ᠤ ᠬᠦᠮᠦᠨ ᠤᠷᠳᠤ ᠬᠤᠭᠤᠴᠠᠭ᠎ᠠ ᠪᠠᠷ ᠭᠤᠱᠤᠭᠤᠨ ᠢᠳᠡᠭᠡᠨ ᠢᠳᠡᠪᠡᠯ ᠨᠢᠳᠤᠨ ᠳᠤ ᠴᠢᠨᠢ ᠬᠤᠤᠷ ᠨᠦᠯᠦᠭᠡ ᠪᠤᠯᠵᠤ ᠮᠡᠳᠡᠨ᠎ᠠ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号